1. ᠸᠢᠲ᠋ᠠᠮᠢᠨ D ᠳᠤᠲᠠᠭᠳᠠᠪᠠᠯ ᠠᠯᠠᠰᠢᠨ ᠦᠬᠡᠷ ᠠᠮᠠᠷᠬᠠᠨ ᠶᠠᠰᠤ ᠵᠥᠭᠡᠯᠡᠷᠡᠬᠦ ᠡᠪᠡᠳᠴᠢᠨ ᠳᠤ ᠨᠡᠷᠪᠡᠭᠳᠡᠨ᠎ᠡ᠂ | ᠡᠶᠢᠮᠦ ᠠᠴᠠ ᠠᠯᠠᠰᠢᠨ ᠦᠬᠡᠷ ᠢ ᠬᠠᠰᠢᠶᠠᠯᠠᠨ ᠲᠡᠵᠢᠭᠡᠬᠦ ᠳᠤ ᠸᠢᠲ᠋ᠠᠮᠢᠨ D ᠨᠥᠬᠦᠪᠦᠷᠢᠯᠡᠬᠦ ᠬᠡᠷᠡᠭᠲᠡᠢ᠃ ᠬᠡᠷᠪᠡ | ᠠᠯᠠᠰᠢᠨ ᠦᠬᠡᠷ ᠤᠨ ᠨᠡᠷᠡᠨ ᠳᠤ ᠡᠭᠡᠭᠡᠬᠦ ᠴᠠᠭ ᠨᠢ 6 ᠴᠠᠭ ᠠᠴᠠ ᠳᠡᠭᠡᠭᠰᠢ ᠪᠠᠶᠢᠪᠠᠯ᠂ ᠡᠳᠦᠷ ᠤᠨ ᠲᠡᠵᠢᠭᠡᠯ ᠳᠤ | ᠸᠢᠲ᠋ᠠᠮᠢᠨ D ᠨᠡᠮᠡᠬᠦ ᠴᠢᠬᠤᠯᠠ ᠦᠭᠡᠢ᠃ | 2. ᠸᠢᠲ᠋ᠠᠮᠢᠨ D ᠳᠤᠲᠠᠭᠳᠠᠪᠠᠯ ᠰᠠᠭᠠᠯᠢ ᠶᠢᠨ ᠦᠨᠢᠶ᠎ᠡ ᠳᠤ᠂ ᠢᠯᠠᠩᠭᠤᠶ᠎ᠠ ᠲᠤᠭᠤᠯ᠂ ᠬᠡᠭᠡᠯ ᠲᠠᠢ ᠪᠠ | ᠬᠥᠬᠦᠭᠦᠯᠵᠦ ᠪᠠᠶᠢᠭ᠎ᠠ ᠦᠨᠢᠶ᠎ᠡ ᠳᠤ ᠦᠵᠡᠭᠦᠯᠬᠦ ᠨᠥᠯᠥᠭᠡ ᠨᠢ ᠶᠠᠭᠤᠨ ᠤ ᠡᠮᠦᠨ᠎ᠡ ᠲᠡᠭᠦᠨ ᠤ ᠥᠰᠦᠯᠲᠡ | ᠪᠤᠶᠢᠵᠢᠯᠲᠠ ᠶᠢ ᠤᠳᠠᠭᠠᠰᠢᠷᠠᠭᠤᠯᠵᠤ᠂ ᠦᠢᠯᠡᠳᠪᠦᠷᠢᠯᠡᠯ ᠤᠨ ᠴᠢᠳᠠᠪᠬᠢ ᠶᠢ ᠨᠢ ᠢᠯᠡᠳᠲᠡ ᠪᠠᠭᠤᠷᠠᠭᠤᠯᠤᠨ᠎ᠠ᠃ | ᠢᠳᠡᠭᠡᠨ ᠤ ᠳᠤᠷᠠᠰᠢᠯ ᠨᠢ ᠶᠡᠭᠡ ᠪᠠᠷ ᠪᠠᠭᠤᠷᠠᠵᠤ᠂ ᠥᠰᠦᠯᠲᠡ ᠪᠤᠶᠢᠵᠢᠯᠲᠠ ᠨᠢ ᠮᠠᠭᠤ᠂ ᠡᠴᠡᠵᠦ ᠲᠤᠷᠠᠭᠠᠳ᠂ | ᠦᠰᠦ ᠨᠢ ᠵᠢᠭᠳᠡ ᠦᠭᠡᠢ ᠮᠦᠷᠲᠡᠭᠡᠨ ᠬᠤᠷᠪᠤᠶᠢᠵᠤ ᠥᠩᠭᠡ ᠪᠠᠨ ᠠᠯᠳᠠᠳᠠᠭ᠃ ᠬᠠᠮᠲᠤ ᠳᠤᠨᠢ ᠶᠠᠰᠤᠵᠢᠬᠤ | ᠶᠠᠪᠤᠴᠠ ᠳᠤ ᠰᠠᠭᠠᠲᠠᠯ ᠳᠤ ᠤᠴᠠᠷᠠᠵᠤ᠂ ᠰᠢᠭᠢᠷ᠎ᠠ ᠶᠢᠨ ᠶᠠᠰᠤ᠂ ᠲᠤᠭᠤᠷᠠᠢ ᠶᠢᠨ ᠶᠠᠰᠤ ᠨᠢ ᠬᠠᠪᠤᠳᠤᠨ ᠲᠣᠮᠣᠷᠠᠬᠤ᠂ | ᠡᠮᠦᠨ᠎ᠡ ᠮᠥᠴᠢ ᠡᠮᠦᠨᠡᠰᠢ ᠪᠤᠶᠤ ᠬᠠᠵᠠᠭᠤ ᠲᠠᠯ᠎ᠠ ᠪᠠᠷ ᠢᠶᠠᠨ ᠮᠤᠷᠤᠶᠢᠬᠤ᠂ ᠡᠪᠦᠳᠦᠭ ᠤᠨ ᠦᠶ᠎ᠡ ᠲᠣᠮᠣᠷᠠᠬᠤ ᠪᠠ | ᠨᠢᠷᠤᠭᠤ ᠪᠠᠨ ᠭᠤᠯᠳᠤᠩᠨᠠᠬᠤ ᠵᠡᠷᠭᠡ ᠦᠵᠡᠭᠳᠡᠯ ᠭᠠᠷᠳᠠᠭ᠃ ᠡᠪᠡᠳᠴᠢᠨ ᠤ ᠪᠠᠶᠢᠳᠠᠯ ᠤᠨ ᠬᠥᠭᠵᠢᠯᠲᠡ ᠶᠢ ᠳᠠᠭᠠᠯᠳᠤᠨ᠂ | ᠡᠪᠡᠳᠴᠢᠨ ᠲᠠᠢ ᠦᠬᠡᠷ ᠤᠨ ᠬᠥᠳᠡᠯᠭᠡᠭᠡᠨ ᠪᠠᠭᠠᠰᠴᠤ᠂ ᠠᠯᠬᠤᠯᠠᠬᠤ ᠪᠤᠶᠤ ᠳᠣᠭᠤᠯᠳᠠᠬᠤ ᠪᠠᠶᠢᠳᠠᠯ ᠲᠠᠢ ᠪᠣᠯᠳᠠᠭ᠃ | ᠰᠡᠷᠭᠡᠶᠢᠯᠡᠬᠦ ᠠᠷᠭ᠎ᠠ ᠬᠡᠮᠵᠢᠶ᠎ᠡ᠄ ᠸᠢᠲ᠋ᠠᠮᠢᠨ D ᠵᠢᠭᠠᠰᠤᠨ ᠤ ᠡᠯᠢᠭᠡ ᠪᠠ ᠵᠢᠭᠠᠰᠤᠨ ᠤ ᠲᠣᠰᠣᠨ ᠤ ᠳᠣᠲᠣᠷ᠎ᠠ | ᠠᠭᠤᠯᠤᠭᠳᠠᠴᠠ ᠪᠠᠷ ᠬᠠᠮᠤᠭ ᠤᠨ ᠡᠯᠪᠡᠭ᠂ ᠥᠨᠳᠡᠭᠡᠨ ᠤ ᠲᠦᠷᠦᠯ᠂ ᠬᠥᠬᠦᠲᠡᠨ ᠤ ᠡᠯᠢᠭᠡ ᠪᠠ ᠪᠤᠷᠴᠠᠭ ᠤᠨ | ᠢᠵᠠᠭᠤᠷ ᠤᠨ ᠤᠷᠭᠤᠮᠠᠯ ᠤᠨ ᠳᠣᠲᠣᠷ᠎ᠠ ᠠᠭᠤᠯᠤᠭᠳᠠᠴᠠ ᠪᠠᠷ ᠴᠤ ᠨᠡᠯᠢᠶᠡᠳ ᠠᠷᠪᠢᠨ᠂ ᠡᠩ ᠤᠨ ᠤᠷᠭᠤᠮᠠᠯ ᠤᠨ | ᠴᠢᠨᠠᠷᠲᠠᠢ ᠲᠡᠵᠢᠭᠡᠯ ᠪᠣᠷᠳᠣᠭᠠᠨ ᠤ ᠳᠣᠲᠣᠷ᠎ᠠ ᠠᠭᠤᠯᠤᠭᠳᠠᠴᠠ ᠪᠠᠷ ᠲᠤᠶᠢᠯ ᠤᠨ ᠪᠠᠭ᠎ᠠ ᠪᠠᠶᠢᠳᠠᠭ᠃ ᠠᠳᠠᠯᠢ ᠪᠤᠰᠤ | ᠪᠤᠶᠢᠵᠢᠯᠲᠠ ᠶᠢᠨ ᠬᠤᠭᠤᠴᠠᠭᠠᠨ ᠳᠤ ᠲᠤᠭᠤᠯ᠂ ᠪᠦᠳᠦᠭᠦᠨ ᠦᠬᠡᠷ ᠪᠠ ᠰᠠᠭᠠᠯᠢ ᠶᠢᠨ ᠦᠨᠢᠶ᠎ᠡ ᠵᠡᠷᠭᠡ ᠳᠤ ᠠᠮᠢᠲᠠᠨ ᠤ | ᠴᠢᠨᠠᠷᠲᠠᠢ ᠤᠭᠤᠷᠠᠭᠲᠤ ᠲᠡᠵᠢᠭᠡᠯ ᠪᠣᠷᠳᠤᠭ᠎ᠠ᠂ ᠣᠨᠴᠠᠭᠠᠶᠢᠯᠠᠨ ᠵᠢᠭᠠᠰᠤᠨ ᠡᠯᠢᠭᠡ᠂ ᠵᠢᠭᠠᠰᠤᠨ ᠲᠣᠰᠣ ᠵᠡᠷᠭᠡ ᠶᠢ | ᠨᠥᠬᠦᠪᠦᠷᠢᠯᠡᠵᠦ᠂ ᠴᠢᠬᠤᠯᠠ ᠲᠠᠢ ᠦᠶ᠎ᠡ ᠳᠤ ᠪᠤᠯᠴᠢᠩ ᠳᠤᠨᠢ ᠸᠢᠲ᠋ᠠᠮᠢᠨ D ᠲᠣᠰᠣᠯᠢᠭ ᠡᠮ ᠲᠠᠷᠢᠵᠤ ᠪᠣᠯᠣᠨ᠎ᠠ᠃ | ᠡᠩ ᠤᠨ ᠦᠶ᠎ᠡ ᠳᠤ ᠪᠠᠰᠠ ᠡᠳᠦᠷ ᠤᠨ ᠲᠡᠵᠢᠭᠡᠯ ᠳᠠᠬᠢ ᠺᠠᠯᠼ᠂ ᠹᠣᠰᠹᠣᠷ ᠤᠨ ᠠᠭᠤᠯᠤᠭᠳᠠᠴᠠ ᠵᠢᠴᠢ ᠲᠡᠭᠦᠨ ᠤ | ᠬᠠᠷᠢᠴᠠᠯ ᠢ ᠠᠩᠬᠠᠷᠬᠤ ᠬᠡᠷᠡᠭᠲᠡᠢ᠃ |