ᠨᠢᠭᠡ᠂ ᠭᠤᠣᠯ ᠭᠠᠷᠤᠯᠲᠠ ᠶᠢᠨ ᠭᠠᠵᠠᠷ | ᠬᠠᠷᠠᠴᠢᠨ ᠬᠤᠰᠢᠭᠤᠨ ᠤ ᠤᠯᠠᠭᠠᠨ ᠨᠠᠷᠠᠰᠤᠨ ᠲᠡᠯᠳᠡᠦ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠤᠯᠠᠭᠠᠨᠬᠠᠳᠠ ᠬᠤᠲᠠ ᠶᠢᠨ ᠬᠠᠷᠠᠴᠢᠨ ᠬᠤᠰᠢᠭᠤᠨ ᠤ ᠮᠡᠶᠢᠷᠡᠨ ᠪᠠᠯᠭᠠᠰᠤ᠂ ᠸᠠᠩ ᠤᠨ ᠣᠷᠳᠣᠨ ᠪᠠᠯᠭᠠᠰᠤ᠂ | ᠰᠢᠶᠣᠣ ᠨᠢᠦ ᠴᠢᠶᠦ᠋ᠨ ᠪᠠᠯᠭᠠᠰᠤ ᠠᠴᠠ ᠭᠠᠷᠤᠯᠲᠠ ᠲᠠᠢ᠃ | ᠬᠤᠶᠠᠷ᠂ ᠣᠷᠴᠢᠨ ᠲᠣᠭᠤᠷᠢᠨ ᠤ ᠳᠠᠪᠠᠭᠤᠯᠢᠭ | ᠬᠠᠷᠠᠴᠢᠨ ᠬᠤᠰᠢᠭᠤ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠳᠤᠮᠳᠠ ᠪᠠ ᠵᠡᠭᠦᠨ | ᠬᠡᠰᠡᠭ᠂ ᠤᠯᠠᠭᠠᠨᠬᠠᠳᠠ ᠬᠤᠲᠠ ᠶᠢᠨ ᠡᠮᠦᠨ᠎ᠡ ᠬᠡᠰᠡᠭ ᠲᠤ ᠪᠠᠶᠢᠷᠢᠯᠠᠵᠤ᠂ ᠶᠠᠨᠱᠠᠨ ᠠᠭᠤᠯᠠ ᠶᠢᠨ ᠰᠢᠰᠲ᠋ᠧᠮ ᠤᠨ ᠴᠢ | ᠯᠣᠣ ᠲᠤ ᠠᠭᠤᠯᠠ ᠨᠢᠷᠤᠭᠤ ᠶᠢᠨ ᠵᠡᠭᠦᠨ ᠬᠤᠶᠢᠲᠤ ᠬᠤᠷᠮᠣᠢ ᠳᠤ ᠪᠠᠶᠢᠷᠢᠯᠠᠵᠤ᠂ ᠳᠤᠮᠳᠠ ᠰᠡᠷᠢᠭᠦᠨ ᠪᠦᠰᠡ ᠶᠢᠨ | ᠵᠠᠷᠢᠮᠳᠤᠭ ᠭᠠᠩ ᠬᠠᠭᠤᠷᠠᠢ ᠡᠬᠡ ᠭᠠᠵᠠᠷ ᠤᠨ ᠴᠢᠨᠠᠷᠲᠠᠢ ᠤᠯᠠᠷᠢᠯ ᠤᠨ ᠰᠠᠯᠬᠢᠨ ᠤ ᠠᠭᠤᠷ ᠠᠮᠢᠰᠬᠤᠯ ᠳᠤ | ᠬᠠᠷᠢᠶᠠᠯᠠᠭᠳᠠᠵᠤ᠂ ᠣᠶᠢᠲᠤ ᠭᠠᠵᠠᠷ ᠤᠨ ᠡᠬᠢ ᠪᠠᠶᠠᠯᠢᠭ ᠪᠠ ᠪᠠᠶᠢᠭᠠᠯᠢ ᠶᠢᠨ ᠳᠠᠪᠠᠭᠤᠯᠢᠭ ᠣᠷᠴᠢᠨ ᠲᠣᠭᠤᠷᠢᠨ ᠲᠠᠢ | ᠪᠠᠶᠢᠳᠠᠭ᠃ ᠣᠶ ᠰᠢᠭᠤᠢ ᠶᠢᠨ ᠪᠦᠷᠬᠦᠴᠡ ᠨᠢ 80% ᠳᠤ ᠬᠦᠷᠴᠦ᠂ ᠣᠶ ᠶᠢᠨ ᠬᠤᠷᠮᠣᠢ ᠶᠢᠨ ᠭᠠᠵᠠᠷ ᠰᠢᠷᠣᠢ ᠶᠢᠨ | ᠢᠯᠵᠢᠮᠡᠭ ᠡᠳ᠋ ᠤᠨ ᠳᠠᠪᠬᠤᠷᠭ᠎ᠠ ᠨᠢ ᠵᠤᠵᠠᠭᠠᠨ᠂ ᠣᠷᠭᠠᠨᠢᠭ ᠪᠣᠳᠠᠰ ᠤᠨ ᠠᠭᠤᠯᠤᠭᠳᠠᠴᠠ ᠨᠢ ᠥᠨᠳᠥᠷ᠂ ᠵᠢᠯ ᠤᠨ | ᠨᠡᠷᠡᠨ ᠤ ᠲᠤᠰᠤᠯᠲᠠ ᠨᠢ 2700︱3000 ᠴᠠᠭ᠂ ᠵᠢᠯ ᠤᠨ ᠳᠤᠮᠳᠠᠴᠢ ᠠᠭᠠᠷ ᠤᠨ ᠳᠤᠯᠠᠭᠠᠨ ᠨᠢ 3︱6℃᠂ | ᠵᠢᠯ ᠤᠨ ᠲᠤᠨᠳᠠᠰᠤ ᠨᠢ 500 ᠮᠢᠯᠢᠮᠧᠲᠷ ᠣᠷᠴᠢᠮ ᠪᠠᠶᠢᠵᠤ᠂ ᠵᠢᠯ ᠤᠨ ᠳᠤᠮᠳᠠᠴᠢ ᠬᠠᠷᠢᠴᠠᠩᠭᠤᠢ ᠴᠢᠭᠢᠭᠲᠦᠴᠡ ᠨᠢ | 60% ᠪᠠᠶᠢᠵᠤ᠂ ᠬᠢᠷᠠᠭᠤ ᠦᠭᠡᠢ ᠬᠤᠭᠤᠴᠠᠭ᠎ᠠ ᠨᠢ 95︱145 ᠡᠳᠦᠷ ᠪᠠᠶᠢᠵᠤ᠂ ᠳᠥᠷᠪᠡᠨ ᠤᠯᠠᠷᠢᠯ ᠲᠣᠳᠣᠷᠬᠠᠢ | ᠪᠠᠶᠢᠳᠠᠭ᠃ | ᠭᠤᠷᠪᠠ᠂ ᠶᠠᠰᠤ ᠴᠢᠨᠠᠷ ᠤᠨ ᠣᠨᠴᠠᠯᠢᠭ | ᠬᠠᠷᠠᠴᠢᠨ ᠬᠤᠰᠢᠭᠤᠨ ᠤ ᠤᠯᠠᠭᠠᠨ ᠨᠠᠷᠠᠰᠤᠨ ᠲᠡᠯᠳᠡᠦ ᠶᠢᠨ ᠬᠡᠯᠪᠡᠷᠢ ᠨᠢ ᠲᠦᠪ ᠲᠡᠭᠰᠢ᠂ ᠲᠡᠯᠳᠡᠦ ᠶᠢᠨ | ᠪᠦᠷᠬᠦᠭᠡᠰᠦ ᠨᠢ ᠭᠥᠯᠢᠭᠡᠷ᠂ ᠬᠦᠷᠡᠩ ᠥᠩᠭᠡᠲᠡᠢ᠂ ᠲᠡᠯᠳᠡᠦ ᠶᠢᠨ ᠪᠠᠷᠢᠭᠤᠯ ᠨᠢ ᠴᠠᠭᠠᠨ᠂ ᠪᠡᠶ᠎ᠡ ᠶᠢᠨ ᠣᠷᠳᠣ ᠨᠢ | 6︱8 ᠰᠠᠨᠲ᠋ᠢᠮᠧᠲᠷ᠂ ᠲᠠᠩ ᠬᠦᠨᠳᠦ ᠨᠢ 70︱100 ᠭᠷᠡᠮ᠂ ᠮᠢᠬ᠎ᠠ ᠨᠢ ᠨᠢᠭᠲᠠ ᠴᠢᠩᠭ᠎ᠠ᠂ ᠲᠡᠯᠳᠡᠦ ᠰᠡᠩᠭᠢᠨᠡᠮ᠎ᠡ | ᠦᠨᠦᠷ ᠬᠠᠩᠬᠤᠯᠵᠤ᠂ ᠪᠤᠯᠭᠤᠭᠰᠠᠨ ᠢᠳᠡᠭᠡᠨ ᠨᠢ ᠵᠦᠭᠡᠯᠡᠨ ᠮᠥᠷᠲᠡᠭᠡᠨ ᠠᠮᠲᠠᠲᠠᠢ ᠪᠠᠶᠢᠳᠠᠭ᠃ | ᠬᠠᠷᠠᠴᠢᠨ ᠬᠤᠰᠢᠭᠤᠨ ᠤ ᠤᠯᠠᠭᠠᠨ ᠨᠠᠷᠠᠰᠤᠨ ᠲᠡᠯᠳᠡᠦ ᠶᠢᠨ ᠰᠢᠮ᠎ᠡ ᠲᠡᠵᠢᠭᠡᠯ ᠡᠯᠪᠡᠭ᠂ ᠦᠨᠦᠷ ᠠᠮᠲᠠ | ᠥᠳᠬᠡᠨ᠂ ᠺᠠᠯᠢ᠂ ᠢᠳᠡᠭᠡᠨ ᠤ ᠰᠢᠷᠬᠡᠭᠯᠢᠭ᠂ ᠰᠣᠷᠭᠤᠭ ᠰᠢᠪᠲᠦᠷᠲᠦ ᠬᠦᠴᠢᠯ᠂ ᠡᠧᠷᠭᠤᠲ᠋ᠢᠨ ᠤ ᠬᠦᠬᠦᠷ᠂ ᠣᠯᠠᠨᠴᠢ | ᠰᠢᠬᠢᠷ ᠤᠨ ᠠᠭᠤᠯᠤᠭᠳᠠᠴᠠ ᠨᠢ ᠪᠦᠷ ᠯᠠᠪᠯᠠᠯᠲᠠ ᠶᠢᠨ ᠬᠡᠮᠵᠢᠭᠳᠡᠯ ᠠᠴᠠ ᠥᠨᠳᠥᠷ ᠪᠠᠶᠢᠳᠠᠭ᠃ ᠵᠢᠷᠦᠬᠡᠨ ᠲᠢᠲᠢᠮ ᠤᠨ | ᠡᠪᠡᠳᠴᠢᠨ ᠢ ᠤᠷᠢᠳᠴᠢᠯᠠᠨ ᠰᠡᠷᠭᠡᠶᠢᠯᠡᠬᠦ᠂ ᠰᠢᠩᠭᠡᠭᠡᠯᠲᠡ ᠶᠢ ᠰᠠᠶᠢᠵᠢᠷᠠᠭᠤᠯᠬᠤ᠂ ᠣᠶᠣᠨ ᠰᠠᠨᠠᠭᠠᠨ ᠤ ᠶᠠᠳᠠᠷᠠᠯ ᠢ | ᠬᠥᠩᠭᠡᠷᠡᠭᠦᠯᠬᠦ ᠵᠡᠷᠭᠡ ᠡᠷᠡᠭᠦᠯᠵᠢᠯ ᠤᠨ ᠦᠢᠯᠡᠳᠦᠯ ᠲᠠᠢ᠃ | ᠳᠥᠷᠪᠡ᠂ ᠰᠢᠨ᠎ᠡ ᠰᠣᠷᠭᠤᠭ ᠢᠶᠠᠷ ᠬᠠᠳᠠᠭᠠᠯᠠᠬᠤ ᠪᠠ ᠢᠳᠡᠬᠦ ᠠᠷᠭ᠎ᠠ | ᠰᠢᠨ᠎ᠡ ᠰᠣᠷᠭᠤᠭ ᠪᠠᠶᠢᠯᠭᠠᠬᠤ ᠠᠷᠭ᠎ᠠ᠄ ᠰᠣᠷᠭᠤᠭ ᠲᠡᠯᠳᠡᠦ ᠶᠢ ᠬᠦᠢᠲᠡᠨ ᠢᠶᠠᠷ ᠬᠠᠳᠠᠭᠠᠯᠠᠵᠤ᠂ ᠴᠠᠭ ᠲᠤᠬᠠᠢ | ᠳᠤᠨᠢ ᠢᠳᠡᠬᠦ ᠶᠢ ᠰᠠᠨᠠᠭᠤᠯᠤᠨ᠎ᠠ︔ ᠬᠠᠳᠠᠭᠠᠭᠰᠠᠨ ᠲᠡᠯᠳᠡᠦ ᠶᠢ ᠰᠡᠷᠢᠭᠦᠨ ᠬᠠᠭᠤᠷᠠᠢ ᠭᠠᠵᠠᠷ ᠲᠤ ᠨᠢᠭᠲᠠ | ᠪᠢᠲᠡᠭᠦᠮᠵᠢᠯᠡᠵᠦ ᠬᠠᠳᠠᠭᠠᠯᠠᠨ᠎ᠠ᠃ | ᠲᠠᠨᠢᠯᠴᠠᠭᠤᠯᠬᠤ ᠢᠳᠡᠬᠦ ᠠᠷᠭ᠎ᠠ᠄ ᠤᠯᠠᠭᠠᠨ ᠨᠠᠷᠠᠰᠤᠨ ᠲᠡᠯᠳᠡᠦ ᠶᠢ ᠮᠢᠬ᠎ᠠ ᠲᠠᠢ ᠬᠠᠭᠤᠷᠠᠬᠤ᠃ |