ᠨᠢᠭᠡ᠂ ᠬᠦᠯᠡᠮᠵᠢ ᠪᠠᠨ ᠪᠠᠬᠢᠯᠡᠵᠦ᠂ ᠲᠦᠭᠦᠭᠡᠷᠦᠮᠵᠢ ᠪᠠᠨ ᠰᠡᠯᠪᠢᠨ ᠵᠠᠰᠠᠬᠤ ᠬᠡᠷᠡᠭᠲᠡᠢ | ᠡᠪᠳᠡᠭᠳᠡᠭᠰᠡᠨ ᠬᠦᠯᠡᠮᠵᠢ ᠶᠢᠨ ᠭᠡᠷ ᠢ ᠴᠠᠭ ᠲᠤᠬᠠᠢ ᠳᠤᠨᠢ ᠰᠡᠯᠪᠢᠨ ᠵᠠᠰᠠᠵᠤ ᠪᠠᠬᠢᠯᠡᠨ᠂ ᠬᠦᠯᠡᠮᠵᠢ ᠶᠢᠨ | ᠪᠦᠷᠬᠦᠪᠴᠢ ᠶᠢ ᠰᠡᠯᠪᠢᠨ ᠵᠠᠰᠠᠵᠤ᠂ ᠪᠣᠯᠣᠳ ᠨᠢᠷᠤᠭᠤ ᠶᠢᠨ ᠮᠤᠰᠬᠢᠷᠠᠵᠤ ᠳᠦᠷᠰᠦ ᠬᠤᠪᠢᠷᠠᠭᠰᠠᠨ ᠪᠤᠶᠤ ᠪᠦᠲᠦᠴᠡ | ᠨᠢ ᠲᠣᠭᠲᠠᠪᠤᠷᠢ ᠦᠭᠡᠢ ᠬᠡᠰᠡᠭ ᠢ ᠰᠡᠯᠪᠢᠨ ᠵᠠᠰᠠᠵᠤ᠂ ᠬᠦᠯᠡᠮᠵᠢ ᠶᠢᠨ ᠭᠡᠷ ᠤᠨ ᠡᠮᠦᠨ᠎ᠡ ᠪᠠᠯ ᠤᠨ 1/3 ᠬᠡᠰᠡᠭ ᠲᠤ | ᠲᠤᠯᠭᠠᠭᠤᠷᠢ ᠪᠣᠰᠬᠠᠵᠤ᠂ ᠪᠦᠷᠬᠦᠪᠴᠢ ᠶᠢᠨ ᠳᠡᠭᠡᠰᠦ ᠶᠢ ᠴᠢᠩᠭᠠᠯᠠᠵᠤ ᠬᠦᠯᠡᠮᠵᠢ ᠶᠢᠨ ᠪᠦᠷᠬᠦᠪᠴᠢ ᠶᠢ ᠪᠠᠬᠢᠯᠡᠨ᠂ | ᠰᠠᠯᠬᠢ ᠳᠠᠭᠠᠭᠠᠬᠤ ᠴᠢᠳᠠᠪᠤᠷᠢ ᠶᠢ ᠨᠡᠮᠡᠭᠳᠡᠭᠦᠯᠦᠨ᠂ ᠬᠦᠯᠡᠮᠵᠢ ᠶᠢᠨ ᠨᠤᠷᠠᠬᠤ ᠶᠢ ᠰᠡᠷᠭᠡᠶᠢᠯᠡᠨ᠎ᠡ᠃ ᠰᠠᠯᠬᠢᠨ ᠤ ᠬᠦᠴᠦ | ᠨᠡᠯᠢᠶᠡᠳ ᠶᠡᠭᠡ ᠦᠶ᠎ᠡ ᠳᠤ᠂ ᠰᠠᠯᠬᠢ ᠨᠡᠪᠲᠡᠷᠡᠭᠦᠯᠬᠦ ᠠᠮᠠᠰᠠᠷ ᠪᠦᠬᠦᠨ ᠢ ᠲᠤᠶᠢᠯᠪᠤᠷᠢᠲᠠᠢ ᠬᠠᠭᠠᠵᠤ᠂ ︽ᠰᠢᠯᠤᠭᠤᠨ | ᠰᠠᠯᠬᠢ︾ ᠬᠦᠯᠡᠮᠵᠢ ᠶᠢ ᠰᠡᠬᠦᠬᠦ ᠠᠴᠠ ᠰᠡᠷᠭᠡᠶᠢᠯᠡᠬᠦ ᠬᠡᠷᠡᠭᠲᠡᠢ᠃ ᠨᠡᠷᠡᠨ ᠤ ᠬᠡᠷᠡᠯ ᠤᠨ ᠬᠦᠯᠡᠮᠵᠢ ᠳᠤ ᠴᠢᠭᠯᠡᠭᠦᠯᠦᠨ | ᠬᠥᠪᠥᠩ ᠬᠥᠨᠵᠢᠯᠡ ᠪᠠᠨ ᠲᠡᠭᠰᠢᠯᠡᠵᠦ᠂ ᠡᠪᠬᠡᠮᠡᠯ ᠣᠷᠬᠢᠭᠤᠯ ᠤᠨ ᠮᠠᠰᠢᠨ ᠤ ᠠᠵᠢᠯᠯᠠᠵᠤ ᠪᠠᠶᠢᠭ᠎ᠠ ᠪᠠᠶᠢᠳᠠᠯ ᠢ | ᠪᠠᠶᠢᠴᠠᠭᠠᠵᠤ᠂ ᠳᠤᠯᠠᠭᠠᠨ ᠤ ᠬᠡᠮᠵᠢᠶ᠎ᠡ ᠶᠢᠨ ᠥᠨᠳᠥᠷ ᠳᠤᠤᠷ᠎ᠠ ᠶᠢ ᠦᠨᠳᠦᠰᠦᠯᠡᠨ ᠬᠥᠪᠥᠩ ᠬᠥᠨᠵᠢᠯᠡ ᠪᠠᠨ ᠲᠠᠯᠪᠢᠬᠤ | ᠬᠡᠷᠡᠭᠲᠡᠢ︔ ᠳᠤᠯᠠᠭᠠᠨ ᠢ ᠬᠠᠳᠠᠭᠠᠯᠠᠬᠤ ᠴᠢᠳᠠᠪᠤᠷᠢ ᠪᠠᠷ ᠠᠨᠠᠢ ᠬᠦᠯᠡᠮᠵᠢ ᠳᠤ ᠴᠢᠬᠢ ᠪᠣᠶᠢᠵᠢᠭᠤᠯᠬᠤ ᠳᠤ ᠴᠢᠬᠢ ᠶᠢᠨ | ᠣᠷᠣ ᠶᠢ ᠰᠦᠯᠢᠶᠥᠦ ᠪᠦᠷᠬᠦᠪᠴᠢ ᠪᠠᠷ ᠪᠦᠷᠬᠦᠬᠦ ᠪᠤᠶᠤ ᠵᠢᠵᠢᠭ ᠭᠤᠯᠳᠤᠩ ᠰᠠᠷᠠᠪᠴᠢ ᠪᠠᠷᠢᠵᠤ᠂ ᠳᠤᠯᠠᠭᠠᠨ ᠢ | ᠨᠡᠮᠡᠭᠳᠡᠭᠦᠯᠦᠨ ᠴᠢᠭᠢᠭ ᠢ ᠬᠠᠮᠠᠭᠠᠯᠠᠬᠤ ᠬᠡᠰᠡᠭ ︵ᠴᠠᠬᠢᠯᠠᠭᠠᠨ ᠢᠶᠠᠷ ᠳᠤᠯᠠᠭᠠᠯᠠᠬᠤ ᠮᠠᠰᠢᠨ︶ ᠢ ᠪᠡᠯᠳᠭᠡᠵᠦ᠂ | ᠬᠦᠯᠡᠮᠵᠢ ᠶᠢᠨ ᠳᠤᠯᠠᠭᠠᠨ ᠤ ᠬᠡᠮᠵᠢᠶ᠎ᠡ ᠶᠢ ᠪᠠᠶᠢᠴᠠᠭᠠᠵᠤ ᠴᠠᠭ ᠲᠤᠬᠠᠢ ᠳᠤᠨᠢ ᠳᠤᠯᠠᠭᠠᠨ ᠢ ᠨᠡᠮᠡᠭᠳᠡᠭᠦᠯᠦᠭᠴᠢ ᠶᠢ | ᠨᠣᠴᠣᠭᠠᠵᠤ ᠳᠤᠯᠠᠭᠠᠯᠠᠵᠤ᠂ ᠲᠥᠬᠦᠭᠡᠷᠦᠮᠵᠢᠲᠦ ᠲᠠᠷᠢᠮᠠᠯ ᠤᠨ ᠬᠦᠢᠲᠡᠨ ᠤ ᠭᠠᠮᠰᠢᠭ ᠲᠤ ᠤᠴᠠᠷᠠᠬᠤ ᠶᠢ ᠤᠷᠢᠳᠴᠢᠯᠠᠨ | ᠰᠡᠷᠭᠡᠶᠢᠯᠡᠬᠦ ᠬᠡᠷᠡᠭᠲᠡᠢ︔ ᠣᠶᠢᠷ᠎ᠠ ᠶᠢᠨ ᠬᠤᠭᠤᠴᠠᠭᠠᠨ ᠳᠤ ᠰᠦᠯᠢᠶᠥᠦ ᠬᠦᠯᠡᠮᠵᠢ ᠳᠤ ᠰᠠᠭᠤᠯᠭᠠᠬᠤ ᠪᠠᠷ ᠲᠥᠯᠥᠪᠯᠡᠵᠦ | ᠪᠠᠶᠢᠭ᠎ᠠ ᠲᠥᠬᠦᠭᠡᠷᠦᠮᠵᠢᠲᠦ ᠲᠠᠷᠢᠮᠠᠯ ᠢ ᠲᠦᠷ ᠬᠤᠶᠢᠰᠢᠯᠠᠭᠤᠯᠵᠤ᠂ ᠠᠭᠠᠷ ᠤᠨ ᠳᠤᠯᠠᠭᠠᠨ ᠲᠣᠭᠲᠠᠭᠤᠨ ᠪᠣᠯᠤᠭᠰᠠᠨ ᠤ | ᠲᠠᠷᠠᠭ᠎ᠠ ᠰᠠᠶ᠋ᠢ ᠰᠠᠭᠤᠯᠭᠠᠬᠤ ᠶᠢᠨ ᠬᠠᠮᠲᠤ ᠴᠢᠬᠢ ᠶᠢᠨ ᠬᠤᠭᠤᠴᠠᠭᠠᠨ ᠤ ᠬᠠᠮᠢᠶᠠᠷᠤᠯᠲᠠ ᠶᠢ ᠠᠩᠬᠠᠷᠴᠤ᠂ ᠭᠠᠩ | ᠬᠠᠭᠰᠠᠷᠠᠭᠠᠨ ᠲᠠᠢ ᠲᠡᠮᠡᠴᠡᠵᠦ ᠰᠠᠯᠬᠢ ᠨᠡᠪᠲᠡᠷᠡᠭᠦᠯᠦᠨ ᠴᠢᠬᠢ ᠰᠡᠶᠢᠷᠡᠭᠵᠢᠭᠦᠯᠬᠦ ᠶᠢ ᠴᠢᠩᠭᠠᠳᠬᠠᠵᠤ᠂ ᠴᠢᠬᠢ ᠶᠢᠨ | ᠲᠠᠯᠠᠭᠠᠷ ᠤᠷᠭᠤᠬᠤ ᠶᠢ ᠰᠡᠷᠭᠡᠶᠢᠯᠡᠬᠦ ᠬᠡᠷᠡᠭᠲᠡᠢ᠃ ᠨᠢᠭᠡᠨᠲᠡ ᠵᠠᠳᠠᠭᠠᠢ ᠭᠠᠵᠠᠷ ᠲᠤ ᠳᠠᠷᠢᠭᠰᠠᠨ ᠠᠵᠤ ᠠᠬᠤᠢ ᠶᠢᠨ | ᠲᠠᠷᠢᠮᠠᠯ ᠳᠤ ᠴᠢᠭᠯᠡᠭᠦᠯᠦᠨ᠂ ᠴᠠᠭ ᠲᠤᠬᠠᠢ ᠳᠤᠨᠢ ᠵᠢᠵᠢᠭ ᠭᠤᠯᠳᠤᠩ ᠬᠦᠯᠡᠮᠵᠢ ᠪᠠᠶᠢᠭᠤᠯᠵᠤ᠂ ᠨᠠᠮᠬᠠᠳᠬᠠᠯ ᠤᠨ | ᠲᠣᠭᠤᠷᠢᠭ ᠢ ᠪᠠᠶᠢᠭᠤᠯᠤᠨ᠂ ᠳᠣᠣᠷ᠎ᠠ ᠳᠤᠯᠠᠭᠠᠨ ᠤ ᠬᠦᠢᠲᠡᠨ ᠤ ᠬᠥᠨᠥᠭᠡᠯ ᠤᠨ ᠨᠥᠯᠥᠭᠡ ᠶᠢ ᠪᠠᠭᠠᠰᠬᠠᠬᠤ ᠬᠡᠷᠡᠭᠲᠡᠢ᠃ | ᠬᠤᠶᠠᠷ᠂ ᠬᠠᠮᠢᠶᠠᠷᠤᠯᠲᠠ ᠪᠠᠨ ᠴᠢᠩᠭᠠᠳᠬᠠᠵᠤ᠂ ᠬᠤᠬᠢᠷᠠᠯ ᠢ ᠪᠠᠭᠠᠰᠬᠠᠬᠤ ᠬᠡᠷᠡᠭᠲᠡᠢ | ᠰᠢᠷᠬᠠᠲᠤᠭᠰᠠᠨ ᠤᠷᠭᠤᠮᠠᠯ ᠢ ᠴᠠᠭ ᠲᠤᠬᠠᠢ ᠳᠤᠨᠢ ᠲᠡᠭᠰᠢᠯᠡᠵᠦ᠂ ᠲᠠᠷᠢᠶᠠᠨ ᠤ ᠦᠯᠡᠳᠡᠭᠳᠡᠯ ᠨᠠᠮᠠᠭ᠎ᠠ ᠶᠢ | ᠴᠡᠪᠡᠷᠯᠡᠨ ᠠᠷᠢᠯᠭᠠᠵᠤ᠂ ᠬᠠᠭᠤᠴᠢᠨ ᠨᠠᠪᠴᠢ᠂ ᠬᠠᠲᠠᠭᠰᠠᠨ ᠨᠠᠪᠴᠢ ᠶᠢ ᠨᠢ ᠠᠪᠴᠤ ᠬᠠᠶᠠᠭᠠᠳ ᠨᠠᠯᠠᠨ ᠤᠨᠠᠭᠰᠠᠨ | ᠬᠠᠰᠢ ᠵᠢᠮᠢᠰ ᠤᠨ ᠲᠦᠷᠦᠯ ᠤᠨ ᠢᠳᠡᠰᠢᠨ ᠨᠣᠭᠤᠭ᠎ᠠ ᠶᠢ ᠴᠠᠭ ᠲᠤᠬᠠᠢ ᠳᠤᠨᠢ ᠲᠡᠭᠰᠢᠯᠡᠨ ᠪᠠᠬᠢᠯᠡᠵᠦ᠂ ᠠᠮᠲᠠᠲᠤ ᠬᠡᠮᠬᠡ᠂ | ᠲᠠᠷᠪᠤᠰ᠂ ᠬᠠᠮᠢᠯ ᠬᠡᠮᠬᠡ ᠵᠡᠷᠭᠡ ᠲᠠᠷᠢᠮᠠᠯ ᠢ ᠴᠠᠭ ᠲᠤᠬᠠᠢ ᠳᠤᠨᠢ ᠵᠡᠯᠡᠯᠡᠨ ᠲᠠᠯᠪᠢᠬᠤ ᠬᠡᠷᠡᠭᠲᠡᠢ᠃ ᠬᠦᠯᠡᠮᠵᠢ ᠶᠢᠨ | ᠴᠢᠭᠢᠭᠲᠦᠴᠡ ᠶᠡᠭᠡ ᠠᠴᠠ ᠡᠪᠡᠳᠴᠢᠨ ᠤ ᠬᠥᠨᠥᠭᠡᠯ ᠡᠭᠦᠰᠬᠦ ᠦᠶ᠎ᠡ ᠳᠤ᠂ ᠣᠲᠤᠭ᠎ᠠ ᠮᠠᠨᠠᠨ ᠤ ᠡᠮ ᠪᠤᠶᠤ ᠪᠢᠴᠢᠯ | ᠨᠤᠨᠳᠠᠭ ᠤᠨ ᠡᠮ ᠢᠶᠠᠷ ᠤᠲᠤᠵᠤ ᠵᠢᠩᠨᠡᠬᠦ ᠠᠷᠭ᠎ᠠ ᠶᠢ ᠬᠡᠷᠡᠭᠯᠡᠵᠦ ᠪᠣᠯᠣᠨ᠎ᠠ᠃ ᠬᠡᠷᠪᠡ ᠬᠦᠯᠡᠮᠵᠢ ᠶᠢᠨ ᠥᠷᠥᠭᠡᠨ ᠤ | ᠴᠢᠭᠢᠭ ᠤᠨ ᠬᠡᠮᠵᠢᠶ᠎ᠡ ᠨᠢ ᠬᠡᠲᠦᠷᠬᠡᠢ ᠥᠨᠳᠥᠷ ᠪᠤᠯ ᠰᠠᠯᠬᠢᠨ ᠤ ᠶᠡᠭᠡ ᠪᠠᠭ᠎ᠠ ᠶᠢ ᠦᠵᠡᠵᠦ ᠵᠣᠬᠢᠰᠲᠠᠢ ᠰᠠᠯᠬᠢ | ᠨᠡᠪᠲᠡᠷᠡᠭᠦᠯᠦᠨ᠂ ᠬᠦᠯᠡᠮᠵᠢ ᠶᠢᠨ ᠴᠢᠭᠢᠭ ᠤᠨ ᠬᠡᠮᠵᠢᠶ᠎ᠡ ᠶᠢ ᠪᠠᠭᠤᠷᠠᠭᠤᠯᠵᠤ᠂ ᠡᠪᠡᠳᠴᠢᠨ ᠤ ᠬᠥᠨᠥᠭᠡᠯ ᠢ ᠪᠠᠭᠠᠰᠬᠠᠨ᠂ | ᠲᠤᠩᠭᠠᠯᠠᠭ ᠡᠳᠦᠷ ᠲᠤ ᠴᠢᠳᠠᠬᠤ ᠶᠢᠨ ᠳᠣᠲᠣᠷ᠎ᠠ ᠬᠥᠪᠥᠩ ᠬᠥᠨᠵᠢᠯᠡ ᠶᠢ ᠡᠷᠲᠡ ᠰᠡᠬᠦᠵᠦ ᠣᠷᠣᠢ ᠳᠤᠨᠢ ᠪᠦᠲᠡᠭᠡᠵᠦ᠂ | ᠨᠡᠩ ᠠᠷᠪᠢᠨ ᠭᠡᠷᠡᠯ ᠤᠨ ᠲᠤᠰᠤᠯᠲᠠ ᠪᠠ ᠳᠤᠯᠠᠭᠠᠨ ᠤ ᠬᠡᠮᠵᠢᠶ᠎ᠡ ᠶᠢ ᠬᠤᠷᠠᠮᠳᠤᠭᠤᠯᠬᠤ ᠶᠢᠨ ᠬᠠᠮᠲᠤ ᠹᠣᠰᠹᠣᠷ | ᠬᠦᠴᠢᠯ ᠤᠨ ᠬᠤᠶᠠᠷ ᠤᠰᠤᠲᠥ᠋ᠷᠥᠭᠴᠢᠲᠤ ᠺᠠᠯᠢ᠂ ᠬᠥᠪᠳᠥ ᠶᠢᠨ ᠡᠳ᠋᠂ ᠬᠤᠶᠠᠭ ᠤᠨ ᠡᠳ᠋ ᠵᠡᠷᠭᠡ ᠨᠠᠪᠴᠢᠨ ᠤ | ᠪᠣᠷᠳᠣᠭᠤᠷ ᠢ ᠰᠦᠷᠴᠢᠨ ᠣᠷᠣᠭᠤᠯᠵᠤ᠂ ᠡᠰᠢ ᠨᠠᠪᠴᠢ ᠶᠢᠨ ᠰᠡᠷᠭᠦᠯᠲᠡ ᠪᠠ ᠦᠨᠳᠦᠰᠦ ᠶᠢᠨ ᠰᠢᠰᠲ᠋ᠧᠮ ᠤᠨ | ᠥᠰᠦᠯᠲᠡ ᠪᠤᠶᠢᠵᠢᠯᠲᠠ ᠶᠢ ᠠᠬᠢᠭᠤᠯᠤᠨ᠎ᠠ᠃ ᠨᠢᠭᠡᠨᠲᠡ ᠳᠣᠣᠷ᠎ᠠ ᠳᠤᠯᠠᠭᠠᠨ ᠳᠤ ᠬᠦᠢᠲᠡᠨ ᠤ ᠬᠥᠨᠥᠭᠡᠯ ᠡᠭᠦᠰᠦᠭᠰᠡᠨ | ᠪᠠᠶᠢᠪᠠᠯ᠂ ᠴᠢᠯᠦᠭᠡᠲᠦ ᠰᠢᠪᠲᠦᠷᠲᠦ ᠬᠦᠴᠢᠯ ᠢ ᠰᠦᠷᠴᠢᠨ ᠣᠷᠣᠭᠤᠯᠵᠤ᠂ ᠡᠰ ᠤᠨ ᠨᠡᠬᠡᠳᠡᠰᠦ ᠶᠢᠨ ᠰᠡᠷᠭᠦᠭᠡᠯᠲᠡ ᠶᠢ | ᠲᠦᠷᠭᠡᠳᠬᠡᠵᠦ᠂ ᠬᠥᠯᠳᠡᠬᠦ ᠭᠠᠮᠰᠢᠭ ᠢ ᠨᠠᠮᠳᠠᠭᠤᠯᠤᠨ᠎ᠠ᠃ | ᠮᠡᠳᠡᠭᠡ ᠵᠠᠩᠭᠢ ᠶᠢᠨ ᠢᠷᠡᠯᠲᠡ᠄ ᠣᠷᠳᠣᠰ ᠬᠤᠲᠠ ᠶᠢᠨ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ |