ᠣᠶᠢᠷ᠎ᠠ ᠳᠤ᠂ ᠤᠯᠤᠰ ᠤᠨ ᠮᠠᠯ ᠵᠢᠭᠦᠷᠲᠡᠨ ᠤ ᠤᠳᠤᠮᠯᠠᠯ ᠤᠨ ᠡᠬᠢ ᠪᠠᠶᠠᠯᠢᠭ ᠤᠨ ᠵᠥᠪᠯᠡᠯ ᠠᠴᠠ | ︽ᠤᠯᠤᠰ ᠤᠨ ᠮᠠᠯ ᠵᠢᠭᠦᠷᠲᠡᠨ ᠤ ᠤᠳᠤᠮᠯᠠᠯ ᠤᠨ ᠡᠬᠢ ᠪᠠᠶᠠᠯᠢᠭ ᠤᠨ ᠡᠭᠦᠯᠳᠡᠷ ᠤᠨ ᠨᠡᠷᠡᠰ ᠤᠨ ᠵᠢᠭᠰᠠᠭᠠᠯᠲᠠ | ︵2024 ᠣᠨ ᠤ ᠬᠡᠪᠯᠡᠯ︶︾ ᠶᠢ ᠨᠡᠶᠢᠲᠡᠯᠡᠵᠦ᠂ ᠪᠠᠶᠠᠨᠨᠠᠭᠤᠷ ᠬᠤᠲᠠ ᠶᠢᠨ 3 ᠡᠭᠦᠯᠳᠡᠷ ᠨᠢ ᠰᠣᠩᠭᠤᠭᠳᠠᠪᠠ᠃ | ᠪᠠᠶᠠᠨᠨᠠᠭᠤᠷ ᠬᠤᠲᠠ ᠶᠢᠨ ︽ᠤᠯᠤᠰ ᠤᠨ ᠮᠠᠯ ᠵᠢᠭᠦᠷᠲᠡᠨ ᠤ ᠤᠳᠤᠮᠯᠠᠯ ᠤᠨ ᠡᠬᠢ ᠪᠠᠶᠠᠯᠢᠭ ᠤᠨ ᠡᠭᠦᠯᠳᠡᠷ ᠤᠨ | ᠨᠡᠷᠡᠰ ᠤᠨ ᠵᠢᠭᠰᠠᠭᠠᠯᠲᠠ ︵2024 ᠣᠨ ᠤ ᠬᠡᠪᠯᠡᠯ︶︾ ᠳᠤ ᠰᠣᠩᠭᠤᠭᠳᠠᠭᠰᠠᠨ 3 ᠡᠭᠦᠯᠳᠡᠷ ᠨᠢ ᠲᠣᠰ ᠲᠣᠰ | ᠪᠣᠷᠣᠳᠣᠬᠤᠢ ᠶᠢᠨ ᠳᠡᠯᠳᠡᠦ ᠭᠠᠭ᠋ᠠᠢ᠂ ᠪᠠ ᠮᠸᠢ ᠶᠢᠨ ᠠᠯᠠᠰᠢᠨ ᠬᠤᠨᠢ᠂ ᠬᠤᠸᠠ ᠮᠧᠩ ᠤᠨ ᠠᠯᠠᠰᠢᠨ ᠬᠤᠨᠢ ᠪᠣᠯᠣᠨ᠎ᠠ᠃ | ᠡᠭᠦᠨ ᠳᠤ᠂ ᠪᠣᠷᠣᠳᠣᠬᠤᠢ ᠶᠢᠨ ᠳᠡᠯᠳᠡᠦ ᠭᠠᠭ᠋ᠠᠢ ᠨᠢ ᠣᠷᠣᠨ ᠨᠤᠲᠤᠭ ᠤᠨ ᠤᠳᠤᠮᠰᠢᠯ ᠤᠨ ᠡᠬᠢ ᠪᠠᠶᠠᠯᠢᠭ ᠲᠤ | ᠰᠣᠩᠭᠤᠭᠳᠠᠵᠤ᠂ ᠪᠠ ᠮᠸᠢ ᠶᠢᠨ ᠠᠯᠠᠰᠢᠨ ᠬᠤᠨᠢ ᠪᠣᠯᠣᠨ ᠬᠤᠸᠠ ᠮᠧᠩ ᠤᠨ ᠠᠯᠠᠰᠢᠨ ᠬᠤᠨᠢ ᠡᠭᠦᠯᠳᠡᠷ | ᠪᠣᠶᠢᠵᠢᠭᠤᠯᠬᠤ ᠳᠤ ᠰᠣᠩᠭᠤᠭᠳᠠᠵᠠᠢ᠃ | ᠣᠶᠢᠯᠠᠭᠠᠭᠰᠠᠨ ᠢᠶᠠᠷ᠂ ᠬᠤᠶᠢᠰᠢᠳᠠ᠂ ᠲᠠᠷᠢᠶᠠᠯᠠᠩ ᠬᠥᠳᠡᠭᠡ ᠲᠣᠰᠬᠤᠨ ᠤ ᠶᠠᠮᠤᠨ ᠤ ᠨᠡᠶᠢᠲᠡᠯᠡᠭᠰᠡᠨ ᠰᠢᠨ᠎ᠡ ᠪᠠᠷ | ᠬᠢᠨᠠᠨ ᠰᠢᠯᠭᠠᠨ ᠲᠣᠭᠲᠠᠭᠠᠬᠤ ᠡᠭᠦᠯᠳᠡᠷ ᠤᠨ ᠢᠵᠢ ᠪᠦᠷᠢᠳᠦᠭᠦᠯᠬᠦ ᠰᠢᠰᠲ᠋ᠧᠮ ᠪᠠ ᠡᠬᠢ ᠪᠠᠶᠠᠯᠢᠭ ᠢ ᠵᠤᠬᠢᠴᠠᠩᠭᠤᠢ | ᠨᠡᠷᠡᠰ ᠤᠨ ᠵᠢᠭᠰᠠᠭᠠᠯᠲᠠ ᠳᠤ ᠰᠢᠭᠤᠳ ᠨᠡᠮᠡᠵᠦ ᠣᠷᠣᠭᠤᠯᠬᠤ ᠪᠣᠯᠣᠨ᠎ᠠ᠃ 2021 ᠣᠨ ᠤ 1 ᠰᠠᠷ᠎ᠠ ᠶᠢᠨ 13 ᠤ | ᠡᠳᠦᠷ ᠨᠡᠶᠢᠲᠡᠯᠡᠭᠰᠡᠨ ︽ᠤᠯᠤᠰ ᠤᠨ ᠮᠠᠯ ᠵᠢᠭᠦᠷᠲᠡᠨ ᠤ ᠤᠳᠤᠮᠯᠠᠯ ᠤᠨ ᠡᠬᠢ ᠪᠠᠶᠠᠯᠢᠭ ᠤᠨ ᠡᠭᠦᠯᠳᠡᠷ ᠤᠨ ᠨᠡᠷᠡᠰ ᠤᠨ | ᠵᠢᠭᠰᠠᠭᠠᠯᠲᠠ︾ ᠶᠢ ᠨᠢᠭᠡᠨᠲᠡ ᠬᠦᠴᠦᠨ ᠦᠭᠡᠢ ᠪᠣᠯᠭᠠᠪᠠ᠃ |