ᠲᠤᠭᠤᠯ ᠤᠨ ᠪᠤᠶᠢᠵᠢᠯᠲᠠ ᠨᠢ ᠤᠳᠠᠭᠠᠨ᠂ ᠰᠢᠩᠭᠡᠭᠡᠯᠲᠡ ᠨᠢ ᠮᠠᠭᠤ᠂ ᠵᠤᠭᠰᠤᠪᠠᠯ ᠭᠤᠶᠢᠪᠠᠯᠵᠢᠵᠤ᠂ ᠪᠦᠬᠦ | ᠪᠡᠶ᠎ᠡ ᠨᠢ ᠬᠡᠰᠡᠭ ᠬᠡᠰᠡᠭ ᠢᠶᠠᠷ ᠲᠠᠲᠠᠪᠠᠯᠵᠠᠬᠤ ᠪᠠᠶᠢᠳᠠᠯ ᠨᠢ ᠰᠦ ᠪᠠᠨ ᠵᠣᠭᠰᠣᠭᠰᠠᠨ ᠲᠤᠭᠤᠯ ᠳᠤ ᠠᠷᠪᠢᠨ ᠢᠯᠡᠷᠡᠳᠡᠭ᠃ | ᠡᠭᠦᠨ ᠤ ᠭᠤᠣᠯ ᠰᠢᠯᠲᠠᠭᠠᠨ ᠨᠢ ᠡᠳᠦᠷ ᠤᠨ ᠲᠡᠵᠢᠭᠡᠯ ᠳᠤ ᠺᠠᠯᠼ ᠳᠤᠲᠠᠭᠳᠠᠬᠤ ᠪᠤᠶᠤ ᠺᠠᠯᠼ ᠹᠣᠰᠹᠣᠷ ᠤᠨ | ᠬᠠᠷᠢᠴᠠᠯ ᠳᠤ ᠬᠤᠪᠢᠷᠠᠯᠲᠠ ᠭᠠᠷᠤᠭᠰᠠᠨ ᠠᠴᠠ ᠪᠣᠯᠵᠠᠢ᠃ | ᠠᠯᠬᠤᠵᠤ ᠴᠢᠳᠠᠬᠤ ᠪᠥᠭᠡᠳ ᠡᠪᠡᠳᠴᠢᠨ ᠤ ᠪᠠᠶᠢᠳᠠᠯ ᠨᠢ ᠨᠡᠯᠢᠶᠡᠳ ᠬᠥᠩᠭᠡᠨ ᠲᠤᠭᠤᠯ ᠳᠤ ᠵᠢᠭᠠᠰᠤᠨ | ᠡᠯᠢᠭᠡᠨ ᠲᠣᠰᠣ ᠶᠢ 10 ~15 ᠮᠢᠯᠢᠯᠢᠲᠷ ᠤᠤᠭᠤᠯᠭᠠᠵᠤ᠂ ᠡᠳᠦᠷ ᠲᠤ 1 ᠤᠳᠠᠭ᠎ᠠ᠂ ᠵᠠᠯᠭᠠᠭ᠎ᠠ ᠪᠠᠷ 3 ~ 5 | ᠡᠳᠦᠷ ᠬᠡᠷᠡᠭᠯᠡᠨ᠎ᠡ᠃ ᠬᠡᠷᠪᠡ ᠰᠠᠭᠤᠯᠭᠠᠪᠠᠯ ᠡᠮ ᠬᠡᠷᠡᠭᠯᠡᠬᠦ ᠪᠠᠨ ᠵᠣᠭᠰᠣᠨ᠎ᠠ᠃ ᠡᠪᠡᠳᠴᠢᠨ ᠤ ᠪᠠᠶᠢᠳᠠᠯ ᠨᠢ ᠬᠦᠨᠳᠦ | ᠲᠤᠭᠤᠯ ᠳᠤ ᠪᠤᠯᠴᠢᠩ ᠳᠤᠨᠢ ᠸᠢᠲ᠋ᠠᠮᠢᠨA᠂ ᠸᠢᠲ᠋ᠠᠮᠢᠨ D ᠲᠠᠷᠢᠯᠭ᠎ᠠ ᠶᠢᠨ ᠰᠢᠩᠭᠡᠨ 2 ~ 4 ᠮᠢᠯᠢᠯᠢᠲᠷ ᠢ | ᠲᠠᠷᠢᠬᠤ ᠶᠢᠨ ᠬᠠᠮᠲᠤ ᠰᠦᠨ ᠬᠦᠴᠢᠯ ᠤᠨ ᠺᠠᠯᠼ ᠶᠢ ᠤᠤᠭᠤᠯᠭᠠᠬᠤ ᠪᠤᠶᠤ 10% ᠶᠢᠨ ᠦᠵᠦᠮ ᠤᠨ ᠰᠢᠬᠢᠷ ᠤᠨ | ᠬᠦᠴᠢᠯ ᠤᠨ ᠺᠠᠯᠼ ᠢ ᠨᠠᠮᠵᠢᠭᠤᠨ ᠰᠤᠳᠠᠯ ᠢᠶᠠᠷ ᠲᠠᠷᠢᠨ᠎ᠠ᠃ | ᠲᠡᠵᠢᠭᠡᠪᠦᠷᠢ ᠶᠢᠨ ᠬᠠᠮᠢᠶᠠᠷᠤᠯᠲᠠ ᠶᠢ ᠴᠢᠩᠭᠠᠳᠬᠠᠵᠤ᠂ ᠲᠤᠭᠤᠯ ᠢ ᠬᠦᠢᠲᠡᠨ ᠪᠤᠶᠤ ᠴᠢᠭᠢᠭᠯᠢᠭ ᠭᠠᠵᠠᠷ | ᠬᠡᠪᠲᠡᠭᠦᠯᠵᠦ ᠪᠣᠯᠬᠤ ᠦᠭᠡᠢ᠂ ᠣᠯᠪᠣᠭ ᠡᠪᠡᠰᠦ ᠪᠠᠨ ᠦᠷᠭᠦᠯᠵᠢ ᠰᠣᠯᠢᠬᠤ ᠬᠡᠷᠡᠭᠲᠡᠢ᠃ ᠡᠭᠦᠨ ᠤ ᠬᠠᠮᠲᠤ ᠡᠬᠡ | ᠮᠠᠯ ᠤᠨ ᠺᠠᠯᠼ ᠨᠥᠬᠦᠬᠦ ᠠᠵᠢᠯ ᠢ ᠰᠠᠶᠢᠲᠤᠷ ᠬᠢᠨ᠎ᠡ᠂ ᠵᠢᠱᠢᠶᠡᠯᠡᠪᠡᠯ ᠲᠡᠵᠢᠭᠡᠯ ᠪᠣᠷᠳᠣᠭᠠᠨ ᠳᠤ ᠴᠢᠯᠠᠭᠤᠨ ᠲᠠᠯᠬ᠎ᠠ᠂ | ᠮᠢᠬᠠᠨ ᠶᠠᠰᠤᠨ ᠲᠠᠯᠬ᠎ᠠ ᠪᠤᠶᠤ ᠥᠨᠳᠡᠭᠡᠨ ᠬᠠᠯᠢᠰᠤ ᠶᠢᠨ ᠲᠠᠯᠬ᠎ᠠ ᠵᠡᠷᠭᠡ ᠶᠢ ᠨᠡᠮᠡᠨ᠎ᠡ᠃ ᠡᠪᠡᠰᠦ ᠪᠣᠷᠳᠤᠭ᠎ᠠ ᠶᠢ ᠠᠯᠢ | ᠴᠢᠳᠠᠬᠤ ᠪᠠᠷ ᠤᠯᠠᠨ ᠶᠠᠩᠵᠤ ᠲᠠᠢ ᠪᠠᠶᠢᠯᠭᠠᠵᠤ᠂ ᠡᠳᠦᠷ ᠪᠦᠷᠢ ᠵᠣᠬᠢᠬᠤ ᠬᠡᠮᠵᠢᠶᠡᠨ ᠤ ᠬᠥᠳᠡᠯᠭᠡᠭᠡᠨ ᠬᠢᠬᠦ᠂ ᠨᠡᠷᠡᠨ ᠳᠤ | ᠡᠭᠡᠭᠡᠬᠦ ᠴᠠᠭ ᠲᠠᠢ ᠪᠠᠶᠢᠯᠭᠠᠬᠤ ᠬᠡᠷᠡᠭᠲᠡᠢ᠃ | ᠡᠭᠦᠨ ᠠᠴᠠ ᠭᠠᠳᠠᠨ᠎ᠠ᠂ ᠭᠦᠢᠴᠡᠳ ᠬᠡᠮᠵᠢᠶᠡᠨ ᠤ ᠸᠢᠲ᠋ᠠᠮᠢᠨ ᠪᠣᠯᠣᠨ ᠣᠷᠭᠠᠨᠢᠭ ᠪᠤᠰᠤ ᠳᠠᠪᠤᠰᠤ᠂ ᠺᠠᠯᠼ | ᠹᠣᠰᠹᠣᠷ ᠤᠨ ᠬᠠᠷᠢᠴᠠᠯ ︵2.5᠄ 1 ᠶᠢᠨ ᠬᠠᠮᠤᠭ ᠤᠨ ᠲᠣᠬᠢᠷᠠᠮᠵᠢᠲᠠᠢ︶ ᠨᠢ ᠵᠤᠬᠢᠰᠳᠠᠢ ᠲᠡᠵᠢᠭᠡᠯ ᠡᠪᠡᠰᠦ ᠶᠢ | ᠬᠠᠩᠭᠠᠨ᠎ᠠ᠃ ᠵᠢᠱᠢᠶᠡᠯᠡᠪᠡᠯ ᠨᠠᠷᠢᠮᠤ ᠶᠢᠨ ᠡᠪᠡᠰᠦ᠂ ᠨᠣᠭᠤᠭᠠᠨ ᠬᠠᠭᠤᠷᠠᠢ ᠡᠪᠡᠰᠦ᠂ ᠬᠤᠯᠤᠤᠪᠠᠩ᠂ ᠪᠤᠷᠴᠠᠭ ᠤᠨ | ᠢᠵᠠᠭᠤᠷ ᠤᠨ ᠲᠡᠵᠢᠭᠡᠯ ᠡᠪᠡᠰᠦ ᠵᠢᠴᠢ ᠵᠣᠬᠢᠬᠤ ᠬᠡᠮᠵᠢᠶᠡᠨ ᠤ ᠨᠠᠷᠢᠯᠢᠭ ᠪᠣᠷᠳᠤᠭ᠎ᠠ᠂ ᠵᠢᠱᠢᠶᠡᠯᠡᠪᠡᠯ ᠰᠢᠰᠢ᠂ | ᠪᠤᠷᠴᠠᠭ ᠤᠨ ᠪᠣᠣᠪᠤ᠂ ᠬᠡᠪᠡᠭ᠂ ᠡᠷᠳᠡᠨᠢ ᠰᠢᠰᠢ ᠵᠡᠷᠭᠡ ᠪᠣᠯᠣᠨ᠎ᠠ᠃ |