ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ 2025 ᠣᠨ᠎ᠤ 10 ᠳ᠋ᠤᠭᠠᠷ ᠰᠠᠷ᠎ᠠ ᠶ᠋ᠢᠨ ᠪᠥᠬᠦ᠌ ᠤᠯᠤᠰ᠎ᠤᠨ 12315 ᠲᠠᠪᠴᠠᠩ᠎ᠤᠨ ᠵᠠᠭᠠᠯᠳᠣᠯᠭ᠎ᠠ ᠢᠯᠡᠴᠢᠯᠡᠨ ᠮᠡᠳᠡᠭᠦᠯᠦᠯᠲᠡ ᠠᠰᠠᠭᠤᠨ ᠯᠠᠪᠯᠠᠯᠲᠠ᠎ᠶ᠋ᠢᠨ ᠪᠠᠢᠳᠠᠯ᠎ᠤᠨ ᠳ᠋ᠠᠢᠲ᠋ᠠ᠎ᠶ᠋ᠢᠨ ᠵᠠᠳᠠᠯᠤᠯᠲᠠ
2025-11-18

ᠨᠢᠭᠡ᠂ ᠦᠨᠳᠦᠰᠦᠨ ᠪᠠᠢᠳᠠᠯ

2025 ᠣᠨ᠎ᠤ 1 ᠳ᠋ᠦ᠍ᠭᠡᠷ ᠰᠠᠷ᠎ᠠ᠎ᠠᠴᠠ 10 ᠳ᠋ᠤᠭᠠᠷ ᠰᠠᠷ᠎ᠠ ᠪᠣᠯᠲᠠᠯ᠎ᠠ ᠥᠪᠥᠷ ᠮᠣᠩᠭᠤᠯ᠎ᠤᠨ ᠪᠥᠬᠦ᠌ ᠤᠯᠤᠰ᠎ᠤᠨ 12315 ᠲᠠᠪᠴᠠᠩ ᠎ᠤᠨ ᠬᠡᠷᠡᠭ᠌ᠯᠡᠭ᠌ᠴᠢᠳ᠎ᠤᠨ ᠵᠠᠭᠠᠯᠳᠤᠯᠭ᠎ᠠ᠂ ᠢᠯᠡᠴᠢᠯᠡᠨ ᠮᠡᠳᠡᠭᠦᠯᠦᠯᠲᠡ᠂ ᠠᠰᠠᠭᠤᠨ ᠯᠠᠪᠯᠠᠯᠲᠠ᠎ᠶ᠋ᠢ ᠨᠡᠢᠲᠡ 384906 ᠬᠤᠪᠢ ᠭᠥᠯᠢᠶᠡᠨ ᠠᠪᠴᠤ᠌᠂ ᠠᠳᠠᠯᠢ ᠬᠤᠭᠤᠴᠠᠭᠠᠨ᠎ᠤ᠎ᠬᠢ᠎ᠠᠴᠠ 22.09% ᠪᠠᠷ ᠨᠡᠮᠡᠭ᠌ᠳᠡᠪᠡ᠃ ᠡᠭᠦᠨ᠎ᠤ ᠳᠣᠲᠣᠷ᠎ᠠ᠂ ᠵᠠᠭᠠᠯᠳᠤᠯᠭ᠎ᠠ 177258 ᠪᠠᠢᠵᠤ᠂ ᠠᠳᠠᠯᠢ ᠬᠤᠭᠤᠴᠠᠭᠠᠨ᠎ᠤ᠎ᠬᠢ᠎ᠠᠴᠠ 36.87% ᠪᠠᠷ ᠨᠡᠮᠡᠭ᠌ᠳᠡᠪᠡ; ᠢᠯᠡᠴᠢᠯᠡᠨ ᠮᠡᠳᠡᠭᠦᠯᠦᠯᠲᠡ 37557  ᠪᠠᠢᠵᠦ᠍᠂ ᠠᠳᠠᠯᠢ ᠬᠤᠭᠤᠴᠠᠭᠠᠨ᠎ᠤ᠎ᠬᠢ᠎ᠠᠴᠠ 31.04% ᠎ᠪᠠᠷ ᠨᠡᠮᠡᠭ᠌ᠳᠡᠪᠡ; ᠠᠰᠠᠭᠤᠨ ᠯᠠᠪᠯᠠᠯᠲᠠ 170091 ᠪᠠᠢᠵᠤ᠂ ᠠᠳᠠᠯᠢ ᠬᠤᠭᠤᠴᠠᠭᠠᠨ᠎ᠤ᠎ᠬᠢ᠎ᠠᠴᠠ 11.75% ᠎ᠪᠠᠷ ᠨᠡᠮᠡᠭ᠌ᠳᠡᠪᠡ᠃ ᠵᠠᠭᠠᠯᠳᠣᠯᠭ᠎ᠠ ᠢᠯᠡᠴᠢᠯᠡᠨ ᠮᠡᠳᠡᠭᠦᠯᠦᠯᠲᠡ᠎ᠶ᠋ᠢ ᠨᠡᠢᠲᠡ 206279 ᠱᠢᠢᠳᠪᠣᠷᠢᠯᠡᠨ ᠳᠠᠭᠣᠰᠭᠠᠵᠦ᠍᠂ ᠱᠢᠢᠳᠪᠣᠷᠢᠯᠡᠵᠤ ᠳᠠᠭᠤᠰᠭᠠᠭ᠍ᠰᠠᠨ ᠨᠣᠷᠮ᠎ᠠ᠎ᠨᠢ 96.03% ᠪᠣᠯᠣᠨ᠎ᠠ᠂ ᠮᠠᠷᠭᠤᠯᠳᠤᠭᠠᠨ᠎ᠳᠤ ᠬᠤᠯᠪᠣᠭ᠍ᠳᠠᠭ᠍ᠰᠠᠨ ᠵᠣᠭᠤᠰ᠎ᠤᠨ ᠲᠤᠭ᠎ᠠ᠎ᠨᠢ 1.97 ᠳ᠋ᠦᠩᠱᠢᠭᠤᠷ ᠲᠥᠭᠦᠷᠢᠭ ᠪᠣᠯᠣᠨ᠎ᠠ᠂ ᠬᠡᠷᠡᠭ᠌ᠯᠡᠭ᠌ᠴᠢᠳ᠎ᠲᠤ 5076.89 ᠲᠦᠮᠡᠨ ᠲᠥᠭᠦᠷᠢᠭ᠎ᠤᠨ ᠠᠵᠤ ᠠᠬᠤᠶ᠎ᠶ᠋ᠢᠨ ᠬᠤᠬᠢᠷᠠᠯ᠎ᠢ ᠡᠭᠡᠭᠦᠯᠦᠨ ᠠᠪᠴᠢᠷᠠᠵᠤ ᠥᠭ᠌ᠴᠡᠶ᠃

