ᠰᠠᠨᠠᠭᠠᠴᠢᠯᠠᠭ᠎ᠠ ᠶᠢᠨ ᠪᠢᠴᠢᠭ
ᠨᠡᠶᠢᠲᠡᠯᠡᠭᠰᠡᠨ ᠴᠠᠭ᠄
2025/3/21
      ᠮᠠᠨ ᠤ ᠣᠷᠣᠨ ᠤ ᠦᠷ᠎ᠡ ᠶᠢᠨ ᠵᠠᠬ᠎ᠠ ᠳᠡᠯᠭᠡᠭᠦᠷ ᠤᠨ ᠡᠮᠬᠢ ᠳᠢᠭᠯᠢᠮ ᠢ ᠤᠯᠠᠮ ᠨᠢᠭᠡ ᠠᠯᠬᠤᠮ ᠵᠢᠷᠤᠮᠵᠢᠭᠤᠯᠵᠤ᠂ ᠠᠵᠢᠯ ᠲᠥᠷᠥᠯ ᠤᠨ ᠥᠪᠡᠷ ᠢ ᠪᠠᠨ ᠱᠠᠭᠠᠷᠳᠠᠬᠤ ᠶᠢ ᠴᠢᠩᠭᠠᠳᠬᠠᠨ᠂ ᠦᠨᠡᠨᠴᠢ ᠢᠲᠡᠭᠡᠮᠵᠢᠲᠡᠢ ᠪᠠᠷ ᠦᠷ᠎ᠡ ᠬᠠᠩᠭᠠᠬᠤ ᠶᠢ ᠠᠬᠢᠭᠤᠯᠵᠤ᠂ ᠦᠷ᠎ᠡ ᠶᠢᠨ ᠶᠠᠰᠤ ᠴᠢᠨᠠᠷ ᠤᠨ ᠠᠮᠤᠷ ᠲᠦᠪᠰᠢᠨ᠂ ᠡᠭᠦᠯᠳᠡᠷ ᠢ ᠳᠠᠷᠢᠬᠤ ᠠᠮᠤᠷ ᠲᠦᠪᠰᠢᠨ ᠢ ᠦᠨᠡᠨᠬᠦ ᠪᠠᠲᠤᠯᠠᠵᠤ᠂ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ ᠤ ᠲᠢᠩᠬᠢᠮ ᠤᠨ ᠨᠠᠮ ᠤᠨ ᠠᠴᠢ ᠳᠤ ᠲᠠᠯᠠᠷᠬᠠᠨ ᠨᠠᠮ ᠤᠨ ᠦᠭᠡ ᠶᠢ ᠰᠣᠨᠣᠰᠴᠤ ᠨᠠᠮ ᠢ ᠳᠠᠭᠠᠬᠤ ᠣᠯᠠᠨ ᠲᠦᠮᠡᠨ ᠤ ᠰᠤᠷᠭᠠᠨ ᠬᠥᠮᠦᠵᠢᠯ ᠤᠨ ︽1257︾ ᠶᠢ ᠦᠨᠡᠨᠬᠦ ᠨᠠᠶᠢᠳᠠᠪᠤᠷᠢᠵᠢᠭᠤᠯᠬᠤ ᠶᠢᠨ ᠲᠤᠰᠠᠳᠠ᠂ ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ  ᠤᠨ ᠲᠠᠰᠢᠷᠠᠮ ᠳᠤ᠂ ᠪᠥᠬᠦ ᠣᠷᠣᠨ ᠤ ᠦᠷ᠎ᠡ ᠶᠢᠨ ᠠᠵᠤ ᠠᠬᠤᠶᠢᠯᠠᠯ ᠵᠢᠴᠢ ᠥᠷᠭᠡᠨ ᠣᠯᠠᠨ ᠮᠠᠯᠴᠢᠨ ᠲᠠᠷᠢᠶᠠᠴᠢᠨ ᠳᠤ ᠳᠣᠣᠷᠠᠬᠢ ᠮᠡᠲᠦ ᠰᠠᠨᠠᠭᠠᠴᠢᠯᠠᠭ᠎ᠠ ᠶᠢ ᠭᠠᠷᠭᠠᠪᠠ᠄      ᠨᠢᠭᠡ᠂ ᠬᠠᠤᠯᠢ ᠶᠣᠰᠣᠭᠠᠷ ᠡᠵᠡᠩᠨᠡᠬᠦ ᠬᠡᠷᠡᠭᠲᠡᠢ      1.︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠦᠷ᠎ᠡ ᠶᠢᠨ ᠬᠠᠤᠯᠢ︾᠂ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠤᠷᠭᠤᠮᠠᠯ ᠤᠨ ᠰᠢᠨ᠎ᠡ ᠲᠥᠷᠥᠯ ᠵᠦᠢᠯ ᠢ ᠬᠠᠮᠠᠭᠠᠯᠠᠬᠤ ᠳᠦᠷᠢᠮ︾᠂ ︽ᠥᠪᠥᠷ ᠮᠣᠩᠭᠤᠯ  ᠤᠨ ᠥᠪᠡᠷᠲᠡᠭᠡᠨ ᠵᠠᠰᠠᠬᠤ ᠣᠷᠣᠨ ᠤ ᠲᠠᠷᠢᠮᠠᠯ ᠤᠨ ᠦᠷ᠎ᠡ ᠶᠢᠨ ᠳᠦᠷᠢᠮ︾᠂ ︽ᠲᠠᠷᠢᠮᠠᠯ ᠤᠨ ᠦᠷ᠎ᠡ ᠶᠢᠨ ᠱᠣᠰᠢᠭ᠎ᠠ ᠲᠡᠮᠳᠡᠭ ᠪᠣᠯᠣᠨ ᠬᠡᠷᠡᠭᠯᠡᠬᠦ ᠲᠣᠳᠣᠷᠬᠠᠶᠢᠯᠠᠯᠲᠠ ᠶᠢᠨ ᠬᠠᠮᠢᠶᠠᠷᠤᠯᠲᠠ ᠶᠢᠨ ᠠᠷᠭ᠎ᠠ︾ ᠵᠡᠷᠭᠡ ᠬᠠᠤᠯᠢ ᠴᠠᠭᠠᠵᠠ ᠬᠠᠤᠯᠢ ᠲᠣᠭᠲᠠᠭᠠᠯ ᠢ ᠬᠢᠨᠠᠮᠠᠭᠠᠢ ᠰᠤᠷᠤᠯᠴᠠᠨ ᠤᠬᠠᠭᠤᠯᠵᠤ ᠲᠤᠭᠤᠰᠢᠯᠠᠭᠤᠯᠤᠨ ᠬᠡᠷᠡᠭᠵᠢᠭᠦᠯᠵᠦ᠂ ᠦᠷ᠎ᠡ ᠦᠢᠯᠡᠳᠪᠦᠷᠢᠯᠡᠵᠦ ᠡᠵᠡᠩᠨᠡᠬᠦ ᠥᠢᠯᠡ ᠠᠵᠢᠯᠯᠠᠭ᠎ᠠ ᠶᠢ ᠴᠢᠩᠭ᠎ᠠ ᠵᠢᠷᠤᠮᠵᠢᠭᠤᠯᠬᠤ ᠬᠡᠷᠡᠭᠲᠡᠢ᠃      2.ᠬᠤᠯᠪᠣᠭᠳᠠᠯ ᠪᠦᠬᠦᠢ ᠲᠣᠭᠲᠠᠭᠠᠯ ᠢ ᠴᠢᠩᠭ᠎ᠠ ᠵᠢᠷᠤᠮᠯᠠᠨ ᠪᠣᠷᠣᠯᠠᠭᠤᠯᠤᠨ ᠬᠤᠳᠠᠯᠳᠤᠬᠤ ᠳᠡᠯᠭᠡᠭᠦᠷ ᠲᠤ ᠨᠠᠶᠢᠳᠠᠵᠤ᠂ ᠵᠢᠷᠤᠮᠵᠢᠭᠰᠠᠨ ᠪᠣᠷᠣᠯᠠᠭᠤᠯᠤᠨ ᠬᠤᠳᠠᠯᠳᠤᠬᠤ ᠲᠣᠣᠷ ᠰᠦᠯᠵᠢᠶ᠎ᠡ ᠶᠢ ᠪᠠᠶᠢᠭᠤᠯᠬᠤ ᠬᠡᠷᠡᠭᠲᠡᠢ᠃      3.ᠬᠢᠨᠠᠨ ᠲᠣᠭᠲᠠᠭᠠᠯᠭᠠᠵᠤ ᠳᠠᠩᠰᠠᠯᠠᠭᠤᠯᠤᠭᠰᠠᠨ ᠦᠭᠡᠢ ᠲᠠᠷᠢᠮᠠᠯ ᠤᠨ ᠦᠷ᠎ᠡ ᠶᠢ ᠡᠵᠡᠩᠨᠡᠬᠦ  ᠦᠭᠡᠢ᠃      4.ᠬᠤᠳᠠᠯ ᠬᠠᠭᠤᠷᠮᠠᠭ ᠤᠬᠠᠭᠤᠯᠭ᠎ᠠ ᠬᠢᠬᠦ ᠦᠭᠡᠢ᠂ ᠬᠤᠳᠠᠯ ᠬᠠᠭᠤᠷᠮᠠᠭ ᠮᠡᠳᠡᠭᠡ ᠵᠠᠩᠭᠢ ᠶᠢ ᠲᠠᠷᠬᠠᠭᠠᠬᠤ ᠦᠭᠡᠢ᠃      ᠬᠤᠶᠠᠷ᠂ ᠶᠠᠰᠤ ᠴᠢᠨᠠᠷ ᠢ ᠪᠠᠲᠤᠯᠠᠬᠤ ᠬᠡᠷᠡᠭᠲᠡᠢ      1.ᠦᠷ᠎ᠡ ᠬᠠᠩᠭᠠᠬᠤ ᠪᠠᠷᠢᠮᠵᠢᠶ᠎ᠠ ᠪᠠ ᠶᠠᠰᠤ ᠴᠢᠨᠠᠷ ᠢ ᠪᠠᠲᠤᠯᠠᠵᠤ᠂ ᠬᠤᠳᠠᠯ ᠬᠠᠭᠤᠷᠮᠠᠭ ᠮᠠᠭᠤ ᠦᠷ᠎ᠡ ᠪᠣᠷᠣᠯᠠᠭᠤᠯᠬᠤ ᠶᠢ ᠡᠷᠡᠰ ᠬᠤᠷᠢᠭᠯᠠᠨ᠎ᠠ᠃      2.ᠦᠷ᠎ᠡ ᠦᠢᠯᠡᠳᠪᠦᠷᠢᠯᠡᠵᠦ ᠡᠵᠡᠩᠨᠡᠬᠦ ᠲᠠᠩᠰᠠ ᠡᠪᠬᠡᠮᠡᠯ ᠢ ᠲᠡᠭᠦᠯᠳᠡᠷᠵᠢᠭᠦᠯᠦᠨ᠂ ᠦᠷ᠎ᠡ ᠣᠷᠣᠭᠤᠯᠵᠤ ᠢᠷᠡᠬᠦ ᠵᠠᠮ ᠰᠤᠭᠤᠭ ᠨᠢ ᠲᠣᠳᠣᠷᠬᠠᠢ᠂ ᠶᠠᠰᠤ ᠴᠢᠨᠠᠷ ᠤᠨ ᠲᠤᠭ᠎ᠠ ᠪᠠᠷᠢᠮᠲᠠ ᠨᠢ ᠨᠠᠶᠢᠳᠠᠪᠤᠷᠢᠲᠠᠢ᠂ ᠦᠷ᠎ᠡ ᠪᠣᠷᠣᠯᠠᠭᠤᠯᠬᠤ ᠳᠤ ᠪᠠᠷᠢᠮᠲᠠ ᠲᠠᠢ᠂ ᠶᠠᠰᠤ ᠴᠢᠨᠠᠷ ᠤᠨ ᠠᠰᠠᠭᠤᠳᠠᠯ ᠢ ᠨᠡᠬᠡᠮᠵᠢᠯᠡᠵᠦ ᠪᠣᠯᠬᠤ ᠪᠥᠭᠡᠳ ᠬᠠᠭᠤᠷᠮᠠᠭ ᠮᠠᠭᠤ ᠦᠷ᠎ᠡ ᠳᠤ ᠳᠠᠯᠳᠠᠯᠠᠬᠤ ᠭᠠᠵᠠᠷ ᠣᠯᠭᠤᠬᠤ ᠦᠭᠡᠢ ᠪᠠᠶᠢᠬᠤ ᠶᠢ ᠪᠡᠶᠡᠯᠡᠭᠦᠯᠬᠦ ᠬᠡᠷᠡᠭᠲᠡᠢ᠃      3.ᠬᠠᠤᠯᠢ ᠬᠡᠷᠡᠭᠵᠢᠭᠦᠯᠬᠦ ᠠᠵᠢᠯᠲᠠᠨ ᠲᠠᠢ ᠢᠳᠡᠪᠬᠢᠲᠡᠢ ᠪᠠᠷ ᠬᠠᠮᠵᠢᠯᠴᠠᠨ ᠦᠷ᠎ᠡ ᠶᠢᠨ ᠵᠠᠬ᠎ᠠ ᠳᠡᠯᠭᠡᠭᠦᠷ ᠤᠨ ᠪᠠᠶᠢᠴᠠᠭᠠᠯᠲᠠ ᠶᠢ ᠥᠷᠨᠢᠭᠦᠯᠵᠦ᠂ ᠬᠤᠯᠪᠣᠭᠳᠠᠯ ᠪᠦᠬᠦᠢ ᠮᠠᠲ᠋ᠧᠷᠢᠶᠠᠯ ᠢ ᠰᠠᠨᠠᠭᠠᠴᠢᠯᠠᠭ᠎ᠠ ᠠᠴᠠ ᠪᠠᠨ ᠭᠠᠷᠭᠠᠨ ᠦᠵᠡᠭᠦᠯᠵᠦ᠂ ᠪᠠᠶᠢᠴᠠᠭᠠᠬᠤ᠂ ᠢᠯᠡᠴᠢᠯᠡᠬᠦ ᠶᠢ ᠲᠡᠪᠴᠢᠬᠦ ᠦᠭᠡᠢ ᠪᠠᠶᠢᠬᠤ ᠶᠢ ᠪᠡᠶᠡᠯᠡᠭᠦᠯᠦᠨ᠎ᠡ︔ ᠬᠠᠭᠤᠷᠮᠠᠭ ᠮᠠᠭᠤ ᠦᠷ᠎ᠡ ᠶᠢ ᠣᠯᠵᠤ ᠮᠡᠳᠡᠪᠡᠯ ᠴᠠᠭ ᠲᠤᠬᠠᠢ ᠳᠤᠨᠢ ᠬᠤᠯᠪᠣᠭᠳᠠᠯ ᠪᠦᠬᠦᠢ ᠰᠠᠯᠠᠭ᠎ᠠ ᠮᠥᠴᠢᠷ ᠲᠤ ᠢᠯᠡᠴᠢᠯᠡᠨ ᠮᠡᠳᠡᠭᠦᠯᠵᠦ᠂ ᠳᠤᠷ᠎ᠠ ᠪᠠᠷ ᠨᠢ ᠲᠠᠯᠪᠢᠬᠤ ᠦᠭᠡᠢ᠂ ᠥᠮᠥᠭᠯᠡᠬᠦ ᠦᠭᠡᠢ ᠪᠠᠶᠢᠬᠤ ᠬᠡᠷᠡᠭᠲᠡᠢ᠃      ᠭᠤᠷᠪᠠ᠂ ᠴᠢᠨᠠᠷ ᠰᠠᠶᠢᠲᠠᠢ ᠦᠢᠯᠡᠴᠢᠯᠡᠭᠡ ᠬᠠᠩᠭᠠᠬᠤ ᠬᠡᠷᠡᠭᠳᠡᠢ      1.︽ᠲᠠᠷᠢᠶᠠᠯᠠᠩ ᠮᠠᠯ ᠠᠵᠤ ᠠᠬᠤᠢ ᠳᠤ ᠦᠢᠯᠡᠴᠢᠯᠡᠬᠦ᠂ ᠮᠠᠯᠴᠢᠨ ᠲᠠᠷᠢᠶᠠᠴᠢᠨ ᠳᠤ ᠦᠢᠯᠡᠴᠢᠯᠡᠬᠦ︾ ᠡᠵᠡᠩᠨᠡᠯᠲᠡ ᠶᠢᠨ ᠣᠨᠣᠯᠵᠢᠬᠤᠨ ᠢ ᠪᠠᠷᠢᠮᠲᠠᠯᠠᠵᠤ᠂ ᠠᠵᠢᠯ ᠲᠥᠷᠥᠯ ᠤᠨ ᠶᠣᠰᠣ ᠮᠣᠷᠠᠯ ᠢ ᠬᠢᠴᠢᠶᠡᠩᠭᠦᠶᠢᠯᠡᠨ ᠰᠠᠬᠢᠵᠤ᠂ ᠦᠢᠯᠡᠴᠢᠯᠡᠭᠡᠨ ᠤ ᠦᠶᠯᠡ ᠠᠵᠢᠯᠯᠠᠭ᠎ᠠ ᠶᠢ ᠵᠢᠷᠤᠮᠵᠢᠭᠤᠯᠤᠨ᠂ ᠦᠢᠯᠡᠴᠢᠯᠡᠭᠡᠨ ᠤ ᠠᠮᠠᠯᠠᠯᠲᠠ ᠶᠢ ᠵᠢᠷᠤᠮᠯᠠᠵᠤ᠂ ᠬᠤᠳᠠᠯᠳᠤᠭᠰᠠᠨ ᠤ ᠳᠠᠷᠠᠭᠠᠬᠢ ᠦᠢᠯᠡᠴᠢᠯᠡᠭᠡ ᠶᠢ ᠰᠠᠶᠢᠲᠤᠷ ᠬᠢᠵᠦ᠂ ᠨᠡᠶᠢᠭᠡᠮ ᠤᠨ ᠡᠯ᠎ᠡ ᠡᠲᠡᠭᠡᠳ ᠤᠨ ᠬᠢᠨ ᠤ ᠬᠢᠨᠠᠯᠲᠠ ᠶᠢ ᠬᠦᠯᠢᠶᠡᠨ᠎ᠡ᠃      2. ᠪᠣᠷᠣᠯᠠᠭᠤᠯᠤᠨ ᠬᠤᠳᠠᠯᠳᠤᠬᠤ ᠲᠣᠣᠷ ᠴᠡᠭ ᠤᠨ ᠬᠠᠮᠢᠶᠠᠷᠤᠯᠲᠠ ᠶᠢ ᠴᠢᠩᠭᠠᠳᠬᠠᠨ᠂ ᠪᠣᠷᠣᠯᠠᠭᠤᠯᠤᠨ ᠬᠤᠳᠠᠯᠳᠤᠬᠤ ᠦᠷ᠎ᠡ ᠶᠢᠨ ᠦᠨ᠎ᠡ ᠬᠠᠩᠰᠢ ᠶᠢ ᠢᠯᠡ ᠲᠡᠮᠳᠡᠭᠯᠡᠵᠦ᠂ ᠫᠢᠶᠣᠣ ᠪᠠᠷᠢᠮᠲᠠ ᠨᠢ ᠵᠢᠷᠤᠮᠵᠢᠯ ᠲᠠᠢ᠂ ᠡᠬᠡ ᠲᠠᠩᠰᠠ ᠨᠢ ᠪᠦᠷᠢᠨ ᠪᠦᠲᠦᠨ ᠪᠠᠶᠢᠬᠤ ᠬᠡᠷᠡᠭᠲᠡᠢ᠃      3. ᠡᠵᠡᠩᠨᠡᠯᠲᠡ  ᠶᠢᠨ ᠳᠤᠮᠳᠠ ᠭᠠᠷᠤᠭᠰᠠᠨ ᠵᠥᠷᠢᠴᠡᠯ ᠪᠣᠯᠣᠨ ᠶᠠᠰᠤ ᠴᠢᠨᠠᠷ ᠤᠨ ᠵᠢᠭᠤᠷᠠᠯᠳᠤᠭᠠᠨ ᠢ ᠴᠠᠭ ᠲᠤᠬᠠᠢ ᠳᠤᠨᠢ ᠰᠢᠢᠳᠪᠦᠷᠢᠯᠡᠵᠦ᠂ ᠵᠣᠷᠢᠭᠲᠠᠢ ᠪᠠᠷ ᠬᠠᠷᠢᠭᠤᠴᠠᠯᠭ᠎ᠠ ᠡᠭᠦᠷᠭᠡᠯᠡᠨ᠂ ᠲᠠᠷᠢᠶᠠᠴᠢᠨ ᠮᠠᠯᠴᠢᠳ  ᠤᠨ ᠠᠰᠢᠭ ᠲᠤᠰᠠ ᠪᠣᠯᠣᠨ ᠨᠡᠶᠢᠭᠡᠮ ᠤᠨ ᠲᠣᠭᠲᠠᠭᠤᠨ ᠢ ᠬᠠᠮᠠᠭᠠᠯᠠᠬᠤ ᠬᠡᠷᠡᠭᠲᠡᠢ᠃      ᠥᠷᠭᠡᠨ ᠤᠯᠠᠨ ᠮᠠᠯᠴᠢᠨ ᠲᠠᠷᠢᠶᠠᠴᠢᠨ ᠨᠠᠶᠢᠵᠠ ᠨᠠᠷ ᠲᠤ ᠬᠠᠯᠠᠭᠤᠨ ᠳᠣᠲᠣᠨᠣ ᠪᠠᠷ ᠰᠠᠨᠠᠭᠤᠯᠤᠶ᠎ᠠ᠄      ︽ᠦᠷ᠎ᠡ ᠶᠢᠨ ᠬᠠᠤᠯᠢ︾ ᠵᠡᠷᠭᠡ ᠬᠤᠯᠪᠣᠭᠳᠠᠯ ᠪᠦᠬᠦᠢ ᠬᠠᠤᠯᠢ ᠴᠠᠭᠠᠵᠠ ᠬᠠᠤᠯᠢ ᠲᠣᠭᠲᠠᠭᠠᠯ ᠢ ᠰᠤᠷᠤᠯᠴᠠᠵᠤ᠂ ᠠᠮᠤ ᠪᠤᠳᠠᠭ᠎ᠠ ᠶᠢ ᠰᠠᠶᠢᠲᠤᠷ ᠰᠣᠩᠭᠤᠨ ᠰᠠᠶᠢᠨ ᠳᠠᠷᠢᠵᠤ᠂ ᠮᠠᠯᠴᠢᠨ ᠲᠠᠷᠢᠶᠠᠴᠢᠨ ᠤ ᠭᠠᠷᠤᠯᠲᠠ ᠪᠠᠨ ᠨᠡᠮᠡᠭᠳᠡᠭᠦᠯᠵᠦ ᠣᠷᠣᠯᠭ᠎ᠠ ᠪᠠᠨ ᠨᠡᠮᠡᠭᠳᠡᠭᠦᠯᠬᠦ ᠶᠢ ᠠᠬᠢᠭᠤᠯᠬᠤ ᠬᠡᠷᠡᠭᠲᠡᠢ᠃ ᠦᠷ᠎ᠡ ᠰᠣᠩᠭᠤᠬᠤ᠂ ᠦᠷ᠎ᠡ ᠬᠤᠳᠠᠯᠳᠤᠨ ᠠᠪᠬᠤ ᠳᠠᠭᠠᠨ ︽ᠲᠠᠪᠤᠨ ᠴᠢᠬᠤᠯᠠ ᠵᠦᠢᠯ︾ ᠢ ᠪᠠᠲᠤ ᠴᠡᠭᠡᠵᠢᠯᠡᠬᠦ ᠬᠡᠷᠡᠭᠲᠡᠢ᠄ ᠭᠡᠷᠡᠴᠢ ᠦᠨᠡᠮᠯᠡᠯ ᠢ ᠨᠢ ᠦᠵᠡᠵᠦ᠂ ᠱᠣᠰᠢᠭ᠎ᠠ ᠲᠡᠮᠳᠡᠭ ᠢ  ᠨᠢ ᠪᠠᠶᠢᠴᠠᠭᠠᠵᠤ᠂ ᠶᠠᠰᠤ ᠴᠢᠨᠠᠷ ᠢ ᠨᠢ ᠦᠵᠡᠵᠦ᠂ ᠫᠢᠶᠣᠣ ᠪᠠᠷᠢᠮᠲᠠ ᠦᠯᠡᠳᠡᠭᠡᠵᠦ᠂ ᠡᠷᠬᠡ ᠠᠰᠢᠭ ᠢᠶᠠᠨ ᠬᠠᠮᠠᠭᠠᠯᠠᠬᠤ ᠬᠡᠷᠡᠭᠲᠡᠢ︔ ︽ᠲᠠᠪᠤᠨ ᠪᠣᠯᠬᠤ ᠦᠭᠡᠢ︾᠄ ᠰᠣᠬᠤᠷ ᠪᠠᠯᠠᠢ ᠪᠠᠷ ᠲᠠᠭᠠᠵᠤ ᠪᠣᠯᠬᠤ ᠦᠭᠡᠢ᠂ ᠰᠢᠨ᠎ᠡ ᠶᠢ ᠬᠥᠭᠡᠭᠡᠴᠡᠯᠳᠦᠵᠦ ᠪᠣᠯᠬᠤ ᠦᠭᠡᠢ᠂ ᠬᠡᠪᠴᠢᠶ᠎ᠡ ᠶᠢ ᠳᠠᠪᠠᠵᠤ ᠪᠣᠯᠬᠤ ᠦᠭᠡᠢ᠂ ᠥᠨᠳᠥᠷ ᠢ ᠬᠥᠭᠡᠭᠡᠴᠡᠯᠳᠦᠵᠦ ᠪᠣᠯᠬᠤ ᠦᠭᠡᠢ᠂ ᠤᠳᠠᠭᠠᠰᠢᠷᠠᠭᠤᠯᠵᠤ ᠪᠣᠯᠬᠤ ᠦᠭᠡᠢ᠃                                                 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ                         ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ ᠤ ᠲᠢᠩᠬᠢᠮ                         ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ                          ᠦᠷ᠎ᠡ ᠶᠢᠨ ᠨᠡᠶᠢᠭᠡᠮᠯᠢᠭ
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号