ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
《 ᠰᠠᠭ᠋ᠠᠳ ᠦᠭᠡᠢ ᠨᠡᠪᠲᠡᠷᠡᠬᠦ ᠵᠠᠮ 》 ᠵᠶ᠋ᠠᠷ ᠴᠢᠳᠠᠪᠣᠷᠢᠲᠠᠨ᠎ᠢ ᠣᠷᠣᠭᠤᠯᠤᠨ ᠠᠪᠴᠢᠷᠠᠬᠤ
ᠠᠵᠢᠯ ᠦᠢ᠍ᠯᠡᠰ᠎ᠤᠨ ᠨᠢᠭᠡᠴᠢ ᠵᠢᠨ ᠠᠵᠢᠯᠲᠠᠨ ᠤᠷᠢᠵᠤ ᠡᠯᠰᠡᠬᠦ ᠮᠡᠳᠡᠭᠡ ᠵᠠᠩᠭᠢ
ᠰᠣᠨᠢᠨ ᠮᠡᠳᠡᠭᠡ   -   ᠦᠨᠦᠳᠣᠷ᠎ᠤᠨ ᠰᠣᠨᠢᠨ ᠮᠡᠳᠡᠭᠡ
ᠥᠪᠥᠷ ᠮᠣᠩᠭᠣᠯ ᠲᠠᠷᠢᠶᠠᠯᠠᠩ ᠮᠠᠯ ᠠᠵᠤ ᠠᠬᠤᠢ᠎ᠶᠢᠨ ᠪᠣᠬᠢᠷᠲᠤᠯ ᠦᠭᠡᠢ ᠣᠷᠴᠢᠯ ᠬᠥᠭᠵᠢᠯᠲᠡ᠎ᠶᠢᠨ ᠲᠤᠰᠬᠠᠢ ᠮᠡᠷᠭᠡᠵᠢᠯᠲᠡᠨ ᠦᠨᠳᠦᠰᠦᠨ ᠱᠠᠲᠤᠨ᠎ᠳᠤ ᠦᠢᠯᠡᠴᠢᠯᠡᠬᠦ ᠠᠵᠢᠯᠯᠠᠭ᠎ᠠ ᠥᠷᠨᠢᠭᠦᠯᠵᠦ ᠪᠣᠬᠢᠷᠲᠤᠯ ᠦᠭᠡᠢ ᠬᠥᠭᠵᠢᠯᠲᠡ᠎ᠶᠢᠨ ᠰᠢᠨ᠎ᠡ ᠬᠥᠳᠡᠯᠭᠡᠬᠦ ᠬᠦᠴᠦᠨ᠎ᠢ ᠬᠥᠭᠵᠢᠭᠡᠨ᠎ᠡ
ᠨᠡᠶ᠋ᠢᠲᠡᠯᠡᠭᠰᠡᠨ ᠴᠠᠭ᠄ 2026-01-17

      ᠡᠨᠡ ᠵᠢᠯ᠎ᠦᠨ 6 ᠳ᠋ᠤᠭᠠᠷ ᠰᠠᠷ᠎ᠠ᠎ᠳᠤ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠲᠢᠩᠬᠢᠮ᠎ᠡᠴᠡ ᠭᠣᠣᠯᠯᠠᠨ ᠡᠷᠭᠢᠯᠡᠭᠰᠡᠨ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠶᠠᠮᠤᠨ᠎ᠤ ᠲᠤᠰᠬᠠᠢ ᠮᠡᠷᠭᠡᠵᠢᠯᠲᠡᠨ᠎ᠦ ᠦᠨᠳᠦᠰᠦᠨ ᠱᠠᠲᠤᠨ᠎ᠳᠤ ᠦᠢᠯᠡᠴᠢᠯᠡᠬᠦ ᠲᠥᠷᠥᠯ ᠵᠦᠢᠯ︱ᠲᠠᠷᠢᠶᠠᠯᠠᠩ ᠮᠠᠯ ᠠᠵᠤ ᠠᠬᠤᠢ᠎ᠶᠢᠨ ᠪᠣᠬᠢᠷᠲᠤᠯ ᠦᠭᠡᠢ ᠣᠷᠴᠢᠯ ᠬᠥᠭᠵᠢᠯᠲᠡ᠎ᠶᠢᠨ ᠲᠤᠰᠬᠠᠢ ᠮᠡᠷᠭᠡᠵᠢᠯᠲᠡᠨ᠎ᠦ ᠦᠨᠳᠦᠰᠦᠨ ᠱᠠᠲᠤᠨ᠎ᠳᠤ ᠦᠢᠯᠡᠴᠢᠯᠡᠬᠦ ᠠᠵᠢᠯᠯᠠᠭ᠎ᠠ ᠣᠷᠳᠣᠰ ᠬᠣᠲᠠ᠎ᠶᠢᠨ ᠲᠠᠯᠠᠳ ᠬᠣᠰᠢᠭᠤᠨ᠎ᠳᠤ ᠥᠨᠳᠥᠷᠯᠡᠪᠡ᠃ ᠡᠨᠡ ᠤᠳᠠᠭ᠎ᠠ᠎ᠶᠢᠨ ᠤᠶᠤᠨ ᠴᠢᠳᠠᠪᠤᠷᠢ᠎ᠪᠠᠷ ᠬᠦᠴᠦᠨ ᠣᠯᠭᠣᠬᠤ ᠠᠵᠢᠯᠯᠠᠭ᠎ᠠ ᠪᠣᠯ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ 《 ᠵᠠᠰᠠᠭ᠎ᠤᠨ ᠣᠷᠳᠣᠨ ᠠᠵᠤ ᠠᠬᠤᠢᠯᠠᠯ ᠳᠡᠭᠡᠳᠦ ᠰᠤᠷᠭᠠᠭᠤᠯᠢ ᠰᠢᠨᠵᠢᠯᠡᠬᠦ ᠤᠬᠠᠭᠠᠨ᠎ᠤ ᠰᠤᠳᠤᠯᠭᠠᠨ᠎ᠤ ᠪᠠᠢᠭᠤᠯᠤᠮᠵᠢ ᠬᠡᠷᠡᠭᠯᠡᠭᠡᠨ》᠎ᠢ ᠭᠦᠨᠵᠡᠭᠡᠢ ᠠᠭᠤᠰᠤᠯᠴᠠᠭᠤᠯᠤᠨ ᠮᠠᠯ ᠠᠵᠤ ᠠᠬᠤᠢ ᠲᠠᠷᠢᠶᠠᠯᠠᠩ᠎ᠤᠨ ᠬᠥᠭᠵᠢᠯᠲᠡ᠎ᠶᠢᠨ ᠪᠣᠭᠣᠮᠢ᠎ᠶᠢ ᠡᠪᠳᠡᠵᠦ᠂ ᠪᠣᠬᠢᠷᠲᠤᠯ ᠦᠭᠡᠢ ᠬᠥᠭᠵᠢᠯᠲᠡ᠎ᠶᠢᠨ ᠰᠢᠨ᠎ᠡ ᠬᠥᠳᠡᠯᠭᠡᠬᠦ ᠬᠦᠴᠦᠨ᠎ᠢ ᠬᠥᠭᠵᠢᠭᠡᠬᠦ ᠦᠢᠯᠡᠳᠦᠯᠭᠡ᠎ᠶᠢᠨ ᠰᠦᠪᠡᠭᠴᠢᠯᠡᠯᠲᠡ ᠪᠣᠯᠣᠨ᠎ᠠ᠃
