【ᠳᠦᠷᠪᠡ】ᠡᠭᠦᠯᠳᠡᠷ ᠤᠨ ᠮᠠᠯ ᠵᠢᠭᠦᠷᠲᠡᠨ ᠢ ᠦᠢᠯᠡᠳᠪᠦᠷᠢᠯᠡᠵᠦ ᠡᠵᠡᠩᠨᠡᠬᠦ ᠵᠥᠪᠰᠢᠶᠡᠷᠡᠯ ᠤᠨ ᠳᠦᠷᠢᠮ ᠢ ᠲᠡᠭᠦᠯᠳᠡᠷᠵᠢᠭᠦᠯᠵᠦ ᠦᠷ᠎ᠡ ᠶᠢᠨ ᠦᠢᠯᠡᠰ ᠢ ᠬᠥᠭᠵᠢᠭᠦᠯᠦᠨ ᠮᠠᠨᠳᠤᠭᠤᠯᠬᠤ ᠬᠠᠤᠯᠢᠵᠢᠯ ᠤᠨ ᠪᠠᠲᠤᠯᠠᠭ᠎ᠠ ᠶᠢ ᠴᠢᠩᠭᠠᠳᠬᠠᠮᠣᠢ︱ᠲᠠᠷᠢᠶᠠᠯᠠᠩ ᠬᠥᠳᠡᠭᠡ ᠲᠣᠰᠬᠤᠨ ᠤ ᠶᠠᠮᠤᠨ ᠤ ᠬᠠᠤᠯᠢ ᠲᠣᠭᠲᠠᠭᠠᠯ ᠤᠨ ᠵᠤᠷᠭᠠᠨ᠂ ᠦᠷ᠎ᠡ ᠶᠢᠨ ᠦᠢᠯᠡᠰ ᠤᠨ ᠬᠠᠮᠢᠶᠠᠷᠤᠯᠲᠠ ᠶᠢᠨ ᠵᠤᠷᠭᠠᠨ ᠤ ᠬᠠᠷᠢᠭᠤᠴᠠᠯᠭᠠᠲᠠᠨ ︽ᠡᠭᠦᠯᠳᠡᠷ ᠤᠨ ᠮᠠᠯ ᠵᠢᠭᠦᠷᠲᠡᠨ ᠢ ᠦᠢᠯᠡᠳᠪᠦᠷᠢᠯᠡᠵᠦ ᠡᠵᠡᠩᠨᠡᠬᠦ ᠵᠥᠪᠰᠢᠶᠡᠷᠡᠯ ᠤᠨ ᠬᠠᠮᠢᠶᠠᠷᠤᠯᠲᠠ ᠶᠢᠨ ᠠᠷᠭ᠎ᠠ︾ ᠶᠢᠨ ᠲᠤᠬᠠᠢ ᠰᠤᠷᠪᠤᠯᠵᠢᠯᠠᠭᠴᠢ ᠶᠢᠨ ᠠᠰᠠᠭᠤᠯᠲᠠ ᠶᠢ ᠬᠠᠷᠢᠭᠤᠯᠪᠠ
ᠨᠡᠶᠢᠲᠡᠯᠡᠭᠰᠡᠨ ᠴᠠᠭ᠄
2025/5/8
      ᠠᠰᠠᠭᠤᠯᠲᠠ᠄ ᠦᠷ᠎ᠡ ᠶᠢᠨ ᠮᠠᠯ ᠵᠢᠭᠦᠷᠲᠡᠨ ᠢ ᠦᠢᠯᠡᠳᠪᠦᠷᠢᠯᠡᠵᠦ ᠡᠵᠡᠩᠨᠡᠬᠦ ᠵᠥᠪᠰᠢᠶᠡᠷᠡᠯ ᠢ ᠬᠡᠷᠡᠭᠵᠢᠭᠦᠯᠬᠦ ᠶᠠᠪᠤᠴᠠ ᠳᠤ᠂ ︽ᠠᠷᠭ᠎ᠠ︾ ᠳᠤ ᠠᠷᠠᠳ ᠲᠤ ᠲᠥᠬᠦᠮ ᠦᠵᠡᠭᠦᠯᠬᠦ ᠶᠠᠮᠠᠷ ᠶᠠᠮᠠᠷ ᠠᠷᠭ᠎ᠠ ᠬᠡᠮᠵᠢᠶ᠎ᠡ ᠶᠢ ᠲᠣᠭᠲᠠᠭᠠᠭᠰᠠᠨ ᠪᠣᠶ︖      ᠬᠠᠷᠢᠭᠤᠯᠲᠠ᠄ ︽ᠠᠷᠭ᠎ᠠ︾ ᠳᠤ ᠵᠠᠰᠠᠭ ᠤᠨ ᠶᠠᠪᠤᠳᠠᠯ ᠤᠨ ᠦᠢᠯᠡᠴᠢᠯᠡᠭᠡ ᠶᠢ ᠰᠢᠯᠢᠳᠡᠭᠵᠢᠭᠦᠯᠬᠦ᠂ ᠵᠠᠰᠠᠭ ᠵᠠᠬᠢᠷᠭᠠᠨ ᠤ ᠬᠦᠴᠦᠨ ᠴᠢᠳᠠᠪᠤᠷᠢ ᠶᠢ ᠳᠡᠭᠡᠭᠰᠢᠯᠡᠭᠦᠯᠬᠦ ᠵᠠᠷᠴᠢᠮ ᠢ ᠪᠠᠷᠢᠮᠲᠠᠯᠠᠵᠤ᠂ ᠠᠷᠠᠳ ᠲᠤ ᠲᠥᠬᠦᠮ ᠦᠵᠡᠭᠦᠯᠬᠦ ᠭᠤᠷᠪᠠᠨ ᠲᠠᠯ᠎ᠠ ᠶᠢᠨ ᠠᠷᠭ᠎ᠠ ᠬᠡᠮᠵᠢᠶ᠎ᠡ ᠶᠢ ᠲᠣᠭᠲᠠᠭᠠᠪᠠ᠃ ᠨᠢᠭᠡ ᠳᠤ ᠨᠢᠭᠡᠳᠦᠯᠲᠡᠢ ᠲᠠᠪᠴᠠᠩ ᠢᠶᠠᠷ ᠭᠦᠢᠴᠡᠳᠬᠡᠨ᠎ᠡ᠃ ᠦᠷ᠎ᠡ ᠶᠢᠨ ᠮᠠᠯ ᠵᠢᠭᠦᠷᠲᠡᠨ ᠢ ᠦᠢᠯᠡᠳᠪᠦᠷᠢᠯᠡᠵᠦ ᠡᠵᠡᠩᠨᠡᠬᠦ ᠵᠥᠪᠰᠢᠶᠡᠷᠡᠯ ᠤᠨ ᠦᠨᠡᠮᠯᠡᠯ ᠢ ᠭᠤᠶᠤᠴᠢᠯᠠᠬᠤ᠂ ᠬᠦᠯᠢᠶᠡᠨ ᠠᠪᠴᠤ ᠰᠢᠢᠳᠪᠦᠷᠢᠯᠡᠬᠦ᠂ ᠬᠢᠨᠠᠨ ᠬᠠᠷᠭᠤᠭᠤᠯᠬᠤ᠂ ᠬᠢᠨᠠᠨ ᠣᠯᠭᠤᠬᠤ ᠶᠢ ᠳᠤᠮᠳᠠᠳᠤ ᠤᠯᠤᠰ ᠤᠨ ᠦᠷ᠎ᠡ ᠶᠢᠨ ᠦᠢᠯᠡᠰ ᠤᠨ ᠲᠣᠮᠣ ᠳ᠋ᠠᠶᠢᠲ᠋ᠠ ᠶᠢᠨ ᠲᠠᠪᠴᠠᠩ ᠳᠤ ᠨᠢᠭᠡᠳᠦᠯᠲᠡᠢ ᠭᠦᠢᠴᠡᠳᠬᠡᠵᠦ᠂ ᠲᠠᠪᠴᠠᠩ ᠠᠴᠠ ᠪᠠᠶᠢᠴᠠᠭᠠᠨ ᠯᠠᠪᠯᠠᠬᠤ᠂ ᠬᠢᠨᠠᠨ ᠰᠢᠯᠭᠠᠬᠤ ᠵᠡᠷᠭᠡ ᠴᠢᠳᠠᠪᠬᠢ ᠶᠢ ᠬᠠᠩᠭᠠᠬᠤ ᠶᠢᠨ ᠬᠠᠮᠲᠤ ᠪᠦᠬᠦ ᠤᠯᠤᠰ ᠤᠨ ᠨᠢᠭᠡ ᠴᠣᠭᠴᠠᠵᠢᠭᠰᠠᠨ ᠰᠦᠯᠵᠢᠶᠡᠨ ᠳᠡᠭᠡᠷᠡᠬᠢ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠠᠪᠴᠠᠩ ᠲᠠᠢ ᠵᠣᠯᠭᠠᠭᠤᠯᠤᠨ᠎ᠠ᠃ ᠬᠤᠶᠠᠷ ᠲᠤ ᠬᠦᠴᠦᠨ ᠲᠠᠢ ᠬᠤᠭᠤᠴᠠᠭ᠎ᠠ ᠶᠢ ᠨᠢᠭᠡᠳᠭᠡᠪᠡ᠃ ᠣᠳᠣᠬᠠᠨ ᠳᠤ ᠡᠯ᠎ᠡ ᠮᠤᠵᠢ ᠶᠢᠨ ᠦᠷ᠎ᠡ ᠶᠢᠨ ᠮᠠᠯ ᠵᠢᠭᠦᠷᠲᠡᠨ ᠢ ᠦᠢᠯᠡᠳᠪᠦᠷᠢᠯᠡᠵᠦ ᠡᠵᠡᠩᠨᠡᠬᠦ ᠵᠥᠪᠰᠢᠶᠡᠷᠡᠯ ᠤᠨ ᠦᠨᠡᠮᠯᠡᠯ ᠤᠨ ᠬᠦᠴᠦᠨ ᠲᠠᠢ ᠬᠤᠭᠤᠴᠠᠭ᠎ᠠ ᠨᠢ 3 ᠵᠢᠯ᠂ 5 ᠵᠢᠯ ᠠᠳᠠᠯᠢ ᠪᠤᠰᠤ ᠪᠠᠶᠢᠳᠠᠭ᠂ ᠲᠠᠷᠢᠶᠠᠯᠠᠩ ᠤᠨ ᠦᠢᠯᠡᠳᠪᠦᠷᠢᠯᠡᠯ ᠡᠵᠡᠩᠨᠡᠯᠲᠡ ᠶᠢᠨ ᠪᠡᠶᠡᠴᠢ ᠴᠣᠭᠴᠠ ᠳᠤ ᠦᠢᠯᠡᠴᠢᠯᠡᠬᠦ ᠶᠢᠨ ᠲᠥᠯᠥᠭᠡ᠂ ᠬᠠᠮᠤᠭ ᠤᠨ ᠶᠡᠭᠡ ᠬᠡᠮᠵᠢᠶ᠎ᠡ ᠪᠠᠷ ᠠᠵᠤ ᠠᠬᠤᠶᠢᠯᠠᠯ ᠳᠤ ᠠᠰᠢᠭᠲᠠᠢ ᠠᠷᠠᠳ ᠲᠤ ᠲᠥᠬᠦᠮ ᠦᠵᠡᠭᠦᠯᠬᠦ ᠶᠢᠨ ᠲᠥᠯᠥᠭᠡ᠂ ︽ᠠᠷᠭ᠎ᠠ︾ ᠳᠤ ᠬᠦᠴᠦᠨ ᠲᠠᠢ ᠬᠤᠭᠤᠴᠠᠭ᠎ᠠ ᠶᠢ 5 ᠵᠢᠯ ᠢᠶᠠᠷ ᠨᠢᠭᠡᠳᠦᠯᠲᠡᠢ ᠲᠣᠭᠲᠠᠭᠠᠭᠰᠠᠨ ᠪᠥᠭᠡᠳ ᠨᠢᠭᠡᠨᠲᠡ ᠣᠯᠣᠭᠰᠠᠨ ᠦᠷ᠎ᠡ ᠶᠢᠨ ᠮᠠᠯ ᠵᠢᠭᠦᠷᠲᠡᠨ ᠢ ᠦᠢᠯᠡᠳᠪᠦᠷᠢᠯᠡᠵᠦ ᠡᠵᠡᠩᠨᠡᠬᠦ ᠵᠥᠪᠰᠢᠶᠡᠷᠡᠯ ᠤᠨ ᠦᠨᠡᠮᠯᠡᠯ ᠤᠨ ᠬᠦᠴᠦᠨ ᠲᠠᠢ ᠬᠤᠭᠤᠴᠠᠭ᠎ᠠ ᠶᠢ ᠬᠤᠪᠢᠷᠠᠭᠤᠯᠬᠤ ᠦᠭᠡᠢ᠂ ᠬᠤᠭᠤᠴᠠᠭ᠎ᠠ ᠨᠢ ᠲᠤᠯᠤᠭᠰᠠᠨ ᠤ ᠳᠠᠷᠠᠭ᠎ᠠ ᠰᠢᠨ᠎ᠡ ᠲᠣᠭᠲᠠᠭᠠᠯ ᠶᠣᠰᠣᠭᠠᠷ ᠭᠦᠢᠴᠡᠳᠬᠡᠨ᠎ᠡ ᠭᠡᠵᠦ ᠲᠣᠳᠣᠷᠬᠠᠢ ᠲᠣᠭᠲᠠᠭᠠᠵᠠᠢ᠃ ᠭᠤᠷᠪᠠ ᠳᠤ ᠬᠤᠪᠢᠷᠠᠭᠤᠯᠬᠤ ᠭᠠᠷ ᠭᠦᠢᠴᠡᠳᠬᠡᠯ ᠢ ᠳᠦᠭᠦᠮᠴᠢᠯᠡᠪᠡ᠃ ᠦᠢᠯᠡᠳᠪᠦᠷᠢᠯᠡᠵᠦ ᠡᠵᠡᠩᠨᠡᠭᠴᠢ ᠶᠢᠨ ᠨᠡᠷᠡᠶᠢᠳᠦᠯ ᠢ ᠬᠤᠪᠢᠷᠠᠭᠤᠯᠬᠤ᠂ ᠬᠠᠤᠯᠢ  ᠪᠠᠷ ᠲᠣᠭᠲᠠᠭᠠᠭᠰᠠᠨ ᠲᠥᠯᠥᠭᠡᠯᠡᠭᠴᠢ ︵ᠬᠠᠷᠢᠭᠤᠴᠠᠯᠭᠠᠲᠠᠨ︶ ᠵᠢᠴᠢ ᠡᠴᠢᠭᠡ ᠡᠬᠡ ᠨᠢ ᠣᠷᠣᠯᠠᠨ ᠡᠭᠦᠯᠳᠡᠷ ᠤᠨ ᠮᠠᠯ ᠵᠢᠭᠦᠷᠲᠡᠨ ︵ᠡᠭᠦᠯᠳᠡᠷ ᠪᠠ ᠲᠥᠬᠦᠷᠵᠢᠭᠰᠡᠨ ᠤᠳᠤᠮ ᠢ ᠪᠠᠭᠲᠠᠭᠠᠨ᠎ᠠ︶ ᠪᠠ ᠲᠠᠸᠠᠷ ᠤᠨ ᠲᠥᠯ ᠮᠠᠯ᠂ ᠴᠤᠷᠪᠠᠭ᠎ᠠ ᠶᠢᠨ ᠦᠢᠯᠡᠳᠪᠦᠷᠢᠯᠡᠯ ᠡᠵᠡᠩᠨᠡᠯᠲᠡ ᠶᠢ ᠡᠷᠭᠢᠯᠡᠬᠦ ᠳᠤ᠂ ᠲᠡᠭᠦᠨ ᠤ ᠦᠢᠯᠡᠳᠪᠦᠷᠢᠯᠡᠵᠦ ᠡᠵᠡᠩᠨᠡᠭᠰᠡᠨ ᠮᠠᠯ ᠵᠢᠭᠦᠷᠲᠡᠨ ᠤ ᠡᠭᠦᠯᠳᠡᠷ ᠢ ᠬᠤᠪᠢᠷᠠᠭᠤᠯᠬᠤ ᠴᠢᠬᠤᠯᠠᠲᠠᠢ ᠪᠠᠶᠢᠪᠠᠯ᠂ ᠤᠤᠯ ᠤᠨ ᠦᠨᠡᠮᠯᠡᠯ ᠣᠯᠭᠤᠭᠰᠠᠨ ᠪᠠᠶᠢᠭᠤᠯᠭ᠎ᠠ ᠳᠤ ᠬᠤᠪᠢᠷᠠᠭᠤᠯᠬᠤ ᠭᠤᠶᠤᠴᠢᠯᠠᠯ ᠤᠨ ᠬᠦᠰᠦᠨᠦᠭᠲᠦ ᠵᠢᠴᠢ ᠭᠡᠷᠡᠴᠢᠯᠡᠬᠦ ᠮᠠᠲ᠋ᠧᠷᠢᠶᠠᠯ ᠢᠶᠠᠨ ᠲᠤᠰᠢᠶᠠᠨ᠎ᠠ᠂ ᠨᠥᠬᠦᠴᠡᠯ ᠳᠤ ᠨᠡᠶᠢᠴᠡᠭᠰᠡᠨ ᠪᠠᠶᠢᠪᠠᠯ᠂ ᠤᠤᠯ ᠤᠨ ᠦᠨᠡᠮᠯᠡᠯ ᠣᠯᠭᠤᠭᠰᠠᠨ ᠪᠠᠶᠢᠭᠤᠯᠭ᠎ᠠ ᠨᠢ ᠠᠷᠪᠠᠨ ᠲᠠᠪᠤᠨ ᠠᠵᠢᠯ ᠤᠨ ᠡᠳᠦᠷ ᠤᠨ ᠳᠣᠲᠣᠷ᠎ᠠ ᠬᠤᠪᠢᠷᠠᠭᠤᠯᠵᠤ ᠥᠭᠭᠦᠨ᠎ᠡ᠃
 
ᠢᠷᠡᠯᠲᠡ᠄ ᠲᠠᠷᠢᠶᠠᠯᠠᠩ ᠬᠥᠳᠡᠭᠡ ᠲᠣᠰᠬᠤᠨ ᠤ ᠶᠠᠮᠤᠨ ᠤ ᠰᠣᠨᠢᠨ ᠮᠡᠳᠡᠭᠡᠨ ᠤ ᠠᠯᠪᠠᠨ ᠭᠡᠷ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号