ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
《 ᠰᠠᠭ᠋ᠠᠳ ᠦᠭᠡᠢ ᠨᠡᠪᠲᠡᠷᠡᠬᠦ ᠵᠠᠮ 》 ᠵᠶ᠋ᠠᠷ ᠴᠢᠳᠠᠪᠣᠷᠢᠲᠠᠨ᠎ᠢ ᠣᠷᠣᠭᠤᠯᠤᠨ ᠠᠪᠴᠢᠷᠠᠬᠤ
ᠠᠵᠢᠯ ᠦᠢ᠍ᠯᠡᠰ᠎ᠤᠨ ᠨᠢᠭᠡᠴᠢ ᠵᠢᠨ ᠠᠵᠢᠯᠲᠠᠨ ᠤᠷᠢᠵᠤ ᠡᠯᠰᠡᠬᠦ ᠮᠡᠳᠡᠭᠡ ᠵᠠᠩᠭᠢ
ᠰᠣᠨᠢᠨ ᠮᠡᠳᠡᠭᠡ   -   ᠠᠶ᠋ᠢᠮᠠᠭ ᠬᠤᠳᠠ᠎ᠶᠢᠨ ᠰᠤᠨᠢᠨ ᠮᠡᠳᠡᠭᠡ
ᠤᠯᠠᠭᠠᠨᠴᠠᠪ᠄ 《 ᠵᠠᠢ ᠦᠭᠡᠢ ᠦᠭᠡᠢ 》 ᠠᠵᠢᠯ ᠣᠯᠭᠣᠯᠲᠠ᠎ᠶᠢᠨ ᠦᠢᠯᠡᠴᠢᠯᠡᠭᠡ ᠨᠢ ᠠᠷᠠᠳ ᠣᠯᠠᠨ᠎ᠤ ᠠᠮᠤᠷ ᠲᠣᠭᠲᠠᠭᠤᠨ ᠵᠣᠯ ᠵᠢᠷᠭᠠᠯ᠎ᠢ ᠪᠠᠲᠤᠯᠠᠨ᠎ᠠ
ᠨᠡᠶ᠋ᠢᠲᠡᠯᠡᠭᠰᠡᠨ ᠴᠠᠭ᠄ 2026-01-12

      ᠠᠵᠢᠯ ᠣᠯᠭᠣᠯᠲᠠ ᠪᠣᠯ ᠠᠷᠠᠳ᠎ᠤᠨ ᠠᠮᠢᠳᠤᠷᠠᠯ᠎ᠤᠨ ᠦᠨᠳᠦᠰᠦ ᠮᠥᠨ᠂ ᠨᠡᠩ ᠴᠤ᠌ ᠵᠣᠯ ᠵᠢᠷᠭᠠᠯ᠎ᠤᠨ ᠰᠠᠭᠤᠷᠢ ᠮᠥᠨ᠃ ᠡᠨᠡ ᠵᠢᠯ ᠂ ᠤᠯᠠᠭᠠᠨᠴᠠᠪ ᠬᠣᠲᠠ᠎ᠶᠢᠨ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠲᠣᠪᠴᠢᠶ᠎ᠠ ᠠᠵᠢᠯ ᠣᠯᠭᠣᠯᠲᠠ᠎ᠶᠢᠨ ᠪᠦᠲᠦᠴᠡ᠎ᠶᠢᠨ ᠴᠢᠨᠠᠷᠲᠠᠢ ᠵᠥᠷᠢᠴᠡᠯ᠎ᠢ ᠬᠦᠴᠦᠯᠡᠨ ᠰᠢᠢᠳᠪᠦᠷᠢᠯᠡᠵᠦ᠂ ᠦᠢᠯᠡᠴᠢᠯᠡᠭᠡᠨ᠎ᠦ ᠵᠠᠭᠪᠤᠷ᠎ᠤᠨ ᠰᠢᠨ᠎ᠡ᠎ᠶᠢ ᠡᠭᠦᠳᠬᠦ᠂ ᠤᠷ᠎ᠠ ᠮᠡᠷᠭᠡᠵᠢᠯ᠎ᠦᠨ ᠪᠣᠯᠪᠠᠰᠤᠷᠠᠯ᠎ᠢ ᠴᠢᠩᠭᠠᠳᠬᠠᠬᠤ᠂ ᠣᠷᠣᠨ ᠪᠦᠰᠡ᠎ᠶᠢᠨ ᠬᠠᠮᠵᠢᠯᠴᠠᠭ᠎ᠠ᠎ᠶᠢ ᠭᠦᠨᠵᠡᠭᠡᠢᠷᠡᠭᠦᠯᠬᠦ ᠵᠡᠷᠭᠡ ᠣᠯᠠᠨ ᠵᠦᠢᠯ᠎ᠦᠨ ᠠᠷᠭ᠎ᠠ ᠬᠡᠮᠵᠢᠶ᠎ᠡ᠎ᠪᠡᠷ ᠳᠠᠮᠵᠢᠭᠤᠯᠤᠨ᠂ ᠨᠠᠷᠢᠯᠢᠭ᠋ ᠣᠨᠣᠴᠠᠲᠠᠢ ᠥᠨᠳᠥᠷ ᠪᠦᠲᠦᠮᠵᠢᠲᠡᠶ ᠠᠵᠢᠯ ᠣᠯᠭᠣᠯᠲᠠ᠎ᠶᠢᠨ ᠦᠢᠯᠡᠴᠢᠯᠡᠭᠡᠨ᠎ᠦ ᠰᠢᠰᠲᠧᠮ᠎ᠢ ᠪᠠᠢᠭᠤᠯᠪᠠ᠃ ᠣᠲᠣ᠌ ᠪᠣᠯᠲᠠᠯ᠎ᠠ᠂ ᠵᠠᠬ᠎ᠠ ᠳᠡᠯᠭᠡᠭᠦᠷᠴᠢᠯᠡᠭᠰᠡᠨ ᠠᠵᠢᠯ ᠣᠯᠭᠣᠯᠲᠠ᠎ᠶᠢᠨ ᠠᠵᠢᠯ᠎ᠤᠨ ᠪᠠᠢᠷᠢ᠎ᠶᠢ ᠨᠡᠶ᠋ᠢᠲᠡ 11.23 ᠲᠦᠮᠡᠨ ᠤᠳᠠᠭ᠎ᠠ ᠴᠤᠭᠯᠠᠭᠤᠯᠵᠤ᠂ ᠣᠯᠠᠨ ᠲᠦᠮᠡᠨ᠎ᠦ ᠴᠢᠨᠠᠷ ᠰᠠᠢᠲᠠᠢ ᠪᠥᠭᠡᠳ ᠭᠦᠢᠴᠡᠳ ᠠᠵᠢᠯ ᠣᠯᠬᠤ᠎ᠶᠢ ᠬᠦᠴᠦᠯᠡᠨ ᠠᠬᠢᠭᠤᠯᠪᠠ᠃
      《 ᠠᠵᠤ ᠠᠬᠤᠢᠯᠠᠯ᠎ᠳᠤ ᠣᠷᠣᠬᠤ ᠰᠢᠭᠤᠳ ᠨᠡᠪᠲᠡᠷᠡᠭᠦᠯᠭᠡ᠎ᠶᠢᠨ ᠲᠠᠰᠤᠭ᠎ᠠᠴᠠ ᠠᠵᠢᠯ᠎ᠤᠨ ᠪᠠᠢᠷᠢ᠎ᠶᠢᠨ ᠮᠡᠳᠡᠭᠡ ᠵᠠᠩᠭᠢ᠎ᠶᠢ ᠣᠢᠯᠠᠭᠠᠭᠰᠠᠨ᠎ᠤ ᠳᠠᠷᠠᠭ᠎ᠠ ᠤᠳᠠᠯ ᠦᠭᠡᠢ ᠠᠵᠢᠯ᠎ᠳᠤ ᠣᠷᠣᠬᠤ ᠭᠡᠵᠦ ᠪᠠᠢᠨ᠎ᠠ 》᠃ ᠲᠦᠷᠦᠭᠦᠬᠡᠨ᠂ ᠨᠤᠲᠤᠭ᠎ᠲᠠᠭᠠᠨ ᠪᠤᠴᠠᠭᠰᠠᠨ ᠵᠠᠯᠠᠭᠤ ᠯᠢᠦ ᠴᠠᠩ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠰᠠᠯᠠᠭ᠎ᠠ ᠮᠥᠴᠢᠷ᠎ᠦᠨ ᠠᠵᠤ ᠠᠬᠤᠢᠯᠠᠯ᠎ᠳᠤ ᠣᠷᠣᠵᠤ ᠠᠵᠢᠯ᠎ᠤᠨ ᠪᠠᠢᠷᠢ ᠬᠠᠢᠬᠤ ᠠᠵᠢᠯᠯᠠᠭ᠎ᠠ᠎ᠪᠠᠷ ᠳᠡᠮᠵᠢᠨ ᠬᠥᠮᠥᠷᠭᠡ᠎ᠶᠢᠨ ᠬᠠᠮᠢᠶᠠᠷᠤᠯᠲᠠ᠎ᠶᠢᠨ ᠠᠵᠢᠯ ᠣᠯᠵᠠᠢ᠃
      ᠠᠵᠢᠯ ᠡᠷᠢᠭᠰᠡᠳ ᠪᠠ ᠠᠵᠤ ᠠᠬᠤᠢᠯᠠᠯ᠎ᠤᠨ ᠵᠠᠪᠰᠠᠷ ᠦᠭᠡᠢ ᠬᠥᠭᠥᠷᠭᠡ᠎ᠶᠢ ᠪᠠᠶ᠋ᠢᠭᠤᠯᠬᠤ᠎ᠶᠢᠨ ᠲᠥᠯᠥᠭᠡ᠂ ᠡᠨᠡ ᠵᠢᠯ ᠤᠯᠠᠭᠠᠨᠴᠠᠪ ᠬᠣᠲᠠ᠎ᠶᠢᠨ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠲᠣᠪᠴᠢᠶ᠎ᠠ 《 ᠴᠡᠭ᠎ᠡᠴᠡ ᠴᠡᠭ᠎ᠲᠦ ᠬᠦᠷᠬᠦ 》 ᠠᠵᠤ ᠠᠬᠤᠢᠯᠠᠯ᠎ᠤᠨ ᠠᠵᠢᠯ᠎ᠤᠨ ᠪᠠᠢᠷᠢ᠎ᠶᠢ ᠥᠷᠭᠡᠳᠬᠡᠬᠦ ᠠᠵᠢᠯᠯᠠᠭ᠎ᠠ᠎ᠶᠢ 61 ᠬᠤᠭᠤᠴᠠᠭ᠎ᠠ ᠥᠷᠨᠢᠭᠦᠯᠵᠦ᠂ 《 ᠦᠢᠯᠡᠳᠪᠦᠷᠢ᠎ᠶᠢᠨ ᠪᠣᠳᠠᠲᠤ ᠦᠵᠡᠮᠵᠢ᠎ᠶᠢᠨ ᠰᠢᠭᠤᠳ ᠨᠡᠪᠲᠡᠷᠡᠭᠦᠯᠭᠡ᠎ᠪᠡᠷ ᠠᠵᠢᠯ᠎ᠤᠨ ᠪᠠᠢᠷᠢ ᠲᠠᠨᠢᠯᠴᠠᠭᠤᠯᠬᠤ 》 ᠵᠠᠭᠪᠤᠷ᠎ᠢ ᠰᠢᠨ᠎ᠡ᠎ᠪᠡᠷ ᠡᠭᠦᠳᠦᠨ ᠬᠡᠷᠡᠭᠯᠡᠵᠦ᠂ ᠭᠠᠭᠴᠠ ᠲᠠᠯᠠᠪᠤᠷ᠎ᠤᠨ ᠰᠢᠭᠤᠳ ᠨᠡᠪᠲᠡᠷᠡᠭᠦᠯᠭᠡ᠎ᠶᠢ 2000 ᠭᠠᠷᠤᠢ ᠬᠥᠮᠥᠨ ᠤᠳᠠᠭ᠎ᠠ ᠰᠣᠨᠢᠷᠬᠠᠪᠠ᠃ 《 ᠤᠯᠠᠭᠠᠨᠴᠠᠪ᠎ᠤᠨ ᠦᠳᠡᠰᠢ 》 ᠵᠡᠷᠭᠡ ᠣᠨᠴᠠᠯᠢᠭ᠍ᠲᠤ ᠵᠡᠭᠡᠯᠢ ᠲᠣᠭᠣᠷᠢᠭ᠋᠎ᠲᠤ 《 ᠬᠣᠶᠠᠷ ᠬᠡᠮᠵᠢᠯᠲᠦ ᠺᠣᠳ᠋᠎ᠦᠨ ᠠᠵᠢᠯᠲᠠᠨ ᠡᠯᠰᠡᠬᠦ ᠮᠡᠳᠡᠭᠡ ᠵᠠᠩᠭᠢ᠎ᠶᠢᠨ ᠬᠡᠷᠡᠮ 》 ᠭᠠᠷᠭᠠᠵᠤ᠂ 460 ᠭᠠᠷᠤᠢ ᠠᠵᠤ ᠠᠬᠤᠢᠯᠠᠯ᠎ᠤᠨ 1.6 ᠲᠦᠮᠡᠨ ᠠᠵᠢᠯ᠎ᠤᠨ ᠪᠠᠢᠷᠢ᠎ᠶᠢ ᠡᠮᠬᠢᠯᠡᠨ ᠨᠡᠢᠯᠡᠭᠦᠯᠵᠦ᠂ ᠠᠵᠢᠯ ᠡᠷᠢᠭᠰᠡᠳ᠎ᠲᠦ 《 ᠵᠡᠭᠡᠯᠢ ᠲᠣᠭᠣᠷᠢᠪᠠᠯ ᠳᠠᠷᠤᠢ ᠠᠵᠢᠯ ᠰᠣᠩᠭᠣᠬᠤ᠂ ᠠᠵᠢᠯ ᠡᠷᠢᠪᠡᠯ ᠳᠠᠷᠤᠢ ᠠᠵᠢᠯ ᠣᠯᠬᠤ 》 ᠶ᠋ᠢ ᠪᠡᠶᠡᠯᠡᠭᠦᠯᠪᠡ᠃
      ᠠᠵᠢᠯ ᠣᠯᠭᠣᠯᠲᠠ᠎ᠶᠢᠨ ᠵᠠᠬ᠎ᠠ ᠳᠡᠯᠭᠡᠭᠦᠷ᠎ᠦᠨ 《 ᠠᠵᠢᠯᠴᠢᠨ ᠡᠯᠰᠡᠬᠦ᠎ᠳᠦ ᠬᠦᠴᠢᠷᠲᠡᠢ 》 《 ᠠᠵᠢᠯ ᠡᠷᠢᠬᠦ᠎ᠳᠦ ᠬᠦᠴᠢᠷᠲᠡᠢ 》 ᠪᠠᠢᠳᠠᠯ᠎ᠳᠤ ᠴᠢᠭᠯᠡᠭᠦᠯᠦᠨ᠂ ᠤᠯᠠᠭᠠᠨᠴᠠᠪ ᠬᠣᠲᠠ᠎ᠶᠢᠨ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠲᠣᠪᠴᠢᠶ᠎ᠠ 《 ᠳᠥᠷᠪᠡᠨ ᠨᠠᠷᠢᠨ ᠲᠠᠩᠰᠠ 》᠎ᠶᠢᠨ ᠦᠢᠯᠡᠴᠢᠯᠡᠭᠡᠨ᠎ᠦ ᠲᠣᠭᠲᠠᠴᠠ᠎ᠶᠢ ᠰᠢᠨ᠎ᠡ᠎ᠪᠡᠷ ᠡᠭᠦᠳᠦᠨ ᠭᠠᠷᠭᠠᠵᠤ᠂ 30 ᠵᠦᠢᠯ᠎ᠦᠨ ᠠᠵᠢᠯ ᠣᠯᠭᠣᠯᠲᠠ᠎ᠶᠢᠨ ᠲᠥᠷᠥ᠎ᠶᠢᠨ ᠪᠣᠳᠣᠯᠭ᠎ᠠ᠂ 19 ᠵᠦᠢᠯ᠎ᠦᠨ ᠦᠢᠯᠡᠴᠢᠯᠡᠭᠡᠨ᠎ᠦ ᠠᠭᠤᠯᠭ᠎ᠠ᠎ᠶᠢ ᠨᠡᠢᠯᠡᠭᠦᠯᠦᠭᠡᠳ 《 ᠲᠥᠷᠥ᠎ᠶᠢᠨ ᠪᠣᠳᠣᠯᠭ᠎ᠠ᠎ᠶᠢᠨ ᠨᠠᠷᠢᠨ ᠲᠠᠩᠰᠠ 》 《 ᠦᠢᠯᠡᠴᠢᠯᠡᠭᠡᠨ᠎ᠦ ᠨᠠᠷᠢᠨ ᠲᠠᠩᠰᠠ 》 ᠪᠣᠯᠭᠠᠵᠤ᠂ ᠵᠠᠭᠤᠴᠢᠯᠠᠭᠤᠷ ᠵᠡᠷᠭᠡ ᠲᠠᠪᠴᠠᠩ᠎ᠢᠶᠠᠷ ᠳᠠᠮᠵᠢᠭᠤᠯᠤᠨ 55 ᠤᠳᠠᠭ᠎ᠠ ᠨᠡᠢᠲᠡᠯᠡᠵᠦ᠂ ᠭᠦᠶᠦᠯᠭᠡᠨ ᠦᠵᠡᠭᠰᠡᠨ ᠬᠡᠮᠵᠢᠶ᠎ᠡ ᠨᠢ 4.5 ᠲᠦᠮᠡᠨ ᠬᠥᠮᠥᠨ ᠤᠳᠠᠭ᠎ᠠ᠎ᠳᠤ ᠬᠦᠷᠴᠡᠢ᠃ 《 ᠠᠵᠢᠯ ᠪᠠᠢᠭᠠᠳ ᠬᠢᠬᠦ ᠬᠥᠮᠥᠨ ᠦᠭᠡᠢ 》 2260 ᠠᠵᠢᠯ᠎ᠤᠨ ᠪᠠᠢᠷᠢ ᠪᠠ《 ᠬᠥᠮᠥᠨ ᠪᠠᠢᠭᠠᠳ ᠬᠢᠬᠦ ᠠᠵᠢᠯ ᠦᠭᠡᠢ 》 ᠠᠵᠢᠯ ᠡᠷᠢᠬᠦ 751 ᠬᠥᠮᠥᠨ᠎ᠤ ᠬᠡᠷᠡᠭᠴᠡᠭᠡ᠎ᠶᠢ ᠵᠡᠷᠭᠡ᠎ᠪᠡᠷ ᠡᠮᠬᠢᠯᠡᠨ ᠲᠢᠭᠯᠡᠵᠦ᠂ 1569 ᠬᠥᠮᠥᠨ᠎ᠢ ᠬᠠᠪᠰᠤᠷᠤᠨ ᠠᠵᠢᠯ ᠣᠯᠭᠣᠯᠲᠠ᠎ᠶᠢ ᠪᠡᠶᠡᠯᠡᠭᠦᠯᠪᠡ᠃ 《 ᠭᠠᠳᠠᠭ᠍ᠰᠢ ᠭᠠᠷᠴᠤ ᠠᠵᠢᠯ ᠡᠷᠢᠬᠦ᠎ᠡᠴᠡ ᠡᠮᠦᠨ᠎ᠡ ᠂ ᠠᠵᠢᠯᠲᠠᠨ ᠡᠯᠰᠡᠬᠦ ᠴᠤᠭᠯᠠᠭᠠᠨ᠎ᠢ ᠰᠤᠷᠭᠠᠭᠤᠯᠢ᠎ᠶᠢᠨ ᠬᠦᠷᠢᠶᠡᠨ᠎ᠳᠦ ᠬᠦᠷᠭᠡᠵᠦ᠂ ᠪᠢᠳᠡᠨ᠎ᠢ ᠠᠵᠤ ᠠᠬᠤᠢᠯᠠᠯ᠎ᠤᠨ ᠬᠢᠨ᠎ᠲᠠᠢ ᠵᠠᠢ ᠵᠠᠪᠰᠠᠷ ᠦᠭᠡᠢ ᠵᠣᠯᠭᠠᠭᠤᠯᠵᠠᠢ 》᠃ 12 ᠰᠠᠷ᠎ᠠ᠎ᠶᠢᠨ 6᠎ᠤ ᠡᠳᠦᠷ᠂ ᠤᠯᠠᠭᠠᠨᠴᠠᠪ᠎ᠤᠨ ᠵᠦᠩ ᠶᠠᠨ ᡁᠢ ᠳᠠ᠎ᠠᠴᠠ ᠲᠡᠭᠦᠰᠦᠭᠰᠡᠨ ᠰᠣᠷᠣᠭ᠍ᠴᠢ ᠵᠠᠩ ᠱᠤ᠌ ᠶᠢᠩ ᠬᠡᠯᠡᠨ᠎ᠡ᠃
      ᠶᠡᠬᠡ ᠳᠡᠭᠡᠳᠦ ᠰᠤᠷᠭᠠᠭᠤᠯᠢ ᠲᠡᠭᠦᠰᠦᠭᠰᠡᠳ ᠭᠡᠬᠦ ᠡᠨᠡ ᠬᠦ᠌ ᠭᠣᠣᠯᠳᠠᠯᠭ᠎ᠠ᠎ᠲᠠᠢ ᠬᠥᠮᠥᠰ᠎ᠤᠨ ᠲᠣᠭᠣᠷᠢᠨ᠎ᠳᠤ᠂ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠲᠣᠪᠴᠢᠶ᠎ᠠ᠎ᠶᠢᠨ ᠳᠠᠷᠤᠭ᠎ᠠ᠎ᠶᠢ ᠰᠤᠷᠭᠠᠭᠤᠯᠢ᠎ᠶᠢᠨ ᠬᠦᠷᠢᠶᠡᠨ᠎ᠳᠦ ᠣᠷᠣᠭᠤᠯᠬᠤ 《 ᠲᠥᠷᠥ᠎ᠶᠢᠨ ᠪᠣᠳᠣᠯᠭ᠎ᠠ ᠬᠦᠷᠭᠡᠬᠦ᠂ ᠠᠵᠢᠯ᠎ᠤᠨ ᠪᠠᠢᠷᠢ ᠬᠦᠷᠭᠡᠬᠦ᠂ ᠦᠢᠯᠡᠴᠢᠯᠡᠭᠡ ᠬᠦᠷᠭᠡᠬᠦ 》 ᠠᠵᠢᠯᠯᠠᠭ᠎ᠠ ᠥᠷᠨᠢᠭᠦᠯᠵᠦ᠂ 3 ᠶᠡᠬᠡ ᠳᠡᠭᠡᠳᠦ ᠰᠤᠷᠭᠠᠭᠤᠯᠢ᠎ᠶᠢ 90 ᠠᠵᠤ ᠠᠬᠤᠢᠯᠠᠯ᠎ᠲᠠᠢ ᠵᠣᠯᠭᠠᠭᠤᠯᠵᠤ᠂ 560 ᠠᠵᠢᠯ᠎ᠤᠨ ᠪᠠᠢᠷᠢ ᠬᠠᠩᠭᠠᠪᠠ᠃ ᠪᠥᠬᠥ ᠵᠢᠯ᠎ᠳᠦ ᠰᠤᠷᠭᠠᠭᠤᠯᠢ᠎ᠶᠢᠨ ᠬᠦᠷᠢᠶᠡᠨ᠎ᠦ ᠠᠵᠢᠯᠲᠠᠨ ᠡᠯᠰᠡᠬᠦ ᠠᠵᠢᠯᠯᠠᠭ᠎ᠠ᠎ᠶᠢ 131 ᠲᠠᠯᠠᠪᠤᠷ ᠡᠷᠭᠢᠯᠡᠵᠦ᠂ ᠲᠣᠰ ᠬᠤᠭᠤᠴᠠᠭᠠᠨ᠎ᠤ 8537 ᠲᠡᠭᠦᠰᠬᠦ ᠰᠣᠷᠣᠭ᠍ᠴᠢ᠎ᠶᠢᠨ ᠠᠵᠢᠯ ᠣᠯᠬᠤ ᠬᠠᠨᠳᠤᠰᠢ᠎ᠶᠢ ᠨᠠᠢᠳᠠᠪᠤᠷᠢᠵᠢᠭᠤᠯᠪᠠ᠃
      ᠡᠭᠦᠨ᠎ᠦ ᠬᠠᠮᠲᠤ᠂ 379 ᠠᠵᠤ ᠠᠬᠤᠢᠯᠠᠯ᠎ᠢ ᠵᠣᠬᠢᠶᠠᠨ ᠪᠠᠢᠭᠤᠯᠤᠨ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ᠂ ᠪᠡᠭᠡᠵᠢᠩ᠎ᠦᠨ ᠰᠢᠨᠵᠢᠯᠡᠬᠦ ᠤᠬᠠᠭᠠᠨ ᠮᠡᠷᠭᠡᠵᠢᠯ᠎ᠦᠨ ᠶᠡᠬᠡ ᠰᠤᠷᠭᠠᠭᠤᠯᠢ ᠵᠡᠷᠭᠡ ᠶᠡᠬᠡ ᠳᠡᠭᠡᠳᠦ ᠰᠤᠷᠭᠠᠭᠤᠯᠢ᠎ᠳᠤ ᠭᠦᠨᠵᠡᠭᠡᠢᠷᠡᠭᠦᠯᠦᠨ ᠤᠷᠢᠵᠤ ᠡᠯᠰᠡᠬᠦ ᠠᠵᠢᠯᠯᠠᠭ᠎ᠠ ᠥᠷᠨᠢᠭᠦᠯᠵᠦ᠂ 3028 ᠠᠵᠢᠯ᠎ᠤᠨ ᠪᠠᠢᠷᠢ ᠬᠠᠩᠭᠠᠵᠤ᠂ 1877 ᠬᠥᠮᠥᠨ ᠲᠠᠢ ᠠᠵᠢᠯ ᠣᠯᠬᠤ ᠰᠠᠨᠠᠮᠵᠢ ᠲᠣᠬᠢᠷᠠᠯᠴᠠᠪᠠ᠃ ᠥᠪᠥᠷ ᠮᠣᠩᠭᠣᠯ᠎ᠤᠨ ᠡᠳ᠋᠎ᠦᠨ ᠵᠠᠰᠠᠭ ᠠᠵᠤ ᠠᠬᠤᠢ᠎ᠶᠢᠨ ᠶᠡᠬᠡ ᠰᠤᠷᠭᠠᠭᠤᠯᠢ ᠵᠡᠷᠭᠡ ᠳᠡᠭᠡᠳᠦ ᠰᠤᠷᠭᠠᠭᠤᠯᠢ ᠯᠤᠭ᠎ᠠ 《 ᠰᠤᠷᠭᠠᠭᠤᠯᠢ ᠣᠷᠣᠨ ᠨᠤᠲᠤᠭ᠎ᠤᠨ ᠴᠢᠳᠠᠪᠤᠷᠢᠲᠠᠨ᠎ᠤ ᠬᠠᠮᠲᠤᠷᠠᠯᠴᠠᠭ᠎ᠠ᠎ᠶᠢᠨ ᠪᠦᠳᠦᠭᠦᠪᠴᠢ ᠵᠥᠪᠯᠡᠯᠴᠡᠭᠡᠷ 》᠎ᠢ ᠲᠣᠭᠲᠠᠵᠤ᠂ ᠬᠥᠮᠥᠨ᠎ᠦ ᠬᠦᠴᠦᠨ᠎ᠦ ᠡᠬᠢ ᠪᠠᠶᠠᠯᠢᠭ᠋᠎ᠤᠨ ᠣᠷᠳᠣ᠌ ᠬᠤᠭᠤᠴᠠᠭᠠᠨ᠎ᠤ ᠬᠠᠮᠲᠤᠷᠠᠯᠴᠠᠭ᠎ᠠ᠎ᠶᠢ ᠪᠠᠶ᠋ᠢᠭᠤᠯᠬᠤ᠎ᠳᠤ ᠰᠠᠭᠤᠷᠢ ᠲᠠᠯᠪᠢᠵᠤ ᠥᠭᠪᠡ᠃ ᠪᠠᠰᠠ ᠣᠷᠣᠨ ᠪᠦᠰᠡ ᠠᠯᠤᠰᠯᠠᠨ ᠠᠵᠢᠯᠲᠠᠨ ᠡᠯᠰᠡᠬᠦ᠎ᠶᠢᠨ ᠬᠣᠯᠪᠤᠭᠠᠯᠠᠨ ᠬᠥᠳᠡᠯᠦᠯᠴᠡᠬᠦ᠎ᠳᠦ ᠢᠳᠡᠪᠬᠢᠲᠡᠢ ᠣᠷᠣᠯᠴᠠᠵᠤ᠂ 510 ᠠᠵᠤ ᠠᠬᠤᠢᠯᠠᠯ ᠠᠵᠢᠯ ᠦᠢᠯᠡᠰ᠎ᠦᠨ ᠨᠢᠭᠡᠴᠢ᠎ᠶᠢ ᠵᠣᠬᠢᠶᠠᠨ ᠪᠠᠢᠭᠤᠯᠤᠨ ᠬᠥᠬᠡᠬᠣᠲᠠ᠂ ᠪᠤᠭᠤᠲᠤ᠎ᠶᠢᠨ 19 ᠲᠠᠯᠠᠪᠤᠷ ᠠᠵᠢᠯᠲᠠᠨ ᠡᠯᠰᠡᠬᠦ ᠠᠵᠢᠯᠯᠠᠭ᠎ᠠ᠎ᠳᠤ ᠣᠷᠣᠯᠴᠠᠭᠤᠯᠵᠤ᠂ 1469 ᠬᠥᠮᠥᠨ ᠲᠠᠢ ᠠᠵᠢᠯ ᠣᠯᠭᠣᠬᠤ ᠰᠠᠨᠠᠮᠵᠢ ᠲᠣᠬᠢᠷᠠᠯᠴᠠᠪᠠ᠃
      ᠤᠯᠠᠭᠠᠨᠴᠠᠪ ᠬᠣᠲᠠ᠎ᠶᠢᠨ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠰᠠᠯᠠᠭ᠎ᠠ ᠮᠥᠴᠢᠷ ᠪᠠᠰᠠ ᠠᠵᠢᠯ ᠣᠯᠭᠣᠯᠲᠠ᠎ᠶᠢᠨ ᠬᠡᠪᠴᠢᠶ᠎ᠡ᠎ᠶᠢ ᠣᠷᠣᠨ᠎ᠤ ᠭᠠᠳᠠᠨ᠎ᠠ ᠬᠦᠷᠲᠡᠯ᠎ᠡ ᠥᠷᠭᠡᠳᠬᠡᠵᠦ᠂ 42 ᠲᠠᠯᠠᠪᠤᠷ 《 ᠬᠥᠬᠡᠬᠣᠲᠠ ᠪᠤᠭᠤᠲᠤ ᠣᠷᠳᠣᠰ ᠤᠯᠠᠭᠠᠨᠴᠠᠪ 》 ᠲᠤᠰᠬᠠᠢ ᠲᠠᠯᠠᠪᠠᠶ᠎ᠶᠢᠨ ᠰᠢᠭᠤᠳ ᠨᠡᠪᠲᠡᠷᠡᠭᠦᠯᠭᠡ᠎ᠪᠠᠷ ᠠᠵᠢᠯ᠎ᠤᠨ ᠪᠠᠢᠷᠢ ᠲᠠᠨᠢᠯᠴᠠᠭᠤᠯᠬᠤ ᠠᠵᠢᠯᠯᠠᠭ᠎ᠠ ᠡᠷᠭᠢᠯᠡᠵᠦ᠂ 4300 ᠤᠳᠠᠭᠠᠨ᠎ᠤ ᠠᠵᠢᠯ᠎ᠤᠨ ᠪᠠᠢᠷᠢ ᠬᠦᠷᠭᠡᠵᠦ᠂ ᠨᠡᠶ᠋ᠢᠲᠡ 9.8 ᠲᠦᠮᠡᠨ ᠬᠥᠮᠥᠨ ᠤᠳᠠᠭ᠎ᠠ᠎ᠶᠢᠨ ᠠᠩᠬᠠᠷᠤᠯ᠎ᠢ ᠲᠠᠲᠠᠪᠠ᠃ 《 ᠤᠯᠠᠭᠠᠨᠴᠠᠪ ᠳ᠋ᠠᠲ᠋ᠦ᠋ᠩ ᠴᠢᠭᠤᠯᠤᠯᠲᠤ ᠬᠠᠭᠠᠯᠭ᠎ᠠ 》 ᠣᠷᠣᠨ ᠪᠦᠰᠡ᠎ᠶᠢᠨ ᠬᠥᠭᠵᠢᠯᠲᠡ᠎ᠳᠦ ᠢᠳᠡᠪᠬᠢᠲᠡᠢ᠎ᠪᠡᠷ ᠠᠭᠤᠰᠤᠯᠴᠠᠵᠤ ᠂ ᠭᠣᠣᠯᠳᠠᠯᠭ᠎ᠠ᠎ᠲᠠᠢ ᠠᠵᠤ ᠦᠢᠯᠡᠰ᠎ᠦᠨ ᠴᠢᠳᠠᠪᠤᠷᠢᠲᠠᠨ ᠡᠯᠰᠡᠬᠦ ᠪᠠ ᠣᠶᠤᠨ ᠤᠬᠠᠭᠠᠨ ᠣᠷᠣᠭᠤᠯᠵᠤ ᠤᠷᠢᠬᠤ ᠴᠤᠭᠯᠠᠭᠠᠨ ᠳᠡᠭᠡᠷ᠎ᠡ 《 ᠤᠯᠠᠭᠠᠨᠴᠠᠪ ᠳ᠋ᠠᠲ᠋ᠦ᠋ᠩ ᠴᠢᠭᠤᠯᠤᠯᠲᠤ ᠬᠠᠭᠠᠯᠭ᠎ᠠ ᠣᠷᠣᠨ ᠪᠦᠰᠡ᠎ᠶᠢᠨ ᠬᠠᠮᠲᠤᠷᠠᠯᠴᠠᠭ᠎ᠠ 》᠎ᠶᠢᠨ ᠲᠤᠰᠬᠠᠢ ᠲᠣᠭᠣᠷᠢᠭ᠋ ᠭᠠᠷᠭᠠᠵᠤ᠂ 2326 ᠠᠵᠢᠯ᠎ᠤᠨ ᠪᠠᠢᠷᠢ ᠬᠠᠩᠭᠠᠪᠠ᠃
      ᠤᠯᠠᠭᠠᠨᠴᠠᠪ᠎ᠤᠨ ᠳᠥᠷᠪᠡᠳ ᠬᠣᠰᠢᠭᠤᠨ᠎ᠤ ᠤᠯᠠᠭᠠᠨᠬᠤᠸᠠ᠎ᠠᠴᠠ ᠪᠠᠷᠠᠭᠤᠨᠳᠡᠬᠢ ᠬᠠᠷᠢᠯᠴᠠᠨ ᠨᠡᠪᠲᠡᠷᠡᠯᠴᠡᠬᠦ ᠢᠨᠵᠧᠨᠧᠷᠢᠩ᠎ᠦᠨ ᠲᠦᠷᠦᠯ ᠵᠦᠢᠯ᠎ᠦᠨ ᠪᠠᠷᠢᠯᠭ᠎ᠠ᠎ᠶᠢᠨ ᠭᠠᠵᠠᠷ᠎ᠲᠤ᠂ ᠸᠠᠩ ᡁᠢ ᠵᠡᠷᠭᠡ ᠶᠠᠳᠠᠭᠤ ᠬᠦᠴᠢᠷᠳᠡᠯᠲᠡᠢ ᠡᠷᠦᠬᠡ᠎ᠶᠢᠨ ᠳᠣᠣᠷ᠎ᠠ ᠣᠷᠣᠯᠭ᠎ᠠ᠎ᠲᠠᠢ ᠮᠠᠯᠴᠢᠨ ᠲᠠᠷᠢᠶᠠᠴᠢᠨ᠎ᠢᠶᠠᠷ ᠪᠦᠷᠢᠯᠳᠦᠭᠰᠡᠨ ᠠᠵᠢᠯ ᠣᠯᠭᠣᠬᠤ᠎ᠪᠠᠷ ᠲᠡᠳᠬᠦᠮᠵᠢ᠎ᠶᠢ ᠣᠷᠣᠯᠠᠭᠤᠯᠬᠤ ᠡᠩᠨᠡᠭᠡ ᠪᠠᠷᠢᠯᠭ᠎ᠠ᠎ᠶᠢᠨ ᠨᠢᠭᠡᠳᠦᠭᠡᠷ ᠹᠷᠣᠨᠲ᠎ᠳᠤ ᠢᠳᠡᠪᠬᠢᠲᠡᠢ ᠠᠵᠢᠯᠯᠠᠵᠤ᠂ ᠲᠤᠬᠠᠢ᠎ᠶᠢᠨ ᠭᠠᠵᠠᠷ᠎ᠤᠨ ᠤᠯᠠᠨ ᠲᠦᠮᠡᠨ᠎ᠳᠦ ᠠᠵᠢᠯ ᠣᠯᠭᠣᠯᠲᠠ᠎ᠶᠢᠨ ᠰᠢᠨ᠎ᠡ ᠵᠠᠮ᠎ᠢ ᠨᠡᠭᠡᠭᠡᠵᠦ ᠥᠭᠴᠡᠢ᠃
