ᠬᠡᠭᠡᠷ᠎ᠡ ᠶᠢᠨ ᠬᠦᠢᠯᠡᠰᠦ ᠲᠠᠷᠢᠶᠠᠴᠢᠳ ᠤᠨ ᠤᠷᠤᠯᠭ᠎ᠠ ᠶᠢ ᠨᠡᠮᠡᠭᠳᠡᠬᠦᠯᠦᠯ᠎ᠡ
ᠨᠡᠶᠢᠲᠡᠯᠡᠭᠰᠡᠨ ᠴᠠᠭ᠄
2022/8/5
      ᠳᠡᠯᠭᠡᠷ ᠵᠤᠨ ᠤ ᠲᠤᠯᠤᠭᠠᠨ ᠰᠠᠷ᠎ᠠ ᠳᠤ᠂ ᠵᠠᠷᠤᠳ ᠬᠤᠰᠢᠭᠤᠨ ᠤ ᠭᠠᠭ᠋ᠠᠶᠢᠲᠦ ᠪᠠᠯᠭᠠᠰᠤ ᠶᠢᠨ ᠠᠯᠲᠠᠨ ᠰᠢᠷᠭᠤᠭᠤᠯ ᠠᠭᠤᠯᠠ ᠶᠢᠨ ᠬᠡᠭᠡᠷ᠎ᠡ ᠶᠢᠨ ᠬᠦᠢᠯᠡᠰᠦ ᠪᠤᠯᠪᠠᠰᠤᠷᠠᠨ᠂ ᠣᠶᠢᠷ᠎ᠠ ᠬᠤᠪᠢ ᠶᠢᠨ ᠭᠠᠴᠠᠭᠠᠨ ᠤ ᠠᠷᠠᠳ ᠬᠡᠭᠡᠷ᠎ᠡ ᠶᠢᠨ ᠬᠦᠢᠯᠡᠰᠦ ᠲᠡᠭᠦᠵᠦ ᠶᠠᠭᠠᠷᠠᠯᠳᠤᠨ᠎ᠠ᠃ 
243.png  
      ᠲᠤᠰᠬᠤᠠ ᠤ ᠠᠷᠠᠳ ᠬᠡᠬᠡᠷ᠎ᠠ ᠶᠢᠨ ᠬᠦᠢᠯᠡᠰᠤ ᠲᠡᠬᠦᠵᠥ ᠶᠠᠭᠠᠷᠠᠨ᠎ᠠ      ᠨᠢᠳᠤᠨᠤᠨ ᠲᠤᠰ ᠪᠠᠯᠭᠠᠰᠤᠨ ᠤ ᠭᠠᠭ᠋ᠠᠶᠢᠲᠤ ᠭᠠᠴᠠᠭ᠎ᠠ ᠶᠢᠨ ᠲᠠᠷᠢᠶᠠᠴᠢᠨ ᠪᠠᠶᠠᠨᠲᠠᠯ᠎ᠠ ᠬᠡᠭᠡᠷ᠎ᠡ ᠶᠢᠨ ᠬᠦᠢᠯᠡᠰᠦ ᠲᠡᠭᠦᠭᠡᠳ 3000 ᠭᠠᠷᠤᠢ ᠲᠦᠭᠦᠷᠢᠭ ᠤᠨ ᠤᠷᠤᠯᠭ᠎ᠠ ᠤᠯᠵᠠᠢ᠂ ᠡᠨᠡ ᠵᠢᠯ ᠤᠨ 6 ᠰᠠᠷ᠎ᠠ ᠶᠢᠨ ᠰᠡᠭᠦᠯᠴᠢ ᠪᠠᠷ ᠬᠦᠢᠯᠡᠰᠦ ᠪᠣᠯᠪᠠᠰᠤᠷᠠᠭᠰᠠᠨ ᠤ ᠳᠠᠷᠠᠭ᠎ᠠ᠂ ᠲᠡᠷᠡ ᠲᠤᠰᠬᠤᠨ ᠤ ᠠᠷᠠᠳ ᠢᠶᠠᠨ ᠳᠠᠭᠠᠭᠤᠯᠤᠨ ᠠᠯᠲᠠᠨ ᠰᠢᠷᠭᠤᠭᠤᠯ ᠠᠭᠤᠯᠠ ᠳᠤ ᠬᠦᠷᠴᠦ ᠬᠦᠢᠯᠡᠰᠦ ᠲᠡᠭᠦᠵᠦ ᠡᠬᠢᠯᠡᠵᠡᠢ᠃ ︽ᠨᠢᠭᠡ ᠡᠳᠦᠷ 200 ᠵᠢᠩ ᠲᠡᠭᠦᠴᠢᠬᠡᠨ᠎ᠡ᠂ ᠪᠠᠷᠤᠭ 200 ᠲᠥᠭᠦᠷᠢᠭ ᠤᠯᠤᠨ᠎ᠠ᠂ ᠬᠦᠢᠯᠡᠰᠦ ᠶᠢ ᠡᠳᠦᠷ ᠲᠡᠭᠡᠨ ᠲᠡᠭᠦᠭᠡᠳ ᠡᠳᠦᠷ ᠲᠡᠭᠡᠨ ᠬᠤᠳᠠᠯᠳᠤᠴᠢᠬᠠᠨ᠎ᠠ︾ ᠭᠡᠵᠦ ᠪᠠᠶᠠᠠᠳᠠᠯ᠎ᠠ ᠲᠡᠨᠢᠯᠴᠠᠭᠤᠯᠤᠨ᠎ᠠ᠃      ᠣᠶᠢᠷ᠎ᠠ ᠶᠢᠨ ᠬᠤᠶᠠᠷ ᠵᠢᠯ ᠳᠤ ᠬᠡᠭᠡᠷ᠎ᠡ ᠶᠢᠨ ᠬᠦᠢᠯᠡᠰᠦ ᠲᠡᠭᠦᠬᠦ ᠬᠦᠮᠦᠨ ᠣᠯᠠᠰᠢᠷᠠᠬᠤ ᠶᠢ ᠳᠠᠭᠠᠯᠳᠤᠨ᠂ ᠬᠦᠢᠯᠡᠰᠦ ᠶᠢᠨ ᠠᠷᠠᠯᠵᠢᠶᠠᠴᠢᠨ ᠯᠢᠦ ᠬᠠᠢ ᠿᠦᠢ ᠴᠦ ᠤᠯᠠᠮ ᠶᠠᠭᠠᠷᠠᠤ ᠪᠤᠯᠪᠠ᠃ ᠯᠢᠦ ᠬᠠᠢ ᠿᠦᠢ ᠶᠢᠨ ᠬᠦᠷᠢᠶᠡᠨ ᠳᠤ ᠬᠦᠢᠯᠡᠰᠦᠨ ᠴᠥᠮ᠎ᠡ ᠲᠦᠭᠦᠷᠳᠡᠯ᠎ᠡ ᠳᠡᠯᠭᠡᠨ᠂ ᠠᠵᠢᠯᠴᠢᠳ ᠰᠠᠶᠢᠬᠠᠨ ᠰᠠᠯᠭᠠᠵᠤ ᠠᠪᠤᠭᠰᠠᠨ ᠬᠦᠢᠯᠡᠰᠦᠨ ᠴᠥᠮ᠎ᠡ ᠶᠢ ᠳᠡᠯᠭᠡᠨ ᠬᠠᠲᠠᠭᠠᠨ᠎ᠠ᠃      ︽ᠠᠭᠤᠯᠠᠨ ᠬᠦᠢᠯᠡᠰᠦ ᠵᠢᠵᠢᠭᠬᠡᠨ ᠪᠣᠯᠪᠠᠴᠤ ᠦᠪᠴᠢ ᠪᠡᠶ᠎ᠡ ᠡᠷᠳᠡᠨᠢ ᠰᠢᠦ᠂ ᠴᠥᠮ᠎ᠡ ᠶᠢ ᠨᠢ ᠬᠤᠳᠠᠯᠳᠤᠵᠤ ᠪᠤᠯᠤᠨ᠎ᠠ᠂ ᠵᠢᠮᠢᠰ ᠤᠨ ᠮᠢᠬ᠎ᠠ ᠨᠢ ᠪᠠᠰᠠ ᠴᠤᠬᠤᠮ ᠰᠠᠶᠢᠨ ᠲᠠᠷᠢᠶᠠᠨ ᠪᠤᠷᠳᠤᠭᠤᠷ ᠰᠢᠦ︕︾ ᠭᠡᠵᠦ ᠯᠢᠦ ᠬᠠᠢ ᠿᠦᠢ ᠬᠡᠭᠡᠷ᠎ᠡ ᠶᠢᠨ ᠬᠦᠢᠯᠡᠰᠦ ᠶᠢᠨ ᠵᠢᠮᠢᠰ ᠪᠠ ᠴᠥᠮ᠎ᠡ ᠶᠢ ᠰᠠᠯᠭᠠᠬᠤ ᠮᠠᠰᠢᠨ ᠤ ᠠᠵᠢᠯᠯᠠᠭᠠᠨ ᠤ ᠪᠠᠶᠢᠳᠠᠯ ᠢ ᠪᠠᠶᠢᠴᠠᠭᠠᠨ ᠦᠵᠡᠬᠦ ᠶᠢᠨ ᠳᠠᠭᠠᠤ ᠬᠤᠰᠤᠭᠤᠷ ᠢᠶᠠᠷ ᠰᠠᠶᠢᠬᠠᠨ ᠰᠠᠯᠭᠠᠭᠰᠠᠨ ᠬᠦᠢᠯᠡᠰᠦᠨ ᠴᠥᠮ᠎ᠡ ᠶᠢ ᠬᠤᠷᠢᠶᠠᠵᠤ ᠠᠪᠬᠤ ᠶᠢᠨ ᠲᠠᠭᠠᠤ ᠬᠡᠯᠡᠨ᠎ᠡ᠃      ᠬᠡᠭᠡᠷ᠎ᠡ ᠶᠢᠨ ᠬᠦᠢᠯᠡᠰᠦ ᠪᠣᠯ ᠵᠠᠷᠤᠳ ᠬᠤᠰᠢᠭᠤᠨ ᠤ ᠭᠤᠣᠯ ᠪᠣᠯᠬᠤ ᠬᠡᠭᠡᠷ᠎ᠡ ᠶᠢᠨ ᠤᠷᠭᠤᠮᠠᠯ ᠪᠤᠯᠤᠨ᠎ᠠ᠂ ᠲᠤᠰ ᠬᠤᠰᠢᠭᠤᠨ ᠤ ᠬᠦᠢᠯᠡᠰᠦᠨ ᠣᠶ ᠶᠢᠨ ᠲᠠᠯᠠᠪᠠᠶ 380 ᠲᠦᠮᠡᠨ ᠮᠦ ᠪᠠᠶᠢᠵᠤ᠂ ᠪᠦᠬᠦ ᠤᠯᠤᠰ ᠤᠨ ᠬᠤᠰᠢᠭᠤ ᠰᠢᠶᠠᠨ ᠳᠤ ᠲᠦᠷᠦᠬᠦᠯᠡᠵᠤ᠂ ᠵᠢᠯ ᠳᠤ 13.3 ᠳ᠋ᠦᠩᠰᠢᠭᠤᠷ ᠵᠢᠩ ᠣᠷᠴᠢᠮ ᠤᠨ ᠬᠦᠢᠯᠡᠰᠦ ᠭᠠᠷᠳᠠᠭ᠃ ᠣᠶᠢᠷ᠎ᠠ ᠶᠢᠨ ᠵᠢᠯ ᠳᠤ ᠲᠤᠰ ᠬᠤᠰᠢᠭᠤ ᠠᠮᠢ ᠠᠬᠤᠢ ᠶᠢ ᠤᠷᠢᠳ ᠢᠶᠠᠷ ᠪᠤᠳᠤᠯᠬᠢᠯᠠᠨ᠂ ᠪᠣᠬᠢᠷᠳᠤᠯ ᠦᠭᠡᠢ ᠬᠦᠭᠵᠢᠭᠦᠯᠬᠦ ᠪᠠᠷ ᠤᠳᠤᠷᠢᠳᠤᠮᠵᠢ ᠪᠣᠯᠭᠠᠬᠤ ᠪᠠᠷ ᠪᠠᠷᠢᠮᠳᠠᠯᠠᠨ᠂ ᠵᠠᠷᠤᠳ ᠠᠭᠤᠯᠠ ᠶᠢᠨ ᠬᠦᠢᠯᠡᠰᠦᠨ ᠮᠤᠳᠤᠨ ᠤ ᠨᠡᠷ᠎ᠡ ᠶᠢᠨ ᠬᠠᠭᠤᠳᠠᠰᠤ ᠶᠢ ᠴᠢᠷᠮᠠᠶᠢᠨ ᠡᠭᠦᠳᠴᠦ᠂ ᠠᠵᠤ ᠦᠢᠯᠡᠰ ᠢᠶᠠᠷ ᠠᠷᠠᠳ ᠢ ᠪᠠᠶᠠᠵᠢᠭᠤᠯᠬᠤ᠂ ᠠᠮᠢ ᠠᠬᠤᠢ ᠪᠠᠷ ᠠᠷᠠᠳ ᠢ ᠪᠠᠶᠠᠵᠢᠭᠤᠯᠬᠤ ᠶᠢ ᠤᠷᠭᠠᠨᠢᠭ ᠢᠶᠠᠷ ᠤᠶᠠᠯᠳᠤᠭᠤᠯᠤᠨ᠂ ᠬᠡᠭᠡᠷ᠎ᠡ ᠶᠢᠨ ᠭᠦᠢᠯᠡᠰᠦ ᠶᠢ ᠠᠷᠠᠳ ᠤᠨ ︽ᠪᠠᠶᠠᠵᠢᠯ ᠤᠨ ᠵᠢᠮᠢᠰ︾ ᠪᠣᠯᠭᠠᠵᠤ᠂ ᠬᠡᠭᠡᠷ᠎ᠡ ᠶᠢᠨ ᠬᠦᠢᠯᠡᠰᠦᠨ ᠮᠣᠳᠣ ᠶᠢ ᠠᠷᠠᠳ ᠤᠨ ᠣᠷᠣᠯᠭ᠎ᠠ ᠶᠢ ᠨᠡᠮᠡᠭᠳᠡᠭᠦᠯᠬᠦ ︽ᠪᠠᠶᠠᠵᠢᠯ ᠤᠨ ᠮᠣᠳᠣ︾ ᠪᠤᠯᠭᠠᠨ᠂ ᠠᠮᠢ ᠠᠬᠤᠢ ᠪᠠ ᠠᠵᠤ ᠠᠬᠤᠢ ᠶᠢᠨ ᠬᠤᠤᠰ ᠦᠷ᠎ᠡ ᠠᠰᠢᠭ ᠢ ᠪᠡᠶᠡᠯᠡᠭᠦᠯᠵᠦ ᠪᠠᠶᠢᠨ᠎ᠠ᠃
 
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号