ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
《 ᠰᠠᠭ᠋ᠠᠳ ᠦᠭᠡᠢ ᠨᠡᠪᠲᠡᠷᠡᠬᠦ ᠵᠠᠮ 》 ᠵᠶ᠋ᠠᠷ ᠴᠢᠳᠠᠪᠣᠷᠢᠲᠠᠨ᠎ᠢ ᠣᠷᠣᠭᠤᠯᠤᠨ ᠠᠪᠴᠢᠷᠠᠬᠤ
ᠠᠵᠢᠯ ᠦᠢ᠍ᠯᠡᠰ᠎ᠤᠨ ᠨᠢᠭᠡᠴᠢ ᠵᠢᠨ ᠠᠵᠢᠯᠲᠠᠨ ᠤᠷᠢᠵᠤ ᠡᠯᠰᠡᠬᠦ ᠮᠡᠳᠡᠭᠡ ᠵᠠᠩᠭᠢ
ᠰᠣᠨᠢᠨ ᠮᠡᠳᠡᠭᠡ   -   ᠰᠤᠷᠪᠤᠯᠵᠢᠯᠠᠭ᠎ᠠ ᠶᠠᠷᠢᠯᠴᠠᠯᠭ᠎ᠠ
ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠶᠠᠮᠤᠨ᠎ᠤ ᠬᠣᠯᠪᠣᠭᠳᠠᠯ ᠪᠦᠬᠦᠢ ᠵᠤᠷᠭ᠋ᠠᠨ ᠲᠣᠪᠴᠢᠶ᠎ᠠ ᠵᠢᠨ ᠬᠠᠷᠢᠭᠤᠴᠠᠯᠭ᠋ᠠᠲᠠᠨ ᠨᠥᠬᠥᠳ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠡᠷᠬᠡ ᠠᠰᠢᠭ᠎ᠤᠨ ᠪᠠᠲᠤᠯᠠᠭ᠎ᠠ ᠵᠢᠨ ᠵᠢᠯᠣᠭᠣᠳᠤᠮᠵᠢ ᠵᠦᠭᠯᠡᠭᠦᠷ᠎ᠲᠤ ᠲᠠᠢ᠌ᠯᠤᠮᠵᠢ ᠬᠢᠪᠡ
ᠨᠡᠶ᠋ᠢᠲᠡᠯᠡᠭᠰᠡᠨ ᠴᠠᠭ᠄ 2024-03-04

      ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠶᠠᠮᠤᠨ᠎ᠤ ᠠᠯᠪᠠᠨ ᠲᠢᠩᠬᠢᠮ 《ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠠᠮᠠᠷᠠᠬᠤ ᠪᠠ ᠬᠥᠳᠡᠯᠮᠦᠷᠢ ᠵᠢᠨ ᠬᠥᠯᠥᠰᠦ ᠣᠯᠭᠣᠮᠵᠢ ᠵᠢᠨ ᠡᠷᠬᠡ ᠠᠰᠢᠭ᠎ᠢ ᠪᠠᠲᠤᠯᠠᠬᠤ ᠵᠢᠯᠣᠭᠣᠳᠤᠮᠵᠢ》 《ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠬᠥᠳᠡᠯᠮᠦᠷᠢ ᠵᠢᠨ ᠳᠦᠷᠢᠮ᠎ᠢ ᠵᠠᠷᠯᠠᠨ ᠨᠡᠢ᠌ᠲᠡᠯᠡᠬᠦ ᠵᠢᠯᠣᠭᠣᠳᠤᠮᠵᠢ》 《ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠡᠷᠬᠡ ᠠᠰᠢᠭ᠎ᠢ ᠬᠠᠮᠠᠭ᠋ᠠᠯᠠᠬᠤ ᠦᠢ᠍ᠯᠡᠴᠢᠯᠡᠭᠡᠨ᠎ᠤ ᠵᠦᠭᠯᠡᠭᠦᠷ》 (ᠳᠣᠷᠣᠭᠰᠢ ᠬᠣᠶᠠᠷ ᠵᠢᠯᠣᠭᠣᠳᠤᠮᠵᠢ ᠪᠠ ᠨᠢᠭᠡ ᠵᠦᠭᠯᠡᠭᠦᠷ ᠭᠡᠵᠦ ᠲᠣᠪᠴᠢᠯᠠᠨ᠎ᠠ)᠎ᠢ ᠳᠠᠷᠤᠮᠠᠯᠯᠠᠨ ᠲᠠᠷᠬᠠᠭ᠋ᠠᠪᠠ᠃ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠶᠠᠮᠤᠨ᠎ᠤ ᠬᠥᠳᠡᠯᠮᠦᠷᠢ ᠵᠢᠨ ᠬᠠᠷᠢᠴᠠᠭ᠎ᠠ ᠵᠢᠨ ᠵᠤᠷᠭ᠋ᠠᠨ᠎ᠤ ᠬᠠᠷᠢᠭᠤᠴᠠᠯᠭ᠋ᠠᠲᠠᠨ ᠬᠣᠯᠪᠣᠭᠳᠠᠯ ᠪᠦᠬᠦᠢ ᠠᠰᠠᠭᠤᠳᠠᠯ᠎ᠤᠨ ᠲᠤᠬᠠᠢ ᠰᠤᠷᠪᠤᠯᠵᠢᠯᠠᠭᠴᠢ ᠵᠢᠨ ᠠᠰᠠᠭᠤᠯᠲᠠ ᠵᠢ ᠬᠠᠷᠢᠭᠤᠯᠪᠠ᠃

      ᠠᠰᠠᠭᠤᠯᠲᠠ᠄ ᠵᠢᠯᠣᠭᠣᠳᠤᠮᠵᠢ ᠵᠦᠭᠯᠡᠭᠦᠷ᠎ᠢ ᠨᠡᠢ᠌ᠲᠡᠯᠡᠭᠰᠡᠨ ᠠᠬᠤᠢ ᠪᠠᠶ᠋ᠢᠳᠠᠯ ᠪᠠ ᠵᠣᠷᠢᠯᠭ᠎ᠠ᠎ᠨᠢ ᠶᠠᠭᠤ ᠪᠤᠢ?

      ᠬᠠᠷᠢᠭᠤᠯᠲᠠ᠄ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠭᠵᠢᠯᠲᠡ ᠵᠢ ᠳᠡᠮᠵᠢᠨ ᠵᠢᠷᠤᠮᠵᠢᠭᠤᠯᠵᠤ᠂ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠡᠷᠬᠡ ᠠᠰᠢᠭ᠎ᠤᠨ ᠪᠠᠲᠤᠯᠠᠭ᠎ᠠ ᠵᠢ ᠴᠢᠩᠭ᠋ᠠᠳᠬᠠᠬᠤ ᠵᠢᠨ ᠲᠥᠯᠥᠭᠡ᠂ ᠬᠥᠳᠡᠯᠮᠦᠷᠢ ᠵᠢᠨ ᠬᠠᠤᠯᠢ ᠴᠠᠭ᠋ᠠᠵᠠ ᠬᠠᠤᠯᠢ ᠲᠣᠭᠲᠠᠭ᠋ᠠᠯ ᠪᠠ 《ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠬᠥᠳᠡᠯᠮᠦᠷᠢ ᠵᠢᠨ ᠪᠠᠲᠤᠯᠠᠭ᠎ᠠ ᠵᠢᠨ ᠡᠷᠬᠡ ᠠᠰᠢᠭ᠎ᠢ ᠬᠠᠮᠠᠭ᠋ᠠᠯᠠᠬᠤ ᠲᠤᠬᠠᠢ ᠵᠢᠯᠤᠭᠣᠳᠬᠤ ᠰᠠᠨᠠᠯ》 (ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠢ᠌ᠭᠡᠮ᠎ᠤᠨ ᠪᠠᠲᠤᠯᠠᠭ᠎ᠠ ᠵᠢᠨ ᠶᠠᠮᠤᠨ ᠲᠠᠷᠬᠠᠭ᠋ᠠᠪᠠ [2021] 56 ᠳ᠋ᠤᠭ᠋ᠠᠷ ᠲᠣᠭ᠋ᠠᠲᠤ᠂ ᠳᠣᠷᠣᠭᠰᠢ 56 ᠳ᠋ᠤᠭ᠋ᠠᠷ ᠲᠣᠭ᠋ᠠᠲᠤ ᠪᠢᠴᠢᠭ ᠮᠠᠲ᠋ᠧᠷᠢᠶᠠᠯ ᠭᠡᠵᠦ ᠲᠣᠪᠴᠢᠯᠠᠨ᠎ᠠ)᠎ᠢ ᠦᠨᠳᠦᠰᠦᠯᠡᠨ᠂ ᠮᠠᠨ᠎ᠤ ᠶᠠᠮᠤᠨ ᠬᠣᠶᠠᠷ ᠵᠢᠯᠣᠭᠣᠳᠤᠮᠵᠢ ᠪᠠ ᠨᠢᠭᠡ ᠵᠦᠭᠯᠡᠭᠦᠷ᠎ᠢ ᠨᠠᠢ᠌ᠷᠠᠭᠤᠯᠤᠨ ᠵᠣᠬᠢᠶᠠᠵᠤ᠂ ᠠᠵᠤ ᠠᠬᠤᠢ᠌ᠯᠠᠯ ᠠᠵᠢᠯᠴᠢᠨ ᠬᠡᠷᠡᠭᠯᠡᠬᠦ ᠵᠢ ᠵᠢᠷᠤᠮᠵᠢᠭᠤᠯᠵᠤ᠂ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠬᠠᠤᠯᠢ ᠶᠣᠰᠣᠭ᠋ᠠᠷ ᠡᠷᠬᠡ ᠠᠰᠢᠭ ᠵᠶ᠋ᠠᠨ ᠬᠠᠮᠠᠭ᠋ᠠᠯᠠᠬᠤ ᠵᠢ ᠬᠥᠲᠥᠯᠥᠨ ᠵᠢᠯᠣᠭᠣᠳᠪᠠ᠃ ᠨᠢᠭᠡ᠎ᠳᠤ᠂ ᠲᠥᠪ ᠬᠣᠷᠢᠶᠠᠨ᠎ᠤ ᠱᠠᠭ᠋ᠠᠷᠳᠠᠯᠭ᠎ᠠ ᠵᠢ ᠲᠤᠭᠤᠰᠢᠯᠠᠭᠤᠯᠤᠨ ᠨᠠᠢ᠌ᠳᠠᠪᠤᠷᠢᠵᠢᠭᠤᠯᠤᠨ᠎ᠠ᠃ ᠨᠠᠮ᠎ᠤᠨ ᠲᠥᠪ ᠬᠣᠷᠢᠶ᠎ᠠ᠂ ᠲᠥᠷᠥ ᠵᠢᠨ ᠶᠠᠪᠤᠳᠠᠯ᠎ᠤᠨ ᠬᠣᠷᠢᠶ᠎ᠠ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠡᠷᠬᠡ ᠠᠰᠢᠭ᠎ᠤᠨ ᠪᠠᠲᠤᠯᠠᠭ᠎ᠠ ᠵᠢ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠵᠤ ᠪᠠᠢ᠌ᠨ᠎ᠠ᠃ ᠶᠡᠷᠦᠩᠬᠡᠢ ᠱᠦᠵᠢ ᠰᠢ ᠵᠢᠨ ᠫᠢᠩ ᠤᠯᠠᠨ ᠤᠳᠠᠭ᠎ᠠ ᠴᠢᠬᠤᠯᠠ ᠵᠢᠭ᠋ᠠᠪᠤᠷᠢ ᠴᠣᠬᠣᠯᠠᠪᠤᠷᠢ ᠥᠭᠴᠡᠢ᠃ ᠨᠠᠮ᠎ᠤᠨ ᠬᠣᠷᠢᠳᠤᠭ᠋ᠠᠷ ᠶᠡᠬᠡ ᠬᠤᠷᠠᠯ᠎ᠤᠨ ᠢᠯᠡᠳᠬᠡᠯ᠎ᠳᠤ 《ᠠᠮᠢᠳᠤᠯᠢᠭ ᠵᠶ᠋ᠠᠷ ᠠᠵᠢᠯ ᠣᠯᠣᠭᠰᠠᠳ ᠪᠠ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠡᠷᠬᠡ ᠠᠰᠢᠭ᠎ᠤᠨ ᠪᠠᠲᠤᠯᠠᠭ᠎ᠠ ᠵᠢ ᠴᠢᠩᠭ᠋ᠠᠳᠬᠠᠬᠤ ᠬᠡᠷᠡᠭᠲᠡᠶ》 ᠭᠡᠵᠦ ᠲᠣᠳᠣᠷᠬᠠᠢ ᠱᠠᠭ᠋ᠠᠷᠳᠠᠵᠠᠢ᠃ ᠲᠥᠪ ᠬᠣᠷᠢᠶᠠᠨ᠎ᠤ ᠰᠢᠢ᠍ᠳᠪᠦᠷᠢᠲᠦ ᠪᠣᠳᠣᠯᠭ᠎ᠠ ᠵᠢᠨ ᠪᠠᠢ᠌ᠷᠢᠯᠠᠭᠤᠯᠤᠯᠲᠠ ᠶᠣᠰᠣᠭ᠋ᠠᠷ᠂ ᠮᠠᠨ᠎ᠤ ᠶᠠᠮᠤᠨ ᠬᠣᠯᠪᠣᠭᠳᠠᠯ ᠪᠦᠬᠦᠢ ᠰᠠᠯᠠᠭ᠎ᠠ ᠮᠥᠴᠢᠷ᠎ᠲᠠᠢ ᠬᠠᠮᠲᠤᠷᠠᠨ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠭᠵᠢᠯᠲᠡ ᠬᠤᠪᠢᠷᠠᠯᠲᠠ᠎ᠳᠤ ᠰᠠᠨᠠᠭ᠋ᠠᠴᠢᠯᠠᠭ᠎ᠠ᠎ᠠᠴᠠ᠎ᠪᠠᠨ ᠵᠣᠬᠢᠴᠠᠵᠤ᠂ 56 ᠳ᠋ᠤᠭ᠋ᠠᠷ ᠲᠣᠭ᠋ᠠᠲᠤ ᠪᠢᠴᠢᠭ ᠮᠠᠲ᠋ᠧᠷᠢᠶᠠᠯ ᠵᠢᠴᠢ ᠵᠠᠬᠢᠶᠠᠯᠠᠭ᠎ᠠ ᠵᠢᠨ ᠬᠣᠭᠣᠯᠠ ᠬᠦᠷᠭᠡᠭᠴᠢ᠂ ᠰᠦᠯᠵᠢᠶ᠎ᠡ᠎ᠪᠠᠷ ᠪᠣᠯᠵᠣᠬᠤ ᠲᠦᠷᠢᠶᠡᠰᠦᠨ ᠮᠠᠰᠢᠨ ᠲᠡᠷᠭᠡᠨ᠎ᠤ ᠵᠢᠯᠣᠭᠣᠴᠢ ᠵᠡᠷᠭᠡ ᠭᠣᠣᠯᠳᠠᠯᠭ᠎ᠠ᠎ᠲᠠᠢ ᠬᠥᠮᠥᠰ᠎ᠤᠨ ᠲᠤᠰᠬᠠᠢ ᠡᠷᠬᠡ ᠠᠰᠢᠭ᠎ᠢ ᠪᠠᠲᠤᠯᠠᠬᠤ ᠲᠥᠷᠥ ᠵᠢᠨ ᠪᠣᠳᠣᠯᠭ᠎ᠠ ᠵᠢ ᠨᠡᠢ᠌ᠲᠡᠯᠡᠵᠦ᠂ ᠠᠵᠤ ᠠᠬᠤᠢ᠌ᠯᠠᠯ᠎ᠤᠨ ᠬᠥᠳᠡᠯᠮᠦᠷᠢ ᠵᠢᠨ ᠬᠠᠮᠠᠭ᠋ᠠᠯᠠᠯᠲᠠ ᠵᠢᠨ ᠬᠠᠷᠢᠭᠤᠴᠠᠯᠭ᠎ᠠ ᠵᠢ ᠵᠦᠢ ᠵᠣᠬᠢᠰᠲᠠᠢ ᠵᠠᠭ᠋ᠠᠭᠯᠠᠨ ᠲᠣᠭᠲᠠᠭ᠋ᠠᠵᠤ᠂ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠡᠷᠬᠡ ᠠᠰᠢᠭ᠎ᠢ ᠪᠠᠲᠤᠯᠠᠬᠤ ᠳᠦᠷᠢᠮ᠎ᠤᠨ ᠲᠣᠭᠲᠠᠴᠠ ᠵᠢᠨ ᠰᠢᠨ᠎ᠡ ᠵᠢ ᠡᠭᠦᠳᠪᠡ᠃ ᠡᠭᠦᠨ᠎ᠤ ᠰᠠᠭᠤᠷᠢᠨ ᠳᠡᠭᠡᠷ᠎ᠡ ᠰᠢᠷᠢᠰ ᠵᠢᠯᠣᠭᠣᠳᠤᠮᠵᠢ ᠵᠦᠭᠯᠡᠭᠦᠷ᠎ᠢ ᠨᠡᠢ᠌ᠲᠡᠯᠡᠭᠰᠡᠨ᠎ᠨᠢ᠂ ᠶᠡᠷᠦᠩᠬᠡᠢ ᠱᠦᠵᠢ ᠰᠢ ᠵᠢᠨ ᠫᠢᠩ᠎ᠤᠨ ᠴᠢᠬᠤᠯᠠ ᠵᠢᠭ᠋ᠠᠪᠤᠷᠢ ᠴᠣᠬᠣᠯᠠᠪᠤᠷᠢ ᠵᠢᠨ ᠵᠣᠷᠢᠭ ᠰᠠᠨᠠᠭ᠎ᠠ ᠪᠠ ᠨᠠᠮ᠎ᠤᠨ ᠲᠥᠪ ᠬᠣᠷᠢᠶ᠎ᠠ᠂ ᠲᠥᠷᠥ ᠵᠢᠨ ᠶᠠᠪᠤᠳᠠᠯ᠎ᠤᠨ ᠬᠣᠷᠢᠶᠠᠨ᠎ᠤ ᠰᠢᠢ᠍ᠳᠪᠦᠷᠢᠲᠦ ᠪᠣᠳᠣᠯᠭ᠎ᠠ ᠵᠢᠨ ᠪᠠᠢ᠌ᠷᠢᠯᠠᠭᠤᠯᠤᠯᠲᠠ ᠵᠢ ᠦᠷᠭᠦᠯᠵᠢᠯᠡᠨ ᠭᠦᠨᠵᠡᠭᠡᠢ᠌ᠷᠡᠭᠦᠯᠦᠨ ᠨᠠᠢ᠌ᠳᠠᠪᠤᠷᠢᠵᠢᠭᠤᠯᠬᠤ ᠴᠢᠬᠤᠯᠠ ᠠᠷᠭ᠎ᠠ ᠬᠡᠮᠵᠢᠶ᠎ᠡ ᠮᠥᠨ᠂ ᠠᠵᠤ ᠠᠬᠤᠢ᠌ᠯᠠᠯ᠎ᠤᠨ ᠠᠵᠢᠯᠴᠢᠨ ᠬᠡᠷᠡᠭᠯᠡᠬᠦ ᠬᠡᠯᠪᠡᠷᠢ ᠪᠠ ᠬᠥᠳᠡᠯᠮᠦᠷᠢᠯᠡᠭᠴᠢᠳ᠎ᠤᠨ ᠠᠵᠢᠯ ᠣᠯᠬᠤ ᠬᠡᠯᠪᠡᠷᠢ ᠵᠢᠨ ᠰᠢᠨ᠎ᠡ ᠬᠤᠪᠢᠷᠠᠯᠲᠠ ᠵᠢ ᠦᠨᠳᠦᠰᠦᠯᠡᠨ᠂ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠡᠷᠬᠡ ᠠᠰᠢᠭ᠎ᠢ ᠬᠠᠮᠠᠭ᠋ᠠᠯᠠᠬᠤ ᠰᠢᠨ᠎ᠡ ᠠᠷᠭ᠎ᠠ ᠪᠠ ᠰᠢᠨ᠎ᠡ ᠠᠪᠴᠠᠯ᠎ᠢ ᠢᠳᠡᠪᠬᠢᠲᠡᠢ ᠰᠦᠪᠡᠭᠴᠢᠯᠡᠵᠦ᠂ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠡᠷᠬᠡ ᠠᠰᠢᠭ᠎ᠢ ᠪᠠᠲᠤᠯᠠᠬᠤ ᠠᠵᠢᠯ᠎ᠤᠨ ᠶᠠᠰᠤ ᠴᠢᠨᠠᠷ᠎ᠢ ᠳᠡᠭᠡᠭᠰᠢᠯᠡᠭᠦᠯᠦᠨ ᠦᠷ᠎ᠡ ᠠᠰᠢᠭ᠎ᠢ ᠨᠡᠮᠡᠭᠳᠡᠭᠦᠯᠬᠦ ᠵᠢ ᠠᠬᠢᠭᠤᠯᠬᠤ᠎ᠳᠤ ᠠᠰᠢᠭᠲᠠᠢ ᠶᠤᠮ᠃ ᠬᠣᠶᠠᠷ᠎ᠲᠤ᠂ ᠠᠵᠤ ᠠᠬᠤᠢ᠌ᠯᠠᠯ᠎ᠤᠨ ᠠᠵᠢᠯᠴᠢᠨ ᠬᠡᠷᠡᠭᠯᠡᠬᠦ᠎ᠳᠤ ᠵᠢᠯᠣᠭᠣᠳᠤᠯᠭ᠎ᠠ ᠪᠠ ᠦᠢ᠍ᠯᠡᠴᠢᠯᠡᠭᠡ ᠬᠠᠩᠭ᠋ᠠᠨ᠎ᠠ᠃ 56 ᠳ᠋ᠤᠭ᠋ᠠᠷ ᠲᠣᠭ᠋ᠠᠲᠤ ᠪᠢᠴᠢᠭ ᠮᠠᠲ᠋ᠧᠷᠢᠶᠠᠯ᠎ᠳᠤ ᠬᠥᠳᠡᠯᠮᠦᠷᠢ ᠵᠢᠨ ᠬᠠᠷᠢᠴᠠᠭ᠎ᠠ ᠵᠢ ᠲᠣᠭᠲᠠᠭ᠋ᠠᠬᠤ ᠪᠠᠶ᠋ᠢᠳᠠᠯ᠎ᠳᠤ ᠪᠦᠷᠢᠮᠦᠰᠦᠨ ᠨᠡᠶ᠋ᠢᠴᠡᠬᠦ ᠦᠭᠡᠢ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠢ ᠬᠠᠮᠤᠭ᠎ᠤᠨ ᠳᠣᠣᠷ᠎ᠠ ᠴᠠᠯᠢᠩ᠂ ᠴᠠᠯᠢᠩ ᠣᠯᠭᠣᠬᠤ ᠪᠠᠲᠤᠯᠠᠭ᠎ᠠ ᠵᠢᠨ ᠳᠦᠷᠢᠮ᠎ᠤᠨ ᠬᠡᠪᠴᠢᠶᠡᠨ᠎ᠳᠤ ᠣᠷᠣᠭᠤᠯᠬᠤ ᠵᠢ ᠠᠬᠢᠭᠤᠯᠵᠤ᠂ ᠠᠵᠤ ᠠᠬᠤᠢ᠌ᠯᠠᠯ᠎ᠤᠨ ᠲᠣᠭᠲᠠᠭ᠋ᠠᠯ ᠶᠣᠰᠣᠭ᠋ᠠᠷ ᠠᠮᠠᠷᠠᠯᠲᠠ ᠵᠢᠨ ᠠᠷᠭ᠎ᠠ ᠵᠢ ᠵᠦᠢ ᠵᠣᠬᠢᠰᠲᠠᠢ ᠲᠣᠭᠲᠠᠭ᠋ᠠᠬᠤ ᠵᠢᠴᠢ ᠬᠥᠳᠡᠯᠮᠦᠷᠢᠯᠡᠭᠴᠢᠳ᠎ᠤᠨ ᠡᠷᠬᠡ ᠠᠰᠢᠭ᠎ᠲᠤ ᠰᠢᠭᠤᠳ ᠬᠣᠯᠪᠣᠭᠳᠠᠬᠤ ᠳᠦᠷᠢᠮ ᠲᠣᠭᠲᠠᠭ᠋ᠠᠯ ᠪᠠ ᠲᠠᠪᠴᠠᠩ᠎ᠤᠨ ᠪᠤᠳᠤᠬᠤ ᠠᠷᠭ᠎ᠠ ᠵᠢ ᠲᠣᠭᠲᠠᠭ᠋ᠠᠬᠤ ᠪᠠ ᠵᠠᠰᠠᠪᠤᠷᠢ ᠣᠷᠣᠭᠤᠯᠬᠤ᠎ᠳᠤ ᠠᠵᠢᠯᠴᠢᠨ᠎ᠤ ᠡᠪᠯᠡᠯ ᠪᠤᠶᠤ ᠬᠥᠳᠡᠯᠮᠦᠷᠢᠯᠡᠭᠴᠢᠳ ᠲᠥᠯᠥᠭᠡᠯᠡᠭᠴᠢ ᠵᠢᠨ ᠰᠠᠨᠠᠯ ᠰᠠᠨᠠᠭᠤᠯᠭ᠎ᠠ ᠵᠢ ᠭᠦᠢ᠍ᠴᠡᠳ ᠰᠣᠨᠣᠰᠬᠤ ᠵᠢ ᠱᠠᠯᠠᠪᠳᠠᠭᠤᠯᠤᠨ ᠱᠠᠭ᠋ᠠᠷᠳᠠᠬᠤ ᠵᠡᠷᠭᠡ ᠵᠢ ᠲᠣᠳᠣᠷᠬᠠᠢ ᠲᠣᠭᠲᠠᠭ᠋ᠠᠵᠠᠢ᠃ ᠠᠵᠤ ᠠᠬᠤᠢ᠌ᠯᠠᠯ᠎ᠤᠨ ᠬᠣᠯᠪᠣᠭᠳᠠᠯ ᠪᠦᠬᠦᠢ ᠲᠥᠷᠥ ᠵᠢᠨ ᠪᠣᠳᠣᠯᠭ᠎ᠠ ᠵᠢᠨ ᠲᠣᠭᠲᠠᠭ᠋ᠠᠯ᠎ᠢ ᠨᠠᠢ᠌ᠳᠠᠪᠤᠷᠢᠵᠢᠭᠤᠯᠬᠤ ᠵᠢ ᠵᠢᠯᠣᠭᠣᠳᠤᠨ ᠠᠬᠢᠭᠤᠯᠬᠤ ᠶᠠᠪᠤᠴᠠ᠎ᠳᠤ᠂ ᠠᠵᠤ ᠠᠬᠤᠢ᠌ᠯᠠᠯ᠎ᠠᠴᠠ ᠬᠣᠯᠪᠣᠭᠳᠠᠯ ᠪᠦᠬᠦᠢ ᠲᠥᠷᠥ ᠵᠢᠨ ᠪᠣᠳᠣᠯᠭ᠎ᠠ ᠵᠢᠨ ᠲᠣᠭᠲᠠᠭ᠋ᠠᠯ᠎ᠨᠢ ᠨᠡᠯᠢᠶᠡᠳ ᠵᠠᠷᠴᠢᠮ᠎ᠤᠨ ᠴᠢᠨᠠᠷᠲᠠᠢ ᠪᠠᠢ᠌ᠨ᠎ᠠ᠂ ᠨᠠᠩ ᠤᠯᠠᠨ ᠪᠣᠳᠠᠲᠤ ᠦᠢ᠍ᠯᠡᠳᠦᠯᠭᠡ ᠵᠢᠨ ᠴᠢᠨᠠᠷᠲᠠᠢ ᠬᠡᠷᠡᠭᠵᠢᠭᠦᠯᠬᠦ ᠠᠷᠭ᠎ᠠ ᠵᠢ ᠨᠡᠢ᠌ᠲᠡᠯᠡᠵᠦ ᠠᠵᠤ ᠠᠬᠤᠢ᠌ᠯᠠᠯ᠎ᠤᠨ ᠣᠨᠣᠪᠴᠢᠲᠠᠢ ᠣᠢ᠌ᠯᠠᠭ᠋ᠠᠬᠤ ᠪᠠ ᠪᠥᠬᠥ ᠲᠠᠯ᠎ᠠ᠎ᠪᠠᠷ ᠬᠡᠷᠡᠭᠵᠢᠭᠦᠯᠬᠦ᠎ᠳᠤ ᠠᠰᠢᠭᠲᠠᠢ ᠪᠠᠢ᠌ᠯᠭ᠋ᠠᠬᠤ ᠵᠢ ᠬᠦᠰᠡᠪᠡ᠃ ᠰᠢᠷᠢᠰ ᠵᠢᠯᠣᠭᠣᠳᠤᠮᠵᠢ ᠵᠦᠭᠯᠡᠭᠦᠷ᠎ᠨᠢ ᠠᠵᠤ ᠠᠬᠤᠢ᠌ᠯᠠᠯ᠎ᠤᠨ ᠲᠣᠭᠲᠠᠭ᠋ᠠᠯ᠎ᠳᠤ ᠨᠡᠢ᠌ᠴᠡᠭᠦᠯᠦᠨ ᠠᠵᠢᠯᠴᠢᠨ ᠬᠡᠷᠡᠭᠯᠡᠬᠦ ᠪᠣᠳᠠᠲᠤ ᠬᠡᠷᠡᠭᠴᠡᠭᠡ᠎ᠳᠤ ᠨᠡᠢ᠌ᠴᠡᠭᠦᠯᠵᠦ᠂ ᠠᠵᠤ ᠠᠬᠤᠢ᠌ᠯᠠᠯ᠎ᠳᠤ ᠬᠠᠨᠳᠤᠯᠭ᠋ᠠᠲᠤ ᠴᠢᠨᠠᠷᠲᠠᠢ ᠵᠢᠯᠣᠭᠣᠳᠤᠯᠭ᠎ᠠ ᠦᠵᠡᠭᠦᠯᠬᠦ ᠵᠢ ᠴᠢᠩᠭ᠋ᠠᠳᠬᠠᠬᠤ᠎ᠪᠠᠷ ᠪᠠᠢ᠌ᠷᠢ ᠲᠣᠭᠲᠠᠭ᠋ᠠᠯᠲᠠ ᠪᠣᠯᠭ᠋ᠠᠬᠤ᠎ᠨᠢ᠂ ᠲᠠᠪᠴᠠᠩ᠎ᠤᠨ ᠠᠵᠤ ᠠᠬᠤᠢ᠌ᠯᠠᠯ ᠵᠢᠴᠢ ᠲᠡᠭᠦᠨ᠎ᠤ ᠠᠵᠢᠯᠴᠢᠨ ᠬᠡᠷᠡᠭᠯᠡᠬᠦ ᠬᠤᠷᠰᠢᠭᠰᠠᠨ ᠠᠵᠤ ᠠᠬᠤᠢ᠌ᠯᠠᠯ᠎ᠢ ᠬᠥᠲᠥᠯᠥᠨ ᠵᠢᠯᠤᠭᠣᠳᠴᠤ ᠪᠠᠶ᠋ᠢᠭ᠋ᠠᠳ ᠵᠢᠭ᠋ᠠᠨ ᠵᠢᠯᠣᠭᠣᠳᠤᠮᠵᠢ ᠵᠦᠭᠯᠡᠭᠦᠷ ᠵᠶ᠋ᠡᠷ ᠯᠠᠪᠯᠠᠯᠲᠠ ᠪᠣᠯᠭ᠋ᠠᠨ ᠠᠵᠢᠯᠴᠢᠨ ᠬᠡᠷᠡᠭᠯᠡᠬᠦ ᠬᠠᠮᠢᠶᠠᠷᠤᠯᠲᠠ ᠵᠢᠨ ᠳᠦᠷᠢᠮ ᠵᠶ᠋ᠠᠨ ᠲᠡᠭᠦᠯᠳᠡᠷᠵᠢᠭᠦᠯᠵᠦ᠂ ᠬᠠᠮᠢᠶᠠᠷᠤᠯᠲᠠ ᠵᠢᠨ ᠠᠷᠭ᠎ᠠ ᠬᠡᠯᠪᠡᠷᠢ᠎ᠪᠠᠨ ᠰᠠᠢ᠌ᠵᠢᠷᠠᠭᠤᠯᠤᠨ᠂ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ ᠡᠷᠬᠡ ᠠᠰᠢᠭ᠎ᠢ ᠪᠠᠲᠤᠯᠠᠬᠤ ᠬᠢᠷᠢ ᠲᠦᠪᠰᠢᠨ᠎ᠢ ᠠᠯᠬᠤᠮ ᠠᠯᠬᠤᠮ ᠵᠶ᠋ᠠᠷ ᠳᠡᠭᠡᠭᠰᠢᠯᠡᠭᠦᠯᠵᠦ᠂ ᠠᠵᠢᠯ ᠣᠯᠭᠣᠯᠲᠠ ᠵᠢᠨ ᠰᠢᠨ᠎ᠡ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠠᠵᠤ ᠠᠬᠤᠢ᠌ᠯᠠᠯ᠎ᠢ ᠮᠡᠳᠡᠷᠡᠬᠦ ᠰᠡᠳᠬᠢᠯᠭᠡ ᠪᠠ ᠨᠢᠭᠲᠠᠷᠠᠭᠤᠯᠬᠤ ᠬᠦᠴᠦᠨ᠎ᠢ ᠴᠢᠩᠭ᠋ᠠᠷᠠᠭᠤᠯᠵᠤ᠂ ᠠᠵᠤ ᠠᠬᠤᠢ᠌ᠯᠠᠯ᠎ᠤᠨ ᠨᠡᠢ᠌ᠭᠡᠮ᠎ᠤᠨ ᠳᠦᠷᠢ ᠲᠥᠷᠬᠦ ᠵᠢ ᠳᠡᠭᠡᠭᠰᠢᠯᠡᠭᠦᠯᠦᠨ᠂ ᠠᠵᠤ ᠠᠬᠤᠢ᠌ᠯᠠᠯ᠎ᠤᠨ ᠦᠷᠭᠦᠯᠵᠢᠯᠡᠨ ᠡᠷᠡᠭᠦᠯ ᠵᠶ᠋ᠡᠷ ᠬᠥᠭᠵᠢᠬᠦ ᠵᠢ ᠠᠬᠢᠭᠤᠯᠬᠤ᠎ᠳᠤ ᠠᠰᠢᠭᠲᠠᠢ ᠶᠤᠮ᠃ ᠭᠤᠷᠪᠠ᠎ᠳᠤ᠂ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠡᠷᠬᠡ ᠠᠰᠢᠭ᠎ᠢ ᠨᠡᠩ ᠰᠠᠶ᠋ᠢᠲᠤᠷ ᠬᠠᠮᠠᠭ᠋ᠠᠯᠠᠨ᠎ᠠ᠃ ᠭᠣᠣᠯ ᠰᠡᠳᠦᠪᠲᠦ ᠬᠥᠮᠦᠵᠢᠯ᠎ᠤᠨ 《ᠠᠷᠠᠳ ᠤᠯᠠᠨ᠎ᠳᠤ ᠪᠣᠳᠠᠲᠤ ᠶᠠᠪᠤᠳᠠᠯ ᠬᠢᠵᠦ ᠥᠭᠬᠦ》 ᠪᠠ ᠶᠡᠬᠡᠪᠡᠷ ᠪᠠᠢ᠌ᠴᠠᠭ᠋ᠠᠨ ᠰᠤᠳᠤᠯᠤᠯᠲᠠ ᠬᠢᠬᠦ ᠱᠠᠭ᠋ᠠᠷᠳᠠᠯᠭ᠎ᠠ ᠶᠣᠰᠣᠭ᠋ᠠᠷ᠂ ᠮᠠᠨ᠎ᠤ ᠶᠠᠮᠤᠨ ᠥᠩᠭᠡᠷᠡᠭᠰᠡᠨ᠎ᠤ ᠪᠠᠢ᠌ᠴᠠᠭ᠋ᠠᠨ ᠰᠤᠳᠤᠯᠤᠯᠲᠠ ᠬᠢᠭᠰᠡᠨ ᠰᠠᠭᠤᠷᠢᠨ ᠳᠡᠭᠡᠷ᠎ᠡ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠡᠷᠬᠡ ᠠᠰᠢᠭ᠎ᠢ ᠪᠠᠲᠤᠯᠠᠬᠤ ᠠᠰᠠᠭᠤᠳᠠᠯ᠎ᠤᠨ ᠲᠤᠬᠠᠢ ᠦᠷᠭᠦᠯᠵᠢᠯᠡᠨ ᠥᠷᠭᠡᠨ ᠭᠦᠨᠵᠡᠭᠡᠢ ᠪᠠᠢ᠌ᠴᠠᠭ᠋ᠠᠨ ᠰᠤᠳᠤᠯᠤᠯᠲᠠ ᠬᠢᠵᠡᠢ᠃ ᠲᠤᠰᠬᠠᠯ ᠵᠶ᠋ᠡᠷ ᠨᠡᠯᠢᠶᠡᠳ ᠴᠢᠩᠭ᠎ᠠ ᠪᠠᠢ᠌ᠬᠤ ᠬᠡᠰᠡᠭ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠠᠵᠢᠯᠯᠠᠬᠤ ᠴᠠᠭ᠎ᠨᠢ ᠬᠡᠲᠦ ᠣᠷᠳᠣ᠂ ᠬᠠᠮᠤᠭ᠎ᠤᠨ ᠳᠣᠣᠷ᠎ᠠ ᠴᠠᠯᠢᠩ᠎ᠤᠨ ᠪᠠᠷᠢᠮᠵᠢᠶ᠎ᠠ ᠵᠢ ᠬᠡᠷᠡᠭᠯᠡᠬᠦ᠎ᠳᠤ ᠲᠣᠬᠢᠷᠠᠬᠤ ᠡᠰᠡᠬᠦ᠎ᠨᠢ ᠬᠠᠷᠠᠬᠠᠨ ᠲᠣᠳᠣᠷᠬᠠᠢ ᠦᠭᠡᠢ᠂ ᠲᠠᠪᠴᠠᠩ᠎ᠤᠨ ᠳᠦᠷᠢᠮ ᠲᠣᠭᠲᠠᠭ᠋ᠠᠯ᠎ᠨᠢ ᠢᠯᠡ ᠲᠣᠳᠣ ᠪᠢᠰᠢ᠂ ᠡᠷᠬᠡ ᠠᠰᠢᠭ ᠵᠶ᠋ᠠᠨ ᠬᠠᠮᠠᠭ᠋ᠠᠯᠠᠬᠤ ᠦᠢ᠍ᠯᠡᠴᠢᠯᠡᠭᠡᠨ᠎ᠤ ᠠᠷᠭ᠎ᠠ ᠵᠠᠮ᠎ᠢ ᠪᠠᠰᠠ ᠤᠯᠠᠮ ᠨᠢᠭᠡ ᠠᠯᠬᠤᠮ ᠰᠠᠭ᠋ᠠᠳ ᠦᠭᠡᠢ ᠨᠡᠪᠲᠡᠷᠡᠭᠦᠯᠬᠦ ᠴᠢᠬᠤᠯᠠᠲᠠᠢ ᠪᠠᠶ᠋ᠢᠬᠤ ᠵᠡᠷᠭᠡ ᠠᠰᠠᠭᠤᠳᠠᠯ᠎ᠳᠤ ᠴᠢᠭᠯᠡᠭᠦᠯᠦᠨ᠂ ᠪᠠᠢ᠌ᠴᠠᠭ᠋ᠠᠨ ᠰᠤᠳᠤᠯᠤᠯᠲᠠ ᠵᠢᠨ ᠳᠤᠮᠳᠠ ᠢᠯᠡᠷᠡᠭᠦᠯᠦᠭᠰᠡᠨ ᠰᠠᠶ᠋ᠢᠨ ᠲᠤᠷᠰᠢᠯᠭ᠎ᠠ ᠪᠠ ᠠᠷᠭ᠎ᠠ ᠬᠢᠳᠡᠯ᠎ᠢ ᠳ᠋ᠦᠩᠨᠡᠨ ᠪᠣᠯᠪᠠᠰᠤᠷᠠᠭᠤᠯᠵᠤ᠂ ᠠᠵᠤ ᠠᠬᠤᠢ᠌ᠯᠠᠯ᠂ ᠬᠥᠳᠡᠯᠮᠦᠷᠢᠯᠡᠭᠴᠢᠳ᠂ ᠲᠤᠰᠬᠠᠢ ᠮᠡᠷᠭᠡᠵᠢᠯᠲᠡᠨ᠂ ᠡᠯ᠎ᠡ ᠬᠣᠯᠪᠣᠭᠳᠠᠯ ᠪᠦᠬᠦᠢ ᠰᠠᠯᠠᠭ᠎ᠠ ᠮᠥᠴᠢᠷ ᠪᠣᠯᠣᠨ ᠭᠠᠵᠠᠷ ᠣᠷᠣᠨ᠎ᠤ ᠰᠠᠨᠠᠯ ᠰᠠᠨᠠᠭᠤᠯᠭ᠎ᠠ ᠵᠢ ᠭᠦᠢ᠍ᠴᠡᠳ ᠰᠣᠨᠣᠰᠴᠤ᠂ ᠪᠠᠢ᠌ᠴᠠᠭ᠋ᠠᠨ ᠰᠤᠳᠤᠯᠤᠯᠲᠠ ᠵᠢᠨ ᠦᠷ᠎ᠡ ᠪᠦᠲᠦᠭᠡᠯ᠎ᠤᠨ ᠤᠨᠳᠤᠤᠰᠢᠭᠤᠯᠤᠯᠳᠠ ᠵᠢ ᠰᠢᠷᠢᠰ ᠵᠢᠯᠣᠭᠣᠳᠤᠮᠵᠢ ᠵᠦᠭᠯᠡᠭᠦᠷ ᠪᠣᠯᠭ᠋ᠠᠨ ᠰᠢᠷᠭ᠋ᠠᠭ᠋ᠠᠨ ᠪᠣᠯᠪᠠᠰᠤᠷᠠᠭᠤᠯᠵᠤ᠂ ᠠᠵᠤ ᠠᠬᠤᠢ᠌ᠯᠠᠯ᠎ᠤᠨ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠬᠥᠳᠡᠯᠮᠦᠷᠢ ᠵᠢᠨ ᠬᠥᠯᠥᠰᠦ ᠣᠯᠭᠣᠮᠵᠢ ᠵᠢ ᠵᠦᠢ ᠵᠣᠬᠢᠰᠲᠠᠢ ᠲᠣᠭᠲᠠᠭ᠋ᠠᠵᠤ᠂ ᠠᠵᠢᠯᠯᠠᠬᠤ ᠴᠠᠭ᠎ᠢ ᠰᠢᠨᠵᠢᠯᠡᠬᠦ ᠤᠬᠠᠭ᠋ᠠᠨᠴᠢ᠎ᠪᠠᠷ ᠲᠣᠬᠢᠷᠠᠭᠤᠯᠵᠤ᠂ ᠵᠠᠬᠢᠶᠠᠯᠠᠭ᠎ᠠ ᠵᠢ ᠬᠤᠪᠢᠶᠠᠷᠢᠯᠠᠬᠤ᠂ ᠬᠥᠯᠥᠰᠦ ᠣᠯᠭᠣᠮᠵᠢ ᠥᠭᠬᠦ᠂ ᠠᠵᠢᠯᠯᠠᠬᠤ ᠴᠠᠭ ᠪᠠ ᠠᠮᠠᠷᠠᠬᠤ ᠴᠠᠭ᠂ ᠬᠢᠨᠠᠨ ᠰᠢᠯᠭ᠋ᠠᠵᠤ ᠱᠠᠩᠨᠠᠵᠤ ᠲᠣᠷᠭ᠋ᠠᠬᠤ ᠵᠡᠷᠭᠡ ᠲᠠᠪᠴᠠᠩ᠎ᠤᠨ ᠬᠥᠳᠡᠯᠮᠦᠷᠢ ᠵᠢᠨ ᠳᠦᠷᠢᠮ᠎ᠢ ᠬᠠᠤᠯᠢ ᠲᠣᠭᠲᠠᠭ᠋ᠠᠯ᠎ᠳᠤ ᠨᠡᠢ᠌ᠴᠡᠭᠦᠯᠦᠨ ᠲᠣᠭᠲᠠᠭ᠋ᠠᠬᠤ ᠪᠠ ᠵᠠᠰᠠᠪᠤᠷᠢ ᠣᠷᠣᠭᠤᠯᠬᠤ ᠵᠢ ᠬᠥᠲᠥᠯᠥᠨ ᠵᠢᠯᠣᠭᠣᠳᠤᠨ᠎ᠠ᠃ ᠡᠭᠦᠨ᠎ᠤ ᠬᠠᠮᠲᠤ᠂ ᠵᠠᠰᠠᠭ᠎ᠤᠨ ᠣᠷᠳᠣᠨ᠎ᠤ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠂ ᠰᠢᠭᠦᠬᠦ ᠬᠣᠷᠢᠶ᠎ᠠ᠂ ᠠᠵᠢᠯᠴᠢᠨ᠎ᠤ ᠡᠪᠯᠡᠯ᠂ ᠠᠵᠤ ᠠᠬᠤᠢ᠌ᠯᠠᠯ᠎ᠤᠨ ᠲᠥᠯᠥᠭᠡᠯᠡᠭᠴᠢ ᠵᠢᠨ ᠵᠣᠬᠢᠶᠠᠨ ᠪᠠᠢ᠌ᠭᠤᠯᠤᠯᠲᠠ᠂ ᠲᠠᠪᠴᠠᠩ᠎ᠤᠨ ᠠᠵᠤ ᠠᠬᠤᠢ᠌ᠯᠠᠯ ᠵᠡᠷᠭᠡ ᠵᠢ ᠵᠢᠭ᠋ᠠᠨ ᠵᠢᠯᠤᠭᠣᠳᠴᠤ ᠪᠠᠶ᠋ᠢᠭ᠋ᠠᠳ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠣᠨᠴᠠᠯᠢᠭ᠎ᠲᠤ ᠲᠣᠬᠢᠷᠠᠭᠰᠠᠨ ᠡᠷᠬᠡ ᠠᠰᠢᠭ ᠵᠶ᠋ᠠᠨ ᠬᠠᠮᠠᠭ᠋ᠠᠯᠠᠬᠤ ᠦᠢ᠍ᠯᠡᠴᠢᠯᠡᠭᠡᠨ᠎ᠤ ᠲᠣᠭᠲᠠᠴᠠ ᠵᠢ ᠰᠦᠪᠡᠭᠴᠢᠯᠡᠨ ᠰᠢᠨ᠎ᠡ ᠵᠢ ᠡᠭᠦᠳᠴᠦ᠂ ᠡᠷᠬᠡ ᠠᠰᠢᠭ ᠵᠶ᠋ᠠᠨ ᠬᠠᠮᠠᠭ᠋ᠠᠯᠠᠬᠤ ᠦᠢ᠍ᠯᠡᠴᠢᠯᠡᠭᠡᠨ᠎ᠤ ᠠᠷᠭ᠎ᠠ ᠵᠠᠮ᠎ᠢ ᠰᠠᠭ᠋ᠠᠳ ᠦᠭᠡᠢ ᠨᠠᠪᠲᠠᠷᠡᠭᠦᠯᠵᠦ᠂ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠡᠷᠬᠡ ᠠᠰᠢᠭ᠎ᠢ ᠦᠨᠡᠨ ᠬᠦ᠌ ᠰᠠᠶ᠋ᠢᠲᠤᠷ ᠬᠠᠮᠠᠭ᠋ᠠᠯᠠᠨ᠎ᠠ᠃

      ᠠᠰᠠᠭᠤᠯᠲᠠ᠄ ᠬᠣᠶᠠᠷ ᠵᠢᠯᠣᠭᠣᠳᠤᠮᠵᠢ ᠨᠢᠭᠡ ᠵᠦᠭᠯᠡᠭᠦᠷ᠎ᠢ ᠬᠡᠷᠡᠭᠯᠡᠬᠦ ᠬᠦᠷᠢᠶ᠎ᠡ ᠬᠡᠪᠴᠢᠶ᠎ᠡ᠎ᠨᠢ ᠶᠠᠭᠤ ᠪᠤᠢ?

      ᠬᠠᠷᠢᠭᠤᠯᠲᠠ᠄ 《ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠠᠮᠠᠷᠠᠬᠤ ᠪᠠ ᠬᠥᠳᠡᠯᠮᠦᠷᠢ ᠵᠢᠨ ᠬᠥᠯᠥᠰᠦ ᠣᠯᠭᠣᠮᠵᠢ ᠵᠢᠨ ᠡᠷᠬᠡ ᠠᠰᠢᠭ᠎ᠢ ᠪᠠᠲᠤᠯᠠᠬᠤ ᠵᠢᠯᠣᠭᠣᠳᠤᠮᠵᠢ》 《ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠬᠥᠳᠡᠯᠮᠦᠷᠢ ᠵᠢᠨ ᠳᠦᠷᠢᠮ᠎ᠢ ᠵᠠᠷᠯᠠᠨ ᠨᠡᠢ᠌ᠲᠡᠯᠡᠬᠦ ᠵᠢᠯᠣᠭᠣᠳᠤᠮᠵᠢ》᠎ᠨᠢ ᠢᠨᠲ᠋ᠧᠷ ᠰᠦᠯᠵᠢᠶᠡᠨ᠎ᠤ ᠲᠠᠪᠴᠠᠩ᠎ᠤᠨ ᠨᠡᠢ᠌ᠲᠡᠯᠡᠭᠰᠡᠨ ᠲᠣᠬᠢᠷᠠᠭᠤᠯᠤᠨ ᠬᠦᠷᠭᠡᠬᠦ᠂ ᠶᠠᠪᠤᠵᠤ ᠰᠠᠭᠤᠬᠤ᠂ ᠲᠡᠭᠡᠭᠡᠪᠦᠷᠢᠯᠡᠬᠦ᠂ ᠭᠡᠷ᠎ᠤᠨ ᠶᠠᠪᠤᠳᠠᠯ᠎ᠤᠨ ᠦᠢ᠍ᠯᠡᠴᠢᠯᠡᠭᠡ ᠵᠡᠷᠭᠡ ᠠᠵᠢᠯ᠎ᠤᠨ ᠡᠭᠦᠷᠭᠡ ᠵᠢ ᠰᠦᠯᠵᠢᠶᠡᠨ ᠳᠡᠭᠡᠷ᠎ᠡ ᠭᠥᠯᠢᠶᠡᠨ ᠠᠪᠴᠤ᠂ ᠲᠠᠪᠴᠠᠩ᠎ᠤᠨ ᠱᠠᠭ᠋ᠠᠷᠳᠠᠯᠭ᠎ᠠ ᠶᠣᠰᠣᠭ᠋ᠠᠷ ᠲᠠᠪᠴᠠᠩ᠎ᠤᠨ ᠰᠦᠯᠵᠢᠶᠡᠨ ᠳᠡᠭᠡᠷ᠎ᠡ ᠪᠣᠯᠵᠣᠬᠤ ᠦᠢ᠍ᠯᠡᠴᠢᠯᠡᠭᠡ ᠬᠠᠩᠭ᠋ᠠᠵᠤ᠂ ᠬᠥᠳᠡᠯᠮᠦᠷᠢ᠎ᠪᠠᠷ ᠵᠶ᠋ᠡᠨ ᠳᠠᠮᠵᠢᠭᠤᠯᠤᠨ ᠬᠥᠳᠡᠯᠮᠦᠷᠢ ᠵᠢᠨ ᠬᠥᠯᠥᠰᠦ ᠣᠯᠭᠣᠮᠵᠢ ᠣᠯᠬᠤ ᠰᠢᠨ᠎ᠡ ᠠᠵᠢᠯ ᠣᠯᠭᠣᠯᠲᠠ ᠵᠢᠨ ᠬᠡᠯᠪᠡᠷᠢ᠎ᠤᠨ ᠬᠥᠳᠡᠯᠮᠦᠷᠢᠯᠡᠭᠴᠢᠳ᠎ᠲᠤ ᠬᠡᠷᠡᠭᠯᠡᠬᠦ᠎ᠳᠤ ᠲᠣᠬᠢᠷᠠᠨ᠎ᠠ᠃ ᠡᠭᠦᠨ᠎ᠳᠤ᠂ ᠬᠤᠪᠢ ᠬᠥᠮᠥᠨ᠎ᠤ ᠢᠨᠲ᠋ᠧᠷ ᠰᠦᠯᠵᠢᠶᠡᠨ᠎ᠤ ᠲᠠᠪᠴᠠᠩ᠎ᠳᠤ ᠲᠦᠰᠢᠭᠯᠡᠨ ᠪᠦᠷᠢᠮᠦᠰᠦᠨ ᠪᠡᠶ᠎ᠡ᠎ᠪᠠᠨ ᠳᠠᠭ᠋ᠠᠭ᠋ᠠᠵᠤ ᠡᠵᠡᠩᠨᠡᠯᠲᠡ ᠵᠢᠨ ᠠᠵᠢᠯᠯᠠᠭ᠎ᠠ ᠥᠷᠨᠢᠭᠦᠯᠵᠦ ᠪᠠᠢ᠌ᠭ᠎ᠠ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠲᠤ 《ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠠᠮᠠᠷᠠᠬᠤ ᠪᠠ ᠬᠥᠳᠡᠯᠮᠦᠷᠢ ᠵᠢᠨ ᠬᠥᠯᠥᠰᠦ ᠣᠯᠭᠣᠮᠵᠢ ᠵᠢᠨ ᠡᠷᠬᠡ ᠠᠰᠢᠭ᠎ᠢ ᠪᠠᠲᠤᠯᠠᠬᠤ ᠵᠢᠯᠣᠭᠣᠳᠤᠮᠵᠢ》 ᠵᠢ ᠬᠡᠷᠡᠭᠯᠡᠬᠦ ᠦᠭᠡᠢ᠃ ᠬᠣᠶᠠᠷ ᠵᠢᠯᠣᠭᠣᠳᠤᠮᠵᠢ ᠵᠢ ᠲᠠᠪᠴᠠᠩ᠎ᠤᠨ ᠠᠵᠤ ᠠᠬᠤᠢ᠌ᠯᠠᠯ ᠪᠠ ᠲᠠᠪᠴᠠᠩ᠎ᠤᠨ ᠠᠵᠢᠯᠴᠢᠨ ᠬᠡᠷᠡᠭᠯᠡᠬᠦ ᠬᠤᠷᠰᠢᠭᠰᠠᠨ ᠠᠵᠤ ᠠᠬᠤᠢ᠌ᠯᠠᠯ᠎ᠤᠨ ᠬᠥᠳᠡᠯᠮᠦᠷᠢ ᠠᠵᠢᠯᠴᠢᠨ ᠬᠡᠷᠡᠭᠯᠡᠵᠦ ᠬᠠᠮᠢᠶᠠᠷᠬᠤ ᠦᠶ᠎ᠡ᠎ᠳᠤ ᠯᠠᠪᠯᠠᠯᠲᠠ ᠪᠣᠯᠭ᠋ᠠᠨ᠎ᠠ᠃

      《ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠡᠷᠬᠡ ᠠᠰᠢᠭ᠎ᠢ ᠬᠠᠮᠠᠭ᠋ᠠᠯᠠᠬᠤ ᠦᠢ᠍ᠯᠡᠴᠢᠯᠡᠭᠡᠨ᠎ᠤ ᠵᠦᠭᠯᠡᠭᠦᠷ》᠎ᠢ ᠪᠤᠢ ᠪᠦᠬᠦᠢ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠲᠤ ᠬᠡᠷᠡᠭᠯᠡᠨ᠎ᠡ᠂ ᠭᠡᠪᠡᠴᠦ ᠰᠢᠨ᠎ᠡ ᠠᠵᠢᠯ ᠣᠯᠭᠣᠯᠲᠠ ᠵᠢᠨ ᠬᠡᠯᠪᠡᠷᠢ᠎ᠳᠤ ᠬᠣᠯᠪᠣᠭᠳᠠᠭᠰᠠᠨ ᠬᠤᠳᠠᠯᠳᠤᠭ᠋ᠠᠨ᠎ᠤ ᠶᠠᠪᠤᠳᠠᠯ᠎ᠤᠨ ᠵᠢᠭᠤᠷᠠᠯᠳᠤᠭ᠋ᠠᠨ᠎ᠳᠤ ᠲᠤᠰ ᠵᠦᠭᠯᠡᠭᠦᠷ᠎ᠢ ᠬᠡᠷᠡᠭᠯᠡᠬᠦ ᠦᠭᠡᠢ᠃ ᠵᠦᠭᠯᠡᠭᠦᠷ᠎ᠨᠢ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠲᠣᠰ ᠪᠡᠶ᠎ᠡ ᠵᠢᠨ ᠬᠥᠳᠡᠯᠮᠦᠷᠢ ᠵᠢᠨ ᠡᠷᠬᠡ ᠠᠰᠢᠭ ᠵᠶ᠋ᠠᠨ ᠬᠠᠤᠯᠢ ᠶᠣᠰᠣᠭ᠋ᠠᠷ ᠬᠠᠮᠠᠭ᠋ᠠᠯᠠᠬᠤ ᠦᠶ᠎ᠡ᠎ᠳᠤ ᠯᠠᠪᠯᠠᠯᠲᠠ ᠪᠣᠯᠬᠤ᠎ᠪᠠᠷ ᠪᠠᠷᠠᠬᠤ ᠦᠭᠡᠢ ᠪᠠᠰᠠ ᠵᠠᠰᠠᠭ᠎ᠤᠨ ᠣᠷᠳᠣᠨ᠎ᠤ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠂ ᠰᠢᠭᠦᠬᠦ ᠬᠣᠷᠢᠶ᠎ᠠ᠂ ᠠᠵᠢᠯᠴᠢᠨ᠎ᠤ ᠡᠪᠯᠡᠯ᠂ ᠠᠵᠤ ᠠᠬᠤᠢ᠌ᠯᠠᠯ᠎ᠤᠨ ᠲᠥᠯᠥᠭᠡᠯᠡᠭᠴᠢ ᠵᠢᠨ ᠵᠣᠬᠢᠶᠠᠨ ᠪᠠᠢ᠌ᠭᠤᠯᠤᠯᠲᠠ᠂ ᠲᠠᠪᠴᠠᠩ᠎ᠤᠨ ᠠᠵᠤ ᠠᠬᠤᠢ᠌ᠯᠠᠯ ᠵᠡᠷᠭᠡ ᠵᠢᠨ᠎ᠬᠢᠨ᠎ᠤ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠡᠷᠬᠡ ᠠᠰᠢᠭ᠎ᠢ ᠬᠠᠮᠠᠭ᠋ᠠᠯᠠᠬᠤ ᠦᠢ᠍ᠯᠡᠴᠢᠯᠡᠭᠡ᠎ᠪᠠᠨ ᠰᠠᠢ᠌ᠵᠢᠷᠠᠭᠤᠯᠤᠨ ᠰᠢᠯᠢᠳᠡᠭᠵᠢᠭᠦᠯᠬᠦ᠎ᠳᠤ ᠯᠠᠪᠯᠠᠯᠲᠠ ᠪᠣᠯᠭ᠋ᠠᠨ᠎ᠠ᠃

      ᠠᠰᠠᠭᠤᠯᠲᠠ᠄ 《ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠠᠮᠠᠷᠠᠬᠤ ᠪᠠ ᠬᠥᠳᠡᠯᠮᠦᠷᠢ ᠵᠢᠨ ᠬᠥᠯᠥᠰᠦ ᠣᠯᠭᠣᠮᠵᠢ ᠵᠢᠨ ᠡᠷᠬᠡ ᠠᠰᠢᠭ᠎ᠢ ᠪᠠᠲᠤᠯᠠᠬᠤ ᠵᠢᠯᠣᠭᠣᠳᠤᠮᠵᠢ》᠎ᠳᠤ ᠭᠣᠣᠯᠳᠠᠭᠤ ᠶᠠᠮᠠᠷ ᠶᠠᠮᠠᠷ ᠠᠭᠤᠯᠭ᠎ᠠ᠎ᠲᠠᠢ ᠪᠤᠢ?

      ᠬᠠᠷᠢᠭᠤᠯᠲᠠ᠄ ᠲᠤᠰ ᠵᠢᠯᠣᠭᠣᠳᠤᠮᠵᠢ᠎ᠨᠢ ᠠᠵᠤ ᠠᠬᠤᠢ᠌ᠯᠠᠯ᠎ᠢ ᠬᠥᠲᠥᠯᠥᠨ ᠵᠢᠯᠤᠭᠣᠳᠴᠤ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠠᠮᠠᠷᠠᠬᠤ ᠪᠠ ᠬᠥᠳᠡᠯᠮᠦᠷᠢ ᠵᠢᠨ ᠬᠥᠯᠥᠰᠦ ᠣᠯᠭᠣᠮᠵᠢ ᠵᠢᠨ ᠡᠷᠬᠡ ᠠᠰᠢᠭ᠎ᠢ ᠪᠠᠲᠤᠯᠠᠬᠤ᠎ᠪᠠᠷ ᠵᠣᠷᠢᠯᠭ᠎ᠠ ᠪᠣᠯᠭ᠋ᠠᠵᠠᠢ᠂ ᠨᠠᠢ᠌ᠳᠠ ᠳᠥᠷᠪᠡᠨ ᠪᠦᠯᠦᠭ 14 ᠵᠦᠢ᠍ᠯ ᠪᠠᠢ᠌ᠨ᠎ᠠ᠃ ᠨᠢᠭᠡᠳᠦᠭᠡᠷ ᠪᠦᠯᠦᠭ 《ᠶᠡᠷᠦᠩᠬᠡᠢ ᠳᠦᠷᠢᠮ》᠎ᠳᠤ ᠵᠢᠯᠣᠭᠣᠳᠤᠮᠵᠢ ᠵᠢ ᠨᠡᠢ᠌ᠲᠡᠯᠡᠨ ᠬᠡᠷᠡᠭᠵᠢᠭᠦᠯᠬᠦ ᠵᠣᠷᠢᠯᠭ᠎ᠠ ᠪᠠ ᠬᠡᠷᠡᠭᠯᠡᠬᠦ ᠬᠡᠪᠴᠢᠶ᠎ᠡ ᠵᠢ ᠲᠣᠳᠣᠷᠬᠠᠢ᠌ᠯᠠᠪᠠ᠃ ᠬᠣᠶᠠᠳᠤᠭ᠋ᠠᠷ ᠪᠦᠯᠦᠭ 《ᠠᠵᠢᠯᠯᠠᠬᠤ ᠴᠠᠭ ᠪᠠ ᠠᠮᠠᠷᠠᠬᠤ》᠂ ᠲᠣᠰ ᠪᠦᠯᠦᠭ᠎ᠲᠤ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠠᠵᠢᠯ ᠣᠯᠭᠣᠯᠲᠠ ᠵᠢᠨ ᠣᠨᠴᠠᠯᠢᠭ᠎ᠲᠤ ᠴᠢᠭᠯᠡᠭᠦᠯᠦᠨ᠂ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠠᠵᠢᠯᠯᠠᠬᠤ ᠴᠠᠭ᠎ᠢ ᠪᠤᠳᠤᠬᠤ ᠠᠷᠭ᠎ᠠ ᠪᠠ ᠠᠮᠠᠷᠠᠬᠤ ᠠᠷᠭ᠎ᠠ ᠵᠢ ᠳᠤᠷᠠᠳᠤᠨ ᠭᠠᠷᠭ᠋ᠠᠵᠠᠢ᠃ ᠠᠵᠢᠯᠯᠠᠬᠤ ᠴᠠᠭ᠎ᠢ ᠬᠥᠳᠡᠯᠮᠦᠷᠢᠯᠡᠭᠴᠢᠳ ᠪᠥᠬᠥ ᠵᠠᠬᠢᠶᠠᠯᠠᠭ᠎ᠠ ᠵᠢᠨ ᠬᠠᠭᠤᠳᠠᠰᠤ ᠵᠢ ᠪᠡᠶᠡᠯᠡᠭᠦᠯᠵᠦ ᠳᠠᠭᠤᠰᠲᠠᠯ᠎ᠠ ᠵᠠᠬᠢᠶᠠᠯᠠᠭ᠎ᠠ ᠵᠢ ᠭᠥᠯᠢᠶᠡᠨ ᠠᠪᠤᠭᠰᠠᠨ ᠨᠠᠢ᠌ᠳᠠ ᠴᠠᠭ᠎ᠤᠨ ᠰᠠᠭᠤᠷᠢᠨ ᠳᠡᠭᠡᠷ᠎ᠡ᠂ ᠬᠥᠳᠡᠯᠮᠦᠷᠢᠯᠡᠭᠴᠢᠳ᠎ᠤᠨ ᠴᠢᠬᠤᠯᠠ ᠪᠦᠬᠦᠢ ᠰᠦᠯᠵᠢᠶᠡᠨ ᠳᠡᠭᠡᠷ᠎ᠡ ᠵᠠᠬᠢᠶᠠᠯᠠᠭ᠎ᠠ ᠵᠢᠨ ᠬᠠᠭᠤᠳᠠᠰᠤ ᠬᠦᠯᠢᠶᠡᠬᠦ᠂ ᠦᠢ᠍ᠯᠡᠴᠢᠯᠡᠭᠡᠨ᠎ᠤ ᠪᠡᠯᠡᠳᠬᠡᠯ ᠬᠢᠬᠦ᠂ ᠹᠢᠽᠢᠣᠯᠣᠭᠢ ᠵᠢᠨ ᠬᠡᠷᠡᠭᠴᠡᠭᠡ ᠵᠡᠷᠭᠡ ᠬᠦᠴᠦᠨ ᠵᠦᠢ᠍ᠯ᠎ᠢ ᠵᠣᠬᠢᠰᠲᠠᠢ ᠪᠣᠳᠣᠯᠬᠢᠯᠠᠬᠤ ᠬᠡᠷᠡᠭᠲᠡᠶ ᠭᠡᠳᠡᠭ᠎ᠢ ᠲᠣᠳᠣᠷᠬᠠᠢ ᠲᠣᠭᠲᠠᠭ᠋ᠠᠪᠠ᠃ ᠠᠵᠤ ᠠᠬᠤᠢ᠌ᠯᠠᠯ ᠬᠢᠭᠡᠳ ᠠᠵᠢᠯᠴᠢᠨ᠎ᠤ ᠡᠪᠯᠡᠯ ᠪᠤᠶᠤ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠲᠥᠯᠥᠭᠡᠯᠡᠭᠴᠢ᠎ᠲᠠᠢ ᠵᠥᠪᠳᠡᠯᠴᠡᠵᠦ ᠪᠠᠶ᠋ᠢᠭ᠋ᠠᠳ ᠬᠥᠳᠡᠯᠮᠦᠷᠢᠯᠡᠭᠴᠢᠳ᠎ᠤᠨ ᠵᠠᠯᠭ᠋ᠠᠯᠳᠤᠭ᠋ᠠᠪᠠᠷ ᠵᠠᠬᠢᠶᠠᠯᠠᠭ᠎ᠠ ᠵᠢᠨ ᠬᠠᠭᠤᠳᠠᠰᠤ ᠭᠥᠯᠢᠶᠡᠨ ᠠᠪᠤᠭᠰᠠᠨ ᠬᠠᠮᠤᠭ᠎ᠤᠨ ᠣᠷᠳᠣ ᠴᠠᠭ ᠪᠠ ᠡᠳᠦᠷ ᠪᠦᠷᠢ ᠵᠢᠨ ᠬᠠᠮᠤᠭ᠎ᠤᠨ ᠣᠷᠳᠣ ᠠᠵᠢᠯᠯᠠᠬᠤ ᠴᠠᠭ᠎ᠢ ᠵᠦᠢ ᠵᠣᠬᠢᠰᠲᠠᠢ ᠲᠣᠭᠲᠠᠭ᠋ᠠᠬᠤ ᠬᠡᠷᠡᠭᠳᠡᠢ ᠭᠡᠵᠦ ᠲᠣᠳᠣᠷᠬᠠᠢ ᠲᠣᠭᠲᠠᠭ᠋ᠠᠪᠠ᠃ ᠬᠥᠳᠡᠯᠮᠦᠷᠢᠯᠡᠭᠴᠢᠳ᠎ᠤᠨ ᠠᠵᠢᠯᠯᠠᠬᠤ ᠴᠠᠭ᠎ᠨᠢ ᠬᠠᠮᠤᠭ᠎ᠤᠨ ᠶᠡᠬᠡ ᠬᠡᠮᠵᠢᠶᠡᠨ᠎ᠳᠤ ᠬᠦᠷᠦᠭᠰᠡᠨ ᠪᠠᠢ᠌ᠪᠠᠯ᠂ ᠰᠢᠰᠲ᠋ᠧᠮ᠎ᠠᠴᠠ ᠠᠮᠠᠷᠠᠯᠲᠠ ᠵᠢᠨ ᠰᠠᠨᠠᠭᠤᠯᠤᠮᠵᠢ ᠥᠭᠬᠦ ᠵᠢᠨ ᠬᠠᠮᠲᠤ ᠵᠠᠬᠢᠶᠠᠯᠠᠭ᠎ᠠ ᠵᠢᠨ ᠵᠣᠬᠢᠬᠤ ᠴᠠᠭ ᠥᠭᠬᠦ ᠵᠢ ᠵᠣᠭᠰᠣᠭ᠋ᠠᠵᠤ᠂ ᠬᠥᠳᠡᠯᠮᠦᠷᠢᠴᠢᠨ᠎ᠤ ᠴᠢᠬᠤᠯᠠ ᠪᠦᠬᠦᠢ ᠠᠮᠠᠷᠠᠯᠲᠠ ᠵᠢᠨ ᠴᠠᠭ ᠣᠯᠬᠤ ᠵᠢ ᠪᠠᠲᠤᠯᠠᠵᠤ᠂ ᠬᠥᠳᠡᠯᠮᠦᠷᠢᠴᠢᠨ᠎ᠤ ᠬᠡᠲᠦᠷᠡᠲᠡᠯ᠎ᠡ ᠬᠥᠳᠡᠯᠮᠦᠷᠢᠯᠡᠬᠦ ᠵᠢ ᠰᠡᠷᠭᠡᠢ᠌ᠯᠡᠬᠦ ᠵᠢᠨ ᠲᠥᠯᠥᠭᠡ ᠬᠥᠳᠡᠯᠮᠦᠷᠢᠴᠢᠨ᠎ᠤ ᠠᠵᠢᠯᠯᠠᠬᠤ ᠴᠠᠭ᠎ᠨᠢ ᠳᠡᠭᠡᠳᠦ ᠬᠢᠵᠠᠭ᠋ᠠᠷ᠎ᠲᠤ ᠬᠦᠷᠦᠭᠰᠡᠨ ᠪᠠᠢ᠌ᠪᠠᠯ᠂ ᠰᠢᠰᠲ᠋ᠧᠮ᠎ᠠᠴᠠ ᠠᠮᠠᠷᠠᠬᠤ ᠰᠠᠨᠠᠭᠤᠯᠤᠮᠵᠢ ᠥᠭᠬᠦ ᠵᠢᠨ ᠬᠠᠮᠲᠤ ᠵᠣᠬᠢᠬᠤ ᠴᠠᠭ ᠳᠣᠲᠣᠷ᠎ᠠ ᠵᠠᠬᠢᠶᠠᠯᠠᠭ᠎ᠠ ᠵᠢᠨ ᠬᠠᠭᠤᠳᠠᠰᠤ ᠥᠭᠬᠦ᠎ᠪᠠᠨ ᠵᠣᠭᠰᠤᠭ᠋ᠠᠬᠤ ᠬᠡᠷᠡᠭᠲᠡᠶ᠃ ᠭᠤᠷᠪᠠᠳᠤᠭ᠋ᠠᠷ ᠪᠦᠯᠦᠭ 《ᠬᠥᠳᠡᠯᠮᠦᠷᠢ ᠵᠢᠨ ᠬᠥᠯᠥᠰᠦ ᠣᠯᠭᠣᠮᠵᠢ》᠎ᠳᠤ᠂ ᠠᠵᠤ ᠠᠬᠤᠢ᠌ᠯᠠᠯ᠎ᠨᠢ ᠠᠵᠢᠯᠴᠢᠨ᠎ᠤ ᠡᠪᠯᠡᠯ ᠪᠤᠶᠤ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠲᠥᠯᠥᠭᠡᠯᠡᠭᠴᠢ᠎ᠲᠠᠢ ᠡᠷᠬᠡ ᠲᠡᠭᠰᠢ᠎ᠪᠠᠷ ᠵᠥᠪᠳᠡᠯᠴᠡᠵᠦ ᠬᠥᠳᠡᠯᠮᠦᠷᠢ ᠵᠢᠨ ᠬᠥᠯᠥᠰᠦ ᠣᠯᠭᠣᠮᠵᠢ ᠥᠭᠬᠦ ᠳᠦᠷᠢᠮ᠎ᠢ ᠲᠣᠭᠲᠠᠭ᠋ᠠᠨ᠎ᠠ ᠭᠡᠵᠦ ᠳᠤᠷᠠᠳᠤᠨ ᠭᠠᠷᠭ᠋ᠠᠵᠠᠢ᠃ ᠬᠥᠳᠡᠯᠮᠦᠷᠢ ᠵᠢᠨ ᠬᠠᠷᠢᠴᠠᠭ᠎ᠠ ᠵᠢ ᠲᠣᠭᠲᠠᠭ᠋ᠠᠬᠤ ᠪᠠᠶ᠋ᠢᠳᠠᠯ᠎ᠳᠤ ᠪᠦᠷᠢᠮᠦᠰᠦᠨ ᠨᠡᠶ᠋ᠢᠴᠡᠬᠦ ᠦᠭᠡᠢ ᠪᠣᠯᠪᠠᠴᠤ ᠠᠵᠤ ᠠᠬᠤᠢ᠌ᠯᠠᠯ᠎ᠠᠴᠠ ᠬᠥᠳᠡᠯᠮᠦᠷᠢᠯᠡᠭᠴᠢᠳ᠎ᠲᠤ ᠬᠥᠳᠡᠯᠮᠦᠷᠢ ᠵᠢᠨ ᠬᠠᠮᠢᠶᠠᠷᠤᠯᠲᠠ ᠶᠠᠪᠤᠭᠤᠯᠬᠤ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠲᠤ ᠬᠥᠳᠡᠯᠮᠦᠷᠢᠯᠡᠭᠴᠢᠳ᠎ᠤᠨ ᠪᠣᠳᠠᠲᠠᠢ ᠠᠵᠢᠯᠯᠠᠵᠤ ᠪᠠᠢ᠌ᠭ᠎ᠠ ᠭᠠᠵᠠᠷ᠎ᠤᠨ ᠠᠷᠠᠳ᠎ᠤᠨ ᠵᠠᠰᠠᠭ᠎ᠤᠨ ᠣᠷᠳᠣᠨ᠎ᠤ ᠲᠣᠭᠲᠠᠭ᠋ᠠᠭᠰᠠᠨ ᠨᠢᠭᠡ ᠴᠠᠭ᠎ᠤᠨ ᠬᠠᠮᠤᠭ᠎ᠤᠨ ᠳᠣᠣᠷ᠎ᠠ ᠴᠠᠯᠢᠩ᠎ᠤᠨ ᠪᠠᠷᠢᠮᠵᠢᠶ᠎ᠠ ᠵᠢ ᠬᠡᠷᠡᠭᠯᠡᠨ᠎ᠡ ᠭᠡᠵᠦ ᠲᠣᠳᠣᠷᠬᠠᠢ ᠲᠣᠭᠲᠠᠭ᠋ᠠᠪᠠ᠃ ᠠᠵᠤ ᠠᠬᠤᠢ᠌ᠯᠠᠯ᠎ᠠᠴᠠ ᠬᠠᠤᠯᠢ᠎ᠪᠠᠷ ᠲᠣᠭᠲᠠᠭ᠋ᠠᠭᠰᠠᠨ ᠪᠠᠶᠠᠷ ᠳᠤᠷᠠᠰᠬᠠᠯ᠎ᠤᠨ ᠡᠳᠦᠷ ᠪᠠ ᠠᠮᠠᠷᠠᠯᠲᠠ ᠵᠢᠨ ᠡᠳᠦᠷ᠎ᠲᠤ ᠠᠵᠢᠯᠯᠠᠬᠤ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠬᠥᠳᠡᠯᠮᠦᠷᠢ ᠵᠢᠨ ᠬᠥᠯᠥᠰᠦ ᠣᠯᠭᠣᠮᠵᠢ ᠵᠢ ᠬᠡᠪ᠎ᠤᠨ ᠠᠵᠢᠯᠯᠠᠬᠤ ᠴᠠᠭ᠎ᠤᠨ ᠬᠥᠳᠡᠯᠮᠦᠷᠢ ᠵᠢᠨ ᠬᠥᠯᠥᠰᠦ ᠣᠯᠭᠣᠮᠵᠢ᠎ᠠᠴᠠ ᠥᠨᠳᠥᠷ ᠥᠭᠬᠦ ᠵᠢᠴᠢ ᠵᠣᠭᠣᠰ᠎ᠤᠨ ᠬᠡᠯᠪᠡᠷᠢ᠎ᠪᠠᠷ ᠬᠥᠳᠡᠯᠮᠦᠷᠢ ᠵᠢᠨ ᠬᠥᠯᠥᠰᠦ ᠣᠯᠭᠣᠮᠵᠢ ᠵᠢ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢ ᠲᠤᠰ ᠬᠥᠮᠥᠨ᠎ᠳᠤ ᠴᠠᠭ ᠲᠤᠬᠠᠢ᠎ᠳᠤᠨᠢ ᠲᠣᠭ᠎ᠠ ᠶᠣᠰᠣᠭ᠋ᠠᠷ᠎ᠨᠢ ᠥᠭᠬᠦ ᠬᠡᠷᠡᠭᠲᠡᠶ ᠭᠡᠬᠦ ᠮᠡᠲᠦ᠃ ᠳᠥᠷᠪᠡᠳᠦᠭᠡᠷ ᠪᠦᠯᠦᠭ 《ᠳᠠᠭ᠋ᠠᠯᠳᠤᠭᠤᠯᠤᠯ ᠳᠦᠷᠢᠮ》᠎ᠳᠤ ᠭᠣᠣᠯᠳᠠᠭᠤ ᠬᠥᠳᠡᠯᠮᠦᠷᠢ ᠵᠢᠨ ᠬᠠᠷᠢᠴᠠᠭ᠎ᠠ ᠵᠢ ᠲᠣᠭᠲᠠᠭ᠋ᠠᠬᠤ ᠪᠠᠶ᠋ᠢᠳᠠᠯ᠎ᠳᠤ ᠨᠡᠢ᠌ᠴᠡᠭᠰᠡᠨ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠠᠮᠠᠷᠠᠬᠤ ᠪᠠ ᠬᠠᠮᠤᠭ᠎ᠤᠨ ᠳᠣᠣᠷ᠎ᠠ ᠴᠠᠯᠢᠩ᠎ᠤᠨ ᠪᠠᠷᠢᠮᠵᠢᠶ᠎ᠠ ᠵᠢ ᠬᠡᠷᠡᠭᠯᠡᠬᠦ ᠵᠡᠷᠭᠡ ᠠᠭᠤᠯᠭ᠎ᠠ᠎ᠨᠢ ᠣᠲᠣ ᠵᠢᠨ ᠬᠡᠷᠡᠭᠵᠢᠭᠦᠯᠵᠦ ᠪᠠᠢ᠌ᠭ᠎ᠠ ᠬᠥᠳᠡᠯᠮᠦᠷᠢ ᠵᠢᠨ ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠤᠨ ᠲᠣᠭᠲᠠᠭ᠋ᠠᠯ᠎ᠳᠤ ᠨᠡᠢ᠌ᠴᠡᠭᠰᠡᠨ ᠪᠠᠶ᠋ᠢᠬᠤ ᠬᠡᠷᠡᠭᠲᠡᠶ ᠵᠢᠴᠢ ᠬᠤᠪᠢ ᠬᠥᠮᠥᠨ ᠢᠨᠲ᠋ᠧᠷ ᠰᠦᠯᠵᠢᠶᠡᠨ᠎ᠤ ᠲᠠᠪᠴᠠᠩ᠎ᠳᠤ ᠲᠦᠰᠢᠭᠯᠡᠨ ᠪᠦᠷᠢᠮᠦᠰᠦᠨ ᠪᠡᠶ᠎ᠡ᠎ᠪᠠᠨ ᠳᠠᠭ᠋ᠠᠭ᠋ᠠᠵᠤ ᠡᠵᠡᠩᠨᠡᠯᠲᠡ ᠵᠢᠨ ᠠᠵᠢᠯᠯᠠᠭ᠎ᠠ ᠥᠷᠨᠢᠭᠦᠯᠦᠭᠰᠡᠨ ᠪᠠᠢ᠌ᠪᠠᠯ᠂ ᠲᠤᠰ ᠵᠢᠯᠣᠭᠣᠳᠤᠮᠵᠢ ᠵᠢ ᠬᠡᠷᠡᠭᠯᠡᠬᠦ᠎ᠳᠤ ᠲᠣᠬᠢᠷᠠᠬᠤ ᠦᠭᠡᠢ ᠭᠡᠵᠦ ᠴᠢᠬᠤᠯᠠᠴᠢᠯᠠᠵᠠᠢ᠃

      ᠠᠰᠠᠭᠤᠯᠲᠠ᠄ 《ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠬᠥᠳᠡᠯᠮᠦᠷᠢ ᠵᠢᠨ ᠳᠦᠷᠢᠮ᠎ᠢ ᠵᠠᠷᠯᠠᠨ ᠨᠡᠢ᠌ᠲᠡᠯᠡᠬᠦ ᠵᠢᠯᠣᠭᠣᠳᠤᠮᠵᠢ》᠎ᠳᠤ ᠭᠣᠣᠯᠳᠠᠭᠤ ᠶᠠᠮᠠᠷ ᠶᠠᠮᠠᠷ ᠠᠭᠤᠯᠭ᠎ᠠ ᠪᠠᠢ᠌ᠬᠤ ᠪᠤᠢ?

