4 ᠰᠠᠷ᠎ᠠ ᠵᠢᠨ 17᠎ᠤ ᠡᠳᠦᠷ᠂ ᠥᠪᠡᠷᠲᠡᠭᠡᠨ ᠵᠠᠰᠠᠬᠤ ᠣᠷᠣᠨ᠎ᠤ ᠬᠥᠮᠦᠨ᠎ᠤ ᠬᠦᠴᠦᠨ᠎ᠤ ᠡᠬᠢ ᠪᠠᠶᠠᠯᠢᠭ ᠪᠠ ᠨᠡᠶ᠋ᠢᠭᠡᠮ᠎ᠤᠨ ᠪᠠᠲᠤᠯᠠᠭ᠎ᠠ ᠵᠢᠨ ᠲᠢᠩᠬᠢᠮ᠂ ᠰᠤᠷᠭ᠋ᠠᠨ ᠬᠥᠮᠦᠵᠢᠯ᠎ᠤᠨ ᠲᠢᠩᠬᠢᠮ᠂ ᠠᠵᠢᠯᠴᠢᠨ᠎ᠤ ᠶᠡᠷᠦᠩᠬᠡᠶ ᠡᠪᠯᠡᠯ᠂ ᠡᠪᠯᠡᠯ᠎ᠤᠨ ᠬᠣᠷᠢᠶ᠎ᠠ᠂ ᠦᠢᠯᠡᠳᠪᠦᠷᠢ ᠬᠤᠳᠠᠯᠳᠤᠭ᠋ᠠᠨ᠎ᠤ ᠬᠣᠯᠪᠣᠭ᠎ᠠ᠂ ᠬᠥᠬᠡᠬᠣᠲᠠ ᠵᠢᠨ ᠦᠨᠳᠦᠰᠦᠲᠡᠨ᠎ᠤ ᠳᠡᠭᠡᠳᠦ ᠰᠤᠷᠭ᠋ᠠᠭᠤᠯᠢ᠎ᠠᠴᠠ ᠭᠣᠥᠯᠯᠠᠨ ᠡᠷᠭᠢᠯᠡᠭᠰᠡᠨ 2025 ᠣᠨ᠎ᠤ ᠥᠪᠥᠷ ᠮᠣᠩᠭᠣᠯ᠎ᠤᠨ ᠬᠥᠮᠦᠨ᠎ᠤ ᠬᠦᠴᠦᠨ᠎ᠤ ᠡᠬᠢ ᠪᠠᠶᠠᠯᠢᠭ ᠪᠠ ᠨᠡᠶ᠋ᠢᠭᠡᠮ᠎ᠤᠨ ᠪᠠᠲᠤᠯᠠᠭ᠎ᠠ ᠵᠢᠨ ᠲᠢᠩᠬᠢᠮ ᠲᠣᠪᠴᠢᠶ᠎ᠠ ᠵᠢᠨ ᠳᠠᠷᠤᠭ᠎ᠠ ᠰᠤᠷᠭ᠋ᠠᠭᠤᠯᠢ ᠵᠢᠨ ᠬᠦᠷᠢᠶᠡᠨ᠎ᠳᠤ ᠣᠷᠣᠬᠤ ᠵᠢᠴᠢ ᠬᠥᠬᠡᠬᠣᠲᠠ ᠵᠢᠨ ᠦᠨᠳᠦᠰᠦᠲᠡᠨ᠎ᠤ ᠳᠡᠭᠡᠳᠦ ᠰᠤᠷᠭ᠋ᠠᠭᠤᠯᠢ ᠵᠢᠨ ᠲᠤᠰᠬᠠᠶ ᠲᠠᠯᠠᠪᠤᠷ ᠠᠵᠢᠯᠲᠠᠨ ᠡᠯᠰᠡᠬᠦ ᠠᠵᠢᠯᠯᠠᠭ᠎ᠠ ᠬᠥᠬᠡᠬᠣᠲᠠ ᠵᠢᠨ ᠦᠨᠳᠦᠰᠦᠲᠡᠨ᠎ᠤ ᠳᠡᠭᠡᠳᠦ ᠰᠤᠷᠭ᠋ᠠᠭᠤᠯᠢ᠎ᠳᠤ ᠶᠠᠪᠤᠭᠳᠠᠪᠠ᠃
ᠲᠤᠰ ᠤᠳᠠᠭ᠋ᠠᠨ᠎ᠤ ᠠᠵᠢᠯᠯᠠᠭ᠎ᠠ᠎ᠨᠢ 《ᠤᠮᠠᠷᠠᠲᠤ ᠬᠢᠯᠢ᠎ᠳᠤ ᠠᠵᠢᠯᠯᠠᠵᠤ ᠢᠷᠡᠭᠡᠳᠦᠶ᠎ᠪᠠᠨ ᠴᠣᠭᠴᠠᠯᠠᠶ᠎ᠠ》᠎ᠪᠠᠷ ᠭᠣᠣᠯ ᠰᠡᠳᠦᠪ ᠪᠣᠯᠭ᠋ᠠᠵᠤ᠂ ᠥᠪᠡᠷᠲᠡᠭᠡᠨ ᠵᠠᠰᠠᠬᠤ ᠣᠷᠣᠨ᠎ᠤ ᠬᠥᠮᠦᠨ᠎ᠤ ᠬᠦᠴᠦᠨ᠎ᠤ ᠡᠬᠢ ᠪᠠᠶᠠᠯᠢᠭ ᠪᠠ ᠨᠡᠶ᠋ᠢᠭᠡᠮ᠎ᠤᠨ ᠪᠠᠲᠤᠯᠠᠭ᠎ᠠ ᠵᠢᠨ ᠲᠢᠩᠬᠢᠮ᠎ᠤᠨ ᠨᠠᠮ᠎ᠤᠨ ᠤᠳᠤᠷᠢᠳᠬᠤ ᠳᠤᠭᠤᠶ᠋ᠢᠯᠠᠩ᠎ᠤᠨ ᠪᠦᠷᠢᠯᠳᠦᠬᠦᠨ᠂ ᠠᠵᠢᠯ ᠣᠯᠭᠣᠯᠲᠠ ᠵᠢᠨ ᠦᠢ᠍ᠯᠡᠴᠢᠯᠡᠭᠡᠨ᠎ᠤ ᠲᠥᠪ᠎ᠤᠨ ᠡᠷᠬᠢᠯᠡᠭᠴᠢ ᠹᠦ᠋ ᠯᠢᠩ ᠲᠤᠤ ᠰᠤᠷᠭ᠋ᠠᠭᠤᠯᠢ ᠵᠢᠨ ᠪᠠᠭᠰᠢ ᠰᠤᠷᠤᠭᠴᠢᠳ᠎ᠲᠠᠢ 《ᠨᠢᠭᠤᠷᠲᠠᠨ》 ᠰᠠᠨᠠᠯ ᠵᠶ᠋ᠠᠨ ᠰᠣᠯᠢᠯᠴᠠᠵᠤ᠂ ᠲᠡᠷᠡᠴᠢᠯᠡᠨ ᠠᠵᠢᠯ ᠣᠯᠭᠣᠯᠲᠠ ᠵᠢ ᠠᠬᠢᠭᠤᠯᠬᠤ ᠠᠵᠢᠯᠯᠠᠭ᠎ᠠ ᠵᠢ ᠨᠠᠢ᠌ᠳᠠᠪᠤᠷᠢᠵᠢᠭᠤᠯᠵᠤ᠂ ᠶᠡᠬᠡ ᠳᠡᠭᠡᠳᠦ ᠰᠤᠷᠭ᠋ᠠᠭᠤᠯᠢ ᠲᠡᠭᠦᠰᠦᠭᠰᠡᠳ᠎ᠤᠨ ᠴᠢᠨᠠᠷ ᠰᠠᠶ᠋ᠢᠲᠠᠶ ᠠᠵᠢᠯ ᠤᠯᠬᠤ ᠵᠢ ᠠᠬᠢᠭᠤᠯᠬᠤ ᠵᠢᠨ ᠲᠣᠭᠣᠷᠢᠨ᠎ᠳᠤ᠂ ᠠᠯᠪᠠᠲᠠᠨ ᠰᠢᠯᠭ᠋ᠠᠨ ᠡᠯᠰᠡᠬᠦ ᠵᠢᠴᠢ ᠠᠵᠢᠯ ᠦᠢ᠍ᠯᠡᠰ᠎ᠤᠨ ᠨᠢᠭᠡᠴᠢ ᠪᠣᠯᠤᠨ ᠤᠯᠤᠰ᠎ᠤᠨ ᠦᠮᠴᠢᠯᠡᠯᠳᠦ ᠠᠵᠤ ᠠᠬᠤᠶ᠋ᠢᠯᠠᠯ᠎ᠤᠨ ᠡᠯᠰᠡᠯᠳᠡ᠂ ᠶᠡᠬᠡ ᠳᠡᠭᠡᠳᠦ ᠰᠤᠷᠭ᠋ᠠᠭᠤᠯᠢ ᠲᠡᠭᠦᠰᠦᠭᠰᠡᠳ᠎ᠤᠨ ᠠᠵᠢᠯ ᠤᠯᠬᠤ ᠴᠢᠳᠠᠪᠤᠷᠢ ᠵᠢ ᠲᠡᠭᠡᠭᠰᠢᠯᠡᠬᠦᠯᠬᠦ᠂ ᠶᠡᠬᠡ ᠳᠡᠭᠡᠳᠦ ᠰᠤᠷᠭ᠋ᠠᠭᠤᠯᠢ ᠲᠡᠭᠦᠰᠦᠭᠰᠡᠳ᠎ᠤᠨ ᠪᠡᠶ᠎ᠡ᠎ᠪᠠᠨ ᠳᠠᠭ᠋ᠠᠭ᠋ᠠᠵᠤ ᠦᠢᠯᠡᠰ ᠪᠣᠰᠬᠠᠬᠤ ᠵᠢ ᠵᠣᠷᠢᠭᠵᠢᠭᠤᠯᠤᠨ ᠲᠡᠮᠵᠢᠬᠦ᠂ ᠠᠵᠤ ᠠᠬᠤᠶ᠋ᠢᠯᠠᠯ᠎ᠤᠨ ᠶᠡᠬᠡ ᠳᠡᠭᠡᠳᠦ ᠰᠤᠷᠭ᠋ᠠᠭᠤᠯᠢ ᠲᠡᠭᠦᠰᠦᠭᠰᠡᠳ ᠵᠡᠷᠭᠡ ᠵᠠᠯᠠᠭᠤᠴᠤᠳ᠎ᠢ ᠰᠢᠩᠭᠡᠭᠡᠨ ᠠᠪᠴᠤ ᠠᠵᠢᠯ ᠣᠯᠭᠣᠬᠤ ᠵᠢ ᠵᠣᠷᠢᠭᠵᠢᠭᠤᠯᠬᠤ᠂ ᠶᠡᠬᠡ ᠳᠡᠭᠡᠳᠦ ᠰᠤᠷᠭ᠋ᠠᠭᠤᠯᠢ ᠲᠡᠭᠦᠰᠦᠭᠰᠡᠳ᠎ᠤᠨ ᠦᠨᠳᠦᠰᠦᠨ ᠱᠠᠲᠤᠨ᠎ᠳᠤ ᠠᠵᠢᠯ ᠤᠯᠬᠤ ᠵᠢ ᠵᠣᠷᠢᠭᠵᠢᠭᠤᠯᠬᠤ᠂ ᠶᠡᠬᠡ ᠳᠡᠭᠡᠳᠦ ᠰᠤᠷᠭ᠋ᠠᠭᠤᠯᠢ ᠲᠡᠭᠦᠰᠦᠭᠰᠡᠳ ᠵᠡᠷᠭᠡ ᠵᠠᠯᠠᠭᠤᠴᠤᠳ᠎ᠤᠨ ᠠᠵᠢᠯ ᠤᠯᠬᠤ ᠦᠢᠯᠡᠴᠢᠯᠡᠭᠡ ᠵᠢ ᠰᠢᠯᠢᠳᠡᠭᠵᠢᠭᠦᠯᠬᠦ ᠵᠡᠷᠭᠡ ᠵᠢᠷᠭᠤᠭ᠋ᠠᠨ ᠲᠠᠯ᠎ᠠ᠎ᠪᠠᠷ ᠮᠠᠨ᠎ᠤ ᠣᠷᠣᠨ᠎ᠤ ᠶᠡᠬᠡ ᠳᠡᠭᠡᠳᠦ ᠰᠤᠷᠭ᠋ᠠᠭᠤᠯᠢ ᠲᠡᠭᠦᠰᠦᠭᠰᠡᠳ ᠵᠡᠷᠭᠡ ᠵᠠᠯᠠᠭᠤᠴᠤᠳ᠎ᠤᠨ ᠠᠵᠢᠯ ᠣᠯᠵᠤ ᠦᠢᠯᠡᠰ ᠪᠣᠰᠬᠠᠬᠤ ᠵᠢ ᠠᠬᠢᠭᠤᠯᠬᠤ ᠲᠥᠷᠥ ᠵᠢᠨ ᠪᠣᠳᠣᠯᠭ᠎ᠠ ᠵᠢᠨ ᠠᠷᠭ᠎ᠠ ᠬᠡᠮᠵᠢᠶ᠎ᠡ ᠵᠢ ᠲᠠᠨᠢᠯᠴᠠᠭᠤᠯᠪᠠ᠃
ᠠᠵᠢᠯᠯᠠᠭ᠎ᠠ ᠵᠢᠨ ᠲᠤᠬᠠᠶ ᠵᠢᠨ ᠲᠠᠯᠠᠪᠤᠷ᠎ᠲᠤ ᠪᠠᠰᠠ ᠠᠵᠢᠯᠲᠠᠨ ᠡᠯᠰᠡᠬᠦ ᠦᠢᠯᠡᠴᠢᠯᠡᠭᠡᠨ᠎ᠤ ᠲᠤᠰᠬᠠᠶ ᠲᠣᠭᠣᠷᠢᠭ᠂ ᠰᠢᠭᠤᠳ ᠨᠡᠪᠲᠡᠷᠡᠭᠦᠯᠭᠡ᠎ᠪᠠᠷ ᠠᠵᠢᠯ᠎ᠤᠨ ᠪᠠᠶ᠋ᠢᠷᠢ ᠲᠠᠨᠢᠯᠴᠠᠭᠤᠯᠬᠤ ᠲᠤᠰᠬᠠᠶ ᠲᠣᠭᠣᠷᠢᠭ᠂ ᠤᠷ᠎ᠠ ᠮᠡᠷᠭᠡᠵᠢᠯ᠎ᠤᠨ ᠪᠣᠯᠪᠠᠰᠤᠷᠠᠯ᠎ᠤᠨ ᠦᠢᠯᠡᠴᠢᠯᠡᠭᠡᠨ᠎ᠤ ᠲᠤᠰᠬᠠᠶ ᠲᠣᠭᠣᠷᠢᠭ᠂ ᠲᠣᠪᠴᠢ ᠨᠠᠮᠲᠠᠷ᠎ᠤᠨ ᠣᠨᠣᠰᠢᠯᠠᠯᠲᠠ ᠵᠢᠨ ᠲᠤᠰᠬᠠᠶ ᠲᠣᠭᠣᠷᠢᠭ᠂ ᠲᠥᠷᠥ ᠵᠢᠨ ᠪᠣᠳᠣᠯᠭ᠎ᠠ ᠵᠢᠨ ᠯᠠᠪᠯᠠᠯᠲᠠ ᠵᠢᠨ ᠦᠢᠯᠡᠴᠢᠯᠡᠭᠡᠨ᠎ᠤ ᠲᠤᠰᠬᠠᠶ ᠲᠣᠭᠣᠷᠢᠭ ᠵᠡᠷᠭᠡ ᠲᠠᠪᠤᠨ ᠲᠤᠰᠬᠠᠶ ᠲᠣᠭᠣᠷᠢᠭ ᠲᠣᠬᠢᠷᠠᠭᠤᠯᠵᠤ᠂ ᠶᠡᠬᠡ ᠳᠡᠭᠡᠳᠦ ᠰᠤᠷᠭ᠋ᠠᠭᠤᠯᠢ ᠲᠡᠭᠦᠰᠦᠭᠰᠡᠳ᠎ᠲᠤ ᠠᠵᠢᠯ ᠣᠯᠭᠣᠵᠤ ᠦᠢᠯᠡᠰ ᠪᠣᠰᠬᠠᠬᠤ ᠦᠢᠯᠡᠴᠢᠯᠡᠭᠡ ᠵᠢ ᠲᠥᠪᠯᠡᠷᠡᠭᠦᠯᠦᠨ ᠬᠠᠩᠭ᠋ᠠᠪᠠ᠃ ᠡᠭᠦᠨ᠎ᠳᠤ ᠰᠤᠷᠭ᠋ᠠᠨ ᠬᠥᠮᠦᠵᠢᠯ᠂ ᠰᠢᠨ᠎ᠡ᠎ᠪᠠᠷ ᠪᠣᠶ ᠪᠣᠯᠤᠭᠰᠠᠨ ᠠᠵᠢᠯ ᠲᠥᠷᠥᠯ᠂ ᠣᠲᠣ ᠦᠶ᠎ᠡ ᠵᠢᠨ ᠦᠢᠯᠡᠴᠢᠯᠡᠭᠡᠨ᠎ᠤ ᠦᠢᠯᠡᠰ᠂ ᠦᠢᠯᠡᠳᠬᠦ ᠦᠢᠯᠡᠰ᠂ ᠲᠠᠷᠢᠶᠠᠯᠠᠩ ᠮᠠᠯ ᠠᠵᠤ ᠠᠬᠤᠶ᠂ ᠰᠣᠶᠣᠯ ᠪᠡᠶ᠎ᠡ ᠵᠢᠨ ᠲᠠᠮᠢᠷ᠂ ᠵᠠᠮ ᠬᠠᠷᠢᠯᠴᠠᠭ᠎ᠠ ᠲᠡᠭᠡᠭᠡᠪᠦᠷᠢ᠂ ᠤᠯᠠᠮᠵᠢᠯᠠᠯᠲᠤ ᠠᠵᠢᠯ ᠲᠥᠷᠥᠯ᠂ ᠮᠡᠳᠡᠭᠡ ᠵᠠᠩᠭᠢ ᠳᠠᠮᠵᠢᠭᠤᠯᠬᠤ᠂ ᠺᠣᠮᠫᠢᠦ᠋ᠲ᠋ᠧᠷ᠎ᠤᠨ ᠦᠢᠯᠡᠴᠢᠯᠡᠭᠡ᠂ ᠲᠣᠭ᠋ᠠᠴᠢᠯᠠᠭᠰᠠᠨ ᠠᠵᠤ ᠠᠬᠤᠶ ᠵᠡᠷᠭᠡ 19 ᠠᠵᠢᠯ ᠲᠥᠷᠥᠯ᠎ᠤᠨ ᠬᠦᠷᠢᠶ᠎ᠡ ᠴᠠᠷᠠᠭ᠎ᠠ᠎ᠳᠤ ᠬᠣᠯᠪᠣᠭᠳᠠᠵᠤ᠂ ᠰᠦᠯᠵᠢᠶᠡᠨ ᠲᠡᠭᠡᠷ᠎ᠡ ᠪᠠ ᠪᠤᠳᠠᠳᠤ ᠠᠬᠤᠢ ᠵᠢᠨ ᠠᠵᠢᠯᠲᠠᠨ ᠡᠯᠰᠡᠬᠦ ᠠᠵᠢᠯᠯᠠᠭ᠎ᠠ᠎ᠳᠤ ᠣᠷᠣᠯᠴᠠᠭᠰᠠᠨ ᠠᠵᠤ ᠠᠬᠤᠶ᠋ᠢᠯᠠᠯ ᠨᠡᠶ᠋ᠢᠲᠡ 144 ᠪᠠᠶ᠋ᠢᠵᠤ᠂ 3993 ᠠᠵᠢᠯ᠎ᠤᠨ ᠪᠠᠶ᠋ᠢᠷᠢ ᠬᠠᠩᠭ᠋ᠠᠵᠤ᠂ ᠨᠡᠶ᠋ᠢᠲᠡ 9425 ᠬᠥᠮᠦᠨ ᠣᠷᠣᠯᠴᠠᠵᠠᠶ᠃