      《 ᠲᠤᠷᠰᠢᠯᠲᠠ᠎ᠶᠢᠨ ᠲᠠᠰᠤᠭ᠎ᠤᠨ ᠮᠡᠷᠭᠡᠵᠢᠯ᠎ᠦᠨ ᠪᠣᠯᠵᠣᠯᠲᠤ ᠲᠣᠭ᠎ᠠ᠎ᠶᠢ ᠲᠠᠷᠢᠶᠠᠨ ᠭᠠᠵᠠᠷ᠎ᠤᠨ ᠭᠠᠷᠤᠯᠲᠠ᠎ᠶᠢ ᠨᠡᠮᠡᠭᠳᠡᠭᠦᠯᠬᠦ ᠪᠣᠳᠠᠲᠤ ᠪᠦᠲᠦᠮᠵᠢ ᠪᠣᠯᠭᠠᠬᠤ ᠬᠡᠷᠡᠭᠲᠡᠢ 》 ᠭᠡᠵᠦ ᠳᠤᠮᠳᠠᠳᠤ ᠤᠯᠤᠰ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ᠎ᠦᠨ ᠰᠤᠳᠤᠯᠤᠭ᠍ᠴᠢ ᠵᠢᠶᠠᠩ ᡁᠢ ᠶᠠᠩ ᠬᠡᠯᠡᠪᠡ᠃ ᠠᠵᠢᠯᠯᠠᠭ᠎ᠠ ᠨᠢ ᠪᠣᠬᠢᠷᠲᠤᠯ ᠦᠭᠡᠢ ᠪᠣᠷᠳᠣᠭᠤᠷ᠎ᠢ ᠰᠤᠳᠤᠯᠤᠨ ᠨᠡᠭᠡᠭᠡᠬᠦ᠂ ᠬᠠᠶᠠᠭᠳᠠᠮᠠᠯ ᠪᠣᠳᠠᠰ᠎ᠢ ᠡᠬᠢ ᠪᠠᠶᠠᠯᠢᠭ᠍ᠵᠢᠭᠤᠯᠤᠨ ᠠᠰᠢᠭ᠍ᠯᠠᠬᠤ ᠵᠡᠷᠭᠡ ᠬᠦᠷᠢᠶᠡᠨ᠎ᠳᠦ ᠠᠩᠬᠠᠷᠤᠯ᠎ᠢᠶᠠᠨ ᠲᠥᠪᠯᠡᠷᠡᠭᠦᠯᠵᠦ᠂ ᠣᠷᠣᠨ᠎ᠤ ᠳᠣᠲᠣᠷ᠎ᠠ ᠭᠠᠳᠠᠨᠠᠬᠢ 8 ᠣᠷᠣᠢᠯᠠᠭ᠍ᠴᠢ ᠲᠤᠰᠬᠠᠢ ᠮᠡᠷᠭᠡᠵᠢᠯᠲᠡᠨ᠎ᠢ ᠤᠨᠢᠨ ᠳᠡᠭᠡᠷ᠎ᠡ ᠨᠢ ᠲᠣᠬᠢᠷᠠᠭᠤᠯᠵᠤ᠂ ᠦᠢᠯᠡᠴᠢᠯᠡᠭᠡᠨ᠎ᠦ ᠬᠡᠷᠡᠭᠴᠡᠭᠡ ᠪᠣᠯᠣᠨ ᠤᠶᠤᠨ᠎ᠤ ᠬᠠᠩᠭᠠᠯᠭ᠎ᠠ᠎ᠶᠢ ᠥᠨᠳᠥᠷ ᠪᠦᠲᠦᠮᠵᠢᠲᠡᠢ ᠵᠣᠯᠭᠠᠭᠤᠯᠬᠤ᠎ᠶᠢ ᠪᠡᠶᠡᠯᠡᠭᠦᠯᠪᠡ᠃ 8 ᠲᠤᠰᠬᠠᠢ ᠮᠡᠷᠭᠡᠵᠢᠯᠲᠡᠨ᠎ᠢᠶᠡᠷ ᠪᠦᠷᠢᠯᠳᠦᠭᠰᠡᠨ ᠤᠶᠤᠨ᠎ᠤ ᠪᠦᠯᠬᠦᠮ᠎ᠦᠨ ᠬᠢᠨ ᠠᠰᠠᠭᠤᠳᠠᠯ᠎ᠢᠶᠠᠷ ᠤᠳᠤᠷᠢᠳᠤᠮᠵᠢ ᠪᠣᠯᠭᠠᠵᠤ᠂ ᠨᠢᠭᠡᠳᠦᠭᠡᠷ ᠹᠷᠣᠨᠲ᠎ᠳᠤ ᠭᠦᠨᠵᠡᠭᠡᠢᠷᠡᠨ ᠠᠷᠭ᠎ᠠ ᠪᠣᠳᠣᠯᠭ᠎ᠠ ᠬᠡᠷᠡᠭᠵᠢᠭᠦᠯᠵᠦ᠂ 10 ᠠᠵᠤ ᠠᠬᠤᠢᠯᠠᠯ ᠠᠵᠢᠯ ᠦᠢᠯᠡᠰ᠎ᠦᠨ ᠨᠢᠭᠡᠴᠢ᠎ᠶᠢ ᠬᠠᠮᠤᠷᠴᠤ᠂ ᠡᠯ᠎ᠡ ᠲᠦᠷᠦᠯ᠎ᠦᠨ ᠤᠨᠢᠨ ᠳᠡᠭᠡᠷ᠎ᠡ ᠨᠢ ᠦᠢᠯᠡᠴᠢᠯᠡᠬᠦ ᠠᠵᠢᠯᠯᠠᠭ᠎ᠠ᠎ᠶᠢ 15 ᠤᠳᠠᠭ᠎ᠠ ᠥᠷᠨᠢᠭᠦᠯᠵᠡᠢ᠃
