ᠮᠠᠯᠴᠢᠳ ᠤᠨ ᠠᠩᠬᠠᠷᠤᠯ ᠢ ᠲᠠᠳᠠᠭᠰᠠᠨ ᠮᠠᠯ ᠤᠨ ᠲᠤᠯᠢᠶᠠᠯᠭ᠎ᠠ ᠶᠢᠨ ᠲᠤᠭᠤᠰᠬ᠎ᠠ
ᠨᠡᠶᠢᠲᠡᠯᠡᠭᠰᠡᠨ ᠴᠠᠭ᠄
2022/8/17
      8 ᠰᠠᠷ᠎ᠠ ᠶᠢᠨ 13 ᠠᠴᠠ 15 ᠤ ᠡᠳᠤᠷ ᠬᠦᠬᠡᠬᠤᠳᠠᠨ᠎ᠠ ᠶᠠᠪᠤᠭᠳᠠᠭᠰᠠᠨ ᠭᠤᠴᠢᠳᠤᠭᠠᠷ ᠬᠤᠭᠤᠴᠠᠭᠠᠨ ᠤ ᠦᠪᠦᠷ ᠮᠤᠩᠭᠤᠯ ᠤᠨ ᠤᠯᠠᠨ ᠤᠯᠤᠰ ᠤᠨ ᠳᠠᠷᠢᠶᠠᠯᠠᠩ ᠤᠨ ᠦᠵᠡᠰᠭᠦᠯᠡᠩ ᠤᠨ ᠴᠤᠭᠯᠠᠭᠠᠨ ᠳᠤ ᠡᠪᠡᠰᠤᠨ ᠡᠮ ᠤᠨ ᠨᠠᠶᠢᠷᠠᠯᠭ᠎ᠠ ᠲᠠᠢ ᠤᠨᠴᠠᠭᠠᠢ ᠨᠢᠬᠡᠨ ᠵᠦᠢᠯ ᠤᠨ ᠮᠠᠯ ᠤᠨ ᠲᠤᠯᠢᠶᠠᠯᠭ᠎ᠠ ᠶᠢᠨ ᠲᠤᠭᠤᠰᠬ᠎ᠠ ᠳᠡᠯᠭᠡᠭᠳᠡᠵᠤ᠂ ᠦᠵᠡᠰᠭᠦᠯᠡᠩ ᠤᠨ ᠴᠤᠭᠯᠠᠭᠠᠨ ᠳᠤ ᠬᠦᠷᠦᠯᠴᠡᠨ ᠢᠷᠡᠭᠰᠡᠨ ᠮᠠᠯᠴᠢᠳ ᠤᠨ ᠠᠩᠬᠠᠷᠤᠯ ᠢ ᠡᠷᠬᠡ ᠦᠬᠡᠢ ᠲᠠᠳᠠᠵᠤ᠂ ᠦᠨ᠎ᠡ ᠬᠠᠩᠰᠢ ᠪᠠ ᠳᠤᠰᠠ ᠦᠢᠯᠡᠳᠦᠯ ᠵᠡᠷᠭᠡ ᠶᠢ ᠨᠢ ᠠᠰᠠᠭᠤᠨ ᠰᠤᠷᠠᠵᠠᠭᠠᠨ᠎ᠠ᠃      ︽ᠡᠨᠡ ᠲᠤᠯᠢᠶᠠᠯᠭ᠎ᠠ ᠶᠢᠨ ᠲᠤᠭᠤᠰᠬ᠎ᠠ ᠳᠤ ᠳᠠᠪᠤᠰᠤ ᠠᠴᠠ ᠭᠠᠳᠠᠨ᠎ᠠ ᠸᠢᠲ᠋ᠠᠮᠢᠨ᠂ ᠰᠧᠯᠧᠨ᠂ ᠴᠠᠶᠢᠷ᠂ ᠵᠠᠰ ᠪᠠ ᠮᠠᠯ ᠤᠨ ᠰᠢᠩᠭᠡᠭᠡᠯᠳᠡ ᠳᠤ ᠳᠤᠰᠠᠳᠠᠢ ᠪᠠᠺᠲ᠋ᠧᠷᠢ ᠵᠡᠷᠭᠡ ᠤᠯᠠᠨ ᠵᠦᠢᠯ ᠤᠨ ᠡᠷᠦᠳᠡᠰᠤ ᠠᠭᠤᠯᠵᠤ ᠪᠠᠶᠢᠬᠤ ᠪᠠᠷ ᠪᠠᠷᠠᠬᠤ ᠦᠭᠡᠢ ᠪᠠᠰᠠ ᠡᠪᠡᠰᠤᠨ ᠡᠮ ᠤᠨ ᠨᠠᠶᠢᠷᠠᠯᠭ᠎ᠠ ᠲᠠᠢ ᠶᠤᠮ︾ ᠭᠡᠵᠤ ᠦᠪᠦᠷ ᠮᠤᠩᠭᠤᠯ ᠤᠨ ᠳᠠᠷᠢᠶᠠᠯᠠᠩ ᠤᠨ ᠶᠡᠭᠡ ᠰᠤᠷᠭᠠᠭᠤᠯᠢ ᠶᠢᠨ ᠠᠮᠢᠳᠠᠨ ᠤ ᠰᠢᠨᠵᠢᠯᠡᠭᠦ ᠤᠬᠠᠭᠠᠨ ᠤ ᠳᠡᠭᠡᠳᠤ ᠰᠤᠷᠭᠠᠭᠤᠯᠢ ᠶᠢᠨ ᠳᠡᠳ᠋ ᠫᠷᠤᠹᠧᠰᠰᠤᠷ ᠮᠠᠨᠳᠠ ᠳᠠᠪᠤᠨ ᠵᠦᠢᠯ ᠤᠨ ᠮᠠᠯ ᠤᠨ ᠲᠤᠯᠢᠶᠠᠯᠭ᠎ᠠ ᠶᠢᠨ ᠲᠤᠭᠤᠰᠬ᠎ᠠ ᠪᠠᠨ ᠬᠦᠷᠦᠯᠴᠡᠨ ᠢᠷᠡᠭᠰᠡᠨ ᠮᠠᠯᠴᠢᠳ ᠲᠤ ᠨᠢᠭᠡᠳ ᠨᠢᠭᠡ ᠪᠠᠷ ᠳᠠᠨᠢᠯᠴᠠᠭᠤᠯᠤᠨ᠎ᠠ᠃      ᠮᠠᠨᠳᠠ ᠫᠷᠤᠹᠧᠰᠰᠤᠷ ᠤᠨ ᠳᠠᠨᠢᠯᠴᠠᠭᠤᠯᠤᠭᠰᠠᠨ ᠢᠶᠠᠷ᠂ ᠮᠠᠯ ᠤᠨᠤᠭ᠎ᠠ ᠢᠯᠠᠩᠭᠤᠶ᠎ᠠ ᠬᠠᠰᠢᠶᠠᠯᠠᠨ ᠳᠡᠵᠢᠭᠡᠵᠤ ᠪᠠᠶᠢᠭ᠎ᠠ ᠮᠠᠯ ᠤᠨᠤᠭ᠎ᠠ ᠳᠤ ᠤᠯᠠᠨ ᠵᠦᠢᠯ ᠤᠨ ᠡᠷᠦᠳᠡᠰᠤ ᠳᠤᠳᠠᠭᠳᠠᠨ᠂ ᠦᠰᠤ ᠨᠤᠤᠰᠤ ᠪᠠᠨ ᠢᠳᠡᠭᠦ᠂ ᠰᠢᠷᠤᠢ ᠲᠤᠯᠢᠶᠠᠬᠤ ᠵᠡᠷᠭᠡ ᠤᠯᠠᠨ ᠠᠰᠠᠭᠤᠳᠠᠯ ᠭᠠᠷᠴᠦ ᠪᠤᠢ᠃ ᠡᠨᠡ ᠬᠦ ᠪᠠᠶᠢᠳᠠᠯ ᠳᠤ ᠴᠢᠭᠯᠡᠭᠦᠯᠦᠨ ᠦᠪᠤᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ︽ᠤᠶᠤᠨᠳᠤ ᠮᠠᠯᠵᠢᠯ ᠤᠨ ᠲᠤᠭᠤᠰᠬ᠎ᠠ︾ ᠶᠢᠨ ᠰᠤᠳᠤᠯᠭᠠᠨ ᠤ ᠪᠦᠯᠬᠦᠮ ᠤᠨ ᠬᠢᠨ 9 ᠵᠢᠯ ᠵᠠᠷᠤᠴᠠᠭᠤᠯᠵᠤ ᠪᠠᠶᠢᠭᠠᠳ ᠰᠠᠭᠠᠯᠢ ᠶᠢᠨ ᠦᠨᠢᠶ᠎ᠡ᠂ ᠮᠢᠬᠠᠨ ᠤ ᠬᠤᠨᠢ ᠦᠭᠡᠷ ᠪᠤᠯᠤᠨ ᠡᠭᠡ ᠮᠠᠯ ᠤᠨ ᠳᠠᠷᠭᠤ ᠬᠦᠴᠦ ᠶᠢ ᠲᠡᠬᠡᠭᠰᠢᠯᠡᠬᠦᠯᠬᠦ᠂ ᠬᠤᠷᠠᠭ᠎ᠠ ᠢᠰᠢᠭᠡ ᠶᠢᠨ ᠪᠠᠭᠠᠰᠤ ᠠᠯᠳᠠᠬᠤ ᠶᠢ ᠰᠡᠷᠭᠡᠶᠢᠯᠡᠬᠦ ᠳᠤ ᠬᠡᠷᠡᠭᠯᠡᠭᠦ ᠮᠤᠩᠭᠤᠯ ᠡᠮ ᠤᠨ ᠨᠠᠶᠢᠷᠠᠯᠭ᠎ᠠ ᠲᠠᠢ ᠳᠠᠪᠤᠨ ᠵᠦᠢᠯ ᠤᠨ ᠮᠠᠯ ᠤᠨ ᠲᠤᠯᠢᠶᠠᠯᠭ᠎ᠠ ᠶᠢᠨ ᠲᠤᠭᠤᠰᠬ᠎ᠠ ᠶᠢ ᠰᠤᠳᠤᠯᠤᠨ ᠭᠠᠷᠭᠠᠵᠤ᠂ ᠲᠦᠷᠦᠬᠦᠬᠡᠨ ᠵᠠᠬ᠎ᠠ ᠳᠡᠯᠭᠡᠭᠦᠷ ᠲᠤ ᠭᠠᠷᠭᠠᠪᠠ᠃ ᠲᠤᠯᠢᠶᠠᠯᠭ᠎ᠠ ᠶᠢᠨ ᠲᠤᠭᠤᠰᠬ᠎ᠠ ᠳᠤ ᠡᠪᠡᠰᠤᠨ ᠡᠮ ᠲᠠᠢ ᠪᠤᠯᠬᠤᠷ ᠡᠪᠡᠰᠤ ᠪᠠ ᠬᠦᠮᠡᠯᠢ ᠳᠠᠭᠠᠨ᠎ᠠ ᠶᠢᠨ ᠦᠨᠦᠷ ᠰᠡᠩᠬᠢᠨᠡᠵᠤ᠂ ᠮᠠᠯ ᠳᠤᠯᠢᠶᠠᠬᠤ ᠮᠠᠰᠢ ᠳᠤᠷᠠᠳᠠᠢ ᠠᠵᠢ᠃      ᠣᠶᠢᠯᠠᠭᠠᠭᠰᠠᠨ ᠢᠶᠠᠷ᠂ ᠵᠠᠬ᠎ᠠ ᠳᠡᠯᠭᠡᠭᠦᠷ ᠲᠤ ᠭᠠᠷᠭᠠᠭᠠᠳ ᠲᠠᠮᠡᠢ ᠤᠳᠠᠭᠠᠳᠤᠢ ᠡᠨᠡ ᠬᠦ ᠲᠤᠯᠢᠶᠠᠯᠭ᠎ᠠ ᠶᠢᠨ ᠲᠤᠭᠤᠰᠬ᠎ᠠ ᠶᠢ ᠨᠢᠭᠡᠨᠳᠠ 100 ᠲᠤᠨ ᠪᠤᠷᠤᠯᠠᠭᠤᠯᠵᠤ᠂ ᠪᠠᠰᠨ 1000 ᠲᠤᠨ ᠤ ᠵᠠᠬᠢᠶᠠᠯᠠᠭ᠎ᠠ ᠶᠢᠨ ᠬᠠᠭᠤᠳᠠᠰᠤ ᠳᠤᠰᠤᠭᠠᠳ ᠪᠤᠢ᠃ ︽ᠪᠢᠳᠠ ᠰᠤᠳᠤᠯᠭᠠᠨ ᠤ ᠦᠷ᠎ᠡ ᠪᠦᠳᠦᠬᠡᠯ ᠢᠶᠠᠨ ᠤᠨᠳᠤᠤᠰᠢᠭᠤᠯᠤᠨ ᠦᠢᠯᠡᠳᠭᠦᠨ ᠪᠤᠯᠭᠠᠵᠤ ᠵᠠᠬ᠎ᠠ ᠳᠡᠯᠭᠡᠭᠦᠷ ᠲᠤ ᠭᠠᠷᠭᠠᠭᠰᠠᠨ ᠨᠢ ᠡᠳ᠋ ᠮᠦᠩᠭᠦ ᠶᠢᠨ ᠲᠦᠯᠦᠭᠡ ᠪᠢᠰᠢ᠂ ᠬᠠᠷᠢᠨ ᠮᠠᠯᠵᠢᠯ ᠤᠨ ᠲᠤᠮᠳᠠ ᠤᠷᠤᠰᠢᠵᠤ ᠪᠠᠶᠢᠭ᠎ᠠ ᠪᠤᠳᠠᠳᠤ ᠠᠰᠠᠭᠤᠳᠠᠯ ᠢ ᠰᠢᠢᠳᠪᠦᠷᠢᠯᠡᠬᠦ ᠶᠢᠨ ᠲᠦᠯᠦᠭᠡ ᠶᠤᠮ︾ ᠭᠡᠵᠤ ᠮᠠᠨᠳᠠ ᠫᠷᠤᠹᠧᠰᠰᠤᠷ ᠰᠡᠳᠬᠢᠯ ᠤᠨ ᠦᠭᠡ ᠪᠠᠨ ᠶᠠᠷᠢᠯ᠎ᠠ᠃
 
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号