ᠰᠢᠯᠢ ᠶᠢᠨ ᠭᠤᠣᠯ ᠠᠶᠢᠮᠠᠭ 2.2 ᠳ᠋ᠦᠩᠰᠢᠭᠤᠷ ᠮᠦ ᠨᠤᠲᠤᠭ ᠪᠡᠯᠴᠢᠭᠡᠷ ᠢ ᠪᠡᠯᠴᠢᠭᠡᠷ ᠥᠨᠵᠢᠭᠦᠯᠬᠦ ᠬᠤᠭᠤᠴᠠᠭᠠᠨ ᠳᠤ ᠣᠷᠣᠭᠤᠯᠪᠠ
ᠨᠡᠶᠢᠲᠡᠯᠡᠭᠰᠡᠨ ᠴᠠᠭ᠄
2024/4/7
      ᠬᠠᠪᠤᠷ ᠤᠨ ᠤᠯᠠᠷᠢᠯ ᠪᠣᠯ ᠨᠤᠲᠤᠭ ᠪᠡᠯᠴᠢᠭᠡᠷ ᠤᠨ ᠡᠪᠡᠰᠦ ᠨᠣᠭᠤᠭᠠᠨ ᠤ ᠤᠷᠭᠤᠯᠲᠠ ᠶᠢᠨ ᠬᠤᠭᠤᠴᠠᠭ᠎ᠠ ᠮᠥᠨ᠃ ᠨᠤᠲᠤᠭ ᠪᠡᠯᠴᠢᠭᠡᠷ ᠤᠨ ᠠᠮᠢ ᠠᠬᠤᠢ ᠶᠢ ᠬᠠᠮᠠᠭᠠᠯᠠᠬᠤ ᠶᠢᠨ ᠲᠥᠯᠥᠭᠡ᠂ ᠰᠢᠯᠢ ᠶᠢᠨ ᠭᠤᠣᠯ ᠠᠶᠢᠮᠠᠭ 4 ᠳ᠋ᠦ᠋ᠭᠡᠷ ᠰᠠᠷ᠎ᠠ ᠶᠢᠨ 1 ᠤ ᠡᠳᠦᠷ ᠠᠴᠠ ᠡᠬᠢᠯᠡᠨ 2.2 ᠳ᠋ᠦᠩᠰᠢᠭᠤᠷ ᠮᠦ ᠨᠤᠲᠤᠭ ᠪᠡᠯᠴᠢᠭᠡᠷ ᠢ ᠵᠠᠯᠭᠠᠭ᠎ᠠ ᠪᠠᠷ ᠪᠡᠯᠴᠢᠭᠡᠷ ᠥᠨᠵᠢᠭᠦᠯᠵᠦ ᠡᠬᠢᠯᠡᠵᠡᠢ᠃ 45 ᠡᠳᠦᠷ ᠠᠴᠠ ᠢᠯᠡᠭᠦᠦ ᠪᠡᠯᠴᠢᠭᠡᠷ ᠥᠨᠵᠢᠭᠦᠯᠬᠦ ᠬᠤᠭᠤᠴᠠᠭᠠᠨ ᠳᠤ᠂ ᠵᠠᠰᠠᠭ ᠤᠨ ᠣᠷᠳᠣᠨ ᠮᠠᠯᠴᠢᠳ ᠲᠤ ᠨᠥᠬᠦᠪᠦᠷᠢ ᠥᠭᠴᠦ᠂ ᠮᠠᠯᠴᠢᠳ ᠤᠨ ᠥᠪᠡᠷᠰᠡᠳ ᠢᠶᠠᠨ ᠮᠠᠯ ᠢᠶᠠᠨ ᠬᠠᠰᠢᠶᠠᠯᠠᠨ ᠲᠡᠵᠢᠭᠡᠬᠦ ᠶᠢ ᠨᠢ ᠳᠡᠮᠵᠢᠨ᠂ ︽ᠴᠠᠯᠢᠩ ᠲᠠᠢ ᠠᠮᠠᠷᠠᠯᠲᠠ︾ ᠶᠢᠨ ᠬᠡᠯᠪᠡᠷᠢ ᠪᠠᠷ ᠨᠤᠲᠤᠭ ᠪᠡᠯᠴᠢᠭᠡᠷ ᠢ ᠥᠨᠵᠢᠭᠦᠯᠬᠦ ᠪᠣᠯᠣᠨ᠎ᠠ᠃      ᠰᠥᠨᠢᠳ ᠪᠠᠷᠠᠭᠤᠨ ᠬᠤᠰᠢᠭᠤᠨ ᠤ ᠥᠷᠭᠡᠨᠲᠠᠯ᠎ᠠ ᠪᠠᠯᠭᠠᠰᠤᠨ ᠤ ᠴᠠᠩᠲᠤᠰᠢᠯᠢ ᠭᠠᠴᠠᠭᠠᠨ ᠳᠤ᠂ ᠮᠠᠯᠴᠢᠨ ᠯᠢ ᠬᠠᠢ ᠮᠢᠩ ᠥᠪᠡᠷ ᠤᠨ ᠬᠤᠨᠢᠳ ᠢᠶᠠᠨ ᠲᠡᠵᠢᠭᠡᠵᠦ ᠪᠠᠶᠢᠪᠠ᠂ ᠣᠶᠢᠯᠠᠭᠠᠭᠰᠠᠨ ᠢᠶᠠᠷ᠂ ᠲᠡᠳᠡᠨ ᠤ ᠬᠢᠨ 12000 ᠭᠠᠷᠤᠢ ᠮᠦ ᠪᠡᠯᠴᠢᠭᠡᠷ ᠲᠠᠢ ᠪᠥᠭᠡᠳ 400 ᠭᠠᠷᠤᠢ ᠬᠤᠨᠢ ᠲᠡᠵᠢᠭᠡᠵᠦ ᠪᠤᠢ᠂ ᠣᠳᠣᠬᠠᠨ ᠳᠤ ᠭᠦᠢᠴᠡᠳ ᠬᠡᠮᠵᠢᠶᠡᠨ ᠤ ᠡᠪᠡᠰᠦᠨ ᠪᠣᠷᠳᠤᠭ᠎ᠠ ᠪᠡᠯᠡᠳᠬᠡᠭᠡᠳ᠂ ᠪᠡᠯᠴᠢᠭᠡᠷ ᠥᠨᠵᠢᠭᠦᠯᠬᠦ ᠬᠤᠭᠤᠴᠠᠭᠠᠨ ᠳᠤ ᠬᠤᠨᠢᠳ ᠢᠶᠠᠨ ᠲᠡᠵᠢᠭᠡᠬᠦ ᠠᠰᠠᠭᠤᠳᠠᠯ ᠢ ᠠᠷᠭᠠᠴᠠᠭᠠᠵᠤ ᠪᠠᠶᠢᠨ᠎ᠠ᠃      ︽300 ᠭᠠᠷᠤᠢ ᠪᠣᠭᠤᠵᠢ ᠡᠪᠡᠰᠦ᠂ 20 ᠭᠠᠷᠤᠢ ᠲᠣᠨ ᠨᠣᠭᠤᠭᠠᠨ ᠳᠠᠷᠤᠰᠢ ᠪᠡᠯᠡᠳᠬᠡᠵᠦ᠂ ᠪᠠᠰᠠ 10 ᠭᠠᠷᠤᠢ ᠲᠣᠨ ᠡᠪᠡᠰᠦᠨ ᠪᠣᠷᠳᠤᠭ᠎ᠠ ᠪᠡᠯᠡᠳᠬᠡᠪᠡ᠂ ᠪᠡᠯᠴᠢᠭᠡᠷ ᠥᠨᠵᠢᠭᠦᠯᠬᠦ ᠬᠤᠭᠤᠴᠠᠭ᠎ᠠ ᠪᠣᠯ ᠶᠠᠭ ᠨᠤᠲᠤᠭ ᠪᠡᠯᠴᠢᠭᠡᠷ ᠤᠨ ᠡᠪᠡᠰᠦ ᠨᠣᠭᠤᠭᠠᠨ ᠤ ᠤᠷᠭᠤᠯᠲᠠ ᠰᠡᠷᠭᠦᠬᠦ ᠦᠶ᠎ᠡ᠂ ᠪᠢᠳᠡ ᠬᠤᠨᠢᠳ ᠢᠶᠠᠨ ᠬᠠᠰᠢᠶᠠᠯᠠᠨ ᠲᠡᠵᠢᠭᠡᠪᠡᠯ ᠨᠤᠲᠤᠭ ᠪᠡᠯᠴᠢᠭᠡᠷ ᠰᠠᠶᠢᠲᠤᠷ ᠰᠡᠷᠭᠦᠵᠦ᠂ ᠡᠯᠡᠰᠦᠵᠢᠬᠦ ᠶᠢ ᠰᠡᠷᠭᠡᠶᠢᠯᠡᠨ᠎ᠡ᠂ ᠪᠡᠯᠴᠢᠭᠡᠷ ᠢ ᠰᠠᠶᠢᠨ ᠪᠣᠯᠭᠠᠪᠠᠯ ᠡᠨᠡ ᠵᠢᠯ ᠤᠨ ᠬᠤᠨᠢᠨ ᠤ ᠲᠠᠷᠭᠤ ᠠᠶᠠᠨᠳᠠᠭᠠᠨ ᠰᠠᠶᠢᠵᠢᠷᠠᠨ᠎ᠠ᠃︾ ᠭᠡᠵᠦ ᠰᠥᠨᠢᠳ ᠪᠠᠷᠠᠭᠤᠨ ᠬᠤᠰᠢᠭᠤᠨ ᠤ ᠥᠷᠭᠡᠨᠲᠠᠯ᠎ᠠ ᠪᠠᠯᠭᠠᠰᠤᠨ ᠤ ᠴᠠᠩᠲᠤᠰᠢᠯᠢ ᠭᠠᠴᠠᠭᠠᠨ ᠤ ᠮᠠᠯᠴᠢᠨ ᠯᠢ ᠬᠠᠢ ᠮᠢᠩ ᠬᠡᠯᠡᠪᠡ᠃      ᠣᠶᠢᠯᠠᠭᠠᠭᠰᠠᠨ ᠢᠶᠠᠷ᠂ ᠰᠢᠯᠢ ᠶᠢᠨ ᠭᠤᠣᠯ ᠠᠶᠢᠮᠠᠭ ᠨᠢ ᠪᠡᠯᠴᠢᠭᠡᠷ ᠥᠨᠵᠢᠭᠦᠯᠬᠦ ᠬᠤᠭᠤᠴᠠᠭᠠᠨ ᠳᠤ ᠮᠦ ᠪᠦᠷᠢ ᠳᠤ 1.125 ᠲᠥᠭᠦᠷᠢᠭ ᠤᠨ ᠪᠠᠷᠢᠮᠵᠢᠶ᠎ᠠ ᠪᠠᠷ ᠪᠥᠬᠦ ᠠᠶᠢᠮᠠᠭ ᠤᠨ 10.1 ᠲᠦᠮᠡᠨ ᠡᠷᠦᠬᠡ ᠮᠠᠯᠴᠢᠨ ᠲᠠᠷᠢᠶᠠᠴᠢᠳ ᠲᠤ ᠨᠥᠬᠦᠪᠦᠷᠢ ᠥᠭᠭᠦᠨ᠎ᠡ᠃ ᠵᠠᠰᠠᠭ ᠤᠨ ᠣᠷᠳᠣᠨ ᠨᠥᠭᠡᠴᠡᠯᠡᠬᠦ᠂ ᠮᠠᠯᠴᠢᠳ ᠥᠪᠡᠷᠰᠡᠳ ᠢᠶᠠᠨ ᠪᠡᠯᠡᠳᠬᠡᠬᠦ᠂ ᠵᠣᠬᠢᠴᠠᠭᠤᠯᠵᠤ ᠰᠢᠯᠵᠢᠭᠦᠯᠦᠨ ᠲᠡᠭᠡᠭᠡᠪᠦᠷᠢᠯᠡᠬᠦ ᠵᠡᠷᠭᠡ ᠠᠷᠭ᠎ᠠ ᠬᠡᠮᠵᠢᠶ᠎ᠡ ᠶᠢ ᠠᠪᠴᠤ᠂ 51.36 ᠲᠦᠮᠡᠨ ᠲᠣᠨ ᠡᠪᠡᠰᠦᠨ ᠪᠣᠷᠳᠤᠭ᠎ᠠ ᠨᠥᠭᠡᠴᠡᠯᠡᠨ᠂ ᠪᠡᠯᠴᠢᠭᠡᠷ ᠥᠨᠵᠢᠭᠦᠯᠬᠦ ᠬᠤᠭᠤᠴᠠᠭᠠᠨ ᠳᠠᠬᠢ ᠡᠪᠡᠰᠦᠨ ᠪᠣᠷᠳᠣᠭᠠᠨ ᠤ ᠬᠠᠩᠭᠠᠯᠭ᠎ᠠ ᠶᠢ ᠪᠠᠲᠤᠯᠠᠵᠤ ᠪᠠᠶᠢᠨ᠎ᠠ᠃ ᠡᠯ᠎ᠡ ᠭᠠᠵᠠᠷ ᠡᠯ᠎ᠡ ᠰᠠᠯᠠᠭ᠎ᠠ ᠮᠥᠴᠢᠷ ᠤᠳ ᠪᠠᠰᠠ ᠪᠡᠯᠴᠢᠭᠡᠷ ᠥᠨᠵᠢᠭᠦᠯᠬᠦ ᠲᠦᠷᠦ ᠶᠢᠨ ᠪᠣᠳᠣᠯᠭ᠎ᠠ ᠢ ᠤᠬᠠᠭᠤᠯᠬᠤ ᠪᠠᠨ ᠡᠷᠴᠢᠮᠵᠢᠭᠦᠯᠵᠦ᠂ ᠡᠪᠡᠰᠦᠨ ᠪᠣᠷᠳᠣᠭᠠᠨ ᠤ ᠰᠠᠭᠤᠷᠢᠨ᠂ ᠬᠠᠰᠢᠶᠠᠯᠠᠨ ᠲᠡᠵᠢᠭᠡᠬᠦ ᠬᠠᠰᠢᠶ᠎ᠠ ᠰᠠᠷᠠᠪᠴᠢ ᠵᠡᠷᠭᠡ ᠰᠠᠭᠤᠷᠢ ᠪᠡᠯᠡᠳᠬᠡᠮᠵᠢ ᠶᠢᠨ ᠪᠦᠲᠦᠭᠡᠨ ᠪᠠᠶᠢᠭᠤᠯᠤᠯᠲᠠ ᠪᠠᠨ ᠡᠷᠴᠢᠮᠵᠢᠭᠦᠯᠵᠦ᠂ ᠠᠮᠢᠳᠠᠨ ᠤ ᠬᠢᠵᠢᠭ ᠢ ᠰᠡᠷᠭᠡᠶᠢᠯᠡᠬᠦ ᠪᠠ ᠵᠠᠰᠠᠬᠤ ᠮᠡᠷᠭᠡᠵᠢᠯ ᠤᠨ ᠦᠢᠯᠡᠴᠢᠯᠡᠭᠡ ᠶᠢ ᠴᠢᠩᠭᠠᠳᠬᠠᠨ᠂ ᠪᠡᠯᠴᠢᠭᠡᠷ ᠥᠨᠵᠢᠭᠦᠯᠬᠦ ᠠᠵᠢᠯ ᠢ ᠥᠷᠨᠢᠭᠦᠯᠬᠦ ᠳᠤ ᠠᠰᠢᠭᠲᠠᠢ ᠨᠥᠬᠦᠴᠡᠯ ᠢ ᠡᠭᠦᠳᠴᠦ ᠥᠭᠴᠡᠢ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号