      《 ᠥᠩᠭᠡᠷᠡᠭᠰᠡᠨ᠎ᠳᠦ ᠣᠪᠣᠭᠠᠯᠠᠭᠰᠠᠨ ᠪᠣᠷᠳᠣᠭᠤᠷ ᠶᠡᠷᠦ ᠨᠢ ᠪᠠᠷᠢᠮᠵᠢᠶ᠎ᠠ᠎ᠳᠤ ᠬᠦᠷᠬᠦ ᠦᠭᠡᠢ ᠪᠠᠢᠵᠠᠢ᠂ ᠣᠳᠣ᠌ ᠲᠤᠰᠬᠠᠢ ᠮᠡᠷᠭᠡᠵᠢᠯᠲᠡᠨ᠎ᠡᠴᠡ ᠮᠡᠷᠭᠡᠵᠢᠯ ᠰᠤᠷᠴᠤ᠂ ᠥᠪᠡᠷ᠎ᠦᠨ ᠥᠷᠲᠡᠭ ᠪᠠᠭᠤᠷᠠᠵᠤ᠂ ᠪᠣᠷᠳᠣᠭᠤᠷ ᠨᠢ ᠪᠠᠰᠠ ᠪᠣᠷᠣᠯᠠᠭᠤᠯᠭ᠎ᠠ ᠰᠠᠢᠲᠠᠢ ᠪᠠᠷᠠᠭ᠎ᠠ ᠪᠣᠯᠵᠠᠢ 》 ᠭᠡᠵᠦ ᠪᠣᠯᠪᠠᠰᠤᠷᠠᠯ᠎ᠳᠤ ᠣᠷᠣᠯᠴᠠᠭᠰᠠᠨ ᠲᠠᠷᠢᠮᠠᠯ᠎ᠤᠨ ᠲᠣᠮᠣ᠌ ᠡᠷᠦᠬᠡ ᠵᠠᠩ ᠵᠢᠶᠠᠨ ᠵᠢᠶᠦ᠋ᠨ ᠪᠠᠶᠠᠷ ᠪᠠᠬᠠᠳᠤᠯ᠎ᠢᠶᠠᠨ ᠳᠠᠷᠤᠵᠤ ᠶᠠᠳᠠᠨ ᠶᠠᠷᠢᠵᠤ ᠪᠠᠢᠯ᠎ᠠ᠃ ᠲᠤᠰᠬᠠᠢ ᠮᠡᠷᠭᠡᠵᠢᠯᠲᠡᠨ᠎ᠦ ᠪᠦᠯᠬᠦᠮ᠎ᠦᠨ ᠬᠢᠨ ᠦᠢᠯᠡᠳᠪᠦᠷᠢ᠎ᠶᠢᠨ ᠲᠠᠰᠤᠭ᠎ᠲᠤ ᠬᠦᠷᠴᠦ ᠤᠷ᠎ᠠ ᠮᠡᠷᠭᠡᠵᠢᠯ᠎ᠦᠨ ᠰᠠᠢᠵᠢᠷᠠᠭᠤᠯᠤᠯᠲᠠ᠎ᠶᠢ ᠵᠢᠯᠤᠭᠣᠳᠴᠤ᠂ ᠲᠠᠷᠢᠶᠠᠨ ᠭᠠᠵᠠᠷ᠎ᠲᠤ ᠬᠦᠷᠴᠦ ᠮᠡᠷᠭᠡᠵᠢᠯ᠎ᠦᠨ ᠵᠢᠱ᠌ᠢᠶ᠎ᠡ ᠦᠵᠡᠭᠦᠯᠬᠦ ᠠᠵᠢᠯᠯᠠᠭ᠎ᠠ ᠥᠷᠨᠢᠭᠦᠯᠵᠦ᠂ ᠲᠤᠬᠠᠢ᠎ᠶᠢᠨ ᠲᠠᠯᠠᠪᠠᠢ᠎ᠳᠤ ᠨᠡᠢ᠍ᠢᠲᠡ 7 ᠤᠳᠠᠭ᠎ᠠ ᠵᠢᠯᠤᠭᠣᠳᠴᠤ᠂ 8 ᠤᠳᠠᠭ᠎ᠠ ᠲᠤᠰᠬᠠᠢ ᠰᠡᠳᠦᠪᠲᠦ ᠲᠠᠢᠯᠤᠮᠵᠢ ᠥᠷᠨᠢᠭᠦᠯᠵᠦ᠂ 15 ᠮᠡᠷᠭᠡᠵᠢᠯ᠎ᠦᠨ ᠬᠦᠴᠢᠷ ᠠᠰᠠᠭᠤᠳᠠᠯ᠎ᠢ ᠰᠢᠢᠳᠪᠦᠷᠢᠯᠡᠵᠦ᠂ 2 ᠭᠣᠣᠯᠳᠠᠯᠭ᠎ᠠ᠎ᠲᠠᠢ ᠰᠢᠨᠵᠢᠯᠡᠬᠦ ᠤᠬᠠᠭᠠᠨ᠎ᠤ ᠰᠤᠳᠤᠯᠭᠠᠨ᠎ᠤ ᠲᠦᠷᠦᠯ ᠵᠦᠢᠯ᠎ᠢ ᠳᠠᠢ᠍ᠢᠴᠢᠯᠠᠵᠤ᠂ ᠣᠷᠣᠢᠯᠠᠭᠰᠠᠨ ᠤᠶᠤᠨ ᠴᠢᠳᠠᠪᠤᠷᠢ᠎ᠶᠢ ᠠᠵᠤ ᠦᠢᠯᠡᠰ᠎ᠦᠨ ᠳᠡᠰ ᠳᠡᠪᠰᠢᠬᠦ᠎ᠶᠢ ᠠᠬᠢᠭᠤᠯᠬᠤ 《 ᠬᠠᠲᠠᠭᠤ ᠴᠥᠮ᠎ᠡ᠎ᠶᠢᠨ ᠬᠦᠴᠦᠨ 》 ᠪᠣᠯᠭᠠᠨ ᠬᠤᠪᠢᠷᠠᠭᠤᠯᠵᠠᠢ᠃ ᠠᠵᠢᠯᠯᠠᠭ᠎ᠠ ᠨᠢ ᠦᠨᠳᠦᠰᠦᠨ ᠱᠠᠲᠤᠨ᠎ᠤ ᠬᠡᠷᠡᠭᠴᠡᠭᠡ ᠱᠠᠭᠠᠷᠳᠠᠯᠭ᠎ᠠ᠎ᠶᠢ ᠣᠨᠣᠪᠴᠢᠲᠠᠶ ᠵᠣᠯᠭᠠᠭᠤᠯᠵᠤ᠂ ᠦᠨᠳᠦᠰᠦᠨ ᠱᠠᠲᠤᠨ᠎ᠤ ᠲᠤᠰᠬᠠᠢ ᠮᠡᠷᠭᠡᠵᠢᠯ᠎ᠦᠨ ᠠᠵᠢᠯᠲᠠᠨ᠎ᠢ ᠨᠡᠶ᠋ᠢᠲᠡ 200 ᠬᠥᠮᠥᠨ ᠤᠳᠠᠭ᠎ᠠ ᠪᠣᠯᠪᠠᠰᠤᠷᠠᠭᠤᠯᠵᠤ᠂ 300 ᠭᠠᠷᠤᠢ ᠮᠠᠯᠴᠢᠨ ᠲᠠᠷᠢᠶᠠᠴᠢᠨ ᠡᠷᠦᠬᠡ᠎ᠶᠢ ᠨᠥᠯᠥᠭᠡᠯᠡᠨ ᠳᠠᠶ᠋ᠢᠴᠢᠯᠠᠵᠤ᠂ ᠮᠡᠷᠭᠡᠵᠢᠯ᠎ᠢ ᠬᠡᠷᠡᠭᠯᠡᠭᠰᠡᠨ ᠨᠣᠷᠮ᠎ᠠ ᠨᠢ 60% ᠶ᠋ᠢ ᠳᠠᠪᠠᠵᠤ᠂ 600 ᠬᠥᠮᠥᠨ᠎ᠳᠦ ᠰᠢᠭᠤᠳ ᠠᠰᠢᠭ᠋ ᠬᠦᠷᠲᠡᠭᠡᠪᠡ᠃
      ᠣᠢᠷ᠎ᠠ᠎ᠶᠢᠨ ᠵᠢᠯ᠎ᠡᠴᠡ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ ᠡᠯ᠎ᠡ ᠲᠦᠷᠦᠯ᠎ᠦᠨ ᠲᠤᠰᠬᠠᠢ ᠮᠡᠷᠭᠡᠵᠢᠯᠲᠡᠨ ᠲᠤᠰᠬᠠᠢ ᠮᠡᠷᠭᠡᠵᠢᠯ᠎ᠦᠨ ᠳᠠᠪᠠᠭᠤᠯᠢᠭ᠋᠎ᠢᠶᠠᠨ ᠪᠠᠳᠠᠷᠠᠭᠤᠯᠵᠤ᠂ ᠨᠡᠢ᠍ᠢᠳᠡ 330 ᠭᠠᠷᠤᠢ ᠬᠤᠭᠤᠴᠠᠭᠠᠨ᠎ᠤ ᠲᠤᠰᠬᠠᠢ ᠮᠡᠷᠭᠡᠵᠢᠯᠲᠡᠨ᠎ᠦ ᠦᠨᠳᠦᠰᠦᠨ ᠱᠠᠲᠤᠨ᠎ᠳᠤ ᠪᠠᠭᠤᠵᠤ ᠦᠢᠯᠡᠴᠢᠯᠡᠬᠦ ᠠᠵᠢᠯᠯᠠᠭ᠎ᠠ᠎ᠶᠢ ᠥᠷᠨᠢᠭᠦᠯᠵᠦ᠂ 2000 ᠭᠠᠷᠤᠢ ᠳᠡᠭᠡᠳᠦ ᠲᠡᠰ ᠳᠠᠪᠬᠤᠷᠭ᠎ᠠ᠎ᠶᠢᠨ ᠲᠤᠰᠬᠠᠢ ᠮᠡᠷᠭᠡᠵᠢᠯᠲᠡᠨ ᠦᠨᠳᠦᠰᠦᠨ ᠱᠠᠲᠤᠨ᠎ᠳᠤ ᠭᠦᠨᠵᠡᠭᠡᠢᠷᠡᠵᠦ᠂ ᠪᠤᠢ ᠪᠦᠬᠦᠢ ᠠᠢᠮᠠᠭ ᠬᠤᠳᠠ ᠵᠢᠴᠢ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠭᠣᠣᠯᠳᠠᠯᠭ᠎ᠠ᠎ᠲᠠᠢ ᠬᠠᠪᠰᠤᠷᠤᠨ ᠲᠡᠳᠬᠦᠬᠦ ᠰᠢᠶᠠᠨ᠎ᠢ ᠪᠦᠬᠦᠨ᠎ᠢ ᠪᠦᠷᠬᠦᠭᠦᠯᠬᠦ᠎ᠶᠢ ᠪᠡᠶᠡᠯᠡᠭᠦᠯᠵᠡᠢ᠃ ᠲᠤᠰᠬᠠᠢ ᠮᠡᠷᠭᠡᠵᠢᠯᠲᠡᠨ᠎ᠦ ᠦᠨᠳᠦᠰᠦᠨ ᠱᠠᠲᠤᠨ᠎ᠳᠤ ᠦᠢᠯᠡᠴᠢᠯᠡᠬᠦ᠎ᠶᠢ ᠪᠠᠢᠩᠭᠤᠵᠢᠭᠤᠯᠬᠤ᠂ ᠣᠷᠳᠣ᠌ ᠬᠤᠭᠤᠴᠠᠭᠠᠨ᠎ᠤ ᠪᠦᠲᠦᠮᠵᠢᠲᠡᠶ ᠪᠣᠯᠭᠠᠬᠤ᠎ᠶᠢ ᠠᠬᠢᠭᠤᠯᠬᠤ᠎ᠶᠢᠨ ᠲᠥᠯᠥᠭᠡ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ ᠴᠢᠳᠠᠪᠤᠷᠢᠲᠠᠨ᠎ᠢ ᠳᠣᠷᠣᠭ᠍ᠰᠢ ᠪᠠᠭᠤᠯᠭᠠᠬᠤ᠎ᠳᠤ 《 ᠲᠥᠷᠥ᠎ᠶᠢᠨ ᠪᠣᠳᠣᠯᠭ᠎ᠠ᠎ᠶᠢᠨ ᠬᠥᠭᠥᠷᠭᠡ 》 ᠪᠠᠢᠭᠤᠯᠵᠤ᠂ ᠬᠣᠲᠠ᠎ᠶᠢᠨ ᠳᠤᠮᠳᠠᠳᠤ ᠪᠠᠭ᠎ᠠ ᠰᠤᠷᠭᠠᠭᠤᠯᠢ᠎ᠶᠢᠨ ᠪᠠᠭ᠍ᠰᠢ᠂ ᠡᠮᠴᠢ ᠨᠠᠷ ᠳᠡᠭᠡᠳᠦ ᠵᠡᠷᠭᠡ᠎ᠶᠢᠨ ᠮᠡᠷᠭᠡᠵᠢᠯ᠎ᠦᠨ ᠴᠣᠯᠠ ᠳᠡᠪᠰᠢᠭᠦᠯᠬᠦ᠎ᠳᠡᠭᠡᠨ ᠵᠠᠷᠴᠢᠮ ᠳᠡᠭᠡᠷ᠎ᠡ᠎ᠪᠡᠨ ᠮᠠᠯᠵᠢᠬᠤ ᠲᠠᠷᠢᠶᠠᠯᠠᠬᠤ ᠣᠷᠣᠨ᠎ᠤ ᠦᠨᠳᠦᠰᠦᠨ ᠱᠠᠲᠤᠨ᠎ᠳᠤ 1 ᠵᠢᠯ᠎ᠡᠴᠡ ᠳᠡᠭᠡᠭᠰᠢ ᠦᠢᠯᠡᠴᠢᠯᠡᠭᠰᠡᠨ ᠥᠩᠭᠡᠷᠡᠯᠲᠡ᠎ᠲᠠᠢ ᠪᠠᠢᠬᠤ ᠬᠡᠷᠡᠭᠲᠡᠢ ; ᠬᠣᠲᠠ᠎ᠶᠢᠨ ᠲᠤᠰᠬᠠᠢ ᠮᠡᠷᠭᠡᠵᠢᠯ᠎ᠦᠨ ᠴᠢᠳᠠᠪᠤᠷᠢᠲᠠᠨ᠎ᠤ ᠲᠤᠬᠠᠢ᠎ᠶᠢᠨ ᠵᠢᠯ᠎ᠳᠦ ᠰᠤᠮᠤ ᠰᠢᠶᠠᠩ ᠪᠠᠯᠭᠠᠰᠤ᠂ ᠭᠠᠴᠠᠭ᠎ᠠ ᠲᠣᠰᠬᠣᠨ᠎ᠳᠤ ᠦᠢᠯᠡᠴᠢᠯᠡᠬᠦ ᠴᠠᠭ ᠨᠢ 3 ᠰᠠᠷ᠎ᠠ᠎ᠠᠴᠠ ᠳᠡᠭᠡᠭᠰᠢ ᠪᠣᠯᠤᠭᠰᠠᠨ ᠪᠠᠢᠪᠠᠯ᠂ ᠮᠡᠷᠭᠡᠵᠢᠯ᠎ᠦᠨ ᠴᠣᠯᠠ ᠭᠤᠶᠤᠴᠢᠯᠠᠨ ᠮᠡᠳᠡᠭᠦᠯᠪᠡᠯ ᠲᠤᠬᠠᠢ᠎ᠶᠢᠨ ᠵᠢᠯ᠎ᠦᠨ ᠦᠷᠭᠦᠯᠵᠢᠯᠡᠨ ᠰᠤᠷᠭᠠᠨ ᠬᠥᠮᠥᠵᠢᠭᠦᠯᠬᠦ ᠤᠬᠠᠭᠠᠨ᠎ᠤ ᠦᠶ᠎ᠡ᠎ᠶᠢᠨ ᠱᠠᠭᠠᠷᠳᠠᠯᠭ᠎ᠠ᠎ᠶᠢ ᠬᠡᠯᠲᠦᠷᠢᠭᠦᠯᠵᠦ ᠪᠣᠯᠣᠨ᠎ᠠ ; ᠣᠲᠣ᠌᠎ᠶᠢᠨ ᠪᠠᠢᠭ᠎ᠠ ᠮᠡᠷᠭᠡᠵᠢᠯ᠎ᠦᠨ ᠴᠣᠯᠠ ᠣᠯᠣᠭᠰᠠᠨ᠎ᠤ ᠳᠠᠷᠠᠭ᠎ᠠ᠂ ᠰᠤᠮᠤ ᠰᠢᠶᠠᠩ ᠪᠠᠯᠭᠠᠰᠤ᠂ ᠭᠠᠴᠠᠭ᠎ᠠ ᠲᠣᠰᠬᠣᠨ᠎ᠳᠤ ᠦᠢᠯᠡᠴᠢᠯᠡᠭᠰᠡᠨ ᠵᠢᠯ ᠬᠤᠭᠤᠴᠠᠭ᠎ᠠ ᠨᠢ ᠨᠡᠶ᠋ᠢᠲᠡ 3 ᠵᠢᠯ᠎ᠡᠴᠡ ᠳᠡᠭᠡᠭᠰᠢ ᠪᠣᠯᠤᠭᠰᠠᠨ ᠪᠥᠭᠡᠳ ᠲᠣᠪᠣᠢᠮ᠎ᠠ ᠬᠤᠪᠢ ᠨᠡᠮᠡᠷᠢ ᠦᠵᠡᠭᠦᠯᠦᠭᠰᠡᠨ ᠪᠠᠢᠪᠠᠯ᠂ ᠨᠢᠭᠡ ᠵᠢᠯ ᠤᠷᠢᠳᠴᠢᠯᠠᠨ ᠳᠡᠭᠡᠳᠦ ᠨᠢᠭᠡ ᠳᠡᠰ᠎ᠤᠨ ᠮᠡᠷᠭᠡᠵᠢᠯ᠎ᠦᠨ ᠴᠣᠯᠠ᠎ᠳᠤ ᠰᠢᠯᠭᠠᠷᠠᠭᠤᠯᠬᠤ᠎ᠳᠤ ᠣᠷᠣᠯᠴᠠᠵᠤ ᠪᠣᠯᠣᠨ᠎ᠠ᠃ ᠥᠪᠥᠷ ᠮᠣᠩᠭᠣᠯ 《 ᠲᠤᠰᠬᠠᠢ ᠮᠡᠷᠭᠡᠵᠢᠯᠲᠡᠨ᠎ᠢᠶᠡᠷ ᠵᠠᠮᠴᠢᠯᠠᠭᠤᠯᠬᠤ᠂ ᠣᠶᠤᠨ ᠤᠬᠠᠭᠠᠨ᠎ᠢᠶᠠᠷ ᠤᠮᠠᠷᠠᠲᠤ ᠬᠢᠯᠢ᠎ᠳᠦ ᠠᠰᠢᠭ᠋ ᠬᠦᠷᠲᠡᠭᠡᠬᠦ 》 ᠲᠤᠰᠬᠠᠢ ᠮᠡᠷᠭᠡᠵᠢᠯᠲᠡᠨ᠎ᠦ ᠦᠢᠯᠡᠴᠢᠯᠡᠭᠡᠨ᠎ᠦ ᠨᠠᠷᠠᠲᠤ ᠲᠥᠷᠥᠯ ᠲᠡᠮᠳᠡᠭ᠎ᠢ ᠤᠯᠠᠮ ᠨᠢᠭᠡ ᠠᠯᠬᠤᠮ ᠪᠣᠶ ᠪᠣᠯᠭᠠᠵᠤ᠂ ᠲᠤᠰᠬᠠᠢ ᠮᠡᠷᠭᠡᠵᠢᠯᠲᠡᠨ᠎ᠦ ᠦᠨᠳᠦᠰᠦᠨ ᠱᠠᠲᠤᠨ᠎ᠳᠤ ᠦᠢᠯᠡᠴᠢᠯᠡᠬᠦ ᠣᠷᠳᠣ᠌ ᠬᠤᠭᠤᠴᠠᠭᠠᠨ᠎ᠤ ᠪᠦᠲᠦᠮᠵᠢᠲᠡᠶ ᠲᠣᠭᠲᠠᠴᠠ᠎ᠶᠢ ᠲᠡᠭᠦᠯᠳᠡᠷᠵᠢᠭᠦᠯᠦᠨ᠂ ᠣᠷᠣᠢᠯᠠᠭᠰᠠᠨ ᠣᠶᠤᠨ᠎ᠤ ᠡᠬᠢ ᠪᠠᠶᠠᠯᠢᠭ᠋᠎ᠢ ᠲᠠᠯ᠎ᠠ ᠨᠤᠲᠤᠭ᠎ᠤᠨ ᠥᠩ ᠰᠢᠮᠡᠯᠢᠭ ᠬᠥᠷᠥᠰᠥᠨ᠎ᠳᠦ ᠦᠨᠳᠦᠰᠦᠯᠡᠭᠦᠯᠬᠦ᠎ᠪᠡᠷ ᠪᠣᠶ᠃

ᠢᠷᠡᠯᠲᠡ᠄ ᠥᠪᠡᠷᠲᠡᠭᠡᠨ ᠵᠠᠰᠠᠬᠤ ᠣᠷᠣᠨ᠎ᠤ ᠬᠥᠮᠦᠨ᠎ᠦ ᠬᠦᠴᠦᠨ᠎ᠦ ᠡᠬᠢ ᠪᠠᠶᠠᠯᠢᠭ᠋ ᠪᠠ ᠨᠡᠶ᠋ᠢᠭᠡᠮ᠎ᠦᠨ ᠪᠠᠲᠤᠯᠠᠭ᠎ᠠ᠎ᠶᠢᠨ ᠲᠢᠩᠬᠢᠮ
          
ᠬᠠᠮᠢᠶ᠎ᠡ ᠪᠦᠬᠦᠢ ᠰᠣᠨᠢᠨ
 
            