ᠡᠨᠡ ᠵᠢᠯ᠎ᠠᠴᠠ ᠨᠠᠭᠠᠰᠢ᠂ ᠣᠷᠳᠣᠰ ᠬᠤᠲᠠ᠎ᠶ᠋ᠢᠨ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ᠎ᠶ᠋ᠢᠨ ᠲᠣᠪᠴᠢᠶ᠎ᠠ ᠪᠥᠬᠦ᠌ ᠬᠤᠲᠠ᠎ᠶ᠋ᠢᠨ ᠮᠡᠳᠡᠯᠭᠡ᠎ᠶ᠋ᠢᠨ ᠦᠮᠴᠢᠯᠡᠯ᠎ᠦᠨ ᠡᠷᠬᠡ᠎ᠶ᠋ᠢ ᠥᠨᠳᠥᠷ ᠪᠠᠷᠢᠮᠵᠢᠶ᠎ᠠ᠎ᠪᠠᠷ ᠬᠠᠮᠠᠭᠠᠯᠠᠬᠤ᠂ ᠥᠨᠳᠥᠷ ᠲᠦᠪᠱᠢᠨ᠎ᠢᠶᠠᠷ ᠦᠢᠯᠡᠴᠢᠯᠡᠬᠦ᠂ ᠴᠢᠨᠠᠷ ᠰᠠᠢᠲᠠᠶ ᠡᠭᠦᠳᠬᠦ᠌᠎ᠶ᠋ᠢ ᠦᠷᠭᠦᠯᠵᠢᠯᠡᠨ ᠴᠢᠩᠭᠠᠷᠠᠭᠤᠯᠵᠤ᠂ ᠮᠡᠳᠡᠯᠭᠡ᠎ᠶ᠋ᠢᠨ ᠦᠮᠴᠢᠯᠡᠯ᠎ᠦᠨ ᠡᠷᠬᠡ᠎ᠶ᠋ᠢ ᠬᠠᠮᠠᠭᠠᠯᠠᠬᠤ ᠱᠢᠨ᠎ᠡ ᠥᠨᠳᠦᠷᠯᠢᠭ᠎ᠢ ᠪᠠᠢᠭᠤᠯᠵᠤ᠂ ᠪᠥᠬᠦ᠌ ᠬᠤᠲᠠ᠎ᠶ᠋ᠢᠨ ᠮᠡᠳᠡᠯᠭᠡ᠎ᠶ᠋ᠢᠨ ᠦᠮᠴᠢᠯᠡᠯ᠎ᠦᠨ ᠡᠷᠬᠡ᠎ᠶ᠋ᠢ ᠬᠠᠮᠠᠭᠠᠯᠠᠬᠤ ᠠᠵᠢᠯ ᠲᠣᠭ᠍ᠲᠠᠭᠤᠨ᠎ᠢᠶᠠᠷ ᠳᠡᠭᠡᠭ᠌ᠰᠢᠯᠡᠪᠡ᠃
ᠨᠢᠭᠡ᠎ᠳᠤ᠂ ᠬᠠᠤᠯᠢ ᠬᠡᠷᠡᠭ᠌ᠵᠢᠭᠦᠯᠬᠦ᠌ ᠬᠢᠨᠠᠯᠲᠠ ᠬᠠᠮᠢᠶᠠᠷᠤᠯᠲᠠ᠎ᠶ᠋ᠢᠨ ᠬᠦᠴᠦᠨ ᠴᠢᠳᠠᠪᠤᠷᠢ᠎ᠶ᠋ᠢ ᠦᠷᠭᠦᠯᠵᠢᠯᠡᠨ ᠴᠢᠩᠭᠠᠷᠠᠭᠤᠯᠪᠠ᠃ 《 2025 ᠣᠨ᠎ᠤ ᠪᠥᠬᠦ᠌ ᠬᠤᠲᠠ᠎ᠶ᠋ᠢᠨ ᠮᠡᠳᠡᠯᠭᠡ᠎ᠶ᠋ᠢᠨ ᠦᠮᠴᠢᠯᠡᠯ᠎ᠦᠨ ᠡᠷᠬᠡ᠎ᠶ᠋ᠢᠨ ᠠᠵᠢᠯ᠎ᠤᠨ ᠭᠤᠣᠯᠳᠠᠯᠭ᠎ᠠ 》 ᠶ᠋ᠢ ᠳᠠᠷᠤᠮᠠᠯᠯᠠᠨ ᠲᠠᠷᠬᠠᠭᠠᠵᠤ᠂ ᠬᠠᠮᠠᠭᠠᠯᠠᠬᠤ ᠬᠦᠷᠢᠶ᠎ᠡ ᠴᠠᠷᠠᠭ᠎ᠠ᠎ᠶ᠋ᠢᠨ ᠭᠤᠤᠯᠳᠠᠯᠭ᠎ᠠ᠎ᠲᠠᠢ ᠡᠭᠦᠷᠭᠡ᠎ᠶ᠋ᠢ ᠱᠢᠰᠲ᠋ᠧᠮ᠎ᠲᠠᠢ ᠪᠠᠢᠷᠢᠯᠠᠭᠤᠯᠤᠨ᠂ ᠣᠨ᠎ᠤ ᠠᠵᠢᠯ᠎ᠤᠨ ᠵᠠᠮ ᠱᠤᠭᠤᠮ᠎ᠤᠨ ᠵᠢᠷᠤᠭ᠎ᠢ ᠲᠣᠳᠣᠷᠬᠠᠢᠯᠠᠵᠤ᠂ ᠡᠷᠬᠡ᠎ᠳᠤ ᠬᠠᠯᠳᠠᠵᠤ ᠬᠤᠳᠠᠯ ᠬᠠᠭᠤᠷᠮᠠᠭ ᠦᠢᠯᠡᠳᠬᠦ᠌ ᠦᠢᠯᠡ ᠠᠵᠢᠯᠯᠠᠭ᠎ᠠ᠎ᠳᠤ ᠬᠦᠴᠦᠲᠡᠶ ᠴᠣᠬᠢᠯᠲᠠ ᠥᠭ᠌ᠬᠦ ᠪᠠᠢᠳᠠᠯ᠎ᠢ ᠪᠠᠲᠤᠯᠠᠪᠠ᠃ ᠣᠲᠣ ᠪᠣᠯᠲᠠᠯ᠎ᠠ᠂ ᠪᠥᠬᠦ᠌ ᠬᠤᠲᠠ᠎ᠳᠤ ᠲᠠᠸᠠᠷ᠎ᠤᠨ ᠲᠡᠮᠳᠡᠭ᠎ᠤᠨ ᠡᠷᠬᠡ᠎ᠳᠤ ᠬᠠᠯᠳᠠᠭ᠍ᠰᠠᠨ ᠬᠡᠷᠡᠭ᠎ᠢ ᠨᠡᠢᠲᠡ 37 ᠬᠤᠪᠢ ᠪᠠᠢᠴᠠᠭᠠᠨ ᠱᠢᠢᠳᠪᠦᠷᠢᠯᠡᠵᠦ᠍᠂ 20.2 ᠲᠦᠮᠡᠨ ᠲᠥᠭᠦᠷᠢᠭ ᠵᠣᠭᠤᠰ᠎ᠢᠶᠠᠷ ᠲᠣᠷᠭᠠᠨ ᠬᠣᠷᠢᠶᠠᠵᠣ᠂ ᠲᠤᠰᠭᠠᠶ ᠠᠱᠢᠭ᠎ᠤᠨ ᠡᠷᠬᠡ᠎ᠳᠤ ᠬᠠᠯᠳᠠᠭ᠍ᠰᠠᠨ ᠵᠠᠭᠣᠷᠠᠯᠳᠣᠭᠠᠨᠤ ᠬᠡᠷᠡᠭ᠎ᠢ 3 ᠬᠤᠪᠢ ᠱᠢᠢᠳᠪᠤᠷᠢᠯᠡᠵᠦ᠍᠂ ᠬᠡᠷᠡᠭ ᠳᠠᠭᠤᠰᠭᠠᠭ᠍ᠰᠠᠨ ᠨᠣᠷᠮ᠎ᠠ᠎ᠨᠢ 100% ᠪᠣᠯᠣᠨ᠎ᠠ ; ᠬᠡᠪ᠎ᠤᠨ ᠪᠤᠰᠤ ᠲᠤᠰᠭᠠᠶ ᠠᠱᠢᠭ ᠭᠤᠶᠤᠴᠢᠯᠠᠬᠤ ᠲᠣᠰᠭᠠᠢ ᠠᠵᠢᠯᠯᠠᠭ᠎ᠠ᠎ᠶ᠋ᠢ ᠥᠷᠨᠢᠭᠦᠯᠵᠦ᠍᠂ ᠪᠥᠬᠦ᠌ ᠬᠤᠲᠠ᠎ᠶ᠋ᠢᠨ 107 ᠵᠤᠷᠪᠣᠰ ᠬᠡᠪ᠎ᠤᠨ ᠪᠤᠰᠤ ᠲᠤᠰᠭᠠᠶ ᠠᠱᠢᠭ ᠭᠤᠶᠤᠴᠢᠯᠠᠬᠤ ᠳ᠋ᠠᠢᠲ᠋ᠠ᠎ᠶ᠋ᠢ ᠬᠡᠷᠡᠭ ᠳᠠᠷᠠᠭᠠᠯᠠᠨ ᠬᠠᠷᠭᠤᠭᠤᠯᠤᠨ ᠪᠠᠢᠴᠠᠭᠠᠵᠤ᠂ ᠲᠥᠷᠥ᠎ᠶ᠋ᠢᠨ ᠪᠣᠳᠣᠯᠭ᠎ᠠ᠎ᠶ᠋ᠢᠨ ᠲᠠᠢᠯᠤᠮᠵᠢ᠂ ᠵᠠᠰᠠᠭ ᠵᠠᠬᠢᠷᠭᠠᠨ᠎ᠤ ᠵᠢᠯᠣᠭᠤᠳᠣᠯᠭ᠎ᠠ ᠵᠡᠷᠭᠡ ᠠᠷᠭ᠎ᠠ ᠮᠠᠶᠢᠭ᠎ᠢᠶᠠᠷ ᠳᠠᠮᠵᠢᠭᠤᠯᠤᠨ ᠭᠤᠶᠤᠴᠢᠯᠠᠭ᠍ᠴᠢ᠎ᠶ᠋ᠢ ᠬᠥᠲᠥᠯᠦᠨ ᠵᠢᠯᠣᠭᠤᠳᠴᠤ᠌ ᠪᠠᠢᠭᠠᠳ ᠰᠠᠨᠠᠭᠠᠴᠢᠯᠠᠭ᠎ᠠ᠎ᠠᠴᠠ᠎ᠪᠠᠨ 87 ᠵᠤᠷᠪᠤᠰ᠎ᠢ ᠪᠤᠴᠠᠭᠠᠵᠤ᠂ 20 ᠬᠤᠪᠢ ᠭᠤᠮᠣᠳᠠᠯ ᠲᠣᠭᠠᠴᠢᠪᠠ; 2025 ᠣᠨ᠎ᠤ ᠣᠷᠳᠣᠰ ᠬᠤᠲᠠ᠎ᠶ᠋ᠢᠨ ᠮᠡᠳᠡᠯᠭᠡ᠎ᠶ᠋ᠢᠨ ᠦᠮᠴᠢᠯᠡᠯ᠎ᠦᠨ ᠡᠷᠬᠡ᠎ᠶ᠋ᠢᠨ ᠬᠦᠷᠢᠶᠡᠨ᠎ᠳᠠᠬᠢ 《 ᠬᠣᠣᠰ ᠲᠣᠬᠢᠶᠠᠯᠳᠤᠮᠵᠢ ᠨᠢᠭᠡ ᠢᠯᠡ 》 ᠰᠤᠭᠤᠴᠢᠨ ᠪᠠᠢᠴᠠᠭᠠᠬᠤ ᠠᠵᠢᠯᠯᠠᠭ᠎ᠠ᠎ᠶ᠋ᠢ ᠵᠣᠬᠢᠶᠠᠨ ᠪᠠᠢᠭᠤᠯᠤᠨ ᠥᠷᠨᠢᠭᠦᠯᠵᠦ᠍᠂ ᠪᠥᠬᠦ᠌ ᠬᠤᠲᠠ᠎ᠶ᠋ᠢᠨ ᠲᠤᠰᠭᠠᠶ ᠠᠱᠢᠭ᠂ ᠲᠠᠸᠠᠷ᠎ᠤᠨ ᠲᠡᠮᠳᠡᠭ ᠲᠠᠢ ᠡᠵᠡᠩᠨᠡᠯᠲᠡ᠎ᠶ᠋ᠢᠨ ᠭᠣᠣᠯ ᠴᠣᠭ᠍ᠴᠠ᠎ᠳᠤ ᠠᠩᠬᠠᠷᠤᠯ᠎ᠢᠶᠠᠨ ᠲᠥᠪᠯᠡᠷᠡᠭᠦᠯᠦᠨ᠂ ᠲᠣᠰᠭᠠᠢ ᠠᠱᠢᠭ᠎ᠤᠨ ᠦᠨᠡᠨ ᠪᠣᠲᠠᠲᠣ ᠴᠢᠨᠠᠷ᠂ ᠲᠠᠸᠠᠷ᠎ᠤᠨ ᠲᠡᠮᠲᠡᠭ᠎ᠢ ᠵᠢᠷᠤᠮᠵᠢᠭᠤᠯᠤᠨ ᠬᠡᠷᠡᠭ᠌ᠯᠡᠭ᠌ᠰᠡᠨ ᠵᠡᠷᠭᠡ ᠪᠠᠢᠳᠠᠯ᠎ᠢ ᠭᠣᠣᠯᠳᠠᠯᠭ᠎ᠠ ᠲᠠᠢ ᠬᠠᠷᠭᠣᠭᠣᠯᠣᠨ ᠪᠠᠢᠴᠠᠭᠠᠵᠤ᠂ ᠬᠠᠤᠯᠢ ᠬᠡᠷᠡᠭ᠌ᠵᠢᠭᠦᠯᠬᠦ᠌ ᠠᠵᠢᠯᠲᠠᠨ᠎ᠢ ᠨᠡᠢᠲᠡ 30 ᠬᠥᠮᠦᠨ ᠤᠳᠠᠭ᠎ᠠ ᠬᠥᠳᠡᠯᠭᠡᠵᠦ᠍᠂ 158 ᠡᠵᠡᠩᠨᠡᠯᠲᠡ᠎ᠶ᠋ᠢᠨ ᠭᠤᠤᠯ ᠴᠣᠭ᠍ᠴᠠ᠎ᠶ᠋ᠢ ᠪᠠᠢᠴᠠᠭᠠᠪᠠ᠃
ᠬᠤᠶᠠᠷ᠎ᠲᠤ᠌᠂ ᠰᠠᠯᠠᠭ᠎ᠠ ᠮᠥᠴᠢᠷ ᠠᠯᠤᠰᠯᠠᠭ᠍ᠰᠠᠨ ᠣᠷᠣᠨ ᠪᠦᠰᠡ ᠠᠯᠤᠰᠯᠠᠭ᠍ᠰᠠᠨ ᠬᠠᠮᠵᠢᠯᠴᠠᠬᠤ ᠭᠦᠨᠴᠡ᠎ᠶ᠋ᠢ ᠦᠷᠭᠡᠳᠭᠡᠪᠡ᠃ ᠵᠧᠵᠢᠶᠠᠩ ᠮᠤᠵᠢ᠎ᠶ᠋ᠢᠨ ᠬᠠᠩᠵᠧᠦ ᠬᠤᠲᠠ᠎ᠶ᠋ᠢᠨ ᠯᠢᠨ ᠠᠨ ᠲᠣᠭᠤᠷᠢᠭ᠎ᠤᠨ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ᠎ᠶ᠋ᠢᠨ ᠲᠣᠪᠴᠢᠶ᠎ᠠ ( ᠮᠡᠳᠡᠯᠭᠡ᠎ᠶ᠋ᠢᠨ ᠦᠮᠴᠢᠯᠡᠯ᠎ᠦᠨ ᠡᠷᠬᠡ᠎ᠶ᠋ᠢᠨ ᠲᠣᠪᠴᠢᠶ᠎ᠠ )᠎ᠲᠠᠢ 《 ᠣᠷᠣᠨ ᠪᠦᠰᠡ ᠠᠯᠤᠰᠯᠠᠭ᠍ᠰᠠᠨ ᠮᠡᠳᠡᠯᠭᠡ᠎ᠶ᠋ᠢᠨ ᠦᠮᠴᠢᠯᠡᠯ᠎ᠦᠨ ᠡᠷᠬᠡ᠎ᠶ᠋ᠢᠨ ᠬᠠᠮᠠᠭᠠᠯᠠᠯᠲᠠ᠎ᠶ᠋ᠢᠨ ᠬᠠᠮᠲᠤᠷᠠᠯᠴᠠᠭᠠᠨ᠎ᠤ ᠵᠥᠪᠯᠡᠯᠴᠡᠭᠡᠷ 》 ᠲᠣᠭ᠍ᠲᠠᠵᠤ᠂ ᠮᠤᠵᠢ ᠠᠯᠤᠰᠯᠠᠨ ᠬᠠᠮᠠᠭᠠᠯᠠᠬᠤ ᠬᠠᠮᠵᠢᠯᠴᠠᠭᠠᠨ᠎ᠤ ᠲᠣᠭ᠍ᠲᠠᠴᠠ᠎ᠶ᠋ᠢ ᠪᠠᠢᠭᠤᠯᠪᠠ ; 9 ᠬᠤᠱᠢᠭᠤ ᠲᠣᠭᠤᠷᠢᠭ᠎ᠤᠨ ᠲᠣᠪᠴᠢᠶ᠎ᠠ ᠬᠢᠭᠡᠳ ᠬᠢᠶ᠎ᠠ ᠪᠠᠭ᠍ᠰᠢ ᠲᠣᠭᠤᠷᠢᠭ᠎ᠤᠨ ᠱᠢᠭᠦᠬᠦ᠌ ᠬᠤᠷᠢᠶ᠎ᠠ᠎ᠯᠤᠭ᠎ᠠ 《 ᠮᠡᠳᠡᠯᠭᠡ᠎ᠶ᠋ᠢᠨ ᠦᠮᠴᠢᠯᠡᠯ᠎ᠦᠨ ᠡᠷᠬᠡ᠎ᠶ᠋ᠢᠨ 〈 ᠵᠠᠰᠠᠭ ᠵᠠᠬᠢᠷᠭᠠᠨ + ᠱᠢᠭᠦᠬᠦ᠌ ᠬᠤᠷᠢᠶ᠎ᠠ 〉᠎ᠶ᠋ᠢ ᠬᠠᠮᠵᠢᠯᠴᠠᠨ ᠬᠠᠮᠠᠭᠠᠯᠠᠵᠤ ᠬᠠᠮᠲᠤᠷᠠᠯᠴᠠᠬᠤ ᠰᠠᠨᠠᠮᠵᠢ᠎ᠶ᠋ᠢᠨ ᠪᠢᠴᠢᠭ 》᠎ᠲᠤ ᠭᠠᠷᠤᠨ ᠦᠰᠦᠭ ᠵᠢᠷᠤᠬᠤ᠎ᠶ᠋ᠢ ᠠᠬᠢᠭᠤᠯᠵᠤ᠂ ᠵᠠᠰᠠᠭ ᠵᠠᠬᠢᠷᠭᠠᠨ᠎ᠤ ᠡᠶᠡᠳᠡᠭᠦᠯᠭᠡ ᠪᠣᠯᠣᠨ ᠬᠠᠤᠯᠢ ᠴᠠᠭᠠᠵᠠ᠎ᠶ᠋ᠢᠨ ᠨᠤᠲᠠᠯᠠᠯᠲᠠ᠎ᠶ᠋ᠢ ᠵᠣᠯᠭᠠᠭᠤᠯᠬᠤ ᠲᠣᠭ᠍ᠲᠠᠴᠠ᠂ ᠣᠷᠳᠣᠰ ᠬᠤᠲᠠ᠎ᠶ᠋ᠢᠨ ᠮᠡᠷᠭᠡᠵᠢᠯ᠎ᠤᠨ ᠪᠠᠢᠴᠠᠭᠠᠯᠲᠠ᠎ᠶ᠋ᠢᠨ ᠲᠤᠰᠭᠠᠶ ᠮᠡᠷᠭᠡᠵᠢᠯᠲᠡᠨ᠎ᠤ ᠬᠥᠮᠥᠷᠭᠡ ᠵᠡᠷᠭᠡ ᠬᠠᠮᠲᠣᠷᠠᠨ ᠠᠵᠢᠯᠯᠠᠬᠤ ᠠᠭᠣᠯᠭ᠎ᠠ᠎ᠶ᠋ᠢ ᠬᠠᠮᠲᠤ ᠪᠠᠷ ᠪᠠᠢᠭᠣᠯᠣᠨ ᠬᠠᠮᠲᠤ᠎ᠪᠠᠷ ᠡᠳ᠋ᠯᠡᠵᠦ᠍᠂ 《 ᠵᠠᠰᠠᠭ ᠵᠠᠬᠢᠷᠭᠠᠨ + ᠬᠠᠤᠯᠢ ᠴᠠᠭᠠᠵᠠ᠎ᠶ᠋ᠢᠨ ᠨᠣᠳᠠᠯᠠᠯᠲᠠ 》᠎ᠶ᠋ᠢᠨ 11 ᠬᠤᠪᠢ ᠬᠡᠷᠡᠭ᠎ᠢ ᠪᠡᠶᠡᠯᠡᠭᠦᠯᠪᠡ ;ᠵᠠᠰᠠᠭ ᠵᠠᠬᠢᠷᠭᠠᠨ᠎ᠤ ᠬᠠᠤᠯᠢ ᠴᠠᠭᠠᠵᠠ᠎ᠶ᠋ᠢᠨ ᠨᠤᠲᠠᠯᠠᠯᠲᠠ᠎ᠶ᠋ᠢ ᠵᠣᠯᠭᠠᠭᠤᠯᠬᠤ ᠲᠣᠭ᠍ᠲᠠᠴᠠ᠎ᠶ᠋ᠢ ᠭᠦᠨᠵᠡᠭᠡᠢᠷᠡᠭᠦᠯᠵᠦ᠍᠂ ᠳᠡᠭᠡᠷ᠎ᠡ ᠬᠠᠭᠠᠰ ᠵᠢᠯ᠎ᠳᠤ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠳᠤ ᠮᠡᠳᠡᠯᠭᠡ᠎ᠶ᠋ᠢᠨ ᠦᠮᠴᠢᠯᠡᠯ᠎ᠦᠨ ᠡᠷᠬᠡ᠎ᠶ᠋ᠢᠨ ᠬᠡᠷᠡᠭ᠎ᠢ 1 ᠬᠤᠪᠢ ᠱᠢᠯᠵᠢᠭᠦᠯᠦᠨ ᠬᠦᠷᠭᠡᠵᠦ᠍᠂ ᠪᠠᠢᠴᠠᠭᠠᠬᠤ ᠪᠠᠢᠭᠤᠯᠭ᠎ᠠ᠎ᠳᠤ 5 ᠬᠤᠪᠢ ᠬᠡᠷᠡᠭ᠎ᠢ ᠭᠡᠳᠡᠷᠭᠦ᠌ ᠱᠢᠯᠵᠢᠭᠦᠯᠦᠨ ᠬᠦᠷᠭᠡᠵᠦ᠍᠂ ᠵᠠᠰᠠᠭ ᠵᠠᠬᠢᠷᠭᠠᠨ᠎ᠤ ᠬᠠᠮᠠᠭᠠᠯᠠᠯᠲᠠ ᠪᠠ ᠡᠷᠡᠭᠦᠦ᠍᠎ᠶ᠋ᠢᠨ ᠬᠡᠷᠡᠭ᠎ᠤᠨ ᠬᠠᠤᠯᠢ ᠴᠠᠭᠠᠵᠠ᠎ᠶ᠋ᠢᠨ ᠵᠠᠪᠰᠠᠷ ᠥᠬᠡᠶ ᠵᠣᠯᠭᠠᠯᠴᠠᠭ᠎ᠠ᠎ᠶ᠋ᠢ ᠪᠡᠶᠡᠯᠡᠭᠦᠯᠪᠡ᠃
ᠭᠤᠷᠪᠠ᠎ᠳᠤ᠂ ᠭᠠᠵᠠᠷ ᠵᠦᠢ᠎ᠶ᠋ᠢᠨ ᠪᠡᠯᠭᠡ ᠳᠡᠮᠳᠡᠭ᠎ᠤᠨ 《 ᠪᠤᠢᠵᠢᠭᠤᠯᠬᠤ᠂ ᠬᠠᠮᠠᠭᠠᠯᠠᠬᠤ᠂ ᠬᠦᠴᠦᠨ ᠨᠡᠮᠡᠷᠢᠯᠡᠬᠦ᠌ 》᠎ᠳᠤ ᠠᠩᠬᠠᠷᠤᠯ᠎ᠢᠶᠠᠨ ᠲᠥᠪᠯᠡᠷᠡᠭᠦᠯᠪᠡ᠃ ᠭᠠᠵᠠᠷ ᠵᠦᠶ᠎ᠶ᠋ᠢᠨ ᠪᠡᠯᠭᠡ ᠲᠡᠮᠲᠡᠭ᠎ᠦᠨ ᠡᠬᠢ ᠪᠠᠶᠠᠯᠢᠭ᠎ᠢ ᠨᠡᠢᠳᠡᠮ ᠪᠠᠢᠴᠠᠭᠠᠬᠤ ᠠᠵᠢᠯ᠎ᠢ ᠪᠥᠬᠦ᠌ ᠲᠠᠯ᠎ᠠ᠎ᠪᠠᠷ ᠥᠷᠨᠢᠭᠦᠯᠵᠦ᠍᠂ ᠪᠥᠬᠦ᠌ ᠬᠤᠲᠠ᠎ᠶ᠋ᠢᠨ ᠭᠠᠵᠠᠷ ᠵᠦᠶ᠎ᠶ᠋ᠢᠨ ᠪᠡᠯᠭᠡ ᠲᠡᠮᠲᠡᠭ᠎ᠦᠨ ᠣᠢᠯᠡᠳᠭᠦᠨᠤ ᠰᠠᠭᠤᠷᠢ ᠲᠤᠭ᠎ᠠ᠎ᠶ᠋ᠢ ᠣᠨᠣᠪᠴᠢᠲᠠᠶ ᠡᠵᠡᠮᠱᠢᠨ᠂ ᠣᠲᠤᠭ᠎ᠤᠨ ᠠᠷᠪᠠᠰ᠎ᠤᠨ ᠢᠮᠠᠭᠠᠨ ᠮᠢᠬ᠎ᠠ᠂ ᠣᠲᠤᠭ᠎ᠤᠨ ᠮᠤᠰᠭᠢᠷᠠᠭ᠎ᠠ ᠵᠠᠮᠠᠭ ᠵᠡᠷᠭᠡ 14 ᠣᠨᠴᠠᠯᠢᠭ᠍ᠲᠤ ᠣᠢᠯᠡᠳᠭᠦᠨ᠎ᠢ ᠭᠠᠵᠠᠷ ᠵᠦᠶ᠎ᠶ᠋ᠢᠨ ᠪᠡᠯᠭᠡ ᠲᠡᠮᠲᠡᠭ᠎ᠦᠨ ᠬᠠᠮᠠᠭᠠᠯᠠᠯᠲᠠ᠎ᠶ᠋ᠢᠨ ᠣᠢᠯᠡᠳᠭᠦᠨ᠎ᠢ ᠠᠮᠵᠢᠯᠲᠠ᠎ᠲᠠᠢ ᠭᠤᠶᠤᠴᠢᠯᠠᠨ ᠮᠡᠳᠡᠭᠦᠯᠪᠡ ; 《 ᠤᠳᠤᠭ᠎ᠤᠨ ᠡᠮᠤᠨᠡᠳᠤ ᠬᠤᠱᠢᠭᠤᠨ᠎ᠤ ᠬᠤᠨᠢᠨ ᠮᠢᠬ᠎ᠠ 》 ᠦᠪᠤᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠭᠠᠵᠠᠷ ᠵᠦᠢ᠎ᠶ᠋ᠢᠨ ᠪᠡᠯᠭᠡ ᠳᠡᠮᠳᠡᠭ᠎ᠤᠨ ᠬᠠᠮᠠᠭᠠᠯᠠᠯᠳᠠ᠎ᠶ᠋ᠢᠨ ᠢᠨᠵᠧᠨᠧᠷᠢᠩ᠎ᠢ ᠠᠮᠵᠢᠯᠲᠠ ᠲᠠᠢ ᠭᠣᠶᠣᠴᠢᠯᠠᠨ ᠮᠡᠳᠡᠬᠦᠯᠵᠤ᠂ ᠦᠪᠡᠷᠳᠡᠭᠡᠨ ᠵᠠᠰᠠᠬᠤ ᠤᠷᠤᠨ᠎ᠤ ᠮᠡᠳᠡᠯᠬᠡ᠎ᠶ᠋ᠢᠨ ᠦᠮᠴᠢᠯᠡᠯ᠎ᠤᠨ ᠡᠷᠬᠡ᠎ᠶ᠋ᠢᠨ ᠳᠤᠪᠴᠢᠶ᠎ᠠ᠎ᠶ᠋ᠢᠨ 40 ᠳᠦᠮᠡᠨ ᠳᠦᠬᠦᠷᠢᠭ᠎ᠤᠨ ᠪᠡᠯᠡ ᠮᠦᠩᠬᠦᠨ᠎ᠤ ᠳᠡᠮᠵᠢᠯᠬᠡ᠎ᠶ᠋ᠢ ᠤᠯᠵᠤ᠂ 《 ᠭᠠᠵᠠᠷ ᠵᠦᠢ᠎ᠶ᠋ᠢᠨ ᠪᠡᠯᠭᠡ ᠳᠡᠮᠳᠡᠭ᠎ᠤᠨ ᠤᠷᠤᠨ ᠪᠦᠰᠡ᠎ᠶ᠋ᠢᠨ ᠠᠵᠤ ᠠᠬᠤᠢ᠎ᠶ᠋ᠢᠨ ᠴᠢᠨᠠᠷ ᠰᠠᠢᠳᠠᠢ ᠬᠦᠭ᠌ᠵᠢᠯᠳᠡ᠎ᠶ᠋ᠢ ᠳᠡᠮᠵᠢᠬᠦ᠌ 》 ᠨᠡᠢᠳᠡᠯᠢᠭ ᠬᠡᠷᠡᠭ᠎ᠤᠨ ᠵᠢᠱ᠌ᠢᠶ᠎ᠠ᠎ᠪᠠᠷ ᠰᠤᠩᠭᠤᠭ᠍ᠳᠠᠨ᠂ ᠨᠠᠷᠠᠳᠤ ᠳᠡᠮᠳᠡᠭ᠎ᠤᠨ ᠦᠷᠳᠡᠭ 20.33 ᠳ᠋ᠦᠩᠱᠢᠭᠤᠷ ᠳᠦᠬᠦᠷᠢᠭ᠎ᠲᠤ ᠬᠦᠷᠪᠡ ; 《 ᠵᠡᠬᠦᠠᠭᠠᠷ ᠴᠢᠴᠠᠷᠭᠠᠨ᠎ᠠ 》 ᠨᠢᠬᠡᠨᠳᠡ ᠤᠯᠤᠰ᠎ᠤᠨ ᠮᠡᠳᠡᠯᠬᠡ᠎ᠶ᠋ᠢᠨ ᠦᠮᠴᠢᠯᠡᠯ᠎ᠤᠨ ᠡᠷᠬᠡ᠎ᠶ᠋ᠢᠨ ᠳᠤᠪᠴᠢᠶ᠎ᠠ᠎ᠳᠤ ᠭᠠᠵᠠᠷ ᠵᠦᠢ᠎ᠶ᠋ᠢᠨ ᠪᠡᠯᠭᠡ ᠲᠡᠮᠲᠡᠭ᠎ᠦᠨ ᠬᠡᠷᠡᠴᠢᠯᠡᠯ᠎ᠤᠨ ᠳᠠᠸᠠᠷ᠎ᠤᠨ ᠳᠡᠮᠳᠡᠭ᠎ᠤᠨ ᠭᠤᠶᠤᠴᠢᠯᠠᠨ ᠮᠡᠳᠡᠬᠦᠯᠬᠦ᠌ ᠮᠠᠲ᠋ᠧᠷᠢᠶᠠᠯ᠎ᠢᠶᠠᠨ ᠭᠠᠷᠲᠠᠭᠤᠯᠵᠤ᠂ ᠣᠳᠣ ᠪᠤᠳᠠᠳᠤ ᠬᠢᠨᠠᠨ ᠪᠠᠢᠴᠠᠭᠠᠯᠳᠠ᠎ᠶ᠋ᠢ ᠬᠦᠯᠢᠶᠡᠬᠦ᠌ ᠱᠠᠳᠤᠨ᠎ᠳᠤ ᠤᠷᠤᠱᠢᠵᠤ ᠪᠤᠢ᠃