︽ᠨᠤᠮᠤ ᠶᠢᠨ ᠬᠦᠪᠴᠢ ᠪᠠᠨ ᠲᠦᠭᠦᠷᠢᠭᠯᠡᠳᠡᠯ᠎ᠡ ᠲᠠᠳᠠᠵᠦ ᠰᠢᠨ᠎ᠡ ᠪᠠᠶᠢᠳᠠᠯ ᠢ ᠪᠠᠶᠢᠷᠢᠯᠠᠭᠤᠯᠤᠨ᠎ᠠ︾︱ᠨᠠᠮ ᠤᠨ ᠠᠴᠢ ᠶᠢ ᠮᠡᠳᠡᠷᠡᠵᠦ ᠨᠠᠮ ᠤᠨ ᠦᠭᠡ ᠶᠢ ᠰᠣᠨᠣᠰᠴᠤ ᠨᠠᠮ ᠢᠶᠠᠨ ᠳᠠᠭᠠᠬᠤ ᠤᠯᠠᠨ ᠲᠦᠮᠡᠨ ᠤ ᠬᠥᠮᠦᠵᠢᠯ ᠤᠨ ︽1257︾ ᠪᠠᠶᠢᠩᠭᠤ ᠶᠢᠨ ᠠᠵᠢᠯᠯᠠᠭ᠎ᠠ ᠶᠢᠨ ᠰᠢᠷᠢᠰ ᠮᠡᠳᠡᠭᠡᠯᠡᠯ ︵ᠬᠤᠶᠠᠷ︶
ᠨᠡᠶᠢᠲᠡᠯᠡᠭᠰᠡᠨ ᠴᠠᠭ᠄
2025/3/20
      【ᠨᠠᠶᠢᠷᠠᠭᠤᠯᠤᠭᠴᠢ ᠶᠢᠨ ᠦᠭᠡ】ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ  ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠬᠤ ᠭᠤᠣᠯ ᠰᠡᠳᠦᠪᠲᠦ ᠬᠥᠮᠦᠵᠢᠯ ᠤᠨ ᠦᠷ᠎ᠡ ᠪᠦᠲᠦᠭᠡᠯ ᠢ ᠪᠠᠬᠢᠵᠢᠭᠦᠯᠦᠨ ᠥᠷᠭᠡᠳᠬᠡᠵᠦ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠬᠢᠵᠢᠭᠦᠯᠬᠦ ᠠᠵᠢᠯ ᠤᠨ ᠭᠤᠣᠯ ᠰᠢᠵᠢᠮ ᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠤᠨ ᠴᠣᠭᠴᠠᠯᠠᠵᠤ᠂ ᠲᠠᠷᠢᠶᠠᠯᠠᠩ ᠮᠠᠯ ᠠᠵᠤ ᠠᠬᠤᠢ ᠶᠢᠨ ᠠᠵᠤ ᠠᠬᠤᠶᠢᠯᠠᠯ᠂ ᠺᠠᠳ᠋ᠷ᠂ ᠡᠵᠡᠩᠨᠡᠯᠲᠡ ᠶᠢᠨ ᠭᠤᠣᠯ ᠴᠣᠭᠴᠠ ᠪᠠ ᠮᠠᠯᠴᠢᠨ ᠲᠠᠷᠢᠶᠠᠴᠢᠨ ᠳᠥᠷᠪᠡᠨ ᠲᠥᠷᠥᠯ ᠤᠨ ᠭᠤᠣᠯ ᠴᠣᠭᠴᠠ ᠶᠢᠨ ᠲᠠᠷᠢᠶᠠᠯᠠᠩ ᠮᠠᠯ ᠠᠵᠤ ᠠᠬᠤᠢ ᠶᠢᠨ ᠴᠢᠨᠠᠷ ᠰᠠᠶᠢᠲᠠᠢ ᠬᠥᠭᠵᠢᠯᠲᠡ᠂ ᠬᠥᠳᠡᠭᠡ ᠲᠣᠰᠬᠤᠨ ᠢ ᠪᠦᠬᠦ ᠲᠠᠯ᠎ᠠ ᠪᠠᠷ ᠬᠥᠭᠵᠢᠭᠦᠯᠦᠨ ᠮᠠᠨᠳᠤᠭᠤᠯᠬᠤ ᠰᠦᠷ ᠳᠠᠯᠠᠶᠢᠴᠠᠲᠠᠢ ᠬᠦᠴᠦᠨ ᠢ ᠨᠢᠭᠲᠠᠷᠠᠭᠤᠯᠵᠤ᠂ ᠤᠮᠠᠷᠠᠲᠤ ᠬᠢᠯᠢ ᠶᠢᠨ ᠰᠣᠶᠣᠯ ᠤᠨ ᠪᠠᠶᠢᠭᠤᠯᠤᠯᠲᠠ ᠶᠢ ᠳᠡᠭᠡᠭᠰᠢᠯᠡᠭᠦᠯᠬᠦ ᠠᠵᠢᠯᠯᠠᠭ᠎ᠠ ᠶᠢ ᠰᠠᠶᠢᠲᠤᠷ ᠨᠠᠶᠢᠳᠠᠪᠤᠷᠢᠵᠢᠭᠤᠯᠬᠤ ᠶᠢᠨ ᠲᠥᠯᠥᠭᠡ᠂ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ ᠤ ᠲᠢᠩᠬᠢᠮ ᠨᠢ ᠪᠥᠬᠦ ᠣᠷᠣᠨ ᠳᠤ ᠨᠠᠮ ᠤᠨ ᠠᠴᠢ ᠶᠢ ᠮᠡᠳᠡᠷᠡᠵᠦ ᠨᠠᠮ ᠤᠨ ᠦᠭᠡ ᠶᠢ ᠰᠣᠨᠣᠰᠴᠤ ᠨᠠᠮ ᠢᠶᠠᠨ ᠳᠠᠭᠠᠬᠤ ᠣᠯᠠᠨ ᠲᠦᠮᠡᠨ ᠤ ᠬᠥᠮᠦᠵᠢᠯ ᠤᠨ ︽1257︾ ᠪᠠᠶᠢᠩᠭᠤ ᠶᠢᠨ ᠠᠵᠢᠯᠯᠠᠭ᠎ᠠ ᠶᠢ ᠥᠷᠨᠢᠭᠦᠯᠵᠦ᠂ ᠲᠠᠷᠢᠶᠠᠯᠠᠩ ᠳᠤ ᠬᠤᠯᠪᠣᠭᠳᠠᠭᠰᠠᠨ 1 ᠲᠦᠮᠡ ᠭᠠᠷᠤᠢ ᠠᠵᠤ ᠠᠬᠤᠶᠢᠯᠠᠯ ᠳᠤ ︽ᠡᠭᠦᠳᠡ ᠪᠠᠨ ᠨᠡᠭᠡᠭᠡᠵᠦ ᠢᠳᠬᠠᠯ ᠠᠪᠬᠤ︾ ᠠᠵᠢᠯᠯᠠᠭ᠎ᠠ ᠥᠷᠨᠢᠭᠦᠯᠵᠦ᠂ 2 ᠲᠦᠮᠡ ᠭᠠᠷᠤᠢ ᠲᠠᠷᠢᠶᠠᠯᠠᠩ ᠮᠠᠯ ᠠᠵᠤ ᠠᠬᠤᠢ ᠶᠢᠨ ᠺᠠᠳ᠋ᠷᠴᠤᠳ ᠲᠤ ︽ᠦᠵᠡᠯ ᠰᠠᠨᠠᠭ᠎ᠠ ᠤᠯᠤᠰ ᠲᠥᠷᠥ ᠶᠢᠨ ᠬᠢᠴᠢᠶᠡᠯ︾ ᠤᠨ ᠬᠥᠮᠦᠵᠢᠯ ᠥᠷᠨᠢᠭᠦᠯᠵᠦ᠂ 5 ᠲᠦᠮᠡ ᠭᠠᠷᠤᠢ ᠡᠵᠡᠩᠨᠡᠯᠲᠡ ᠶᠢᠨ ᠭᠤᠣᠯ ᠴᠣᠭᠴᠠ ᠳᠤ ᠲᠦᠷᠦᠭᠦᠴᠢ ᠭᠠᠯᠠᠭᠤ᠂ ᠰᠢᠨ᠎ᠡ ᠲᠠᠷᠢᠶᠠᠴᠢᠨ ᠢ ᠬᠥᠮᠥᠵᠢᠭᠦᠯᠬᠦ ᠠᠵᠢᠯᠯᠠᠭ᠎ᠠ ᠥᠷᠨᠢᠭᠦᠯᠵᠦ᠂ 700 ᠭᠠᠷᠤᠢ ᠲᠦᠮᠡᠨ ᠮᠠᠯᠴᠢᠨ ᠲᠠᠷᠢᠶᠠᠴᠢᠨ ᠳᠤ ᠨᠠᠮ ᠤᠨ ᠲᠥᠷᠥ ᠶᠢᠨ ᠪᠣᠳᠣᠯᠭ᠎ᠠ ᠶᠢᠨ ᠤᠬᠠᠭᠤᠯᠭ᠎ᠠ ᠲᠠᠶᠢᠯᠪᠤᠷᠢᠯᠠᠯᠲᠠ ᠥᠷᠨᠢᠭᠦᠯᠪᠡ᠃
W020250320528927763424.png
      3 ᠰᠠᠷ᠎ᠠ ᠶᠢᠨ 19 ᠤ ᠡᠳᠦᠷ᠂ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ ᠤ ᠲᠢᠩᠬᠢᠮ ᠨᠠᠮ ᠤᠨ ᠠᠴᠢ ᠶᠢ ᠮᠡᠳᠡᠷᠡᠬᠦ᠂ ᠨᠠᠮ ᠤᠨ ᠦᠭᠡ ᠶᠢ ᠰᠣᠨᠣᠰᠬᠤ᠂ ᠨᠠᠮ ᠢᠶᠠᠨ ᠳᠠᠭᠠᠬᠤ ᠣᠯᠠᠨ ᠲᠦᠮᠡᠨ ᠤ ᠰᠤᠷᠭᠠᠨ ᠬᠥᠮᠦᠵᠢᠯ ᠤᠨ ︽1257︾ ᠪᠠᠶᠢᠩᠭᠤ ᠶᠢᠨ ᠠᠵᠢᠯᠯᠠᠭ᠎ᠠ ᠶᠢ ᠠᠬᠢᠭᠤᠯᠬᠤ ᠬᠤᠷᠠᠯ ᠬᠤᠷᠠᠯᠳᠤᠭᠤᠯᠵᠤ᠂ ᠲᠢᠩᠬᠢᠮ ᠤᠨ ᠪᠠᠶᠢᠭᠤᠯᠭ᠎ᠠ ᠶᠢᠨ ᠡᠯ᠎ᠡ ᠭᠠᠵᠠᠷ ᠲᠠᠰᠤᠭ ᠲᠣᠪᠴᠢᠶ᠎ᠠ᠂ ᠲᠢᠩᠬᠢᠮ ᠤᠨ ᠬᠠᠷᠢᠶ᠎ᠠ ᠡᠯ᠎ᠡ ᠨᠢᠭᠡᠴᠡ ᠶᠢᠨ ᠬᠠᠷᠢᠭᠤᠴᠠᠯᠭᠠᠲᠠᠨ ᠬᠤᠷᠠᠯ ᠳᠤ ᠣᠷᠣᠯᠴᠠᠵᠤ᠂ ᠲᠢᠩᠬᠢᠮ ᠤᠨ ᠳᠡᠳ᠋ ᠳᠠᠷᠤᠭ᠎ᠠ ᠵᠣᠣ ᠶᠦᠩ ᠰᠢᠶᠠᠩ ᠬᠤᠷᠠᠯ ᠳᠤ ᠣᠷᠣᠯᠴᠠᠭᠰᠠᠨ ᠪᠥᠭᠡᠳ ᠠᠵᠢᠯ ᠤᠨ ᠪᠠᠶᠢᠷᠢᠯᠠᠭᠤᠯᠤᠯᠲᠠ ᠬᠢᠪᠡ᠃
W020250320528927894515.jpg
      ᠬᠤᠷᠠᠯ ᠠᠴᠠ᠂ ᠲᠢᠩᠬᠢᠮ ᠤᠨ ᠨᠠᠮ ᠤᠨ ᠤᠳᠤᠷᠢᠳᠬᠤ ᠳᠤᠭᠤᠶᠢᠯᠠᠩ ︽1257︾ ᠠᠵᠢᠯᠯᠠᠭ᠎ᠠ ᠶᠢ ᠡᠳᠦᠷ ᠳᠤᠳᠤᠮ ᠤᠨ ᠴᠢᠬᠤᠯᠠ ᠵᠥᠪᠯᠡᠬᠦ ᠵᠦᠢᠯ ᠳᠡᠭᠡᠨ ᠣᠷᠣᠭᠤᠯᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤᠳᠬᠠᠬᠤ ᠠᠵᠢᠯ ᠤᠨ ᠭᠤᠣᠯ ᠰᠢᠵᠢᠮ ᠢ ᠲᠤᠭᠤᠰᠢᠯᠠᠭᠤᠯᠬᠤ ᠪᠠ ᠤᠮᠠᠷᠠᠲᠤ ᠶᠢᠨ ᠰᠣᠶᠣᠯ ᠤᠨ ᠪᠠᠶᠢᠭᠤᠯᠤᠯᠲᠠ ᠶᠢ ᠳᠡᠭᠡᠭᠰᠢᠯᠡᠭᠦᠯᠬᠦ ᠠᠵᠢᠯᠯᠠᠭ᠎ᠠ ᠶᠢᠨ ᠭᠤᠣᠯᠳᠠᠯᠭ᠎ᠠ ᠲᠠᠢ ᠡᠭᠦᠷᠭᠡ ᠪᠣᠯᠭᠠᠵᠤ᠂ ᠡᠯ᠎ᠡ ᠭᠠᠵᠠᠷ ᠲᠠᠰᠤᠭ᠂ ᠨᠢᠭᠡᠴᠡ ᠶᠢᠨ ᠬᠢᠨ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠦᠨᠡᠨᠬᠦ ᠴᠢᠩᠭᠠᠳᠬᠠᠵᠤ᠂ ᠪᠣᠳᠠᠲᠤ ᠦᠷ᠎ᠡ ᠪᠦᠲᠦᠮᠵᠢ ᠣᠯᠬᠤ ᠪᠠᠷ ᠴᠢᠷᠮᠠᠶᠢᠬᠤ ᠬᠡᠷᠡᠭᠲᠡᠢ᠃ ᠣᠯᠠᠨ ᠲᠦᠮᠡᠨ ᠤ ᠪᠠᠶᠢᠩᠭᠤ ᠶᠢᠨ ᠬᠥᠮᠦᠵᠢᠯ ᠢ ᠨᠠᠮ ᠤᠨ ᠪᠠᠶᠢᠭᠤᠯᠤᠯᠲᠠ ᠶᠢᠨ ᠠᠵᠢᠯ ᠢ ᠴᠢᠩᠭᠠᠳᠬᠠᠬᠤ ᠤᠯᠤᠰ ᠲᠥᠷᠥ ᠶᠢᠨ ᠡᠭᠦᠷᠭᠡ ᠪᠣᠯᠭᠠᠵᠤ᠂ ᠠᠵᠢᠯ ᠤᠨ ᠶᠡᠷᠦᠩᠬᠡᠢ ᠪᠠᠶᠢᠷᠢᠰᠢᠭᠤᠯᠤᠯᠲᠠ ᠳᠤ ᠣᠷᠣᠭᠤᠯᠤᠨ᠂ ᠠᠵᠢᠯ ᠤᠨ ᠪᠣᠳᠠᠲᠠᠢ ᠳᠤ ᠨᠡᠶᠢᠴᠡᠬᠦ᠂ ᠲᠠᠷᠢᠶᠠᠯᠠᠩ ᠮᠠᠯ ᠠᠵᠤ ᠠᠬᠤᠢ ᠶᠢᠨ ᠣᠨᠴᠠᠯᠢᠭ ᠢ ᠢᠯᠡᠷᠡᠭᠦᠯᠬᠦ ᠠᠵᠢᠯ ᠤᠨ ᠠᠷᠭ᠎ᠠ ᠬᠡᠮᠵᠢᠶ᠎ᠡ ᠶᠢ ᠰᠢᠰᠲ᠋ᠧᠮ ᠲᠠᠢ ᠰᠤᠳᠤᠯᠵᠤ᠂ ︽ᠲᠠᠷᠢᠶᠠᠯᠠᠩ ᠳᠤ ᠬᠤᠯᠪᠣᠭᠳᠠᠬᠤ ᠲᠥᠷᠥ ᠶᠢᠨ ᠪᠣᠳᠣᠯᠭ᠎ᠠ ᠶᠢᠨ ᠡᠮᠬᠢᠳᠬᠡᠯ︾ ︽ᠲᠠᠷᠢᠶᠠᠯᠠᠩ ᠮᠠᠯ ᠠᠵᠤ ᠠᠬᠤᠢ ᠶᠢᠨ ᠺᠠᠳ᠋ᠷᠴᠤᠳ ᠤᠨ ᠬᠠᠷᠮᠠᠨ ᠪᠢᠴᠢᠭ︾᠂ ᠮᠠᠯᠴᠢᠨ ᠲᠠᠷᠢᠶᠠᠴᠢᠳ ᠲᠤ ᠠᠰᠢᠭ ᠬᠦᠷᠲᠡᠭᠡᠬᠦ ᠲᠥᠷᠥ ᠶᠢᠨ ᠪᠣᠳᠣᠯᠭ᠎ᠠ᠂ ᠠᠵᠢᠯ ᠲᠥᠷᠥᠯ ᠤᠨ ᠲᠥᠷᠥ ᠶᠢᠨ ᠪᠣᠳᠣᠯᠭ᠎ᠠ ᠬᠠᠤᠯᠢ ᠲᠣᠭᠲᠠᠭᠠᠯ ᠵᠡᠷᠭᠡ ᠶᠢ ᠢᠯᠡ ᠴᠠᠭᠠᠰᠤ᠂ ᠮᠡᠳᠡᠭᠳᠡᠬᠦ ᠪᠢᠴᠢᠭ᠂ ︽ᠨᠢᠭᠡ ᠬᠤᠪᠢ ᠵᠠᠬᠢᠳᠠᠯ︾᠂ ᠵᠢᠷᠤᠭ ᠥᠰᠥᠭ ᠪᠢᠴᠢᠭ ᠤᠨ ᠮᠡᠳᠡᠭᠡ ᠵᠠᠩᠭᠢ᠂ ᠣᠬᠤᠷ ᠬᠠᠷᠠᠭᠠᠨ ᠳᠠᠪᠲᠠᠮᠵᠢ ᠵᠡᠷᠭᠡ ᠠᠷᠭ᠎ᠠ ᠮᠠᠶ᠋ᠢᠭ ᠢᠶᠠᠷ ᠦᠨᠳᠦᠰᠦᠨ ᠱᠠᠲᠤᠨ ᠳᠤ ᠳᠠᠷᠤᠶᠢᠬᠠᠨ ᠤᠬᠠᠭᠤᠯᠵᠤ ᠪᠣᠳᠠᠲᠠᠶᠢᠵᠢᠭᠤᠯᠬᠤ ᠬᠡᠷᠡᠭᠲᠡᠢ ᠭᠡᠵᠦ ᠵᠢᠭᠠᠵᠤ ᠭᠠᠷᠭᠠᠪᠠ᠃      ᠬᠤᠷᠠᠯ ᠠᠴᠠ᠂ ᠤᠯᠠᠨ ᠲᠦᠮᠡᠨ ᠤ ᠪᠠᠶᠢᠩᠭᠤ ᠶᠢᠨ ᠬᠥᠮᠦᠵᠢᠯ ᠢ ᠤᠯᠠᠨ ᠲᠦᠮᠡᠨ ᠳᠤ ᠦᠢᠯᠡᠴᠢᠯᠡᠭᠦᠯᠬᠦ᠂ ᠬᠥᠳᠡᠭᠡ ᠲᠣᠰᠬᠤᠨ ᠤ ᠵᠠᠰᠠᠯᠲᠠ ᠶᠢ ᠴᠢᠩᠭᠠᠳᠬᠠᠬᠤ ᠲᠠᠢ ᠨᠢᠭᠲᠠ ᠤᠶᠠᠯᠳᠤᠭᠤᠯᠵᠤ᠂ ᠬᠡᠯᠪᠡᠷᠢᠴᠢ ᠦᠵᠡᠯ᠂ ᠨᠣᠶᠠᠨᠴᠢ ᠰᠤᠷᠲᠠᠯ ᠢ ᠴᠡᠭᠴᠡᠯᠡᠨ ᠵᠠᠰᠠᠬᠤ ᠲᠠᠢ ᠨᠢᠭᠲᠠ ᠤᠶᠠᠯᠳᠤᠭᠤᠯᠵᠤ᠂ ᠲᠥᠪ ᠤᠨ ᠨᠠᠢᠮᠠᠨ ᠲᠣᠭᠲᠠᠭᠠᠯ ᠤᠨ ᠵᠣᠷᠢᠭ ᠰᠠᠨᠠᠭ᠎ᠠ ᠶᠢ ᠭᠦᠨᠵᠡᠭᠡᠢ ᠲᠤᠭᠤᠰᠢᠯᠠᠭᠤᠯᠬᠤ ᠰᠤᠷᠤᠯᠴᠠᠯᠭ᠎ᠠ ᠬᠥᠮᠦᠵᠢᠯ ᠢ ᠥᠷᠨᠢᠭᠦᠯᠬᠦ ᠲᠠᠢ ᠨᠢᠭᠲᠠ ᠤᠶᠠᠯᠳᠤᠭᠤᠯᠵᠤ᠂ ᠱᠠᠲᠤ ᠱᠠᠲᠤ ᠪᠠᠷ ᠲᠤᠭ᠎ᠠ ᠨᠡᠮᠡᠬᠦ ᠶᠢ ᠡᠷᠡᠰ ᠬᠡᠷᠡᠭᠵᠢᠭᠦᠯᠵᠦ᠂ ᠦᠨᠳᠦᠰᠦᠨ ᠱᠠᠲᠤᠨ ᠳᠤ ᠴᠢᠳᠠᠪᠤᠷᠢ ᠣᠯᠭᠤᠵᠤ ᠳᠠᠷᠤᠭᠠᠰᠤ ᠶᠢ ᠬᠥᠩᠭᠡᠷᠡᠭᠦᠯᠬᠦ ᠶᠢ ᠤᠷᠳᠤ ᠬᠤᠭᠤᠴᠠᠭ᠎ᠠ ᠪᠠᠷ ᠪᠠᠷᠢᠮᠲᠠᠯᠠᠬᠤ ᠬᠡᠷᠡᠭᠲᠡᠢ᠃ ︽ᠵᠢᠵᠢᠭ ᠬᠡᠷᠴᠢᠮ︾ ᠤᠨ ᠠᠷᠭ᠎ᠠ ᠪᠠᠷ ᠤᠯᠠᠨ ᠲᠦᠮᠡᠨ ᠢ ᠬᠠᠪᠰᠤᠷᠤᠨ ᠪᠣᠳᠠᠲᠠᠢ ᠠᠰᠠᠭᠤᠳᠠᠯ ᠢ ᠨᠢ ᠰᠢᠢᠳᠪᠦᠷᠢᠯᠡᠵᠦ᠂ ᠬᠥᠳᠡᠭᠡ ᠠᠵᠤ ᠠᠬᠤᠢ ᠳᠤ ᠬᠤᠯᠪᠣᠭᠳᠠᠬᠤ ᠠᠵᠤ ᠠᠬᠤᠶᠢᠯᠠᠯ᠂ ᠡᠵᠡᠩᠨᠡᠯᠲᠡ ᠶᠢᠨ ᠭᠤᠣᠯ ᠴᠣᠭᠴᠠ᠂ ᠮᠠᠯᠴᠢᠨ ᠲᠠᠷᠢᠶᠠᠴᠢᠨ ᠤᠯᠠᠨ ᠲᠦᠮᠡᠨ ᠶᠠᠭᠤ ᠶᠢ ᠬᠠᠯᠠᠮᠵᠢᠯᠠᠵᠤ᠂ ᠶᠠᠭᠤ ᠬᠡᠷᠡᠭᠴᠡᠭᠡ ᠲᠠᠢ ᠪᠣᠯ ᠶᠠᠭᠤ ᠶᠢ ᠤᠬᠠᠭᠤᠯᠵᠤ᠂ ᠶᠠᠭᠤ ᠶᠢ ᠬᠠᠩᠭᠠᠵᠤ᠂ ᠶᠠᠭᠤ ᠶᠢ ᠰᠢᠢᠳᠪᠦᠷᠢᠯᠡᠬᠦ ᠬᠡᠷᠡᠭᠲᠡᠢ᠃ ᠡᠯ᠎ᠡ ᠱᠠᠲᠤᠨ ᠤ ᠲᠠᠷᠢᠶᠠᠯᠠᠩ ᠮᠠᠯ ᠠᠵᠤ ᠠᠬᠤᠢ ᠶᠢᠨ ᠰᠠᠯᠠᠭ᠎ᠠ ᠮᠥᠴᠢᠷ ᠢ ᠢᠳᠡᠪᠬᠢᠲᠡᠢ ᠪᠠᠷ ᠬᠥᠲᠥᠯᠥᠨ ᠵᠢᠯᠤᠭᠤᠳᠴᠤ ᠪᠠᠶᠢᠩᠭᠤ ᠶᠢᠨ ᠴᠢᠨᠠᠷᠲᠠᠢ ᠣᠯᠠᠨ ᠲᠦᠮᠡᠨ ᠤ ᠰᠤᠷᠭᠠᠨ ᠬᠥᠮᠦᠵᠢᠯ ᠤᠨ ᠲᠠᠯ᠎ᠠ  ᠪᠠᠷ ᠬᠠᠶᠢᠨ ᠰᠦᠪᠡᠭᠴᠢᠯᠡᠵᠦ ᠰᠢᠨ᠎ᠡ ᠶᠢ ᠡᠭᠦᠳᠴᠦ᠂ ᠴᠡᠴᠡᠭ ᠪᠦᠬᠦᠨ ᠢ ᠵᠡᠷᠭᠡᠪᠡᠷ ᠳᠡᠯᠭᠡᠷᠡᠭᠦᠯᠵᠦ᠂ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ ᠲᠢᠩᠬᠢᠮ ᠤᠨ ᠰᠢᠰᠲ᠋ᠧᠮ ᠤᠨ ︽1257︾ ᠠᠵᠢᠯᠯᠠᠭ᠎ᠠ ᠪᠠᠷ ᠯᠠᠪᠯᠠᠯᠲᠠ ᠪᠣᠯᠭᠠᠨ ᠬᠤᠯᠪᠣᠭᠳᠠᠯ ᠪᠦᠬᠦᠢ ᠠᠵᠢᠯ ᠢ ᠥᠷᠨᠢᠭᠦᠯᠵᠦ᠂ ᠮᠠᠯ ᠠᠵᠤ ᠠᠬᠤᠢ ᠲᠠᠷᠢᠶᠠᠯᠠᠩ ᠤᠨ ᠰᠢᠰᠲ᠋ᠧᠮ ᠢ ᠨᠢᠭᠲᠠᠷᠠᠭᠤᠯᠵᠤ ᠬᠦᠴᠦ ᠪᠠᠨ ᠬᠠᠮᠲᠤᠳᠬᠠᠨ 4 ᠲᠠᠯ᠎ᠠ ᠶᠢᠨ 91 ᠵᠦᠢᠯ ᠤᠨ ᠠᠷᠭ᠎ᠠ ᠬᠡᠮᠵᠢᠶ᠎ᠡ ᠶᠢ ᠰᠠᠶᠢᠲᠤᠷ ᠪᠡᠶᠡᠯᠡᠭᠦᠯᠬᠦ ᠶᠢ ᠠᠬᠢᠭᠤᠯᠵᠤ᠂ ᠤᠯᠠᠨ ᠲᠦᠮᠡᠨ ᠢ ᠵᠣᠬᠢᠶᠠᠨ ᠪᠠᠶᠢᠭᠤᠯᠬᠤ᠂ ᠤᠯᠠᠨ ᠲᠦᠮᠡᠨ ᠳᠤ ᠤᠬᠠᠭᠤᠯᠬᠤ᠂ ᠤᠯᠠᠨ ᠲᠦᠮᠡᠨ ᠢ ᠨᠢᠭᠲᠠᠷᠠᠭᠤᠯᠬᠤ᠂ ᠤᠯᠠᠨ ᠲᠦᠮᠡᠨ ᠳᠤ ᠦᠢᠯᠡᠴᠢᠯᠡᠬᠦ ᠶᠠᠪᠤᠴᠠ ᠳᠤ᠂ ᠤᠯᠠᠨ ᠲᠦᠮᠡᠨ ᠳᠤ ᠨᠠᠮ ᠤᠨ ᠠᠴᠢ ᠲᠤᠰᠠ ᠶᠢ ᠦᠨᠡᠨᠬᠦ ᠮᠡᠳᠡᠷᠡᠭᠦᠯᠵᠦ᠂ ᠰᠢᠨ᠎ᠡ ᠠᠶᠠᠨ ᠵᠠᠮ ᠢᠶᠠᠨ ᠬᠠᠮᠲᠤᠪᠠᠷ ᠤᠷᠤᠭᠰᠢᠯᠠᠭᠤᠯᠬᠤ ᠬᠡᠷᠡᠭᠲᠡᠢ ᠭᠡᠵᠦ ᠴᠢᠬᠤᠯᠠᠴᠢᠯᠠᠪᠠ᠃
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号