ᠡᠷᠳᠡᠨᠢ ᠰᠢᠰᠢ ᠶᠢᠨ ᠬᠤᠷᠣᠬᠠᠢ ᠶᠢᠨ ᠬᠥᠨᠥᠭᠡᠯ ᠢ ᠬᠢᠨᠠᠨ ᠲᠣᠭᠲᠠᠭᠠᠬᠤ ᠪᠠ ᠰᠡᠷᠭᠡᠶᠢᠯᠡᠨ ᠵᠠᠰᠠᠬᠤ ︵ᠨᠢᠭᠡ︶
ᠨᠡᠶᠢᠲᠡᠯᠡᠭᠰᠡᠨ ᠴᠠᠭ᠄
2022/9/26
      ᠠᠭᠠᠷ ᠤᠨ ᠳᠤᠯᠠᠭᠠᠨ ᠤ ᠳᠡᠭᠡᠭᠰᠢᠯᠡᠬᠦ ᠶᠢ ᠳᠠᠭᠠᠯᠳᠤᠨ᠂ ᠡᠷᠳᠡᠨᠢ ᠰᠢᠰᠢ ᠵᠡᠷᠭᠡ ᠲᠠᠷᠢᠮᠠᠯ ᠳᠤ ᠬᠤᠣᠷ ᠬᠥᠨᠥᠭᠡᠯ ᠤᠴᠠᠷᠠᠭᠤᠯᠬᠤ ᠵᠠᠷᠢᠮ ᠬᠤᠷᠣᠬᠠᠢ ᠶᠢᠨ ᠬᠥᠨᠥᠭᠡᠯ ᠡᠬᠢᠯᠡᠨ ᠡᠭᠦᠰᠴᠦ᠂ ᠣᠨᠴᠠ ᠵᠠᠷᠢᠮ ᠲᠠᠷᠢᠶᠠᠨ ᠭᠠᠵᠠᠷ ᠲᠤ ᠬᠡᠰᠡᠭ ᠬᠡᠰᠡᠭ ᠢᠶᠠᠷ ᠡᠭᠦᠰᠳᠡᠭ ᠂ ᠡᠯ᠎ᠡ ᠭᠠᠵᠠᠷ ᠤᠨ ᠲᠠᠷᠢᠶᠠᠯᠠᠩ ᠤᠨ ᠮᠡᠷᠭᠡᠵᠢᠯ ᠤᠨ ᠠᠵᠢᠯᠲᠠᠳ ᠬᠢᠨᠠᠨ ᠬᠡᠮᠵᠢᠯᠲᠡ ᠪᠠᠨ ᠴᠢᠩᠭᠠᠳᠬᠠᠵᠤ᠂ ᠲᠠᠷᠢᠶᠠᠴᠢᠳ ᠢ ᠵᠢᠯᠣᠭᠤᠳᠤᠨ ᠰᠡᠷᠭᠡᠶᠢᠯᠡᠨ ᠵᠠᠰᠠᠬᠤ ᠠᠵᠢᠯ ᠢ ᠰᠠᠶᠢᠲᠤᠷ ᠬᠢᠵᠦ᠂ ᠨᠥᠬᠦᠴᠡᠯ ᠲᠠᠢ ᠭᠠᠵᠠᠷ ᠣᠷᠣᠨ ᠳᠤ ᠨᠢᠭᠡᠳᠦᠯᠲᠡᠢ ᠰᠡᠷᠭᠡᠶᠢᠯᠡᠨ ᠵᠠᠰᠠᠬᠤ ᠠᠵᠢᠯ ᠢ ᠥᠷᠨᠢᠭᠦᠯᠵᠦ᠂ ᠬᠡᠰᠡᠭ ᠭᠠᠵᠠᠷ ᠲᠤ ᠶᠡᠭᠡ ᠬᠡᠪᠴᠢᠶ᠎ᠡ ᠪᠠᠷ ᠭᠡᠨᠡᠳᠲᠡ ᠡᠭᠦᠰᠬᠦ ᠶᠢ ᠤᠷᠢᠳᠴᠢᠯᠠᠨ ᠰᠡᠷᠭᠡᠶᠢᠯᠡᠬᠦ ᠬᠡᠷᠡᠭᠲᠡᠢ᠃ ᠣᠳᠣ ᠭᠤᠣᠯ ᠬᠤᠷᠣᠬᠠᠢ ᠶᠢᠨ ᠬᠥᠨᠥᠭᠡᠯ ᠢ ᠳᠣᠣᠷᠠᠬᠢ ᠮᠡᠲᠦ ᠳᠥᠭᠦᠮᠬᠡᠨ ᠲᠠᠨᠢᠯᠴᠠᠭᠤᠯᠤᠶ᠎ᠠ ᠄      ᠤᠯᠠᠭᠠᠨ ᠠᠭᠠᠯᠵᠢ      ᠤᠯᠠᠭᠠᠨ ᠠᠭᠠᠯᠵᠢ ᠣᠶᠢᠷ᠎ᠠ ᠶᠢᠨ ᠬᠡᠳᠦᠨ ᠵᠢᠯ ᠳᠤ ᠲᠠᠷᠢᠮᠠᠯ ᠤᠨ ᠵᠦᠢᠯ ᠳᠤ ᠪᠠᠶᠢᠩᠭᠤ ᠬᠤᠣᠷ ᠬᠥᠨᠥᠭᠡᠯ ᠤᠴᠠᠷᠠᠭᠤᠯᠵᠤ᠂ ᠭᠤᠣᠯᠳᠠᠭᠤ ᠪᠦᠲᠦᠭᠰᠡᠨ ᠬᠠᠴᠢᠭ ᠪᠣᠯᠣᠨ ᠬᠠᠴᠢᠭ ᠮᠡᠲᠦ ᠶᠢᠨ ᠤᠷᠭᠤᠮᠠᠯ ᠤᠨ ᠨᠠᠪᠴᠢ᠂ ᠡᠰᠢ᠂ ᠴᠡᠴᠡᠭ᠂ ᠦᠨᠳᠦᠰᠦ ᠵᠡᠷᠭᠡ ᠶᠢ ᠬᠥᠨᠥᠭᠡᠵᠦ᠂ ᠨᠠᠪᠴᠢᠨ ᠤ ᠢᠯᠲᠠᠰᠤ ᠶᠢ ᠬᠥᠨᠥᠭᠡᠵᠦ᠂ ᠨᠣᠭᠤᠭᠠᠨ ᠥᠩᠭᠡ ᠪᠠᠨ ᠠᠯᠳᠠᠨ ᠴᠠᠶᠢᠷᠠᠵᠤ᠂ ᠨᠠᠪᠴᠢᠨ ᠤ ᠥᠩᠭᠡᠨ ᠲᠠᠯ᠎ᠠ ᠳᠤ  ᠨᠢ ᠴᠢᠭᠵᠢᠭᠦᠦ ᠴᠠᠭᠠᠨ ᠵᠢᠵᠢᠭ ᠲᠣᠯᠪᠤ ᠢᠯᠡᠷᠡᠵᠦ᠂ ᠦᠷᠴᠡᠶᠢᠨ ᠰᠢᠷᠠᠯᠠᠳᠠᠭ᠃ ᠬᠦᠨᠳᠦ ᠨᠣᠴᠢᠲᠠᠢ ᠦᠶ᠎ᠡ ᠳᠤ ᠤᠷᠭᠤᠮᠠᠯ ᠳᠤ ᠰᠢᠷ᠎ᠠ ᠨᠠᠪᠴᠢ ᠂ ᠬᠡᠦᠷᠰᠢᠮᠡᠯ ᠨᠠᠪᠴᠢ ᠂ ᠣᠷᠢᠶᠠᠮᠠᠯ ᠨᠠᠪᠴᠢ ᠂ ᠨᠠᠪᠴᠢ ᠵᠤᠯᠭᠠᠷᠠᠬᠤ ᠪᠠ ᠦᠬᠦᠬᠦ ᠵᠡᠷᠭᠡ ᠦᠵᠡᠭᠳᠡᠯ ᠭᠠᠷᠳᠠᠭ ᠃ ᠤᠯᠠᠭᠠᠨ ᠠᠭᠠᠯᠵᠢ ᠬᠡᠳᠦᠶᠢᠪᠡᠷ ᠡᠵᠡᠯᠡᠬᠦᠨ ᠨᠢ ᠪᠠᠭ᠎ᠠ ᠬᠠᠴᠢᠭ ᠤᠨ ᠲᠥᠷᠥᠯ ᠪᠣᠯᠪᠠᠴᠤ ᠦᠷᠡᠵᠢᠬᠦ ᠴᠢᠳᠠᠪᠤᠷᠢ ᠨᠢ ᠮᠠᠰᠢ ᠴᠢᠩᠭ᠎ᠠ᠂ ᠦᠷᠡᠵᠢᠬᠦ ᠬᠤᠷᠳᠤᠴᠠ ᠨᠢ ᠲᠦᠷᠭᠡᠨ᠂ ᠣᠯᠠᠨ ᠦᠶ᠎ᠡ ᠳᠤ ᠳᠠᠪᠬᠤᠴᠠᠵᠤ᠂ ᠨᠢᠭᠡ ᠨᠠᠪᠴᠢᠨ ᠤ ᠳᠡᠭᠡᠷ᠎ᠡ ᠨᠢ ᠥᠨᠳᠡᠭᠡ᠂ ᠨᠢᠯᠬ᠎ᠠ ᠬᠠᠴᠢᠭ᠂ ᠬᠠᠴᠢᠭ ᠮᠡᠲᠦ ᠂ ᠪᠦᠲᠦᠭᠰᠡᠨ ᠬᠠᠴᠢᠭ ᠵᠡᠷᠭᠡ 4 ᠵᠦᠢᠯ ᠤᠨ ᠬᠡᠯᠪᠡᠷᠢ ᠲᠠᠢ ᠪᠠᠶᠢᠵᠤ ᠮᠡᠳᠡᠨ᠎ᠡ᠂ ᠨᠢᠭᠡ ᠵᠦᠢᠯ ᠤᠨ ᠡᠮ ᠢᠶᠠᠷ ᠬᠠᠮᠲᠤ ᠳᠤ  ᠨᠢ ᠰᠡᠷᠭᠡᠶᠢᠯᠡᠨ ᠵᠠᠰᠠᠬᠤ ᠳᠤ ᠮᠠᠰᠢ ᠬᠦᠴᠢᠷ ᠪᠠᠶᠢᠳᠠᠭ᠃ ᠤᠯᠠᠭᠠᠨ ᠠᠭᠠᠯᠵᠢ ᠪᠣᠯ ᠬᠠᠴᠢᠭ ᠤᠨ ᠲᠦᠷᠦᠯ ᠂ ᠬᠤᠷᠣᠬᠠᠢ ᠪᠢᠰᠢ᠂ ᠮᠠᠰᠢ ᠣᠯᠠᠨ ᠬᠤᠷᠣᠬᠠᠢ ᠠᠯᠠᠬᠤ ᠡᠮ ᠨᠢ ᠤᠯᠠᠭᠠᠨ ᠠᠭᠠᠯᠵᠢ ᠳᠤ ᠲᠤᠰᠠ ᠦᠭᠡᠢ᠃
20.1.jpg
 
20.2.jpg
20.3.png
20.4.png
      ᠡᠮ ᠢᠶᠠᠷ ᠰᠡᠷᠭᠡᠶᠢᠯᠡᠨ ᠵᠠᠰᠠᠬᠤ ᠃ ︵1︶ 30% ᠶᠢᠨ ᠳᠥᠷᠪᠡᠴᠢ ᠬᠠᠴᠢᠭ ᠤᠨ ᠠᠽᠢᠨ - ᠬᠤᠯᠪᠣᠮᠠᠯ ᠹᠧᠨᠢᠯ ᠾᠢᠳ᠋ᠷᠠᠽᠢᠨ ᠡᠰᠲ᠋ᠧᠷ ᠤᠨ ᠬᠥᠪᠥᠮᠡᠯ ᠡᠳ᠋ ᠂ ᠦᠢᠯᠡᠳᠦᠯ ᠨᠢ ᠲᠣᠪᠣᠶᠢᠮ᠎ᠠ ᠂ 24 ᠴᠠᠭ ᠤᠨ ᠰᠡᠷᠭᠡᠶᠢᠯᠡᠬᠦ ᠦᠢᠯᠡᠳᠦᠯ  ᠨᠢ 75% ᠠᠴᠠ ᠳᠡᠭᠡᠭᠰᠢ ᠪᠠᠶᠢᠳᠠᠭ ᠃ ᠳᠣᠣᠷ᠎ᠠ ᠳᠤᠯᠠᠭᠠᠨ ᠳᠤ ᠳᠠᠭᠠᠭᠠᠮᠠᠭᠠᠢ ᠂ ᠦᠢᠯᠡᠳᠦᠯ ᠦᠵᠡᠭᠦᠯᠬᠦ ᠬᠤᠭᠤᠴᠠᠭ᠎ᠠ ᠨᠢ ᠤᠷᠲᠤ ᠪᠠᠶᠢᠳᠠᠭ︔ ︵2︶ 22% ᠤᠨ ᠠᠸᠢ · ᠯᠠᠪᠠᠢ ᠶᠢᠨ ᠡᠰᠲ᠋ᠧᠷ ᠤᠨ ᠬᠥᠪᠥᠮᠡᠯ ᠡᠳ᠋ ᠄ 4000 ~ 6000 ᠳᠠᠬᠢᠨ ᠤ ᠰᠢᠩᠭᠡᠨ ᠂ ᠦᠢᠯᠡᠳᠦᠯ ᠦᠵᠡᠭᠦᠯᠬᠦ ᠬᠤᠭᠤᠴᠠᠭ᠎ᠠ ᠨᠢ 20 ᠡᠳᠦᠷ ᠣᠷᠴᠢᠮ ᠪᠠᠶᠢᠳᠠᠭ ᠃ ︵3︶ 20% ᠶᠢᠨ ᠠᠸᠢ • ᠳᠥᠷᠪᠡᠨ ᠬᠠᠴᠢᠭ ᠤᠨ ᠠᠽᠢᠨ ᠤ ᠬᠥᠪᠥᠮᠡᠯ ᠡᠮ ᠄ ᠬᠥᠨᠳᠡᠵᠦ ᠠᠯᠠᠬᠤ ᠂ ᠬᠤᠳᠣᠭᠤᠳᠤᠨ ᠳᠤ ᠬᠤᠣᠷᠳᠠᠭᠤᠯᠬᠤ ᠪᠠ ᠤᠲᠤᠵᠤ ᠵᠢᠩᠨᠡᠬᠦ ᠦᠢᠯᠡᠳᠦᠯ ᠲᠠᠢ ᠂ ᠪᠦᠲᠦᠭᠰᠡᠨ ᠬᠠᠴᠢᠭ ᠂ ᠬᠠᠴᠢᠭ ᠮᠡᠲᠦ ᠪᠠ ᠦᠨᠳᠡᠭᠡ ᠶᠢ ᠨᠢ ᠠᠯᠠᠵᠤ᠂ ᠤᠯᠠᠭᠠᠨ ᠠᠭᠠᠯᠵᠢ ᠶᠢᠨ ᠪᠠᠭ᠎ᠠ ᠨᠠᠰᠤᠨ ᠤ ᠬᠥᠭᠵᠢᠯ ᠪᠠᠳᠠᠷᠠᠯ ᠤᠨ ᠡᠬᠢᠨ ᠤ ᠬᠤᠭᠤᠴᠠᠭ᠎ᠠ ᠳᠤ ᠬᠡᠷᠡᠭᠯᠡᠬᠦ ᠡᠮ  ᠨᠢ 1500 ~ 2000 ᠳᠠᠬᠢᠨ ᠤ ᠰᠢᠩᠭᠡᠨ ᠂ ᠶᠡᠷᠦ ᠳᠤ ᠪᠠᠨ ᠦᠢᠯᠡᠳᠦᠯ ᠦᠵᠡᠭᠦᠯᠬᠦ ᠬᠤᠭᠤᠴᠠᠭ᠎ᠠ ᠨᠢ 50 - 60 ᠡᠳᠦᠷ ᠲᠤ ᠬᠦᠷᠦᠨ᠎ᠡ ᠃ (4) 21% ᠶᠢᠨ ᠳᠥᠷᠪᠡᠨ ᠬᠠᠴᠢᠭ ᠂ ᠠᠽᠤᠯ ᠬᠠᠴᠢᠭ ᠤᠨ ᠡᠰᠲ᠋ᠧᠷ ᠤᠨ ᠬᠦᠪᠦᠬᠦᠯᠬᠦ ᠡᠮ ᠄ ᠬᠤᠣᠷ ᠪᠠᠭᠠᠲᠠᠢ ᠬᠠᠴᠢᠭ ᠠᠯᠠᠬᠤ ᠡᠮ ᠪᠠᠶᠢᠵᠤ᠂ ᠬᠠᠴᠢᠭ ᠮᠡᠲᠦ᠂ ᠪᠦᠲᠦᠭᠰᠡᠨ ᠬᠠᠴᠢᠭ ᠪᠠ ᠵᠤᠨ ᠤ ᠦᠨᠳᠡᠭᠡ ᠠᠯᠠᠵᠤ ᠳᠡᠶᠢᠯᠳᠡᠭ᠂ ᠡᠮ ᠤᠨ ᠦᠢᠯᠡᠳᠦᠯ ᠨᠡᠯᠢᠶᠡᠳ ᠤᠳᠠᠭᠠᠨ ᠂ ᠦᠯᠡᠳᠡᠭᠳᠡᠯ ᠬᠦᠴᠦᠨ ᠤ ᠬᠤᠭᠤᠴᠠᠭ᠎ᠠ ᠨᠢ ᠨᠡᠯᠢᠶᠡᠳ ᠤᠷᠲᠤ ᠪᠠᠶᠢᠳᠠᠭ ᠃ ᠤᠯᠠᠭᠠᠨ ᠠᠭᠠᠯᠵᠢ ᠶᠢᠨ ᠡᠬᠢᠯᠡᠵᠦ ᠬᠥᠭᠵᠢᠭᠰᠡᠨ ᠬᠤᠭᠤᠴᠠᠭᠠᠨ ᠳᠤ ᠡᠮ ᠣᠷᠣᠭᠤᠯᠵᠤ᠂ 2000 ᠳᠠᠬᠢᠨ ᠤ ᠰᠢᠩᠭᠡᠨ ᠢᠶᠠᠷ ᠮᠠᠨᠠᠨ ᠰᠦᠷᠴᠢᠳᠡᠭ ᠃ ᠤᠯᠠᠭᠠᠨ ᠠᠭᠠᠯᠵᠢ ᠶᠢ ᠰᠡᠷᠭᠡᠶᠢᠯᠡᠬᠦ ᠦᠢᠯᠡᠳᠦᠯ ᠨᠢ ᠲᠤᠶᠢᠯ ᠤᠨ ᠲᠣᠪᠣᠶᠢᠮ᠎ᠠ ᠪᠠᠶᠢᠵᠤ᠂ ᠦᠢᠯᠡᠳᠦᠯ ᠦᠵᠡᠭᠦᠯᠬᠦ ᠬᠤᠭᠤᠴᠠᠭ᠎ᠠ ᠨᠢ 50~60 ᠡᠳᠦᠷ ᠲᠤ ᠭᠥᠷᠳᠡᠭ᠃ 
 
ᠢᠷᠡᠯᠲᠡ᠄ ᠦᠪᠦᠷ ᠮᠤᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠣᠨ ᠤ ᠲᠢᠩᠬᠡᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号