ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
《 ᠰᠠᠭ᠋ᠠᠳ ᠦᠭᠡᠢ ᠨᠡᠪᠲᠡᠷᠡᠬᠦ ᠵᠠᠮ 》 ᠵᠶ᠋ᠠᠷ ᠴᠢᠳᠠᠪᠣᠷᠢᠲᠠᠨ᠎ᠢ ᠣᠷᠣᠭᠤᠯᠤᠨ ᠠᠪᠴᠢᠷᠠᠬᠤ
ᠠᠵᠢᠯ ᠦᠢ᠍ᠯᠡᠰ᠎ᠤᠨ ᠨᠢᠭᠡᠴᠢ ᠵᠢᠨ ᠠᠵᠢᠯᠲᠠᠨ ᠤᠷᠢᠵᠤ ᠡᠯᠰᠡᠬᠦ ᠮᠡᠳᠡᠭᠡ ᠵᠠᠩᠭᠢ
ᠰᠣᠨᠢᠨ ᠮᠡᠳᠡᠭᠡ   -   ᠦᠨᠦᠳᠣᠷ᠎ᠤᠨ ᠰᠣᠨᠢᠨ ᠮᠡᠳᠡᠭᠡ
ᠸᠠᠩ ᠸᠧᠢ ᠵᠦᠩ ᠪᠤᠭᠤᠲᠤ ᠬᠤᠳᠠ᠎ᠳᠤ ᠪᠠᠢᠴᠠᠭᠠᠨ ᠰᠤᠳᠤᠯᠤᠯᠲᠠ ᠬᠢᠬᠦ᠎ᠳᠡᠭᠡᠨ ᠴᠢᠬᠤᠯᠠᠴᠢᠯᠠᠭᠰᠠᠨ ᠨᠢ ᠶᠡᠷᠦᠩᠬᠡᠢ ᠱᠦᠵᠢ ᠰᠢ᠎ᠵᠢᠨ᠎ᠫᠢᠩ᠎ᠦᠨ ᠴᠢᠬᠤᠯᠠ ᠵᠢᠭᠠᠪᠤᠷᠢ᠎ᠶᠢᠨ ᠵᠣᠷᠢᠭ᠋ ᠰᠠᠨᠠᠭ᠎ᠠ᠎ᠶᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ 《 ᠠᠷᠪᠠᠨ ᠲᠠᠪᠤᠳᠤᠭᠠᠷ ᠲᠠᠪᠤᠨ ᠵᠢᠯ 》᠎ᠤᠨ ᠰᠠᠢᠨ ᠰᠠᠢᠬᠠᠨ ᠡᠬᠢᠯᠡᠯᠲᠡ᠎ᠶᠢ ᠴᠢᠷᠮᠠᠢᠨ ᠪᠡᠶᠡᠯᠡᠭᠦᠯᠬᠦ ᠬᠡᠷᠡᠭᠲᠡᠢ
ᠨᠡᠶ᠋ᠢᠲᠡᠯᠡᠭᠰᠡᠨ ᠴᠠᠭ᠄ 2026-01-20

      1 ᠳ᠋ᠦ᠍ᠭᠡᠷ ᠰᠠᠷ᠎ᠠ᠎ᠶᠢᠨ 5᠎ᠤ ᠡᠳᠦᠷ᠎ᠡᠴᠡ 6᠎ᠤ ᠡᠳᠦᠷ ᠪᠣᠯᠲᠠᠯ᠎ᠠ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠱᠦᠵᠢ᠂ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶ᠎ᠠ᠎ᠶᠢᠨ ᠡᠷᠬᠢᠯᠡᠭᠴᠢ ᠸᠠᠩ ᠸᠧᠢ ᠵᠥᠩ ᠪᠤᠭᠤᠲᠤ ᠬᠣᠲᠠ᠎ᠳᠤ ᠪᠠᠢᠴᠠᠭᠠᠨ ᠰᠤᠳᠤᠯᠤᠯᠲᠠ ᠬᠢᠪᠡ ᠃ ᠲᠡᠷᠡ᠂ ᠰᠢᠨ᠎ᠡ ᠨᠢᠭᠡ ᠵᠢᠯ᠎ᠳᠦ ᠪᠤᠭᠤᠲᠤ ᠬᠤᠳᠠ᠎ᠶᠢᠨ ᠬᠢᠨ ᠲᠥᠪ᠎ᠦᠨ ᠠᠵᠤ ᠠᠬᠤᠢ᠎ᠶᠢᠨ ᠠᠵᠢᠯ᠎ᠤᠨ ᠬᠤᠷᠠᠯ ᠪᠣᠯᠣᠨ ᠶᠡᠷᠦᠩᠬᠡᠢ ᠱᠦᠵᠢ ᠰᠢ᠎ᠵᠢᠨ᠎ᠫᠢᠩ᠎ᠦᠨ ᠥᠪᠥᠷ ᠮᠣᠩᠭᠣᠯ᠎ᠳᠤ ᠲᠠᠯᠪᠢᠭ᠍ᠰᠠᠨ ᠰᠢᠷᠢᠰ ᠴᠢᠬᠤᠯᠠ ᠶᠠᠷᠢᠶ᠎ᠠ ᠴᠢᠬᠤᠯᠠ ᠵᠢᠭᠠᠪᠤᠷᠢ᠎ᠶᠢᠨ ᠵᠣᠷᠢᠭ᠋ ᠰᠠᠨᠠᠭ᠎ᠠ᠎ᠶᠢ ᠪᠦᠬᠦ ᠲᠠᠯ᠎ᠠ᠎ᠪᠠᠷ ᠲᠤᠭᠤᠰᠢᠯᠠᠭᠤᠯᠵᠤ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ 《1571》 ᠠᠵᠢᠯ᠎ᠤᠨ ᠪᠠᠢᠷᠢᠯᠠᠭᠤᠯᠤᠯᠲᠠ᠎ᠶᠢ ᠨᠠᠷᠢᠨ ᠬᠢᠨᠠᠮᠠᠭᠠᠢ ᠨᠠᠢᠳᠠᠪᠤᠷᠢᠵᠢᠭᠤᠯᠵᠤ᠂ ᠴᠠᠭ ᠮᠥᠴᠡ ᠲᠠᠢ ᠤᠷᠤᠯᠳᠤᠬᠤ ᠲᠤᠯᠭᠠᠮ ᠰᠡᠳᠬᠢᠯᠭᠡ᠎ᠪᠡᠷ ᠠᠵᠤ ᠠᠬᠤᠢ ᠨᠡᠢᠭᠡᠮ᠎ᠦᠨ ᠬᠥᠭᠵᠢᠯᠲᠡ᠎ᠶᠢᠨ ᠡᠯ᠎ᠡ ᠵᠦᠢᠯ᠎ᠦᠨ ᠠᠵᠢᠯ᠎ᠢ ᠰᠠᠢᠲᠤᠷ ᠬᠢᠵᠦ᠂ 《 ᠠᠷᠪᠠᠨ ᠲᠠᠪᠤᠳᠤᠭᠠᠷ ᠲᠠᠪᠤᠨ ᠵᠢᠯ 》᠎ᠤᠨ ᠰᠠᠢᠨ ᠰᠠᠢᠬᠠᠨ ᠡᠬᠢᠯᠡᠯᠲᠡ᠎ᠶᠢ ᠴᠢᠷᠮᠠᠢᠨ ᠪᠡᠶᠡᠯᠡᠭᠦᠯᠬᠦ ᠬᠡᠷᠡᠭᠲᠡᠢ ᠭᠡᠵᠦ ᠴᠢᠬᠤᠯᠠᠴᠢᠯᠠᠪᠠ᠃
      1 ᠳ᠋ᠦ᠍ᠭᠡᠷ ᠰᠠᠷ᠎ᠠ᠎ᠶᠢᠨ 6᠎ᠤ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠱᠦᠵᠢ᠂ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶ᠎ᠠ᠎ᠶᠢᠨ ᠡᠷᠬᠢᠯᠡᠭᠴᠢ ᠸᠠᠩ ᠸᠧᠢ ᠵᠥᠩ ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤ᠎ᠠᠴᠠ ᠪᠤᠭᠤᠲᠤ ᠬᠣᠲᠠ᠎ᠶᠢᠨ ᠲᠣᠭᠣᠷᠢᠭ᠋ ᠬᠦᠷᠲᠡᠯᠡᠬᠢ ᠪᠣᠬᠢᠷᠳᠤᠯ ᠦᠭᠡᠢ ᠤᠰᠤᠲᠥ᠋ᠷᠥᠭᠴᠢ ᠳᠠᠮᠵᠢᠭᠤᠯᠬᠤ ᠣᠷᠳᠣ᠌ ᠬᠣᠭᠣᠯᠠᠢ᠎ᠶᠢᠨ ᠢᠨᠵᠧᠨᠧᠷᠢᠩ᠎ᠦᠨ ᠲᠥᠷᠥᠯ ᠵᠦᠢᠯ᠎ᠦᠨ ᠲᠤᠬᠠᠢ᠎ᠶᠢᠨ ᠲᠠᠯᠠᠪᠤᠷ᠎ᠲᠤ ᠬᠦᠷᠴᠦ᠂ ᠲᠥᠷᠥᠯ ᠵᠦᠢᠯ᠎ᠦᠨ ᠲᠥᠯᠦᠪᠵᠢᠭᠦᠯᠭᠡ᠂ ᠪᠦᠲᠦᠭᠡᠨ ᠪᠠᠢᠭᠤᠯᠤᠯᠲᠠ ᠵᠢᠴᠢ ᠡᠵᠡᠩᠨᠡᠯᠲᠡ ᠵᠡᠷᠭᠡ ᠪᠠᠢᠳᠠᠯ᠎ᠤᠨ ᠲᠠᠨᠢᠯᠴᠠᠭᠤᠯᠭ᠎ᠠ᠎ᠶᠢ ᠨᠠᠷᠢᠨ ᠬᠢᠨᠠᠮᠠᠭᠠᠢ ᠰᠣᠨᠣᠰᠪᠠ᠃ ᠲᠠᠯ᠎ᠠ ᠨᠤᠲᠤᠭ᠎ᠤᠨ ᠡᠭᠦᠯᠡ · ᠥᠪᠥᠷ ᠮᠣᠩᠭᠣᠯ᠎ᠤᠨ ᠰᠣᠨᠢᠨ ᠮᠡᠳᠡᠭᠡᠨ᠎ᠦ ᠰᠦᠯᠵᠢᠶ᠎ᠡ᠎ᠶᠢᠨ ᠰᠤᠷᠪᠤᠯᠵᠢᠯᠠᠭ᠍ᠴᠢ ᠮᠠ ᠵᠢᠶᠠᠨ ᠪᠢᠩ ᠰᠡᠭᠦᠳᠡᠷᠯᠡᠪᠡ
      1 ᠳ᠋ᠦ᠍ᠭᠡᠷ ᠰᠠᠷ᠎ᠠ᠎ᠶᠢᠨ 6᠎ᠤ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠱᠦᠵᠢ᠂ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶ᠎ᠠ᠎ᠶᠢᠨ ᠡᠷᠬᠢᠯᠡᠭᠴᠢ ᠸᠠᠩ ᠸᠧᠢ ᠵᠥᠩ ᠪᠥᠸᠧ ᠬᠠᠨ ᠰᠢᠨ᠎ᠡ ᠡᠨᠧᠷᠭᠢ᠎ᠶᠢᠨ ᠰᠢᠨᠵᠢᠯᠡᠬᠦ ᠤᠬᠠᠭᠠᠨ ᠮᠡᠷᠭᠡᠵᠢᠯ᠎ᠦᠨ ᠬᠢᠵᠠᠭᠠᠷᠲᠤ ᠺᠣᠮᠫᠠᠨᠢ᠎ᠶᠢᠨ ᠡᠨᠧᠷᠭᠢ ᠬᠠᠳᠠᠭᠠᠯᠠᠬᠤ ᠵᠢᠱ᠌ᠢᠶ᠎ᠡ ᠦᠵᠡᠭᠦᠯᠬᠦ ᠲᠥᠷᠥᠯ ᠵᠦᠢᠯ᠎ᠦᠨ ᠲᠣᠭᠣᠷᠢᠭ᠋᠎ᠲᠤ ᠲᠥᠷᠥᠯ ᠵᠦᠢᠯ᠎ᠦᠨ ᠠᠵᠢᠯᠯᠠᠭᠠᠨ᠎ᠤ ᠪᠠᠢᠳᠠᠯ ᠪᠠ ᠲᠣᠨᠣᠭ ᠲᠥᠬᠦᠭᠡᠷᠦᠮᠵᠢ᠎ᠶᠢᠨ ᠦᠵᠡᠭᠦᠯᠭᠡ᠎ᠶᠢ ᠨᠠᠷᠢᠨ ᠬᠢᠨᠠᠮᠠᠭᠠᠢ ᠪᠠᠢᠴᠠᠭᠠᠨ ᠦᠵᠡᠵᠦ᠂ ᠠᠵᠤ ᠦᠢᠯᠡᠰ᠎ᠦᠨ ᠬᠥᠭᠵᠢᠯᠲᠡ᠎ᠶᠢᠨ ᠢᠷᠡᠭᠡᠳᠦᠢ᠎ᠶᠢ ᠨᠠᠷᠢᠨ ᠣᠢᠯᠠᠭᠠᠪᠠ᠃ ᠲᠠᠯ᠎ᠠ ᠨᠤᠲᠤᠭ᠎ᠤᠨ ᠡᠭᠦᠯᠡ · ᠥᠪᠥᠷ ᠮᠣᠩᠭᠣᠯ᠎ᠤᠨ ᠰᠣᠨᠢᠨ ᠮᠡᠳᠡᠭᠡᠨ᠎ᠦ ᠰᠦᠯᠵᠢᠶ᠎ᠡ᠎ᠶᠢᠨ ᠰᠤᠷᠪᠤᠯᠵᠢᠯᠠᠭ᠍ᠴᠢ ᠮᠠ ᠵᠢᠶᠠᠨ ᠪᠢᠩ ᠰᠡᠭᠦᠳᠡᠷᠯᠡᠪᠡ
      ᠬᠥᠬᠡᠭᠡ ᠡᠪᠦᠯ᠎ᠦᠨ ᠤᠯᠠᠷᠢᠯ᠎ᠳᠤ᠂ ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤ᠎ᠠᠴᠠ ᠪᠤᠭᠤᠲᠤ ᠬᠤᠳᠠ᠎ᠶᠢᠨ ᠲᠣᠭᠣᠷᠢᠭ᠋ ᠬᠦᠷᠲᠡᠯᠡᠬᠢ ᠪᠣᠬᠢᠷᠳᠤᠯ ᠦᠭᠡᠢ ᠤᠰᠤᠲᠥ᠋ᠷᠥᠭᠴᠢ ᠳᠠᠮᠵᠢᠭᠤᠯᠬᠤ ᠣᠷᠳᠣ᠌ ᠬᠣᠭᠣᠯᠠᠢ᠎ᠶᠢᠨ ᠢᠨᠵᠧᠨᠧᠷᠢᠩ᠎ᠦᠨ ᠲᠥᠷᠥᠯ ᠵᠦᠢᠯ᠎ᠦᠨ ᠲᠤᠬᠠᠢ᠎ᠶᠢᠨ ᠲᠠᠯᠠᠪᠠᠢ᠎ᠳᠤ ᠮᠥᠨ ᠬᠦ᠌ ᠬᠦᠷ ᠬᠥᠭᠵᠢᠶᠡᠨ᠎ᠲᠠᠢ ᠶᠠᠭᠠᠷᠠᠯᠲᠠᠢ ᠪᠠᠢᠯ᠎ᠠ᠂ ᠸᠠᠩ ᠸᠧᠢ ᠵᠦᠩ ᠡᠨᠳᠡ ᠢᠷᠡᠵᠤ᠂ ᠲᠦᠷᠦᠯ ᠵᠦᠢᠯ᠎ᠦᠨ ᠲᠥᠯᠦᠪᠵᠢᠭᠦᠯᠭᠡ᠂ ᠪᠦᠲᠦᠭᠡᠨ ᠪᠠᠢᠭᠤᠯᠤᠯᠲᠠ ᠵᠢᠴᠢ ᠡᠵᠡᠩᠨᠡᠯᠲᠡ ᠵᠡᠷᠭᠡ ᠪᠠᠢᠳᠠᠯ᠎ᠤᠨ ᠲᠠᠨᠢᠯᠴᠠᠭᠤᠯᠭ᠎ᠠ᠎ᠶᠢ ᠨᠠᠷᠢᠨ ᠬᠢᠨᠠᠮᠠᠭᠠᠢ ᠰᠣᠨᠣᠰᠴᠠᠢ᠃ ᠲᠡᠷᠡ᠂ ᠬᠤᠷᠳᠤᠴᠠ᠎ᠪᠠᠨ ᠲᠦᠷᠭᠡᠳᠬᠡᠨ ᠦᠷ᠎ᠡ ᠪᠦᠲᠦᠮᠵᠢ᠎ᠪᠡᠨ ᠳᠡᠭᠡᠭᠰᠢᠯᠡᠭᠦᠯᠵᠦ ᠲᠦᠷᠦᠯ ᠵᠦᠢᠯ᠎ᠦᠨ ᠪᠦᠲᠦᠭᠡᠨ ᠪᠠᠢᠭᠤᠯᠤᠯᠲᠠ᠎ᠶᠢ ᠠᠬᠢᠭᠤᠯᠵᠤ᠂ ᠰᠠᠯᠬᠢᠨ ᠡᠨᠧᠷᠭᠢ ᠭᠡᠷᠡᠯᠴᠢ ᠴᠡᠨᠡᠭ ᠤᠰᠤᠲᠥ᠋ᠷᠥᠭᠴᠢ ᠦᠢᠯᠡᠳᠬᠦ ᠵᠡᠷᠭᠡ ᠠᠬᠤᠢ ᠪᠠᠢᠳᠠᠯ᠎ᠤᠨ ᠬᠡᠷᠡᠭᠯᠡᠭᠡ᠎ᠶᠢ ᠰᠠᠢᠲᠤᠷ ᠠᠳᠬᠤᠵᠤ᠂ ᠰᠢᠨ᠎ᠡ ᠡᠨᠧᠷᠭᠢ᠎ᠶᠢ ᠲᠤᠬᠠᠢ᠎ᠶᠢᠨ ᠭᠠᠵᠠᠷ ᠲᠤᠨᠢ ᠰᠢᠩᠭᠡᠭᠡᠬᠦ᠎ᠶᠢ ᠶᠡᠬᠡ᠎ᠪᠡᠷ ᠠᠬᠢᠭᠤᠯᠵᠤ᠂ ᠠᠷᠢᠭᠤᠨ ᠴᠡᠪᠡᠷ ᠪᠠᠭ᠎ᠠ ᠨᠡᠭᠦᠷᠡᠰᠦᠲᠥ᠋ᠷᠥᠭᠴᠢᠲᠦ᠂ ᠠᠮᠤᠷ ᠲᠦᠪᠰᠢᠨ ᠥᠨᠳᠥᠷ ᠪᠦᠲᠦᠮᠵᠢᠲᠡᠢ ᠰᠢᠨ᠎ᠡ ᠬᠡᠯᠪᠡᠷᠢ᠎ᠶᠢᠨ ᠡᠨᠧᠷᠭᠢ᠎ᠶᠢᠨ ᠰᠢᠰᠲᠧᠮ᠎ᠢ ᠲᠦᠷᠭᠡᠨ ᠪᠠᠶ᠋ᠢᠭᠤᠯᠬᠤ ᠬᠡᠷᠡᠭᠲᠡᠢ ᠭᠡᠪᠡ᠃ ᠪᠥᠸᠧ ᠬᠠᠨ ᠰᠢᠨ᠎ᠡ ᠡᠨᠧᠷᠭᠢ᠎ᠶᠢᠨ ᠰᠢᠨᠵᠢᠯᠡᠬᠦ ᠤᠬᠠᠭᠠᠨ ᠮᠡᠷᠭᠡᠵᠢᠯ᠎ᠦᠨ ᠬᠢᠵᠠᠭᠠᠷᠲᠤ ᠺᠣᠮᠫᠠᠨᠢ᠎ᠶᠢᠨ ᠡᠨᠧᠷᠭᠢ ᠬᠠᠳᠠᠭᠠᠯᠠᠬᠤ ᠵᠢᠱ᠌ᠢᠶ᠎ᠡ ᠦᠵᠡᠭᠦᠯᠬᠦ ᠲᠦᠷᠦᠯ ᠵᠦᠢᠯ᠎ᠦᠨ ᠲᠣᠭᠣᠷᠢᠭ᠋᠎ᠲᠤ᠂ ᠸᠠᠩ ᠸᠧᠢ ᠵᠦᠩ ᠲᠦᠷᠦᠯ ᠵᠦᠢᠯ᠎ᠦᠨ ᠠᠵᠢᠯᠯᠠᠭᠠᠨ᠎ᠤ ᠪᠠᠢᠳᠠᠯ ᠪᠣᠯᠣᠨ ᠲᠥᠬᠦᠭᠡᠷᠦᠮᠵᠢ᠎ᠶᠢᠨ ᠦᠵᠡᠭᠦᠯᠭᠡ᠎ᠶᠢ ᠨᠠᠷᠢᠨ ᠬᠢᠨᠠᠮᠠᠭᠠᠢ ᠪᠠᠢᠴᠠᠭᠠᠨ ᠦᠵᠡᠵᠦ᠂ ᠠᠵᠤ ᠦᠢᠯᠡᠰ᠎ᠦᠨ ᠬᠥᠭᠵᠢᠯᠲᠡ᠎ᠶᠢᠨ ᠢᠷᠡᠭᠡᠳᠦᠢ᠎ᠶᠢ ᠨᠠᠷᠢᠨ ᠣᠢᠯᠠᠭᠠᠵᠤ᠂ ᠠᠵᠤ ᠠᠬᠤᠢᠯᠠᠯ᠎ᠤᠨ ᠰᠢᠨᠵᠢᠯᠡᠬᠦ ᠤᠬᠠᠭᠠᠨ᠎ᠤ ᠰᠤᠳᠤᠯᠭᠠᠨ᠎ᠤ ᠪᠡᠯᠡ ᠣᠷᠣᠭᠤᠯᠤᠯᠲᠠ᠎ᠪᠠᠨ ᠨᠡᠮᠡᠭᠳᠡᠭᠦᠯᠬᠦ᠎ᠶᠢ ᠵᠣᠷᠢᠭ᠍ᠵᠢᠭᠤᠯᠵᠤ᠂ ᠮᠡᠷᠭᠡᠵᠢᠯ᠎ᠦᠨ ᠳᠠᠪᠲᠠᠨ ᠲᠡᠰ ᠳᠡᠪᠰᠢᠬᠦ᠎ᠶᠢ ᠲᠦᠷᠭᠡᠳᠬᠡᠵᠦ᠂ ᠤᠯᠤᠰ᠎ᠤᠨ ᠳᠣᠲᠣᠭᠠᠳᠤ ᠭᠠᠳᠠᠭᠠᠳᠤ᠎ᠶᠢᠨ ᠵᠠᠬ᠎ᠠ ᠳᠡᠯᠭᠡᠭᠦᠷ᠎ᠢ ᠳᠠᠰᠤᠷᠠᠯᠳᠠ ᠦᠭᠡᠢ ᠥᠷᠭᠡᠳᠬᠡᠬᠦ ᠬᠡᠷᠡᠭᠲᠡᠢ ᠭᠡᠵᠦ ᠵᠣᠷᠢᠭ᠍ᠵᠢᠭᠤᠯᠪᠠ᠃ ᠪᠠᠢᠴᠠᠭᠠᠨ ᠰᠤᠳᠤᠯᠤᠯᠲᠠ᠎ᠶᠢᠨ ᠬᠤᠭᠤᠴᠠᠭᠠᠨ᠎ᠳᠤ᠂ ᠸᠠᠩ ᠸᠧᠢ ᠵᠦᠩ ᠬᠣᠯᠪᠣᠭᠳᠠᠯ ᠪᠦᠬᠦᠢ ᠭᠠᠵᠠᠷ ᠣᠷᠣᠨ ᠪᠣᠯᠣᠨ ᠰᠠᠯᠠᠭ᠎ᠠ ᠮᠥᠴᠢᠷ᠎ᠦᠨ ᠬᠢᠨ ᠠᠵᠤ ᠠᠬᠤᠢᠯᠠᠯ᠎ᠤᠨ ᠬᠡᠷᠡᠭᠴᠡᠭᠡ ᠱᠠᠭᠠᠷᠳᠠᠯᠭ᠎ᠠ᠎ᠶᠢᠨ ᠲᠣᠭᠣᠷᠢᠨ᠎ᠳᠤ ᠦᠢᠯᠡᠴᠢᠯᠡᠭᠡ᠎ᠪᠡᠨ ᠰᠠᠢᠲᠤᠷ ᠬᠢᠵᠦ᠂ ᠪᠦᠬᠦ ᠤᠯᠤᠰ᠎ᠤᠨ ᠨᠢᠭᠡᠳᠦᠯᠲᠡᠢ ᠲᠣᠮᠣ᠌ ᠵᠠᠬ᠎ᠠ ᠳᠡᠯᠭᠡᠭᠦᠷ᠎ᠲᠠᠢ ᠭᠦᠨᠵᠡᠭᠡᠢ ᠵᠣᠯᠭᠠᠭᠤᠯᠵᠤ᠂ ᠲᠦᠷᠦ᠎ᠶᠢᠨ ᠪᠣᠳᠣᠯᠭ᠎ᠠ᠎ᠶᠢᠨ ᠦᠷᠭᠦᠯᠵᠢᠯᠡᠬᠦ ᠴᠢᠨᠠᠷ ᠲᠣᠭᠲᠠᠭᠤᠨ ᠴᠢᠨᠠᠷ᠎ᠢ ᠪᠠᠲᠤᠯᠠᠵᠤ᠂ ᠵᠠᠬ᠎ᠠ ᠳᠡᠯᠭᠡᠭᠦᠷᠴᠢᠯᠡᠭᠰᠡᠨ᠂ ᠬᠠᠤᠯᠢᠵᠢᠯ᠂ ᠳᠡᠯᠡᠬᠡᠢᠵᠢᠯᠲᠡ᠎ᠶᠢᠨ ᠡᠵᠡᠩᠨᠡᠯᠲᠡ᠎ᠶᠢᠨ ᠣᠷᠴᠢᠨ ᠲᠣᠭᠣᠷᠢᠨ᠎ᠢ ᠶᠡᠬᠡ᠎ᠪᠡᠷ ᠪᠤᠢ ᠪᠣᠯᠭᠠᠵᠤ᠂ ᠡᠯ᠎ᠡ ᠲᠦᠷᠦᠯ᠎ᠦᠨ ᠠᠵᠤ ᠠᠬᠤᠢᠯᠠᠯ᠎ᠤᠨ ᠥᠪᠥᠷ ᠮᠣᠩᠭᠣᠯ᠎ᠳᠤ ᠠᠵᠢᠯ ᠶᠠᠪᠤᠳᠠᠯ ᠭᠦᠢᠴᠡᠳᠬᠡᠬᠦ᠎ᠳᠦ ᠤᠷᠤᠭᠰᠢᠲᠠᠢ᠂ ᠪᠡᠯᠡ ᠣᠷᠣᠭᠤᠯᠬᠤ᠎ᠳᠤ ᠰᠠᠨᠠᠭ᠎ᠠ ᠠᠮᠤᠷ᠂ ᠡᠵᠡᠩᠨᠡᠬᠦ᠎ᠳᠦ ᠲᠠᠭᠠᠯᠠᠮᠵᠢᠲᠠᠢ᠂ ᠬᠥᠭᠵᠢᠬᠦ᠎ᠳᠦ ᠰᠠᠨᠠᠭ᠎ᠠ ᠠᠮᠤᠷ ᠪᠠᠢᠬᠤ᠎ᠶᠢ ᠪᠠᠲᠤᠯᠠᠬᠤ ᠬᠡᠷᠡᠭᠲᠡᠢ ᠭᠡᠵᠦ ᠲᠠᠬᠢᠨ ᠳᠠᠪᠲᠠᠨ ᠵᠠᠬᠢᠪᠠ᠃
      1 ᠳ᠋ᠦ᠍ᠭᠡᠷ ᠰᠠᠷ᠎ᠠ᠎ᠶᠢᠨ 5᠎ᠤ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠱᠦᠵᠢ᠂ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶ᠎ᠠ᠎ᠶᠢᠨ ᠡᠷᠬᠢᠯᠡᠭᠴᠢ ᠸᠠᠩ ᠸᠧᠢ ᠵᠥᠩ ᠴᠢᠩᠱᠠᠨ ᠲᠣᠭᠣᠷᠢᠭ᠋᠎ᠤᠨ ᠴᠢᠯᠦᠭᠡᠲᠦ ᠵᠠᠮ᠎ᠤᠨ ᠬᠣᠶᠠᠳᠤᠭᠠᠷ ᠨᠣᠮᠧᠷᠲᠤ ᠵᠡᠭᠡᠯᠢ ᠭᠤᠳᠤᠮᠵᠢ᠎ᠪᠡᠷ ᠬᠦᠷᠴᠦ᠂ ᠦᠨᠳᠦᠰᠦᠨ ᠱᠠᠲᠤᠨ᠎ᠤ ᠺᠠᠳ᠋ᠷ ᠪᠠ ᠣᠯᠠᠨ ᠲᠦᠮᠡᠨ᠎ᠲᠠᠢ ᠰᠠᠨᠠᠯ᠎ᠢᠶᠠᠨ ᠭᠦᠨᠵᠡᠭᠡᠢ ᠰᠣᠯᠢᠯᠴᠠᠵᠤ᠂ ᠣᠯᠠᠨ᠎ᠤ ᠠᠵᠢᠯ ᠠᠮᠢᠳᠤᠷᠠᠯ᠎ᠤᠨ ᠪᠠᠢᠳᠠᠯ᠎ᠢ ᠨᠠᠷᠢᠨ ᠣᠢᠯᠠᠭᠠᠪᠠ᠃ ᠲᠠᠯ᠎ᠠ ᠨᠤᠲᠤᠭ᠎ᠤᠨ ᠡᠭᠦᠯᠡ · ᠥᠪᠥᠷ ᠮᠣᠩᠭᠣᠯ᠎ᠤᠨ ᠰᠣᠨᠢᠨ ᠮᠡᠳᠡᠭᠡᠨ᠎ᠦ ᠰᠦᠯᠵᠢᠶ᠎ᠡ᠎ᠶᠢᠨ ᠰᠤᠷᠪᠤᠯᠵᠢᠯᠠᠭ᠍ᠴᠢ ᠮᠠ ᠵᠢᠶᠠᠨ ᠪᠢᠩ ᠰᠡᠭᠦᠳᠡᠷᠯᠡᠪᠡ
      ᠴᠢᠩᠱᠠᠨ ᠲᠣᠭᠣᠷᠢᠭ᠋᠎ᠤᠨ ᠴᠢᠯᠦᠭᠡᠲᠦ ᠵᠠᠮ᠎ᠤᠨ ᠬᠣᠶᠠᠳᠤᠭᠠᠷ ᠨᠣᠮᠧᠷᠲᠤ ᠵᠡᠭᠡᠯᠢ ᠭᠤᠳᠤᠮᠵᠢ᠎ᠳᠦ᠂ ᠸᠠᠩ ᠸᠧᠢ ᠵᠦᠩ ᠨᠡᠢᠭᠡᠮ ᠲᠣᠭᠣᠷᠢᠭ᠋᠎ᠤᠨ ᠬᠣᠭᠣᠯᠠᠨ ᠭᠡᠷ᠂ ᠲᠡᠦᠬᠡ ᠰᠣᠶᠣᠯ᠎ᠤᠨ ᠦᠵᠡᠭᠦᠯᠭᠡ᠎ᠶᠢᠨ ᠲᠢᠩᠬᠢᠮ᠂ ᠭᠡᠷ᠎ᠲᠡᠬᠡᠨ ᠰᠠᠭᠤᠵᠤ ᠪᠠᠢᠭ᠎ᠠ ᠨᠠᠰᠤᠲᠠᠢᠴᠤᠳ᠎ᠢ ᠠᠰᠠᠷᠠᠬᠤ ᠦᠢᠯᠡᠴᠢᠯᠡᠭᠡᠨ᠎ᠦ ᠲᠥᠪ ᠵᠡᠷᠭᠡ ᠲᠠᠯᠠᠪᠤᠷ᠎ᠲᠤ ᠬᠦᠷᠴᠦ᠂ ᠦᠨᠳᠦᠰᠦᠨ ᠱᠠᠲᠤᠨ᠎ᠤ ᠺᠠᠳ᠋ᠷ ᠪᠣᠯᠣᠨ ᠤᠯᠠᠨ ᠲᠦᠮᠡᠨ᠎ᠲᠠᠢ ᠰᠠᠨᠠᠯ᠎ᠢᠶᠠᠨ ᠭᠦᠨᠵᠡᠭᠡᠢ ᠰᠣᠯᠢᠯᠴᠠᠵᠤ᠂ ᠤᠯᠠᠨ᠎ᠤ ᠠᠵᠢᠯ ᠠᠮᠢᠳᠤᠷᠠᠯ᠎ᠤᠨ ᠪᠠᠢᠳᠠᠯ᠎ᠢ ᠨᠠᠷᠢᠨ ᠣᠢᠯᠠᠭᠠᠪᠠ᠃ ᠲᠡᠷᠡ᠂ ᠨᠡᠢᠭᠡᠮ ᠲᠣᠭᠣᠷᠢᠭ᠋᠎ᠤᠨ ᠠᠵᠢᠯ ᠲᠦᠭ ᠲᠦᠮᠡᠨ ᠠᠢᠯ ᠡᠷᠦᠬᠡ᠎ᠲᠠᠢ ᠬᠣᠯᠪᠣᠯᠳᠤᠵᠤ ᠪᠠᠢᠳᠠᠭ᠂ ᠠᠷᠠᠳ᠎ᠤᠨ ᠠᠮᠢᠳᠤᠷᠠᠯ᠎ᠤᠨ ᠪᠣᠳᠠᠲᠤ ᠶᠠᠪᠤᠳᠠᠯ᠎ᠢ ᠰᠡᠳᠬᠢᠯ ᠲᠠᠯᠪᠢᠨ ᠬᠦᠴᠦ ᠣᠷᠣᠭᠤᠯᠤᠨ ᠰᠠᠢᠲᠤᠷ ᠬᠢᠵᠦ᠂ ᠦᠢᠯᠡᠴᠢᠯᠡᠭᠡ᠎ᠶᠢ ᠨᠠᠷᠢᠯᠢᠭ᠍ᠵᠢᠭᠤᠯᠬᠤ ᠬᠢᠷᠢ ᠲᠦᠪᠰᠢᠨ᠎ᠢ ᠲᠠᠰᠤᠷᠠᠯᠲᠠ ᠦᠭᠡᠢ ᠳᠡᠭᠡᠭᠰᠢᠯᠡᠭᠦᠯᠵᠦ᠂ ᠣᠯᠠᠨ ᠲᠦᠮᠡᠨ᠎ᠦ ᠬᠦᠷᠲᠡᠮᠵᠢ᠎ᠶᠢᠨ ᠲᠥᠷᠥᠭᠳᠡᠯ᠂ ᠵᠣᠯ ᠵᠢᠷᠭᠠᠯᠲᠤ ᠲᠥᠷᠥᠭᠳᠡᠯ᠂ ᠠᠮᠤᠷ ᠲᠦᠪᠰᠢᠨ᠎ᠦ ᠲᠥᠷᠥᠭᠳᠡᠯ᠎ᠢ ᠦᠨᠡᠨ ᠬᠦ᠌ ᠳᠡᠭᠡᠭᠰᠢᠯᠡᠭᠦᠯᠬᠦ ᠬᠡᠷᠡᠭᠲᠡᠢ᠃ ᠬᠥᠮᠥᠨ ᠠᠮᠠ᠎ᠶᠢᠨ ᠨᠠᠰᠤᠵᠢᠯ᠎ᠢ ᠢᠳᠡᠪᠬᠢᠲᠡᠢ ᠠᠷᠭᠠᠴᠠᠵᠤ᠂ ᠨᠠᠰᠤᠵᠢᠯ᠎ᠤᠨ ᠠᠰᠠᠷᠠᠮᠵᠢ᠎ᠶᠢᠨ ᠦᠢᠯᠡᠴᠢᠯᠡᠭᠡᠨ᠎ᠦ ᠠᠵᠤ ᠦᠢᠯᠡᠰ᠎ᠦᠨ ᠬᠥᠭᠵᠢᠯᠲᠡ᠎ᠶᠢ ᠲᠦᠷᠭᠡᠨ ᠲᠥᠯᠥᠪᠵᠢᠭᠦᠯᠵᠦ᠂ ᠤᠯᠠᠨ ᠶᠠᠩᠵᠤ᠎ᠶᠢᠨ ᠨᠠᠰᠤᠵᠢᠯ᠎ᠤᠨ ᠠᠰᠠᠷᠠᠮᠵᠢ᠎ᠶᠢᠨ ᠬᠡᠷᠡᠭᠴᠡᠭᠡ᠎ᠶᠢ ᠨᠡᠩ ᠰᠠᠢᠲᠤᠷ ᠬᠠᠩᠭᠠᠵᠤ᠂ ᠨᠠᠰᠤᠲᠠᠢᠴᠤᠳ᠎ᠢ ᠵᠣᠯ ᠵᠢᠷᠭᠠᠯ᠎ᠲᠠᠢ᠎ᠪᠡᠷ ᠥᠲᠡᠯᠦᠭᠡ ᠨᠠᠰᠤ᠎ᠢᠶᠡᠨ ᠥᠩᠭᠡᠷᠡᠭᠡᠬᠦ ᠪᠣᠯᠭᠠᠬᠤ ᠬᠡᠷᠡᠭᠲᠡᠢ᠃ ᠨᠡᠢᠭᠡᠮ ᠲᠣᠭᠣᠷᠢᠭ᠋᠎ᠤᠨ ᠺᠠᠳ᠋ᠷᠴᠤᠳ᠎ᠢ ᠬᠠᠯᠠᠮᠵᠢᠯᠠᠨ ᠬᠠᠢᠷᠠᠯᠠᠵᠤ᠂ ᠤᠷᠮᠠᠰᠢᠭᠤᠯᠤᠨ ᠵᠣᠷᠢᠭ᠍ᠵᠢᠭᠤᠯᠬᠤ ᠪᠠᠲᠤᠯᠠᠭ᠎ᠠ᠎ᠶᠢ ᠴᠢᠩᠭᠠᠳᠬᠠᠨ᠂ ᠲᠡᠳᠡᠨ᠎ᠤ ᠨᠢᠭᠡ ᠰᠡᠳᠬᠢᠯ ᠨᠢᠭᠡ ᠵᠣᠷᠢᠭ᠋᠎ᠢᠶᠠᠷ ᠨᠡᠢᠭᠡᠮ ᠲᠣᠭᠣᠷᠢᠭ᠋᠎ᠲᠤ ᠦᠨᠳᠦᠰᠦᠯᠡᠵᠦ᠂ ᠨᠢᠭᠡ ᠰᠡᠳᠬᠢᠯ᠎ᠢᠶᠡᠷ ᠦᠢᠯᠡᠴᠢᠯᠡᠬᠦ᠎ᠶᠢ ᠪᠠᠲᠤᠯᠠᠬᠤ ᠬᠡᠷᠡᠭᠲᠡᠢ ᠭᠡᠵᠡᠢ᠃
      ᠢᠦᠢ ᠯᠢ ᠰᠢᠨ᠂ ᠴᠧᠨ ᡁᠢ ᠴᠠᠩ ᠣᠷᠣᠯᠴᠠᠵᠠᠢ᠃

ᠢᠷᠡᠯᠲᠡ᠄ ᠥᠪᠡᠷᠲᠡᠭᠡᠨ ᠵᠠᠰᠠᠬᠤ ᠣᠷᠣᠨ᠎ᠤ ᠬᠥᠮᠦᠨ᠎ᠦ ᠬᠦᠴᠦᠨ᠎ᠦ ᠡᠬᠢ ᠪᠠᠶᠠᠯᠢᠭ᠋ ᠪᠠ ᠨᠡᠶ᠋ᠢᠭᠡᠮ᠎ᠦᠨ ᠪᠠᠲᠤᠯᠠᠭ᠎ᠠ᠎ᠶᠢᠨ ᠲᠢᠩᠬᠢᠮ
          
ᠬᠠᠮᠢᠶ᠎ᠡ ᠪᠦᠬᠦᠢ ᠰᠣᠨᠢᠨ
 
            