ᠮᠡᠳᠡᠯᠭᠡ᠎ᠶ᠋ᠢᠨ ᠦᠮᠴᠢᠯᠡᠯ᠎ᠤᠨ ᠡᠷᠬᠡ ᠥᠪᠥᠷ ᠮᠣᠩᠭᠤᠯ᠎ᠤᠨ ᠱᠢᠨ᠎ᠡ ᠮᠠᠲ᠋ᠧᠷᠢᠶᠠᠯ᠎ᠤᠨ ᠠᠵᠤ ᠦᠢᠯᠡᠰ᠎ᠤᠨ ᠱᠢᠨ᠎ᠡ᠎ᠶ᠋ᠢ ᠡᠬᠦᠳᠬᠦ ᠬᠦᠭᠵᠢᠯᠲᠡ᠎ᠳᠦ ᠬᠦᠴᠦᠨ ᠨᠡᠮᠡᠷᠢᠯᠡᠪᠡ
2025-12-31

2025 ᠣᠨ᠎ᠳᠤ᠂ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠮᠡᠳᠡᠯᠭᠡ᠎ᠶ᠋ᠢᠨ ᠦᠮᠴᠢᠯᠡᠯ᠎ᠦᠨ ᠡᠷᠬᠡ᠎ᠶᠢᠨ ᠬᠠᠮᠠᠭ᠋ᠠᠯᠠᠯᠲᠠ᠎ᠶᠢᠨ ᠲᠥᠪ ᠱᠢᠨ᠎ᠡ ᠮᠠᠲ᠋ᠧᠷᠢᠶᠠᠯ᠎ᠤᠨ ᠠᠵᠤ ᠦᠢᠯᠡᠰ᠎ᠤᠨ ᠬᠡᠯᠬᠢᠶ᠎ᠡ᠎ᠶ᠋ᠢᠨ ᠱᠢᠨ᠎ᠡ᠎ᠶ᠋ᠢ ᠡᠭᠦᠳᠬᠦ᠌ ᠬᠡᠷᠡᠭ᠌ᠴᠡᠭᠡ ᠱᠠᠭᠠᠷᠳᠠᠯᠭ᠎ᠠ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ ᠲᠤᠰᠭᠠᠶ ᠠᠱᠢᠭ᠎ᠤᠨ ᠱᠢᠨ᠎ᠡ᠎ᠶ᠋ᠢ ᠡᠭᠦᠳᠬᠦ᠎ᠶᠢ ᠪᠤᠢ᠌ᠵᠢᠭᠤᠯᠬᠤ᠎ᠠᠴᠠ ᠮᠡᠷᠭᠡᠵᠢᠯ᠎ᠤᠨ ᠦᠷ᠎ᠡ ᠪᠦᠲᠦᠭᠡᠯ᠎ᠢ ᠪᠣᠲᠠᠲᠠᠢ᠌ᠵᠢᠭᠤᠯᠬᠤ ᠬᠦᠷᠲᠡᠯᠡᠬᠢ ᠪᠥᠬᠦ᠌ ᠬᠡᠯᠬᠢᠶ᠎ᠡ᠎ᠶ᠋ᠢᠨ ᠬᠠᠮᠠᠭᠠᠯᠠᠯᠲᠠ᠎ᠶ᠋ᠢᠨ ᠬᠠᠯᠬᠠᠪᠴᠢ᠎ᠶ᠋ᠢ ᠪᠠᠢᠭᠤᠯᠵᠤ᠂ ᠱᠢᠨ᠎ᠡ ᠮᠠᠲ᠋ᠧᠷᠢᠶᠠᠯ᠎ᠤᠨ ᠠᠵᠤ ᠦᠢᠯᠡᠰ᠎ᠤᠨ ᠳᠡᠭᠡᠳᠦ ᠳᠡᠰᠵᠢᠭᠰᠡᠨ᠂ ᠪᠡᠶ᠎ᠡ᠎ᠪᠠᠨ ᠳᠠᠭᠠᠭᠠᠭ᠍ᠰᠠᠨ᠂ ᠪᠣᠬᠢᠷᠲᠤᠯ ᠥᠬᠡᠶ ᠬᠦᠭᠵᠢᠬᠦ᠎ᠶ᠋ᠢ ᠠᠬᠢᠭᠤᠯᠪᠠ᠃

ᠲᠤᠰᠭᠠᠢ ᠠᠱᠢᠭ᠎ᠤᠨ ᠵᠠᠮᠴᠢᠯᠠᠯ᠎ᠤᠨ ᠲᠣᠪᠴᠢᠶ᠎ᠠ᠎ᠶᠢ ᠡᠪᠳᠡᠵᠦ᠂ ᠳᠡᠭᠡᠳᠦ ᠳᠡᠰ᠎ᠤᠨ ᠬᠡᠯᠪᠡᠷᠢ᠎ᠪᠠᠨ ᠬᠤᠪᠢᠷᠠᠭᠤᠯᠬᠤ ᠴᠢᠭ᠌ᠯᠡᠯ᠎ᠢ ᠲᠣᠭᠲᠠᠭ᠋ᠠᠨ᠎ᠠ

ᠮᠡᠳᠡᠯᠭᠡ᠎ᠶᠢᠨ ᠦᠮᠴᠢᠯᠡᠯ᠎ᠦᠨ ᠡᠷᠬᠡ᠎ᠶᠢᠨ ᠲᠥᠪ᠎ᠠᠴᠠ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠣᠨᠴᠠ ᠲᠥᠷᠥᠯ᠎ᠤᠨ ᠬᠠᠢᠯᠤᠰᠢ᠎ᠶ᠋ᠢᠨ ᠠᠵᠤ ᠦᠢᠯᠡᠰ᠎ᠤᠨ ᠲᠤᠰᠭᠠᠶ ᠠᠱᠢᠭ᠎ᠢᠶᠠᠷ ᠵᠠᠮᠴᠢᠯᠠᠬᠤ ᠲᠥᠷᠥᠯ ᠵᠦᠢᠯ᠎ᠤᠨ ᠦᠷ᠎ᠡ ᠪᠦᠲᠦᠭᠡᠯ᠎ᠢ ᠨᠡᠢᠲᠡᠯᠡᠭ᠌ᠰᠡᠨ᠎ᠤ ᠳᠠᠷᠠᠭ᠎ᠠ᠂ ᠶ᠋ᠢᠨ ᠯᠢ ᠲᠣᠭ᠍ᠲᠠᠮᠠᠯ ᠰᠣᠷᠢᠨᠵᠢᠨ (ᠪᠤᠭᠤᠲᠤ) ᠰᠢᠨᠵᠢᠯᠡᠭᠡ ᠮᠡᠷᠭᠡᠵᠢᠯ᠎ᠤᠨ ᠬᠢᠵᠠᠭᠠᠷᠲᠤ ᠺᠣᠮᠫᠠᠨᠢ (ᠳᠣᠷᠣᠭ᠍ᠰᠢ ᠎ᠶ᠋ᠢᠨ ᠯᠢ ᠲᠣᠭ᠍ᠲᠠᠮᠠᠯ ᠰᠣᠷᠢᠨᠵᠢᠨ ᠭᠡᠵᠦ᠍ ᠲᠣᠪᠴᠢᠯᠠᠨ᠎ᠠ)᠎ᠶ᠋ᠢ ᠭᠦᠢᠴᠡᠳ ᠠᠰᠢᠭᠯᠠᠬᠤ᠎ᠶ᠋ᠢᠨ ᠬᠠᠮᠲᠤ ᠨᠠᠷᠢᠯᠢᠭ ᠤᠨᠤᠪᠴᠢᠲᠠᠢ ᠰᠤᠳᠤᠯᠤᠨ ᠨᠡᠭᠡᠭᠡᠬᠦ᠌ ᠪᠠᠢ᠌ᠷᠢ ᠴᠢᠭ᠌ᠯᠡᠯ᠎ᠢᠶᠠᠨ ᠲᠣᠭᠲᠠᠭ᠋ᠠᠵᠤ 《ᠬᠦᠨᠳᠦ ᠬᠤᠪᠣᠷ ᠱᠢᠷᠣᠶ᠎ᠶ᠋ᠢᠨ ᠭᠤᠷᠪᠠᠨ ᠬᠡᠮᠵᠢᠯᠳᠦ ᠱᠠᠲᠤᠯᠢᠭ ᠲᠠᠷᠬᠠᠯᠲᠠ᠎ᠶ᠋ᠢᠨ ᠮᠡᠷᠭᠡᠵᠢᠯ》᠎ᠢ ᠠᠮᠵᠢᠯᠲᠠ᠎ᠲᠠᠢ ᠰᠤᠳᠤᠯᠤᠨ ᠨᠡᠭᠡᠭᠡᠵᠦ᠍᠂ ᠬᠦᠨᠳᠦ ᠬᠤᠪᠣᠷ ᠱᠢᠷᠣᠶ᠎ᠶ᠋ᠢᠨ ᠬᠡᠷᠡᠭᠯᠡᠭᠡᠨ᠎ᠦ ᠬᠡᠮᠵᠢᠶ᠎ᠡ᠎ᠶ᠋ᠢ 20% ᠎ᠪᠠᠷ ᠪᠠᠭᠤᠷᠠᠭᠤᠯᠵᠤ᠂ ᠶᠡᠷᠦᠩᠬᠡᠢᠯᠡᠭ᠌ᠰᠡᠨ ᠰᠣᠷᠢᠨᠵᠢᠨ ᠴᠢᠨᠠᠷ᠎ᠢ ᠳᠡᠯᠡᠬᠡᠶ᠎ᠶ᠋ᠢᠨ ᠲᠡᠷᠢᠭᠦᠨ᠎ᠤ ᠬᠢᠷᠢ ᠲᠦᠪᠱᠢᠨ᠎ᠳᠤ ᠬᠦᠷᠭᠡᠪᠡ᠃ xxx ᠱᠢᠨ᠎ᠡ ᠮᠠᠲ᠋ᠧᠷᠢᠶᠠᠯ᠎ᠤᠨ ᠠᠵᠤ ᠠᠬᠤᠢᠯᠠᠯ ᠭᠣᠣᠯᠯᠠᠬᠤ ᠮᠠᠲ᠋ᠧᠷᠢᠶᠠᠯ᠎ᠢ ᠰᠤᠳᠤᠯᠤᠨ ᠨᠡᠭᠡᠭᠡᠬᠦ᠌᠎ᠳᠦ᠎ᠪᠡᠨ ᠡᠷᠬᠡᠪᠰᠢ ᠣᠯᠠᠨ ᠤᠯᠤᠰ᠎ᠤᠨ ᠮᠡᠷᠭᠡᠵᠢᠯ᠎ᠤᠨ ᠬᠥᠳᠡᠯᠦᠯ ᠪᠠᠢᠳᠠᠯ᠎ᠢ ᠡᠵᠡᠮᠱᠢᠵᠦ᠍᠂ ᠠᠵᠢᠯ ᠲᠥᠷᠥᠯ᠎ᠤᠨ ᠮᠡᠷᠭᠡᠵᠢᠯ᠎ᠤᠨ ᠬᠥᠭ᠌ᠵᠢᠯᠲᠡ᠎ᠶ᠋ᠢᠨ ᠰᠤᠳᠠᠰᠤ᠎ᠶ᠋ᠢ ᠣᠢᠯᠠᠭᠠᠵᠤ᠂ ᠮᠡᠳᠡᠯᠭᠡ᠎ᠶᠢᠨ ᠦᠮᠴᠢᠯᠡᠯ᠎ᠦᠨ ᠡᠷᠬᠡ᠎ᠶᠢᠨ ᠲᠥᠪ ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠬᠠᠮᠢᠶ᠎ᠠ ᠪᠥᠬᠦᠶ ᠬᠦᠷᠢᠶ᠎ᠡ ᠴᠠᠷᠠᠭ᠎ᠠ᠎ᠶᠢᠨ ᠵᠠᠩᠭᠢᠯᠠᠭ᠎ᠠ᠎ᠶ᠋ᠢᠨ ᠮᠡᠷᠭᠡᠵᠢᠯ᠎ᠤᠨ ᠬᠦᠴᠦᠨ ᠥᠬᠡᠶ ᠪᠣᠯᠤᠭ᠍ᠰᠠᠨ ᠲᠤᠰᠭᠠᠶ ᠠᠱᠢᠭ᠎ᠤᠨ ᠡᠬᠢ ᠪᠠᠶᠠᠯᠢᠭ᠎ᠢ ᠭᠦᠨᠵᠡᠭᠡᠶ ᠠᠭᠤᠳᠠᠯᠬᠤ᠎ᠪᠠᠷ ᠳᠠᠮᠵᠢᠨ 1000 ᠱᠢᠬᠠᠮ ᠵᠦᠢ᠍ᠯ᠎ᠦᠨ ᠬᠠᠮᠢᠶ᠎ᠠ ᠪᠥᠬᠦᠶ ᠲᠤᠰᠭᠠᠶ ᠠᠱᠢᠭ᠎ᠢ ᠨᠠᠷᠢᠯᠢᠭ ᠣᠨᠤᠪᠴᠢᠲᠠᠢ ᠱᠢᠭ᠌ᠰᠢᠨ ᠪᠠᠢᠴᠠᠭᠠᠵᠤ᠂ ᠠᠭᠤᠯᠭ᠎ᠠ᠎ᠳᠤ ᠮᠠᠲ᠋ᠧᠷᠢᠶᠠᠯ᠎ᠤᠨ ᠨᠠᠢᠷᠠᠯᠭ᠎ᠠ᠂ ᠱᠢᠲᠠᠭᠠᠵᠤ ᠪᠠᠷᠢᠯᠳᠤᠭᠤᠯᠬᠤ ᠤᠷ᠎ᠠ ᠮᠡᠷᠭᠡᠵᠢᠯ ᠪᠠ ᠥᠩᠭᠡᠨ ᠲᠠᠯ᠎ᠠ᠎ᠶ᠋ᠢ ᠱᠢᠢᠳᠪᠦᠷᠢᠯᠡᠬᠦ᠌ ᠮᠡᠷᠭᠡᠵᠢᠯ ᠵᠡᠷᠭᠡ ᠵᠠᠩᠭᠢᠯᠠᠭ᠎ᠠ᠎ᠶ᠋ᠢᠨ ᠭᠤᠭ᠍ᠴᠤᠭ᠎ᠠ᠎ᠶ᠋ᠢᠨ ᠮᠡᠷᠭᠡᠵᠢᠯ᠎ᠤᠨ ᠮᠡᠳᠡᠭᠡ ᠵᠠᠩᠭᠢ᠎ᠶ᠋ᠢ ᠬᠠᠮᠤᠷᠴᠤ᠌᠂ ᠲᠣᠰ ᠠᠵᠤ ᠠᠬᠤᠢᠯᠠᠯ᠎ᠢ ᠬᠠᠪᠰᠤᠷᠤᠨ ᠮᠡᠷᠭᠡᠵᠢᠯ᠎ᠤᠨ ᠪᠠᠬᠢᠯᠡᠯᠲᠡ᠎ᠶ᠋ᠢ ᠡᠪᠳᠡᠵᠦ᠍᠂ ᠣᠯᠠᠨ ᠤᠯᠤᠰ᠎ᠤᠨ ᠲᠡᠷᠢᠭᠦᠨ᠎ᠤ ᠮᠡᠷᠭᠡᠵᠢᠯ᠎ᠢ ᠬᠠᠤᠯᠢ ᠶᠣᠰᠣᠭᠠᠷ ᠬᠡᠷᠡᠭᠵᠢᠭᠦᠯᠵᠦ᠂ ᠰᠤᠳᠤᠯᠤᠨ ᠨᠡᠭᠡᠭᠡᠬᠦ ᠪᠡᠯᠡ ᠣᠷᠣᠭᠤᠯᠤᠯᠲᠠ᠎ᠶᠢᠨ ᠳᠠᠪᠬᠤᠷᠳᠠᠬᠤ᠎ᠠᠴᠠ ᠵᠠᠢ᠌ᠯᠡᠰᠭᠢᠨ᠎ᠡ ᠃

ᠨᠠᠷᠢᠯᠢᠭ ᠣᠨᠤᠪᠴᠢᠲᠠᠢ ᠪᠠᠲᠤᠯᠠᠨ ᠬᠠᠮᠠᠭᠠᠯᠠᠵᠤ᠂ ᠪᠡᠶ᠎ᠡ᠎ᠪᠠᠨ ᠳᠠᠭᠠᠭᠠᠭ᠍ᠰᠠᠨ ᠬᠥᠭ᠌ᠵᠢᠯᠲᠡ᠎ᠶ᠋ᠢᠨ ᠰᠠᠭᠤᠷᠢ᠎ᠶ᠋ᠢ ᠪᠠᠬᠢᠵᠢᠭᠦᠯᠦᠨ᠎ᠡ

ᠤᠯᠤᠰ᠎ᠤᠨ ᠭᠤᠤᠯᠳᠠᠯᠭ᠎ᠠ᠎ᠲᠠᠢ ᠲᠤᠷᠱᠢᠯᠲᠠ᠎ᠶ᠋ᠢᠨ ᠲᠠᠰᠤᠭ ᠵᠡᠷᠭᠡ ᠱᠢᠨ᠎ᠡ᠎ᠶ᠋ᠢ ᠡᠭᠦᠳᠬᠦ᠌ ᠭᠤᠤᠯ ᠠᠴᠢᠶᠠᠯᠠᠪᠤᠷᠢ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ ᠣᠨᠴᠠᠭ᠋ᠠᠢ ᠲᠥᠷᠥᠯ᠎ᠤᠨ ᠲᠡᠷᠭᠡ ᠬᠥᠰᠭᠡ᠎ᠶ᠋ᠢ ᠵᠢᠷᠤᠵᠤ ᠲᠥᠯᠥᠪᠯᠡᠨ ᠦᠢ᠍ᠯᠡᠳᠪᠦᠷᠢᠯᠡᠬᠦ ᠬᠤᠷᠠᠮᠠᠯ ᠮᠡᠷᠭᠡᠵᠢᠯ᠂ ᠪᠠᠶᠬᠠᠤᠪᠤᠭ᠎ᠠ ᠬᠤᠪᠣᠷ ᠱᠢᠷᠣᠶ᠎ᠶ᠋ᠢᠨ ᠡᠬᠢ ᠪᠠᠶᠠᠯᠢᠭ᠎ᠢ ᠰᠤᠳᠤᠯᠠᠬᠤ ᠪᠠ ᠶᠡᠷᠦᠩᠬᠡᠢᠯᠡᠨ ᠠᠱᠢᠭ᠍ᠯᠠᠬᠤ ᠤᠯᠤᠰ᠎ᠤᠨ ᠭᠤᠤᠯᠳᠠᠯᠭ᠎ᠠ᠎ᠲᠠᠢ 2 ᠡᠷᠦᠬᠡ ᠲᠤᠷᠱᠢᠯᠲᠠ᠎ᠶ᠋ᠢᠨ ᠲᠠᠰᠤᠭ᠎ᠲᠠᠢ ᠰᠠᠨᠠᠭᠠᠴᠢᠯᠠᠭ᠎ᠠ᠎ᠠᠴᠠ᠎ᠪᠠᠨ ᠵᠣᠯᠭᠠᠭᠤᠯᠵᠤ᠂ ᠵᠠᠩᠭᠢᠯᠠᠭ᠎ᠠ᠎ᠶ᠋ᠢᠨ ᠮᠡᠷᠭᠡᠵᠢᠯ᠎ᠤᠨ ᠬᠦᠷᠢᠶ᠎ᠡ ᠴᠠᠷᠠᠭ᠎ᠠ᠎ᠳᠠᠬᠢ ᠲᠤᠰᠭᠠᠶ ᠠᠱᠢᠭ᠎ᠤᠨ ᠬᠠᠮᠠᠭᠠᠯᠠᠯᠲᠠ᠎ᠶ᠋ᠢᠨ ᠬᠡᠷᠡᠭ᠌ᠴᠡᠭᠡ ᠱᠠᠭᠠᠷᠳᠠᠯᠭ᠎ᠠ᠎ᠳᠤ ᠴᠢᠭ᠌ᠯᠡᠭᠦᠯᠦᠨ᠂ ᠮᠡᠷᠭᠡᠵᠢᠯ᠎ᠤᠨ ᠰᠤᠳᠤᠯᠤᠨ ᠨᠡᠬᠡᠭᠡᠬᠦ᠂ ᠦᠷ᠎ᠡ ᠪᠦᠲᠦᠭᠡᠯ᠎ᠢ ᠬᠠᠮᠠᠭᠠᠯᠠᠬᠤ᠂ ᠬᠤᠪᠢᠷᠠᠭᠤᠯᠤᠨ ᠬᠡᠷᠡᠭ᠌ᠯᠡᠬᠦ᠌ ᠵᠡᠷᠭᠡ ᠲᠦᠪᠡᠭᠲᠡᠢ ᠠᠰᠠᠭᠤᠳᠠᠯ᠎ᠢ ᠱᠢᠰᠲ᠋ᠧᠮ᠎ᠲᠠᠢ ᠡᠮᠬᠢᠯᠡᠵᠦ᠍᠂ ᠬᠡᠷᠡᠭ᠌ᠴᠡᠭᠡ ᠱᠠᠭᠠᠷᠳᠠᠯᠭ᠎ᠠ᠎ᠶ᠋ᠢᠨ ᠡᠬᠡ ᠲᠠᠩᠰᠠ᠎ᠶ᠋ᠢ ᠲᠥᠷᠥᠯ ᠬᠤᠪᠢᠶᠠᠨ ᠪᠠᠢᠭᠤᠯᠵᠤ᠂ ᠲᠤᠰᠭᠠᠶ ᠠᠱᠢᠭ᠎ᠤᠨ ᠭᠤᠶᠤᠴᠢᠯᠠᠯ᠎ᠤᠨ ᠠᠷᠭ᠎ᠠ ᠪᠣᠳᠣᠯᠭ᠎ᠠ᠂ ᠮᠡᠷᠭᠡᠵᠢᠯ᠎ᠤᠨ ᠬᠠᠢᠯᠲᠠ᠎ᠶ᠋ᠢᠨ ᠱᠢᠨ᠎ᠡ᠎ᠶ᠋ᠢ ᠡᠭᠦᠳᠬᠦ᠂ ᠲᠤᠰᠭᠠᠶ ᠠᠱᠢᠭ᠎ᠤᠨ ᠲᠤᠭ᠎ᠠ ᠪᠠᠷᠢᠮᠲᠠ᠎ᠶ᠋ᠢ ᠵᠠᠳᠠᠯᠬᠤ᠂ ᠲᠤᠰᠭᠠᠶ ᠠᠱᠢᠭ᠎ᠤᠨ ᠬᠤᠪᠢᠷᠠᠭᠤᠯᠤᠨ ᠬᠡᠷᠡᠭ᠌ᠯᠡᠬᠦ᠌ ᠪᠠ ᠵᠢᠭᠤᠷᠠᠯᠳᠤᠭᠠᠨ᠎ᠢ ᠡᠶᠡᠳᠡᠭᠦᠯᠬᠦ᠌ ᠵᠡᠷᠭᠡ ᠬᠠᠷᠠᠭ᠋ᠠᠰᠦ᠎ᠠᠴᠠ ᠪᠥᠬᠦ᠌ ᠲᠠᠯ᠎ᠠ᠎ᠶ᠋ᠢᠨ ᠨᠠᠷᠢᠯᠢᠭ ᠣᠨᠤᠪᠴᠢᠲᠠᠢ ᠦᠢᠯᠡᠴᠢᠯᠡᠭᠡ ᠬᠠᠩᠭᠠᠵᠤ᠂ ᠱᠢᠨ᠎ᠡ᠎ᠶ᠋ᠢ ᠡᠭᠦᠳᠬᠦ᠌ ᠬᠥᠭ᠌ᠵᠢᠯᠲᠡ᠎ᠶ᠋ᠢᠨ ᠰᠠᠭᠤᠷᠢ᠎ᠶ᠋ᠢ ᠪᠥᠬᠦ᠌ ᠬᠡᠯᠬᠢᠶ᠎ᠡ᠎ᠪᠠᠷ ᠪᠠᠬᠢᠵᠢᠭᠦᠯᠪᠡ᠃

ᠣᠷᠢᠳᠴᠢᠯᠡᠨ ᠰᠢᠭᠦᠬᠦ ᠦᠢᠯᠡᠴᠢᠯᠡᠭᠡᠨ᠎ᠤ 《ᠬᠤᠷᠳᠤᠴᠠ᠎ᠶ᠋ᠢ ᠲᠦᠷᠭᠡᠳᠭᠡᠬᠦ》᠂ ᠠᠵᠤ ᠦᠢᠯᠡᠰ᠎ᠤᠨ ᠪᠣᠬᠢᠷᠲᠤᠯ ᠦᠭᠡᠢ᠎ᠪᠡᠷ ᠲᠡᠰ ᠳᠡᠪᠱᠢᠬᠦ᠌᠎ᠶ᠋ᠢ ᠠᠬᠢᠭᠤᠯᠤᠨ᠎ᠠ

ᠠᠵᠤ ᠠᠬᠤᠢᠯᠠᠯ᠎ᠤᠨ 《ᠱᠢᠨ᠎ᠡ᠎ᠶ᠋ᠢ ᠡᠭᠦᠳᠬᠦ᠂ ᠬᠡᠷᠡᠭ᠌ᠵᠢᠭᠦᠯᠬᠦ᠂ ᠪᠠᠴᠢᠮ ᠬᠠᠮᠠᠭᠠᠯᠠᠬᠤ》᠎ᠶ᠋ᠢᠨ ᠭᠤᠣᠯ ᠬᠦᠰᠡᠯ ᠱᠠᠭᠠᠷᠳᠠᠯᠭ᠎ᠠ᠎ᠳᠤ ᠴᠢᠭ᠌ᠯᠡᠭᠦᠯᠦᠨ᠂ ᠨᠠᠷᠢᠯᠢᠭ ᠣᠨᠤᠪᠴᠢᠲᠠᠢ ᠤᠷᠢᠳᠴᠢᠯᠠᠨ ᠰᠢᠭᠦᠭᠴᠢ᠎ᠶᠢ ᠲᠣᠬᠢᠷᠠᠭᠣᠯᠣᠨ᠂ 《ᠭᠠᠯᠠᠭᠤ᠎ᠶᠢᠨ ᠵᠢᠭᠰᠠᠯ᠎ᠤᠨ ᠦᠢ᠍ᠯᠡᠴᠢᠯᠡᠭᠡᠨ᠎ᠦ  ᠠᠩᠭᠢ》᠎ᠶᠢ  ᠵᠤᠬᠢᠶᠠᠨ  ᠪᠠᠢ᠌ᠭᠤᠯᠵᠦ 《 ᠤᠷᠢᠳᠴᠢᠯᠠᠨ  ᠰᠢᠭᠦᠯᠲᠡ᠎ᠶᠢᠨ ᠳᠠᠩᠰᠠᠯᠠᠯᠲᠠ— ᠲᠤᠰᠭᠠᠶ ᠠᠱᠢᠭ᠎ᠤᠨ ᠲᠤᠭᠤᠷᠪᠢᠨ ᠪᠢᠴᠢᠬᠦ᠌ — ᠱᠢᠨ᠎ᠡ᠎ᠶ᠋ᠢ ᠡᠭᠦᠳᠬᠦ᠌ ᠴᠢᠨᠠᠷᠲᠠᠶ ᠦᠨᠡᠯᠡᠯᠲᠡ — ᠪᠤᠲᠠᠲᠠᠢ ᠬᠢᠨᠠᠵᠦ ᠬᠠᠷᠢᠭᠤᠯᠲᠠ ᠥᠭ᠌ᠬᠦ — ᠬᠤᠪᠢᠷᠠᠭᠤᠯᠤᠨ ᠬᠡᠷᠡᠭ᠌ᠯᠡᠬᠦ᠌》 ᠪᠥᠬᠦ᠌ ᠴᠤᠪᠤᠷᠡᠯ᠎ᠤᠨ ᠦᠢᠯᠡᠴᠢᠯᠡᠭᠡ ᠬᠠᠩᠭᠠᠵᠤ᠂ ᠥᠪᠥᠷ ᠮᠣᠩᠭᠤᠯ᠎ᠤᠨ ᠪᠥᠸᠧ ᠷᠠᠨ ᠰᠢᠨᠵᠢᠯᠡᠭᠡ ᠮᠡᠷᠭᠡᠵᠢᠯ᠎ᠤᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ᠂ ᠥᠪᠥᠷ ᠮᠣᠩᠭᠤᠯ᠎ᠤᠨ ᠵᠢᠦ ᠿᠢ ᠱᠢᠨ᠎ᠡ ᠮᠠᠲ᠋ᠧᠷᠢᠶᠠᠯ᠎ᠤᠨ ᠬᠢᠵᠠᠭᠠᠷᠲᠤ ᠺᠣᠮᠫᠠᠨᠢ ᠵᠡᠷᠭᠡ ᠬᠤᠶᠠᠷ ᠤᠯᠤᠰ᠎ᠤᠨ ᠲᠠᠰ᠎ᠤᠨ ᠳᠡᠭᠡᠳᠦ ᠱᠢᠨ᠎ᠡ ᠮᠡᠷᠭᠡᠵᠢᠯ᠎ᠤᠨ ᠠᠵᠤ ᠠᠬᠤᠢᠯᠠᠯ᠎ᠤᠨ ᠣᠯᠠᠨ ᠵᠦᠢᠯ᠎ᠤᠨ ᠱᠢᠨ᠎ᠡ᠎ᠶ᠋ᠢ ᠡᠭᠦᠳᠦᠭ᠌ᠰᠡᠨ ᠦᠷ᠎ᠡ ᠪᠦᠲᠦᠭᠡᠯ᠎ᠳᠦ ᠲᠦᠷᠭᠡᠨ ᠲᠤᠰᠭᠠᠶ ᠠᠱᠢᠭ᠎ᠤᠨ ᠡᠷᠬᠡ ᠣᠯᠭᠤᠬᠤ᠎ᠳᠤ ᠬᠦᠴᠦᠨ ᠨᠡᠮᠡᠷᠢᠯᠡᠵᠦ᠍᠂ ᠮᠡᠳᠡᠯᠭᠡ᠎ᠶ᠋ᠢᠨ ᠦᠮᠴᠢᠯᠡᠯ᠎ᠦᠨ ᠡᠷᠬᠡ᠎ᠶᠢᠨ ᠬᠠᠮᠠᠭ᠋ᠠᠯᠠᠯᠲᠠ ᠪᠠ ᠵᠠᠬ᠎ᠠ ᠳᠡᠯᠭᠡᠭᠦᠷ᠎ᠤᠨ ᠦᠷᠭᠡᠳᠭᠡᠯ᠎ᠢ ᠵᠡᠷᠭᠡᠪᠡᠷ ᠠᠬᠢᠭᠤᠯᠪᠠ᠃

 

ᠢᠷᠡᠯᠲᠡ᠄ ᠮᠡᠳᠡᠯᠭᠡ᠎ᠶᠢᠨ ᠦᠮᠴᠢᠯᠡᠯ᠎ᠦᠨ ᠡᠷᠬᠡ᠎ᠶᠢᠨ ᠬᠠᠮᠠᠭ᠋ᠠᠯᠠᠯᠲᠠ᠎ᠶᠢᠨ ᠲᠦᠪ