《 〈 ᠰᠣᠳᠣᠨ ᠴᠢᠳᠠᠪᠤᠷᠢᠲᠠᠨ᠎ᠢᠶᠠᠷ ᠥᠪᠥᠷ ᠮᠣᠩᠭᠣᠯ᠎ᠢᠶᠠᠨ ᠬᠥᠭᠵᠢᠭᠦᠯᠬᠦ 〉 ᠢᠨᠵᠧᠨᠧᠷᠢᠩ᠎ᠦᠨ ᠲᠥᠷᠥ᠎ᠶᠢᠨ ᠪᠣᠳᠣᠯᠭ᠎ᠠ᠎ᠨᠤᠭᠤᠳ᠎ᠢ ᠬᠡᠷᠡᠭᠵᠢᠭᠦᠯᠬᠦ ᠲᠤᠬᠠᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠠᠯᠪᠠᠨ ᠲᠢᠩᠬᠢᠮ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠦᠨ ᠰᠠᠨᠠᠯ 》 ( ᠥᠪᠥᠷ ᠨᠠᠮ ᠠᠯᠪᠠᠨ ᠲᠠᠷᠬᠠᠭᠠᠭᠰᠠᠨ 〔2024〕 18 ᠳ᠋ᠤᠭᠠᠷ ᠲᠣᠭᠠᠲᠤ )᠂ 《 ᠥᠪᠡᠷᠲᠡᠭᠡᠨ ᠵᠠᠰᠠᠬᠤ ᠣᠷᠣᠨ᠎ᠤ ᠲᠣᠰ ᠱᠠᠲᠤᠨ᠎ᠤ ᠠᠵᠢᠯ ᠦᠢᠯᠡᠰ᠎ᠦᠨ ᠨᠢᠭᠡᠴᠢ᠎ᠶᠢᠨ 〈 ᠰᠠᠭᠠᠳ ᠦᠭᠡᠢ ᠨᠡᠪᠲᠡᠷᠡᠬᠦ ᠵᠠᠮ 〉᠎ᠢᠶᠠᠷ ᠳᠡᠭᠡᠳᠦ ᠲᠠᠰ᠎ᠤᠨ ᠴᠢᠳᠠᠪᠤᠷᠢᠲᠠᠨ᠎ᠢ ᠣᠷᠣᠭᠤᠯᠤᠨ ᠠᠪᠴᠢᠷᠠᠬᠤ ᠬᠣᠯᠪᠣᠭᠳᠠᠯ ᠪᠦᠬᠦᠢ ᠠᠵᠢᠯ᠎ᠢ ᠤᠯᠠᠮ ᠨᠢᠭᠡ ᠠᠯᠬᠤᠮ ᠰᠠᠢᠲᠤᠷ ᠬᠢᠬᠦ ᠲᠤᠬᠠᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠲᠢᠩᠬᠢᠮ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠣᠷᠢᠶ᠎ᠠ᠎ᠶᠢᠨ ᠵᠣᠬᠢᠶᠠᠨ ᠪᠠᠶ᠋ᠢᠭᠤᠯᠬᠤ ᠬᠡᠯᠲᠡᠰ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠪᠠᠢᠭᠤᠯᠤᠮᠵᠢ᠎ᠶᠢᠨ ᠣᠷᠣᠨ ᠲᠣᠭᠠᠨ᠎ᠤ ᠵᠥᠪᠯᠡᠯ᠎ᠦᠨ ᠠᠯᠪᠠᠨ ᠭᠡᠷ᠎ᠦᠨ ᠮᠡᠳᠡᠭᠳᠡᠯ 》 ( ᠥᠪᠥᠷ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ ᠲᠠᠷᠬᠠᠭᠠᠭᠰᠠᠨ [2025] 10 ᠳ᠋ᠤᠭᠠᠷ ᠲᠣᠭᠠᠲᠤ )᠎ᠶᠢᠨ ᠬᠠᠮᠢᠶ᠎ᠠ ᠪᠦᠬᠦᠢ ᠱᠠᠭᠠᠷᠳᠠᠯᠭ᠎ᠠ ᠶᠣᠰᠣᠭᠠᠷ᠂ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ ᠴᠢᠳᠠᠪᠤᠷᠢᠲᠠᠨ ᠡᠯᠰᠡᠬᠦ ᠠᠯᠪᠠᠨ ᠵᠠᠷᠯᠠᠯ ᠨᠡᠢᠲᠡᠯᠡᠬᠦ᠂ ᠵᠣᠬᠢᠶᠠᠨ ᠪᠠᠢᠭᠤᠯᠵᠤ ᠨᠡᠷ᠎ᠡ ᠮᠡᠳᠡᠭᠦᠯᠵᠦ ᠬᠢᠨᠠᠨ ᠪᠠᠢᠴᠠᠭᠠᠬᠤ᠂ ᠲᠤᠰᠬᠠᠢ ᠮᠡᠷᠭᠡᠵᠢᠯᠲᠡᠨ᠎ᠠᠴᠠ ᠦᠨᠡᠯᠡᠨ ᠵᠢᠱ᠌ᠢᠵᠦ ᠮᠠᠭᠠᠳᠯᠠᠨ ᠲᠣᠭᠲᠠᠭᠠᠬᠤ᠂ ᠬᠢᠨᠠᠨ ᠪᠠᠢᠴᠠᠭᠠᠬᠤ᠂ ᠪᠡᠶ᠎ᠡ᠎ᠶᠢᠨ ᠪᠠᠢᠴᠠᠭᠠᠯᠲᠠ ᠬᠢᠬᠦ ᠵᠡᠷᠭᠡ ᠲᠠᠰ ᠳᠠᠷᠠᠭᠠᠯᠠᠯ᠎ᠢᠶᠠᠷ ᠳᠡᠮᠵᠢᠨ᠂ ᠨᠡᠢᠳᠡ 2 ᠬᠥᠮᠥᠨ ᠣᠷᠣᠭᠤᠯᠤᠨ ᠠᠪᠴᠢᠷᠠᠬᠤ᠎ᠪᠠᠷ ᠪᠠᠢᠭ᠎ᠠ ᠴᠢᠳᠠᠪᠤᠷᠢᠲᠠᠨ᠎ᠤ ᠬᠡᠪᠴᠢᠶᠡᠨ᠎ᠳᠦ ᠣᠷᠣᠵᠤ᠂ ᠡᠳᠦᠭᠡ ᠣᠷᠣᠭᠤᠯᠤᠨ ᠠᠪᠴᠢᠷᠠᠬᠤ᠎ᠪᠠᠷ ᠪᠠᠢᠭ᠎ᠠ ᠳᠡᠭᠡᠳᠦ ᠲᠠᠰ ᠳᠠᠪᠬᠤᠷᠭ᠎ᠠ᠎ᠶᠢᠨ ᠠᠵᠢᠯᠲᠠᠨ ᠵᠢᠴᠢ ᠣᠷᠣᠭᠤᠯᠤᠨ ᠠᠪᠴᠢᠷᠠᠬᠤ᠎ᠪᠠᠷ ᠪᠠᠢᠭ᠎ᠠ ᠨᠢᠭᠡᠴᠢ᠎ᠶᠢ ᠢᠯᠡ ᠨᠡᠢᠲᠡᠯᠡᠨ᠎ᠡ᠃
ᠨᠢᠭᠡ ᠂ ᠢᠯᠡ ᠨᠡᠢᠲᠡᠯᠡᠬᠦ ᠡᠲᠡᠭᠡᠳ
ᠴᠧᠨ ᠪᠢᠨ᠂ ᠡᠷᠡᠭᠲᠡᠢ᠂ 1989 ᠣᠨ᠎ᠤ 11 ᠰᠠᠷ᠎ᠠ᠎ᠶᠢᠨ 28᠎ᠤ ᠡᠳᠦᠷ ᠲᠦᠷᠦᠵᠠᠢ᠂ ᠳ᠋ᠣᠺᠲ᠋ᠣᠷᠠᠨᠲ ( ᠲᠠᠷᠢᠶᠠᠯᠠᠩ᠎ᠤᠨ ᠤᠬᠠᠭᠠᠨ᠎ᠤ ᠳ᠋ᠣᠺᠲ᠋ᠣᠷ )᠂ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ᠎ᠶᠢᠨ ᠲᠤᠰᠬᠠᠢ ᠮᠡᠷᠭᠡᠵᠢᠯ᠎ᠦᠨ ᠠᠵᠢᠯ᠎ᠤᠨ ᠪᠠᠢᠷᠢ᠎ᠳᠤ ᠤᠷᠢᠭ᠍ᠳᠠᠬᠤ᠎ᠪᠠᠷ ᠪᠤᠢ᠃
ᠮᠠᠶᠢᠨ ᠫᠧᠩ᠂ ᠡᠷᠡᠭᠲᠡᠢ᠂ 1996 ᠣᠨ᠎ᠤ 11 ᠰᠠᠷ᠎ᠠ᠎ᠶᠢᠨ 22᠎ᠤᠨ ᠡᠳᠦᠷ ᠲᠦᠷᠦᠵᠠᠢ᠂ ᠳ᠋ᠣᠺᠲ᠋ᠣᠷᠠᠨᠲ ( ᠲᠠᠷᠢᠶᠠᠯᠠᠩ᠎ᠤᠨ ᠤᠬᠠᠭᠠᠨ᠎ᠤ ᠳ᠋ᠣᠺᠲ᠋ᠣᠷ )᠂ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ᠎ᠶᠢᠨ ᠲᠤᠰᠬᠠᠢ ᠮᠡᠷᠭᠡᠵᠢᠯ᠎ᠦᠨ ᠠᠵᠢᠯ᠎ᠤᠨ ᠪᠠᠢᠷᠢ᠎ᠳᠤ ᠤᠷᠢᠭ᠍ᠳᠠᠬᠤ᠎ᠪᠠᠷ ᠪᠤᠢ᠃