      ᠡᠨᠡ ᠵᠢᠯ ᠤᠯᠠᠭᠠᠨᠴᠠᠪ᠎ᠲᠤ 《 ᠠᠵᠢᠯ᠎ᠤᠨ ᠪᠠᠢᠷᠢ᠎ᠶᠢᠨ ᠬᠡᠷᠡᠭᠴᠡᠭᠡ + ᠤᠷ᠎ᠠ ᠮᠡᠷᠭᠡᠵᠢᠯ᠎ᠦᠨ ᠪᠣᠯᠪᠠᠰᠤᠷᠠᠯ + ᠤᠷ᠎ᠠ ᠮᠡᠷᠭᠡᠵᠢᠯ᠎ᠦᠨ ᠦᠨᠡᠯᠡᠯᠲᠡ + ᠠᠵᠢᠯ ᠣᠯᠭᠣᠯᠲᠠ᠎ᠶᠢᠨ ᠦᠢᠯᠡᠴᠢᠯᠡᠭᠡ 》 ᠵᠢᠨ ᠳᠥᠷᠪᠡ᠎ᠶᠢ ᠨᠢᠭᠡ ᠴᠣᠭᠴᠠᠵᠢᠭᠤᠯᠤᠭᠰᠠᠨ ᠪᠣᠯᠪᠠᠰᠤᠷᠠᠯ᠎ᠤᠨ ᠵᠠᠭᠪᠤᠷ᠎ᠢ ᠬᠡᠷᠡᠭᠵᠢᠭᠦᠯᠵᠦ᠂ 837 ᠪᠣᠯᠪᠠᠰᠤᠷᠠᠯ᠎ᠳᠤ ᠣᠷᠣᠯᠴᠠᠭᠰᠠᠳ 《 ᠠᠵᠢᠯ ᠣᠯᠭᠣᠬᠤ᠎ᠪᠠᠷ ᠲᠡᠳᠬᠦᠮᠵᠢ᠎ᠶᠢ ᠣᠷᠣᠯᠠᠭᠤᠯᠬᠤ 》 ᠲᠥᠷᠥᠯ ᠵᠦᠢᠯ ᠪᠤᠶᠤ ᠠᠵᠤ ᠠᠬᠤᠢᠯᠠᠯ᠎ᠢ ᠵᠣᠯᠭᠠᠭᠤᠯᠬᠤ᠎ᠪᠠᠷ ᠳᠠᠮᠵᠢᠭᠤᠯᠤᠨ ᠠᠵᠢᠯ ᠣᠯᠭᠣᠯᠲᠠ᠎ᠶᠢ ᠪᠡᠶᠡᠯᠡᠭᠦᠯᠪᠡ᠃ ᠨᠢᠭᠡᠨᠲᠡ ᠠᠵᠢᠯ ᠣᠯᠭᠣᠬᠤ᠎ᠪᠠᠷ ᠲᠡᠳᠬᠦᠮᠵᠢ᠎ᠶᠢ ᠣᠷᠣᠯᠠᠭᠤᠯᠬᠤ 59 ᠲᠥᠷᠥᠯ ᠵᠦᠢᠯᠡᠰ᠎ᠢ ᠡᠬᠢᠯᠡᠭᠦᠯᠵᠦ᠂ 3363 ᠬᠥᠮᠥᠨ᠎ᠳᠦ ᠠᠵᠢᠯ ᠣᠯᠭᠣᠭᠰᠠᠨ ᠪᠠᠢᠨ᠎ᠠ᠃
      ᠡᠭᠦᠨ᠎ᠡᠴᠡ ᠭᠠᠳᠠᠨ᠎ᠠ᠂ ᠪᠥᠬᠥ ᠣᠷᠣᠨ᠎ᠳᠤ ᠡᠩ ᠲᠡᠷᠢᠭᠦᠨ᠎ᠳᠦ 《 ᠤᠯᠠᠭᠠᠨᠴᠠᠪ ᠬᠣᠲᠠ᠎ᠶᠢᠨ ᠮᠠᠯᠴᠢᠨ ᠲᠠᠷᠢᠶᠠᠴᠢᠨ᠎ᠤ ᠠᠵᠢᠯ ᠮᠡᠷᠭᠡᠵᠢᠯ᠎ᠦᠨ ᠤᠷ᠎ᠠ ᠮᠡᠷᠭᠡᠵᠢᠯ᠎ᠦᠨ ᠵᠡᠷᠭᠡ ᠳᠡᠰ᠎ᠤᠨ ᠦᠨᠡᠯᠡᠯᠲᠡ᠎ᠶᠢᠨ ᠬᠡᠷᠡᠭᠵᠢᠭᠦᠯᠬᠦ ᠠᠷᠭ᠎ᠠ 》᠎ᠶᠢ ᠨᠡᠢᠲᠡᠯᠡᠵᠦ᠂ 259 ᠮᠠᠯᠴᠢᠨ ᠲᠠᠷᠢᠶᠠᠴᠢᠨ᠎ᠤ ᠤᠷ᠎ᠠ ᠮᠡᠷᠭᠡᠵᠢᠯ᠎ᠦᠨ ᠦᠨᠡᠯᠡᠯᠲᠡ᠎ᠶᠢ ᠪᠡᠶᠡᠯᠡᠭᠦᠯᠵᠦ᠂ ᠮᠠᠯᠴᠢᠨ ᠲᠠᠷᠢᠶᠠᠴᠢᠨ ᠡᠷᠦᠬᠡ᠎ᠶᠢ ᠰᠢᠭᠤᠳ ᠳᠠᠶ᠋ᠢᠴᠢᠯᠠᠨ ᠣᠷᠣᠯᠭ᠎ᠠ᠎ᠶᠢ ᠨᠢ ᠨᠡᠮᠡᠭᠳᠡᠭᠦᠯᠬᠦ᠎ᠶᠢ ᠪᠡᠶᠡᠯᠡᠭᠦᠯᠪᠡ᠃ ᠡᠭᠦᠨ᠎ᠦ ᠬᠠᠮᠲᠤ᠂ ᠾᠧᠦ ᠰᠦ᠍ ᠰᠢᠨ᠂ ᠴᠧᠨ ᠰᠢᠶᠣᠣ ᠯᠦᠩ᠂ ᠬᠤᠸ᠋ ᠶᠤᠸᠠᠨ ᠶᠤᠸᠠᠨ ᠵᠡᠷᠭᠡ 3 ᠦᠢᠯᠡᠰ ᠪᠣᠰᠬᠠᠬᠤ᠎ᠶᠢ ᠵᠢᠯᠤᠭᠣᠳᠬᠤ ᠶᠡᠬᠡ ᠪᠠᠭ᠍ᠰᠢ᠎ᠶᠢᠨ ᠠᠵᠢᠯᠯᠠᠬᠤ ᠲᠠᠰᠤᠭ᠎ᠢ ᠪᠣᠢᠵᠢᠭᠤᠯᠤᠨ ᠪᠠᠢᠭᠤᠯᠵᠤ᠂ ᠦᠢᠯᠡᠰ ᠪᠣᠰᠬᠠᠭ᠍ᠴᠢ᠎ᠳᠤ ᠪᠥᠬᠥ ᠲᠠᠯ᠎ᠠ᠎ᠶᠢᠨ᠂ ᠲᠤᠰᠬᠠᠢᠵᠢᠭ᠍ᠰᠠᠨ ᠵᠢᠯᠣᠭᠣᠳᠤᠯᠭ᠎ᠠ ᠬᠠᠩᠭᠠᠵᠤ᠂ ᠦᠢᠯᠡᠰ ᠪᠣᠰᠬᠠᠬᠤ᠎ᠪᠠᠷ ᠠᠵᠢᠯ ᠣᠯᠭᠣᠯᠲᠠ᠎ᠶᠢ ᠳᠠᠢᠴᠢᠯᠠᠬᠤ ᠳᠠᠬᠢᠨ᠎ᠢᠶᠠᠷ ᠨᠡᠮᠡᠭᠳᠡᠭᠦᠯᠬᠦ ᠦᠢᠯᠡᠳᠦᠯ᠎ᠢ ᠪᠠᠳᠠᠷᠠᠭᠤᠯᠪᠠ᠃
      ᠤᠯᠠᠭᠠᠨᠴᠠᠪ ᠬᠣᠲᠠ᠎ᠶᠢᠨ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠲᠣᠪᠴᠢᠶ᠎ᠠ᠎ᠶᠢᠨ ᠨᠠᠮ᠎ᠤᠨ ᠤᠳᠤᠷᠢᠳᠬᠤ ᠳᠤᠭᠤᠢᠯᠠᠩ᠎ᠤᠨ ᠪᠦᠷᠢᠯᠳᠦᠭᠦᠨ᠂ ᠬᠣᠲᠠ᠎ᠶᠢᠨ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠠᠵᠢᠯ ᠣᠯᠭᠣᠯᠲᠠ᠎ᠶᠢᠨ ᠦᠢᠯᠡᠴᠢᠯᠡᠭᠡᠨ᠎ᠦ ᠲᠥᠪ᠎ᠦᠨ ᠡᠷᠬᠢᠯᠡᠭᠴᠢ ᠽᠧᠩ ᠴᠢᠶᠠᠩ ᠬᠡᠯᠡᠬᠦ᠎ᠳᠡᠭᠡᠨ᠄ 《 ᠪᠢᠳᠡ ᠦᠷᠭᠦᠯᠵᠢᠯᠡᠨ ᠭᠣᠣᠯᠳᠠᠯᠭ᠎ᠠ᠎ᠲᠠᠢ ᠬᠦᠷᠢᠶ᠎ᠡ᠂ ᠭᠣᠣᠯᠳᠠᠯᠭ᠎ᠠ᠎ᠲᠠᠢ ᠬᠥᠮᠥᠰ᠎ᠤᠨ ᠬᠡᠷᠡᠭᠴᠡᠭᠡ ᠱᠠᠭᠠᠷᠳᠠᠯᠭ᠎ᠠ᠎ᠳᠤ ᠠᠩᠬᠠᠷᠤᠯ᠎ᠢᠶᠠᠨ ᠲᠥᠪᠯᠡᠷᠡᠭᠦᠯᠵᠦ᠂ ᠲᠥᠷᠥ᠎ᠶᠢᠨ ᠪᠣᠳᠣᠯᠭ᠎ᠠ᠎ᠪᠠᠨ ᠲᠠᠰᠤᠷᠠᠯᠲᠠ ᠦᠭᠡᠢ ᠲᠡᠭᠦᠯᠳᠡᠷᠵᠢᠭᠦᠯᠦᠨ᠂ ᠦᠢᠯᠡᠴᠢᠯᠡᠭᠡ᠎ᠪᠡᠨ ᠰᠢᠯᠢᠳᠡᠭᠵᠢᠭᠦᠯᠵᠦ᠂ ᠨᠠᠩ ᠣᠯᠠᠨ ᠬᠥᠳᠡᠯᠮᠦᠷᠢᠴᠢᠳ᠎ᠦᠨ 〈 ᠠᠮᠠᠷᠬᠠᠨ ᠠᠵᠢᠯ ᠣᠯᠬᠤ 〉 〈 ᠰᠠᠢᠨ ᠠᠵᠢᠯ ᠣᠯᠬᠤ 〉᠎ᠶᠢ ᠪᠡᠶᠡᠯᠡᠭᠦᠯᠬᠦ᠎ᠶᠢ ᠲᠦᠯᠬᠢᠨ ᠠᠬᠢᠭᠤᠯᠵᠤ᠂ ᠴᠢᠨᠠᠷ ᠰᠠᠢᠲᠠᠢ ᠬᠥᠭᠵᠢᠯᠲᠡ᠎ᠳᠦ ᠬᠥᠮᠥᠨ᠎ᠦ ᠬᠦᠴᠦᠨ᠎ᠦ ᠡᠬᠢ ᠪᠠᠶᠠᠯᠢᠭ᠋᠎ᠤᠨ ᠪᠠᠲᠤᠯᠠᠭ᠎ᠠ ᠬᠠᠩᠭᠠᠨ᠎ᠠ 》 ᠭᠡᠵᠡᠢ᠃

ᠢᠷᠡᠯᠲᠡ᠄ ᠥᠪᠡᠷᠲᠡᠭᠡᠨ ᠵᠠᠰᠠᠬᠤ ᠣᠷᠣᠨ᠎ᠤ ᠬᠥᠮᠦᠨ᠎ᠦ ᠬᠦᠴᠦᠨ᠎ᠦ ᠡᠬᠢ ᠪᠠᠶᠠᠯᠢᠭ᠋ ᠪᠠ ᠨᠡᠶ᠋ᠢᠭᠡᠮ᠎ᠦᠨ ᠪᠠᠲᠤᠯᠠᠭ᠎ᠠ᠎ᠶᠢᠨ ᠲᠢᠩᠬᠢᠮ
          
ᠬᠠᠮᠢᠶ᠎ᠡ ᠪᠦᠬᠦᠢ ᠰᠣᠨᠢᠨ
 
            