      ᠬᠠᠷᠢᠭᠤᠯᠲᠠ᠄ ᠲᠤᠰ ᠵᠢᠯᠣᠭᠣᠳᠤᠮᠵᠢ᠎ᠨᠢ ᠠᠵᠤ ᠠᠬᠤᠢ᠌ᠯᠠᠯ᠎ᠢ ᠬᠥᠲᠥᠯᠥᠨ ᠵᠢᠯᠤᠭᠣᠳᠴᠤ ᠬᠥᠳᠡᠯᠮᠦᠷᠢ ᠵᠢᠨ ᠳᠦᠷᠢᠮ᠎ᠤᠨ ᠲᠥᠪ ᠭᠣᠣᠯᠴᠢ ᠴᠢᠨᠠᠷ ᠪᠠ ᠢᠯᠡ ᠲᠣᠳᠣ ᠪᠠᠢ᠌ᠬᠤ ᠬᠡᠮᠵᠢᠶ᠎ᠡ ᠵᠢ ᠳᠡᠭᠡᠭᠰᠢᠯᠡᠭᠦᠯᠵᠦ᠂ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠪᠠᠶ᠋ᠢᠳᠠᠯ᠎ᠢ ᠮᠡᠳᠡᠬᠦ ᠡᠷᠬᠡ ᠪᠠ ᠣᠷᠣᠯᠴᠠᠬᠤ ᠡᠷᠬᠡ ᠵᠢ ᠪᠠᠲᠤᠯᠠᠬᠤ᠎ᠪᠠᠷ ᠵᠣᠷᠢᠯᠭ᠎ᠠ ᠪᠣᠯᠭ᠋ᠠᠭᠰᠠᠨ ᠶᠤᠮ᠂ ᠨᠠᠢ᠌ᠳᠠ 8 ᠵᠦᠢ᠍ᠯ᠃ ᠡᠭᠦᠨ᠎ᠳᠤ ᠭᠣᠣᠯ ᠠᠭᠤᠯᠭ᠎ᠠ᠎ᠨᠢ᠄ ᠨᠢᠭᠡ᠎ᠳᠤ᠂ ᠲᠠᠪᠴᠠᠩ᠎ᠤᠨ ᠠᠵᠤ ᠠᠬᠤᠢ᠌ᠯᠠᠯ᠎ᠤᠨ ᠬᠥᠳᠡᠯᠮᠦᠷᠢ ᠵᠢᠨ ᠳᠦᠷᠢᠮ᠎ᠢ ᠲᠣᠭᠲᠠᠭ᠋ᠠᠬᠤ ᠪᠠ ᠵᠠᠰᠠᠪᠤᠷᠢ ᠣᠷᠣᠭᠤᠯᠬᠤ᠎ᠳᠤ ᠵᠢᠷᠤᠮᠯᠠᠬᠤ ᠵᠠᠷᠴᠢᠮ᠂ ᠲᠤᠬᠠᠢ᠌ᠯᠠᠪᠠᠯ ᠬᠠᠤᠯᠢ᠎ᠳᠤ ᠨᠡᠢ᠌ᠴᠡᠭᠰᠡᠨ ᠵᠢᠷᠤᠮᠵᠢᠩᠭᠤᠢ ᠪᠠᠢ᠌ᠬᠤ᠂ ᠡᠷᠬᠡ ᠲᠡᠭᠰᠢ ᠲᠥᠪ ᠭᠣᠣᠯᠴᠢ᠂ ᠢᠯᠡ ᠲᠣᠳᠣ ᠪᠥᠭᠡᠳ ᠲᠠᠢ᠌ᠯᠪᠤᠷᠢᠯᠠᠵᠤ ᠪᠣᠯᠬᠤ᠂ ᠰᠢᠨᠵᠢᠯᠡᠬᠦ ᠤᠬᠠᠭ᠋ᠠᠨᠴᠢ ᠵᠦᠢ ᠵᠣᠬᠢᠰᠲᠠᠢ᠂ ᠦᠨᠡᠨᠴᠢ ᠢᠲᠡᠭᠡᠮᠵᠢ᠎ᠲᠠᠢ ᠪᠠᠶ᠋ᠢᠬᠤ ᠵᠢᠨ ᠬᠠᠮᠲᠤ ᠬᠠᠤᠯᠢ ᠶᠣᠰᠣᠭ᠋ᠠᠷ ᠠᠷᠠᠳᠴᠢᠯᠠᠯ᠎ᠤᠨ ᠲᠠᠰ ᠳᠠᠷᠠᠭ᠋ᠠᠯᠠᠯ᠎ᠢ ᠭᠦᠢ᠍ᠴᠡᠳᠬᠡᠨ᠎ᠡ᠃ ᠬᠣᠶᠠᠷ᠎ᠲᠤ᠂ ᠬᠥᠳᠡᠯᠮᠦᠷᠢ ᠵᠢᠨ ᠳᠦᠷᠢᠮ᠎ᠤᠨ ᠠᠭᠤᠯᠤᠭᠳᠠᠬᠤᠨ᠎ᠢ ᠲᠣᠳᠣᠷᠬᠠᠢ᠌ᠯᠠᠵᠠᠢ᠂ ᠡᠭᠦᠨ᠎ᠳᠤ ᠵᠠᠬᠢᠶᠠᠯᠠᠭ᠎ᠠ ᠵᠢᠨ ᠬᠠᠭᠤᠳᠠᠰᠤ ᠵᠢᠨ ᠬᠤᠪᠢᠶᠠᠷᠢᠯᠠᠯᠲᠠ᠂ ᠬᠥᠯᠥᠰᠦ ᠣᠯᠭᠣᠮᠵᠢ ᠵᠢᠴᠢ ᠬᠥᠯᠥᠰᠦ ᠣᠯᠭᠣᠮᠵᠢ ᠵᠢ ᠥᠭᠬᠦ᠂ ᠠᠵᠢᠯᠯᠠᠬᠤ ᠴᠠᠭ ᠪᠠ ᠠᠮᠠᠷᠠᠬᠤ᠂ ᠠᠵᠢᠯ ᠮᠡᠷᠭᠡᠵᠢᠯ᠎ᠤᠨ ᠡᠷᠡᠭᠦᠯ ᠮᠠᠨᠳᠤ ᠬᠢᠭᠡᠳ ᠠᠮᠤᠷ ᠲᠦᠪᠰᠢᠨ᠂ ᠦᠢ᠍ᠯᠡᠴᠢᠯᠡᠭᠡᠨ᠎ᠤ ᠵᠢᠷᠤᠮᠵᠢᠯ ᠵᠡᠷᠭᠡ ᠬᠥᠳᠡᠯᠮᠦᠷᠢᠯᠡᠭᠴᠢᠳ᠎ᠤᠨ ᠦᠨᠳᠦᠰᠦᠨ ᠡᠷᠬᠡ ᠠᠰᠢᠭ᠎ᠲᠠᠢ ᠰᠢᠭᠤᠳ ᠬᠣᠯᠪᠣᠭᠳᠠᠬᠤ ᠳᠦᠷᠢᠮ ᠲᠣᠭᠲᠠᠭ᠋ᠠᠯ᠂ ᠵᠠᠭᠪᠤᠷᠵᠢᠭᠰᠠᠨ ᠭᠡᠷ᠎ᠡ ᠵᠢᠨ ᠵᠦᠢ᠍ᠯ ᠵᠤᠷᠪᠤᠰ᠂ ᠪᠤᠳᠤᠬᠤ ᠠᠷᠭ᠎ᠠ ᠵᠢᠨ ᠳᠦᠷᠢᠮ ᠵᠢᠴᠢ ᠲᠡᠭᠦᠨ᠎ᠤ ᠠᠵᠢᠯᠯᠠᠭ᠋ᠠᠨ᠎ᠤ ᠲᠣᠭᠲᠠᠴᠠ ᠵᠡᠷᠭᠡ ᠪᠠᠭᠲᠠᠨ᠎ᠠ᠃ ᠭᠤᠷᠪᠠ᠎ᠳᠤ᠂ ᠲᠠᠪᠴᠠᠩ᠎ᠤᠨ ᠠᠵᠤ ᠠᠬᠤᠢ᠌ᠯᠠᠯ᠎ᠤᠨ ᠳᠦᠷᠢᠮ᠂ ᠬᠥᠳᠡᠯᠮᠦᠷᠢ ᠵᠢᠨ ᠳᠦᠷᠢᠮ᠎ᠳᠤ ᠵᠠᠰᠠᠪᠤᠷᠢ ᠣᠷᠣᠭᠤᠯᠬᠤ᠎ᠳᠤ ᠬᠥᠳᠡᠯᠮᠦᠷᠢᠯᠡᠭᠴᠢᠳ᠎ᠠᠴᠠ ᠢᠯᠡ᠎ᠪᠠᠷ ᠰᠠᠨᠠᠯ ᠬᠤᠷᠢᠶᠠᠵᠤ᠂ ᠠᠵᠢᠯᠴᠢᠨ᠎ᠤ ᠡᠪᠯᠡᠯ ᠪᠤᠶᠤ ᠬᠥᠳᠡᠯᠮᠦᠷᠢᠯᠡᠭᠴᠢᠳ᠎ᠤᠨ ᠲᠥᠯᠥᠭᠡᠯᠡᠭᠴᠢ ᠵᠢᠨ ᠰᠠᠨᠠᠯ ᠰᠠᠨᠠᠭᠤᠯᠭ᠎ᠠ ᠵᠢ ᠭᠦᠢ᠍ᠴᠡᠳ ᠰᠣᠨᠣᠰᠴᠤ᠂ ᠬᠡᠷᠡᠭᠵᠢᠭᠦᠯᠬᠦ᠎ᠪᠠᠷ ᠲᠣᠭᠲᠠᠬᠤ᠎ᠠᠴᠠ ᠡᠮᠦᠨ᠎ᠡ ᠨᠠᠭ᠋ᠠᠲᠤ ᠵᠠᠬ᠎ᠠ᠎ᠳᠠᠭᠠᠨ ᠲᠤᠯᠤᠭ᠋ᠠᠨ ᠡᠳᠦᠷ᠎ᠤᠨ ᠡᠮᠦᠨ᠎ᠡ ᠬᠥᠳᠡᠯᠮᠦᠷᠢᠯᠡᠭᠴᠢᠳ᠎ᠲᠤ ᠵᠠᠷᠯᠠᠨ ᠨᠡᠢ᠌ᠲᠡᠯᠡᠬᠦ ᠬᠡᠷᠡᠭᠲᠡᠶ ᠭᠡᠵᠦ ᠲᠣᠭᠲᠠᠭ᠋ᠠᠪᠠ᠃ ᠳᠥᠷᠪᠡ᠎ᠳᠤ᠂ ᠲᠠᠪᠴᠠᠩ᠎ᠤᠨ ᠠᠵᠤ ᠠᠬᠤᠢ᠌ᠯᠠᠯ᠎ᠨᠢ ᠬᠡᠷᠡᠭᠯᠡᠭᠡᠨ᠎ᠤ ᠫᠷᠣᠭ᠌ᠷᠠᠮ ᠵᠡᠷᠭᠡ ᠢᠯᠡᠷᠬᠡᠢ ᠪᠠᠶ᠋ᠢᠷᠢᠨ᠎ᠳᠤ᠂ ᠲᠣᠳᠣᠷᠬᠠᠢ ᠪᠥᠭᠡᠳ ᠣᠢ᠌ᠯᠠᠭ᠋ᠠᠮᠵᠢᠲᠠᠢ ᠦᠭᠡ ᠬᠡᠯᠡ᠎ᠪᠠᠷ ᠬᠣᠯᠪᠣᠭᠳᠠᠯ ᠪᠦᠬᠦᠢ ᠠᠭᠤᠯᠭ᠎ᠠ ᠵᠢ ᠦᠨᠡᠨ ᠪᠣᠳᠠᠲᠠᠢ᠂ ᠣᠨᠣᠪᠴᠢᠲᠠᠢ ᠦᠷᠭᠦᠯᠵᠢᠯᠡᠨ ᠵᠠᠷᠯᠠᠨ ᠨᠡᠢ᠌ᠲᠡᠯᠡᠵᠦ᠂ ᠬᠥᠳᠡᠯᠮᠦᠷᠢᠯᠡᠭᠴᠢᠳ᠎ᠤᠨ ᠪᠦᠷᠢᠨ ᠪᠦᠲᠦᠨ ᠠᠭᠤᠯᠭ᠎ᠠ ᠵᠢ ᠪᠠᠢ᠌ᠴᠠᠭ᠋ᠠᠨ ᠦᠵᠡᠬᠦ᠎ᠳᠤ ᠴᠠᠭ ᠲᠤᠬᠠᠢ᠎ᠳᠤᠨᠢ ᠲᠥᠬᠥᠮ ᠦᠵᠡᠭᠦᠯᠬᠦ ᠵᠢᠨ ᠬᠠᠮᠲᠤ ᠬᠣᠯᠪᠣᠭᠳᠠᠯ ᠪᠦᠬᠦᠢ ᠰᠠᠨᠠᠯ ᠰᠠᠨᠠᠭᠤᠯᠭ᠎ᠠ ᠵᠢ ᠬᠠᠷᠢᠭᠤ ᠲᠤᠰᠬᠠᠬᠤ ᠠᠷᠭ᠎ᠠ ᠵᠠᠮ᠎ᠢ ᠬᠠᠩᠭ᠋ᠠᠬᠤ ᠵᠢ ᠦᠨᠡᠨ ᠬᠦ᠌ ᠪᠠᠲᠤᠯᠠᠬᠤ ᠬᠡᠷᠡᠭᠲᠡᠶ ᠭᠡᠵᠦ ᠲᠣᠳᠣᠷᠬᠠᠢ ᠲᠣᠭᠲᠠᠭ᠋ᠠᠵᠠᠢ᠃

      ᠠᠰᠠᠭᠤᠯᠲᠠ᠄ 《ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ ᠡᠷᠬᠡ ᠠᠰᠢᠭ᠎ᠢ ᠬᠠᠮᠠᠭ᠋ᠠᠯᠠᠬᠤ ᠦᠢ᠍ᠯᠡᠴᠢᠯᠡᠭᠡᠨ᠎ᠤ ᠵᠦᠭᠯᠡᠭᠦᠷ》᠎ᠲᠤ ᠭᠣᠣᠯᠳᠠᠭᠤ ᠶᠠᠮᠠᠷ ᠶᠠᠮᠠᠷ ᠠᠭᠤᠯᠭ᠎ᠠ ᠪᠠᠶ᠋ᠢᠬᠤ ᠪᠤᠢ? ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠠᠴᠠ ᠥᠪᠡᠷ᠎ᠤᠨ ᠬᠥᠳᠡᠯᠮᠦᠷᠢ ᠵᠢᠨ ᠡᠷᠬᠡ ᠠᠰᠢᠭ ᠬᠣᠬᠢᠷᠠᠯ᠎ᠳᠤ ᠤᠴᠠᠷᠠᠭᠰᠠᠨ ᠭᠡᠵᠦ ᠦᠵᠡᠪᠡᠯ᠂ ᠲᠣᠰ ᠪᠡᠶ᠎ᠡ ᠵᠢᠨ ᠬᠠᠤᠯᠢ ᠶᠣᠰᠣᠨ᠎ᠤ ᠡᠷᠬᠡ ᠠᠰᠢᠭ ᠵᠶ᠋ᠠᠨ ᠬᠡᠷᠬᠢᠨ ᠬᠠᠮᠠᠭ᠋ᠠᠯᠠᠬᠤ ᠪᠤᠢ?