ᠬᠣᠶᠠᠷ᠂ ᠢᠯᠡ ᠨᠡᠢᠲᠡᠯᠡᠬᠦ ᠴᠠᠭ
2025 ᠣᠨ᠎ᠤ 11 ᠰᠠᠷ᠎ᠠ᠎ᠶᠢᠨ 26᠎ᠤ ᠡᠳᠦᠷ᠎ᠡᠴᠡ 2025 ᠣᠨ᠎ᠤ 12 ᠰᠠᠷ᠎ᠠ᠎ᠶᠢᠨ 2᠎ᠤᠨ ᠡᠳᠦᠷ ᠪᠤᠯᠳᠠᠯ᠎ᠠ
ᠭᠤᠷᠪᠠ᠂ ᠬᠦᠯᠢᠶᠡᠨ ᠠᠪᠴᠤ ᠰᠢᠢᠳᠪᠦᠷᠢᠯᠡᠬᠦ ᠠᠷᠭ᠎ᠠ ᠮᠠᠶᠢᠭ᠋
ᠨᠢᠭᠡᠴᠢ ᠪᠣᠯᠣᠨ ᠬᠤᠪᠢ ᠬᠥᠮᠥᠨ ᠤᠲᠠᠰᠤ ᠢᠷᠡᠭᠦᠯᠬᠦ᠂ ᠵᠠᠬᠢᠳᠠᠯ ᠢᠷᠡᠭᠦᠯᠬᠦ ᠵᠡᠷᠭᠡ ᠬᠡᠯᠪᠡᠷᠢ᠎ᠪᠡᠷ ᠳᠡᠭᠡᠷ᠎ᠡ ᠳᠤᠷᠠᠳᠤᠭᠰᠠᠨ ᠢᠯᠡ ᠨᠡᠢᠲᠡᠯᠡᠭᠰᠡᠨ ᠡᠲᠡᠭᠡᠳ᠎ᠦᠨ ᠬᠣᠯᠪᠣᠭᠳᠠᠯ ᠪᠦᠬᠦᠢ ᠪᠠᠢᠳᠠᠯ ᠪᠣᠯᠣᠨ ᠠᠰᠠᠭᠤᠳᠠᠯ᠎ᠢ ᠲᠤᠰᠬᠠᠵᠤ ᠪᠣᠯᠣᠨ᠎ᠠ᠂ ᠲᠤᠰᠬᠠᠭᠰᠠᠨ ᠮᠠᠲᠧᠷᠢᠶᠠᠯ᠎ᠳᠦ ᠨᠢᠭᠡᠴᠢ ᠨᠢ ᠠᠯᠪᠠᠨ ᠲᠠᠮᠠᠭ᠎ᠠ ᠳᠠᠷᠤᠵᠤ᠂ ᠬᠤᠪᠢ ᠬᠥᠮᠥᠨ ᠦᠨᠡᠨ ᠨᠡᠷ᠎ᠡ᠎ᠪᠡᠨ ᠪᠢᠴᠢᠬᠦ᠎ᠶᠢᠨ ᠬᠠᠮᠲᠤ ᠬᠠᠷᠢᠯᠴᠠᠬᠤ ᠠᠷᠭ᠎ᠠ ᠬᠡᠯᠪᠡᠷᠢ᠎ᠪᠡᠨ ᠬᠠᠩᠭᠠᠬᠤ ᠬᠡᠷᠡᠭᠲᠡᠢ᠃
ᠬᠦᠯᠢᠶᠡᠨ ᠠᠪᠬᠤ ᠴᠠᠭ᠄ ᠦᠳᠡ᠎ᠶᠢᠨ ᠡᠮᠦᠨ᠎ᠡ 9 ᠄ 00 ︱ 12 ᠄ 00 ᠂ ᠦᠳᠡ᠎ᠶᠢᠨ ᠬᠣᠢᠨ᠎ᠠ 14 ᠄ 30 ︱ 17 ᠄ 00
ᠬᠦᠯᠢᠶᠡᠨ ᠠᠪᠬᠤ ᠤᠲᠠᠰᠤ᠄ 0471-6946229 ( ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠲᠢᠩᠬᠢᠮ )
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠥᠮᠥᠨ᠎ᠦ
ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠲᠢᠩᠬᠢᠮ
2025 ᠣᠨ᠎ᠤ 11 ᠰᠠᠷ᠎ᠠ᠎ᠶᠢᠨ 25᠎ᠤ ᠡᠳᠦᠷ