      ᠬᠠᠷᠢᠭᠤᠯᠲᠠ᠄ ᠲᠤᠰ ᠵᠦᠭᠯᠡᠭᠦᠷ᠎ᠲᠤ ᠨᠠᠢ᠌ᠳᠠ ᠲᠠᠪᠤᠨ ᠪᠦᠯᠦᠭ 22 ᠵᠦᠢ᠍ᠯ ᠪᠤᠢ᠃ ᠨᠢᠭᠡᠳᠦᠭᠡᠷ ᠪᠦᠯᠦᠭ 《ᠶᠡᠷᠦᠩᠬᠡᠢ ᠳᠦᠷᠢᠮ》᠎ᠳᠤ ᠵᠦᠭᠯᠡᠭᠦᠷ᠎ᠢ ᠨᠡᠢ᠌ᠲᠡᠯᠡᠭᠰᠡᠨ ᠵᠣᠷᠢᠯᠭ᠎ᠠ ᠪᠠ ᠬᠡᠷᠡᠭᠯᠡᠬᠦ ᠬᠡᠪᠴᠢᠶ᠎ᠡ ᠵᠢ ᠲᠣᠳᠣᠷᠬᠠᠢ ᠲᠣᠭᠲᠠᠭ᠋ᠠᠪᠠ᠃ ᠬᠣᠶᠠᠳᠤᠭ᠋ᠠᠷ ᠪᠦᠯᠦᠭ 《ᠠᠵᠤ ᠠᠬᠤᠢ᠌ᠯᠠᠯ᠎ᠤᠨ ᠳᠣᠲᠣᠭ᠋ᠠᠳᠤ ᠵᠢᠨ ᠬᠥᠳᠡᠯᠮᠦᠷᠢ ᠵᠢᠨ ᠵᠢᠭᠤᠷᠠᠯᠳᠤᠭ᠋ᠠᠨ᠎ᠢ ᠰᠢᠢ᠍ᠳᠪᠦᠷᠢᠯᠡᠬᠦ ᠲᠣᠭᠲᠠᠴᠠ》᠎ᠨᠢ ᠠᠵᠤ ᠠᠬᠤᠢ᠌ᠯᠠᠯ᠎ᠢ ᠬᠥᠲᠥᠯᠥᠨ ᠵᠢᠯᠤᠭᠣᠳᠴᠤ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠯᠦᠭᠡ ᠪᠠᠢ᠌ᠩᠭᠤ ᠵᠢᠨ ᠴᠢᠨᠠᠷᠲᠠᠢ ᠨᠡᠪᠲᠡᠷᠡᠯᠴᠡᠬᠦ ᠲᠣᠭᠲᠠᠴᠠ ᠪᠠ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢ ᠵᠢᠨ ᠭᠣᠮᠣᠳᠠᠯ ᠲᠣᠭ᠋ᠠᠴᠢᠬᠤ ᠲᠣᠭᠲᠠᠴᠠ ᠵᠢ ᠪᠠᠢ᠌ᠭᠤᠯᠤᠨ ᠲᠡᠭᠦᠯᠳᠡᠷᠵᠢᠭᠦᠯᠵᠦ᠂ ᠠᠵᠤ ᠠᠬᠤᠢ᠌ᠯᠠᠯ᠎ᠤᠨ ᠬᠥᠳᠡᠯᠮᠦᠷᠢ ᠵᠢᠨ ᠵᠢᠭᠤᠷᠠᠯᠳᠤᠭ᠋ᠠᠨ᠎ᠢ ᠡᠶᠡᠳᠡᠭᠦᠯᠬᠦ ᠺᠣᠮᠢᠰ᠎ᠢ ᠪᠠᠢ᠌ᠭᠤᠯᠬᠤ ᠵᠢ ᠵᠣᠷᠢᠭᠵᠢᠭᠤᠯᠵᠤ᠂ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ ᠠᠵᠤ ᠠᠬᠤᠢ᠌ᠯᠠᠯ᠎ᠤᠨ ᠳᠣᠲᠣᠭ᠋ᠠᠳᠤ᠎ᠳᠠᠭᠠᠨ ᠵᠥᠷᠢᠴᠡᠯ ᠵᠢᠭᠤᠷᠠᠯᠳᠤᠭ᠋ᠠᠨ ᠵᠶ᠋ᠠᠨ ᠰᠢᠢ᠍ᠳᠪᠦᠷᠢᠯᠡᠵᠦ ᠪᠣᠯᠬᠤ ᠠᠷᠭ᠎ᠠ ᠵᠠᠮ᠎ᠢ ᠲᠣᠳᠣᠷᠬᠠᠢ᠌ᠯᠠᠪᠠ᠃ ᠭᠤᠷᠪᠠᠳᠤᠭ᠋ᠠᠷ ᠪᠦᠯᠦᠭ 《ᠠᠵᠢᠯᠴᠢᠨ᠎ᠤ ᠡᠪᠯᠡᠯ᠎ᠤᠨ ᠡᠷᠬᠡ ᠠᠰᠢᠭ᠎ᠢ ᠬᠠᠮᠠᠭ᠋ᠠᠯᠠᠬᠤ ᠦᠢ᠍ᠯᠡᠴᠢᠯᠡᠭᠡ》᠎ᠳᠤ ᠠᠵᠢᠯᠴᠢᠨ᠎ᠤ ᠡᠪᠯᠡᠯ᠎ᠨᠢ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢ ᠵᠢ ᠢᠳᠡᠪᠬᠢᠲᠡᠢ᠎ᠪᠠᠷ ᠡᠯᠰᠡᠨ ᠠᠵᠢᠯᠴᠢᠨ᠎ᠤ ᠡᠪᠯᠡᠯ᠎ᠳᠤ ᠣᠷᠣᠭᠤᠯᠵᠤ᠂ ᠠᠵᠤ ᠠᠬᠤᠢ᠌ᠯᠠᠯ᠎ᠤᠨ ᠠᠵᠢᠯᠴᠢᠨ ᠬᠡᠷᠡᠭᠯᠡᠬᠦ ᠬᠠᠷᠢᠭᠤᠴᠠᠯᠭ᠎ᠠ᠎ᠪᠠᠨ ᠭᠦᠢ᠍ᠴᠡᠳᠬᠡᠭᠰᠡᠨ ᠪᠠᠶ᠋ᠢᠳᠠᠯ᠎ᠳᠤ ᠬᠢᠨᠠᠯᠲᠠ ᠲᠠᠯᠪᠢᠵᠤ᠂ ᠲᠠᠪᠴᠠᠩ᠎ᠤᠨ ᠠᠵᠤ ᠠᠬᠤᠢ᠌ᠯᠠᠯ᠎ᠤᠨ ᠪᠠᠢ᠌ᠩᠭᠤ ᠵᠢᠨ ᠴᠢᠨᠠᠷᠲᠠᠢ ᠨᠡᠪᠲᠡᠷᠡᠯᠴᠡᠨ ᠵᠥᠪᠳᠡᠯᠴᠡᠬᠦ ᠲᠣᠭᠲᠠᠴᠠ ᠵᠢ ᠪᠠᠢ᠌ᠭᠤᠯᠬᠤ ᠵᠢ ᠠᠬᠢᠭᠤᠯᠵᠤ᠂ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢ᠎ᠳᠤ ᠬᠠᠤᠯᠢ ᠴᠠᠭ᠋ᠠᠵᠠ ᠵᠢᠨ ᠲᠤᠰᠠᠯᠠᠮᠵᠢ ᠦᠵᠡᠭᠦᠯᠬᠦ ᠵᠡᠷᠭᠡ ᠦᠢ᠍ᠯᠡᠴᠢᠯᠡᠭᠡ ᠬᠠᠩᠭ᠋ᠠᠬᠤ ᠵᠢ ᠴᠢᠬᠤᠯᠠᠴᠢᠯᠠᠪᠠ᠃ ᠳᠥᠷᠪᠡᠳᠦᠭᠡᠷ ᠪᠦᠯᠦᠭ 《ᠬᠣᠯᠪᠣᠭᠳᠠᠯ ᠪᠦᠬᠦᠢ ᠰᠠᠯᠠᠭ᠎ᠠ ᠮᠥᠴᠢᠷ ᠪᠠᠢ᠌ᠭᠤᠯᠤᠮᠵᠢ ᠵᠢᠨ ᠡᠷᠬᠡ ᠠᠰᠢᠭ᠎ᠢ ᠬᠠᠮᠠᠭ᠋ᠠᠯᠠᠬᠤ ᠦᠢ᠍ᠯᠡᠴᠢᠯᠡᠭᠡ》᠎ᠨᠢ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ᠎ᠤᠨ᠂ ᠬᠥᠳᠡᠯᠮᠦᠷᠢ ᠵᠢᠨ ᠮᠠᠷᠭᠤᠯᠳᠤᠭ᠋ᠠᠨ᠎ᠢ ᠡᠶᠡᠳᠡᠭᠦᠯᠬᠦ ᠪᠠ ᠬᠥᠨᠳᠡᠯᠡᠨ᠎ᠠᠴᠠ ᠲᠠᠰᠤᠯᠬᠤ᠂ ᠬᠥᠳᠡᠯᠮᠦᠷᠢ ᠵᠢᠨ ᠪᠠᠲᠤᠯᠠᠭ᠎ᠠ ᠵᠢᠨ ᠬᠢᠨᠠᠨ ᠪᠠᠢ᠌ᠴᠠᠭ᠋ᠠᠯᠲᠠ᠂ ᠬᠠᠤᠯᠢ ᠴᠠᠭ᠋ᠠᠵᠠ ᠵᠢᠨ ᠵᠠᠷᠭᠤ᠂ ᠬᠠᠤᠯᠢ ᠴᠠᠭ᠋ᠠᠵᠠ ᠵᠢᠨ ᠲᠤᠰᠠᠯᠠᠮᠵᠢ ᠦᠵᠡᠭᠦᠯᠬᠦ ᠵᠡᠷᠭᠡ ᠬᠠᠤᠯᠢ᠎ᠪᠠᠷ ᠲᠣᠭᠲᠠᠭ᠋ᠠᠭᠰᠠᠨ ᠡᠷᠬᠡ ᠠᠰᠢᠭ᠎ᠢ ᠬᠠᠮᠠᠭ᠋ᠠᠯᠠᠬᠤ ᠦᠢ᠍ᠯᠡᠴᠢᠯᠡᠭᠡᠨ᠎ᠤ ᠠᠷᠭ᠎ᠠ ᠵᠠᠮ ᠵᠶ᠋ᠠᠷ ᠳᠠᠮᠵᠢᠭᠤᠯᠤᠨ ᠲᠤᠰ ᠪᠡᠶ᠎ᠡ ᠵᠢᠨ ᠡᠷᠬᠡ ᠠᠰᠢᠭ ᠵᠶ᠋ᠠᠨ ᠬᠠᠮᠠᠭ᠋ᠠᠯᠠᠬᠤ ᠵᠢ ᠬᠥᠲᠥᠯᠥᠨ ᠵᠢᠯᠤᠭᠣᠳᠬᠤ ᠵᠢᠨ ᠬᠠᠮᠲᠤ ᠣᠷᠣᠨ ᠨᠤᠲᠤᠭ᠎ᠤᠨ᠎ᠬᠢᠨ᠎ᠤ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢ ᠵᠢᠨ ᠵᠢᠭᠤᠷᠠᠯᠳᠤᠭ᠋ᠠᠨ᠎ᠢ ᠡᠶᠡᠳᠡᠭᠦᠯᠦᠨ ᠰᠢᠢ᠍ᠳᠪᠦᠷᠢᠯᠡᠬᠦ ᠲᠣᠭᠲᠠᠴᠠ ᠵᠢ ᠰᠦᠪᠡᠭᠴᠢᠯᠡᠨ ᠰᠢᠨ᠎ᠡ ᠵᠢ ᠡᠭᠦᠳᠴᠦ᠂ 《ᠨᠢᠭᠡ ᠦᠷᠲᠡᠭᠡᠴᠢᠯᠡᠭᠰᠡᠨ ᠮᠠᠶᠢᠭ》᠎ᠤᠨ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢ ᠵᠢᠨ ᠮᠠᠷᠭᠤᠯᠳᠤᠭ᠋ᠠᠨ᠎ᠢ ᠡᠶᠡᠳᠡᠭᠦᠯᠦᠨ ᠰᠢᠢ᠍ᠳᠪᠦᠷᠢᠯᠡᠬᠦ ᠪᠠᠢ᠌ᠭᠤᠯᠤᠮᠵᠢ ᠵᠢ ᠪᠠᠢ᠌ᠭᠤᠯᠬᠤ ᠵᠢ ᠵᠣᠷᠢᠭᠵᠢᠭᠤᠯᠪᠠ᠃ ᠲᠠᠪᠤᠳᠤᠭ᠋ᠠᠷ ᠪᠦᠯᠦᠭ 《ᠳᠠᠭ᠋ᠠᠯᠳᠤᠭᠤᠯᠤᠯ ᠳᠦᠷᠢᠮ》᠎ᠳᠤ ᠰᠢᠨ᠎ᠡ ᠠᠵᠢᠯ ᠣᠯᠭᠣᠯᠲᠠ ᠵᠢᠨ ᠬᠡᠯᠪᠡᠷᠢ᠎ᠳᠤ ᠬᠣᠯᠪᠣᠭᠳᠠᠭᠰᠠᠨ ᠬᠤᠳᠠᠯᠳᠤᠭ᠋ᠠᠨ᠎ᠤ ᠶᠠᠪᠤᠳᠠᠯ᠎ᠤᠨ ᠵᠢᠭᠤᠷᠠᠯᠳᠤᠭ᠋ᠠᠨ᠎ᠳᠤ ᠲᠣᠰ ᠵᠦᠭᠯᠡᠭᠦᠷ᠎ᠢ ᠬᠡᠷᠡᠭᠯᠡᠬᠦ᠎ᠳᠤ ᠲᠣᠬᠢᠷᠠᠬᠤ ᠦᠭᠡᠢ ᠭᠡᠵᠦ ᠲᠣᠳᠣᠷᠬᠠᠢ ᠲᠣᠭᠲᠠᠭ᠋ᠠᠪᠠ᠃

      ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢᠳ ᠥᠪᠡᠷ᠎ᠤᠨ ᠬᠥᠳᠡᠯᠮᠦᠷᠢ ᠵᠢᠨ ᠡᠷᠬᠡ ᠠᠰᠢᠭ ᠵᠶ᠋ᠠᠨ ᠬᠠᠮᠠᠭ᠋ᠠᠯᠠᠬᠤ ᠦᠶ᠎ᠡ᠎ᠳᠤ᠂ ᠥᠪᠡᠷ᠎ᠤᠨ ᠬᠦᠰᠡᠯ ᠱᠠᠭ᠋ᠠᠷᠳᠠᠯᠭ᠎ᠠ᠎ᠪᠠᠨ ᠬᠠᠤᠯᠢ ᠶᠣᠰᠣᠭ᠋ᠠᠷ ᠵᠦᠢ ᠵᠣᠬᠢᠰᠲᠠᠢ ᠢᠯᠡᠳᠬᠡᠵᠦ᠂ ᠬᠠᠤᠯᠢ᠎ᠠᠴᠠ ᠵᠥᠷᠢᠴᠡᠬᠦ ᠪᠤᠶᠤ ᠬᠡᠲᠦᠷᠡᠮᠡᠬᠡᠢ ᠬᠡᠯᠪᠡᠷᠢ ᠵᠢ ᠠᠪᠴᠤ ᠪᠣᠯᠬᠤ ᠦᠭᠡᠢ᠂ ᠳᠣᠣᠷᠠᠬᠢ ᠬᠡᠯᠪᠡᠷᠢ᠎ᠪᠠᠷ ᠳᠠᠮᠵᠢᠭᠤᠯᠤᠨ ᠲᠣᠰ ᠪᠡᠶ᠎ᠡ ᠵᠢᠨ ᠬᠠᠤᠯᠢ ᠶᠣᠰᠣᠨ᠎ᠤ ᠡᠷᠬᠡ ᠠᠰᠢᠭ ᠵᠶ᠋ᠠᠨ ᠬᠠᠤᠯᠢ ᠶᠣᠰᠣᠭ᠋ᠠᠷ ᠬᠠᠮᠠᠭ᠋ᠠᠯᠠᠵᠤ ᠪᠣᠯᠣᠨ᠎ᠠ᠄ ᠨᠢᠭᠡ᠎ᠳᠤ᠂ ᠲᠠᠪᠴᠠᠩ᠎ᠤᠨ ᠠᠵᠤ ᠠᠬᠤᠢ᠌ᠯᠠᠯ ᠪᠤᠶᠤ ᠲᠠᠪᠴᠠᠩ᠎ᠤᠨ ᠠᠵᠢᠯᠴᠢᠨ ᠬᠡᠷᠡᠭᠯᠡᠬᠦ ᠬᠤᠷᠰᠢᠭᠰᠠᠨ ᠠᠵᠤ ᠠᠬᠤᠢ᠌ᠯᠠᠯ᠎ᠤᠨ ᠪᠠᠢ᠌ᠭᠤᠯᠤᠭᠰᠠᠨ ᠳᠣᠲᠣᠭ᠋ᠠᠳᠤ ᠵᠢᠨ ᠨᠡᠪᠲᠡᠷᠡᠯᠴᠡᠬᠦ ᠠᠷᠭ᠎ᠠ ᠵᠠᠮ᠂ ᠭᠣᠮᠣᠳᠠᠯ ᠲᠣᠭ᠋ᠠᠴᠢᠬᠤ ᠲᠣᠭᠲᠠᠴᠠ᠂ ᠵᠢᠭᠤᠷᠠᠯᠳᠤᠭ᠋ᠠᠨ᠎ᠢ ᠡᠶᠡᠳᠡᠭᠦᠯᠬᠦ ᠪᠠᠢ᠌ᠭᠤᠯᠤᠮᠵᠢ ᠵᠡᠷᠭᠡ᠎ᠪᠠᠷ ᠳᠠᠮᠵᠢᠭᠤᠯᠤᠨ᠂ ᠠᠵᠤ ᠠᠬᠤᠢ᠌ᠯᠠᠯ᠎ᠲᠠᠢ ᠵᠥᠪᠳᠡᠯᠴᠡᠵᠦ ᠪᠠᠶ᠋ᠢᠭ᠋ᠠᠳ ᠬᠣᠯᠪᠣᠭᠳᠠᠯ ᠪᠦᠬᠦᠢ ᠠᠰᠠᠭᠤᠳᠠᠯ᠎ᠢ ᠰᠢᠢ᠍ᠳᠪᠦᠷᠢᠯᠡᠨ᠎ᠡ᠃ ᠬᠣᠶᠠᠷ᠎ᠲᠤ᠂ ᠥᠪᠡᠷ᠎ᠤᠨ ᠪᠠᠢ᠌ᠭ᠎ᠠ ᠠᠵᠢᠯᠴᠢᠨ᠎ᠤ ᠡᠪᠯᠡᠯ᠎ᠤᠨ ᠵᠣᠬᠢᠶᠠᠨ ᠪᠠᠢ᠌ᠭᠤᠯᠤᠯᠲᠠ ᠪᠤᠶᠤ ᠲᠤᠬᠠᠢ ᠵᠢᠨ ᠭᠠᠵᠠᠷ᠎ᠤᠨ ᠠᠵᠢᠯᠴᠢᠨ᠎ᠤ ᠡᠪᠯᠡᠯ᠎ᠤᠨ ᠵᠣᠬᠢᠶᠠᠨ ᠪᠠᠢ᠌ᠭᠤᠯᠤᠯᠲᠠ᠎ᠳᠤ ᠳᠡᠮᠵᠢᠯᠭᠡ ᠪᠠ ᠬᠠᠪᠰᠤᠷᠤᠯᠭ᠎ᠠ ᠭᠤᠶᠤᠴᠢᠯᠠᠬᠤ᠃ ᠭᠤᠷᠪᠠ᠎ᠳᠤ᠂ ᠠᠵᠤ ᠠᠬᠤᠢ᠌ᠯᠠᠯ᠎ᠲᠠᠢ ᠵᠥᠪᠳᠡᠯᠴᠡᠵᠦ ᠰᠢᠢ᠍ᠳᠪᠦᠷᠢᠯᠡᠬᠦ ᠵᠢᠨ ᠠᠷᠭ᠎ᠠ ᠦᠭᠡᠢ ᠪᠤᠶᠤ ᠠᠵᠤ ᠠᠬᠤᠢ᠌ᠯᠠᠯ᠎ᠲᠠᠢ ᠵᠥᠪᠳᠡᠯᠴᠡᠵᠦ ᠬᠣᠯᠪᠣᠭᠳᠠᠯ ᠪᠦᠬᠦᠢ ᠠᠰᠠᠭᠤᠳᠠᠯ᠎ᠢ ᠰᠢᠢ᠍ᠳᠪᠦᠷᠢᠯᠡᠬᠦ ᠳᠤᠷ᠎ᠠ ᠦᠭᠡᠢ ᠪᠠᠢ᠌ᠪᠠᠯ᠂ ᠠᠷᠠᠳ᠎ᠤᠨ ᠡᠶᠡᠳᠡᠭᠦᠯᠭᠡ ᠵᠢᠨ ᠺᠣᠮᠢᠰ ᠪᠠ ᠡᠯ᠎ᠡ ᠱᠠᠲᠤᠨ᠎ᠤ ᠡᠯ᠎ᠡ ᠳᠦᠷᠦᠯ᠎ᠤᠨ ᠲᠤᠰᠬᠠᠢ ᠮᠡᠷᠭᠡᠵᠢᠯ᠎ᠤᠨ ᠴᠢᠨᠠᠷᠲᠠᠢ ᠬᠥᠳᠡᠯᠮᠦᠷᠢ ᠵᠢᠨ ᠮᠠᠷᠭᠤᠯᠳᠤᠭ᠋ᠠᠨ᠎ᠢ ᠡᠶᠡᠳᠡᠭᠦᠯᠬᠦ ᠵᠣᠬᠢᠶᠠᠨ ᠪᠠᠢ᠌ᠭᠤᠯᠤᠯᠲᠠ᠎ᠳᠤ ᠡᠶᠡᠳᠡᠭᠦᠯᠬᠦ ᠦᠢ᠍ᠯᠡᠴᠢᠯᠡᠭᠡ ᠭᠤᠶᠤᠴᠢᠯᠠᠵᠤ ᠪᠣᠯᠣᠨ᠎ᠠ᠃ ᠳᠥᠷᠪᠡ᠎ᠳᠤ᠂ ᠡᠶᠡᠳᠡᠭᠦᠯᠬᠦ ᠵᠢ ᠬᠦᠯᠢᠶᠡᠬᠦ ᠳᠤᠷ᠎ᠠ ᠦᠭᠡᠢ᠂ ᠡᠰᠡᠬᠦᠯ᠎ᠡ ᠡᠶᠡᠳᠡᠭᠦᠯᠦᠭᠡᠳ ᠪᠦᠲᠦᠭᠰᠡᠨ ᠦᠭᠡᠢ᠂ ᠬᠥᠨᠳᠡᠯᠡᠨ᠎ᠠᠴᠠ ᠲᠠᠰᠤᠯᠬᠤ ᠬᠡᠷᠡᠭ᠎ᠢ ᠬᠦᠯᠢᠶᠡᠨ ᠠᠪᠬᠤ ᠬᠡᠪᠴᠢᠶᠡᠨ᠎ᠳᠤ ᠪᠠᠭᠲᠠᠵᠤ ᠪᠠᠶ᠋ᠢᠬᠤ ᠬᠥᠳᠡᠯᠮᠦᠷᠢ ᠵᠢᠨ ᠮᠠᠷᠭᠤᠯᠳᠤᠭ᠋ᠠᠨ᠎ᠢ ᠪᠣᠯ᠂ ᠪᠣᠳᠠᠲᠠᠢ ᠠᠵᠢᠯᠯᠠᠵᠤ ᠪᠠᠢ᠌ᠭ᠎ᠠ ᠭᠠᠵᠠᠷ᠎ᠤᠨ ᠬᠥᠳᠡᠯᠮᠦᠷᠢ ᠠᠵᠢᠯᠲᠠᠨ᠎ᠤ ᠶᠠᠪᠤᠳᠠᠯ᠎ᠤᠨ ᠮᠠᠷᠭᠤᠯᠳᠤᠭ᠋ᠠᠨ᠎ᠢ ᠬᠥᠨᠳᠡᠯᠡᠨ᠎ᠠᠴᠠ ᠲᠠᠰᠤᠯᠬᠤ ᠪᠠᠢ᠌ᠭᠤᠯᠤᠮᠵᠢ᠎ᠳᠤ ᠬᠥᠨᠳᠡᠯᠡᠨ᠎ᠠᠴᠠ ᠲᠠᠰᠤᠯᠤᠭᠤᠯᠬᠤ᠎ᠪᠠᠷ ᠭᠤᠶᠤᠴᠢᠯᠠᠵᠤ ᠪᠣᠯᠣᠨ᠎ᠠ; ᠬᠥᠨᠳᠡᠯᠡᠨ᠎ᠠᠴᠠ ᠲᠠᠰᠤᠯᠬᠤ ᠬᠡᠷᠡᠭ᠎ᠢ ᠬᠦᠯᠢᠶᠡᠨ ᠠᠪᠬᠤ ᠬᠡᠪᠴᠢᠶᠡᠨ᠎ᠳᠤ ᠨᠡᠶ᠋ᠢᠴᠡᠬᠦ ᠦᠭᠡᠢ ᠬᠥᠳᠡᠯᠮᠦᠷᠢ ᠵᠢᠨ ᠮᠠᠷᠭᠤᠯᠳᠤᠭ᠋ᠠᠨ᠎ᠢ ᠪᠣᠯ ᠢᠷᠭᠡᠨ᠎ᠤ ᠵᠠᠷᠭᠤ ᠵᠢᠨ ᠬᠣᠯᠪᠣᠭᠳᠠᠯ ᠪᠦᠬᠦᠢ ᠲᠣᠭᠲᠠᠭ᠋ᠠᠯ ᠶᠣᠰᠣᠭ᠋ᠠᠷ ᠬᠠᠷᠢᠶᠠᠯᠠᠬᠤ ᠡᠷᠬᠡ᠎ᠲᠠᠢ ᠠᠷᠠᠳ᠎ᠤᠨ ᠰᠢᠭᠦᠬᠦ ᠬᠣᠷᠢᠶᠠᠨ᠎ᠳᠤ ᠵᠠᠭ᠋ᠠᠯᠳᠤᠵᠤ ᠪᠣᠯᠣᠨ᠎ᠠ᠃ ᠰᠢᠨ᠎ᠡ ᠠᠵᠢᠯ ᠣᠯᠭᠣᠯᠲᠠ ᠵᠢᠨ ᠬᠡᠯᠪᠡᠷᠢ ᠵᠢᠨ ᠬᠥᠳᠡᠯᠮᠦᠷᠢᠯᠡᠭᠴᠢ ᠬᠥᠳᠡᠯᠮᠦᠷᠢ ᠵᠢᠨ ᠮᠠᠷᠭᠤᠯᠳᠤᠭ᠋ᠠᠨ᠎ᠢ ᠬᠥᠨᠳᠡᠯᠡᠨ᠎ᠠᠴᠠ ᠲᠠᠰᠤᠯᠤᠭᠤᠯᠬᠤ᠎ᠪᠠᠷ ᠭᠤᠶᠤᠴᠢᠯᠠᠬᠤ ᠪᠤᠶᠤ ᠠᠷᠠᠳ᠎ᠤᠨ ᠰᠢᠭᠦᠬᠦ ᠬᠣᠷᠢᠶᠠᠨ᠎ᠳᠤ ᠵᠠᠭ᠋ᠠᠯᠳᠤᠬᠤ᠎ᠳᠤ ᠬᠥᠷᠪᠡᠯ᠂ ᠠᠵᠢᠯᠴᠢᠨ᠎ᠤ ᠡᠪᠯᠡᠯ᠎ᠤᠨ ᠵᠣᠬᠢᠶᠠᠨ ᠪᠠᠢ᠌ᠭᠤᠯᠤᠯᠲᠠ᠎ᠠᠴᠠ ᠬᠠᠤᠯᠢ ᠴᠠᠭ᠋ᠠᠵᠠ ᠵᠢᠨ ᠲᠤᠰᠠᠯᠠᠮᠵᠢ ᠵᠡᠷᠭᠡ ᠦᠢ᠍ᠯᠡᠴᠢᠯᠡᠭᠡ ᠭᠤᠶᠤᠴᠢᠯᠠᠵᠤ ᠪᠣᠯᠣᠨ᠎ᠠ᠃ ᠬᠠᠤᠯᠢ ᠴᠠᠭ᠋ᠠᠵᠠ ᠵᠢᠨ ᠲᠤᠰᠠᠯᠠᠮᠵᠢ ᠬᠦᠷᠲᠡᠬᠦ ᠨᠥᠬᠥᠴᠡᠯ᠎ᠳᠤ ᠨᠡᠢ᠌ᠴᠡᠭᠰᠡᠨ ᠪᠠᠢ᠌ᠪᠠᠯ᠂ ᠪᠠᠰᠠ ᠣᠢ᠌ᠷ᠎ᠠ ᠬᠠᠪᠢ ᠵᠢᠨ ᠬᠠᠤᠯᠢ ᠴᠠᠭ᠋ᠠᠵᠠ ᠵᠢᠨ ᠲᠤᠰᠠᠯᠠᠮᠵᠢ ᠦᠵᠡᠭᠦᠯᠬᠦ ᠪᠠᠢ᠌ᠭᠤᠯᠤᠮᠵᠢ᠎ᠠᠴᠠ ᠬᠠᠤᠯᠢ ᠴᠠᠭ᠋ᠠᠵᠠ ᠵᠢᠨ ᠲᠤᠰᠠᠯᠠᠮᠵᠢ ᠵᠢᠨ ᠦᠢ᠍ᠯᠡᠴᠢᠯᠡᠭᠡ ᠭᠤᠶᠤᠴᠢᠯᠠᠵᠤ ᠪᠣᠯᠣᠨ᠎ᠠ᠃ ᠲᠠᠪᠤ᠎ᠳᠤ᠂ ᠬᠥᠳᠡᠯᠮᠦᠷᠢ ᠵᠢᠨ ᠪᠠᠲᠤᠯᠠᠭ᠎ᠠ ᠵᠢᠨ ᠬᠢᠨᠠᠨ ᠪᠠᠢ᠌ᠴᠠᠭ᠋ᠠᠬᠤ ᠡᠷᠬᠡ ᠲᠤᠰᠢᠶᠠᠯ᠎ᠤᠨ ᠬᠡᠪᠴᠢᠶᠡᠨ᠎ᠳᠤ ᠨᠡᠶ᠋ᠢᠴᠡᠬᠦ ᠵᠦᠢ᠍ᠯᠡᠰ᠎ᠢ ᠬᠥᠳᠡᠯᠮᠦᠷᠢ ᠵᠢᠨ ᠪᠠᠲᠤᠯᠠᠭ᠎ᠠ ᠵᠢᠨ ᠬᠢᠨᠠᠨ ᠪᠠᠢ᠌ᠴᠠᠭ᠋ᠠᠬᠤ ᠪᠠᠢ᠌ᠭᠤᠯᠤᠮᠵᠢ᠎ᠳᠤ ᠢᠯᠡᠴᠢᠯᠡᠨ ᠮᠡᠳᠡᠭᠦᠯᠵᠦ ᠵᠠᠭ᠋ᠠᠯᠳᠤᠵᠤ ᠪᠣᠯᠣᠨ᠎ᠠ᠃


ᠢᠷᠡᠯᠲᠡ᠄ ᠥᠪᠥᠷ ᠮᠣᠩᠭᠣᠯ᠎ᠤᠨ ᠬᠥᠮᠦᠨ᠎ᠤ ᠬᠦᠴᠦᠨ᠎ᠤ ᠡᠬᠢ ᠪᠠᠶᠠᠯᠢᠭ ᠪᠣᠯᠣᠨ ᠨᠡᠶ᠋ᠢᠭᠡᠮ᠎ᠤᠨ ᠪᠠᠲᠤᠯᠠᠭ᠎ᠠ ᠵᠢᠨ ᠲᠢᠩᠬᠢᠮ
          
ᠬᠠᠮᠢᠶ᠎ᠡ ᠪᠦᠬᠦᠢ ᠰᠣᠨᠢᠨ
 
            