2025 ᠣᠨ᠎ᠤ 10 ᠳ᠋ᠤᠭᠠᠷ ᠰᠠᠷ᠎ᠠ᠎ᠳᠤ᠂ ᠥᠪᠥᠷ ᠮᠣᠩᠭᠤᠯ᠎ᠤᠨ ᠪᠥᠬᠦ᠌ ᠤᠯᠤᠰ᠎ᠤᠨ 12315 ᠲᠠᠪᠴᠠᠩ ᠎ᠤᠨ ᠬᠡᠷᠡᠭ᠌ᠯᠡᠭ᠌ᠴᠢᠳ᠎ᠤᠨ ᠵᠠᠭᠠᠯᠳᠤᠯᠭ᠎ᠠ᠂ ᠢᠯᠡᠴᠢᠯᠡᠨ ᠮᠡᠳᠡᠭᠦᠯᠦᠯᠲᠡ᠂  ᠠᠰᠠᠭᠣᠨ ᠯᠠᠪᠯᠠᠯᠲᠠ᠎ᠶ᠋ᠢ ᠨᠡᠢᠲᠡ 40280 ᠭᠥᠯᠢᠶᠡᠨ ᠠᠪᠴᠤ᠌᠂ ᠠᠳᠠᠯᠢ ᠬᠤᠭᠤᠴᠠᠭᠠᠨ᠎ᠤ᠎ᠬᠢ᠎ᠠᠴᠠ 32.08% ᠎ᠪᠠᠷ ᠨᠡᠮᠡᠭ᠌ᠳᠡᠪᠡ᠃ ᠡᠭᠦᠨ᠎ᠦ ᠳᠣᠲᠣᠷ᠎ᠠ᠂ ᠵᠠᠭᠠᠯᠳᠤᠯᠭ᠎ᠠ 19120 ᠪᠠᠢᠵᠦ᠍᠂ ᠶᠡᠷᠦᠩᠬᠡᠢ ᠬᠡᠮᠵᠢᠶᠡᠨ᠎ᠦ 47.47%᠎ᠶ᠋ᠢ ᠡᠵᠡᠯᠡᠪᠡ; ᠢᠯᠡᠴᠢᠯᠡᠨ ᠮᠡᠳᠡᠭᠦᠯᠦᠯᠲᠡ 3938 ᠪᠠᠢᠵᠦ᠍᠂ ᠶᠡᠷᠦᠩᠬᠡᠢ ᠬᠡᠮᠵᠢᠶᠡᠨ᠎ᠤ 9.78%᠎ᠶ᠋ᠢ ᠡᠵᠡᠯᠡᠪᠡ; ᠠᠰᠠᠭᠤᠨ ᠯᠠᠪᠯᠠᠯᠲᠠ 17222 ᠪᠠᠢᠵᠤ᠂ ᠶᠡᠷᠦᠩᠬᠡᠢ ᠬᠡᠮᠵᠢᠶᠡᠨ᠎ᠤ 42.75%᠎ᠶ᠋ᠢ ᠡᠵᠡᠯᠡᠪᠡ᠃

2025 ᠣᠨ᠎ᠤ 10 ᠳ᠋ᠤᠭᠠᠷ ᠰᠠᠷ᠎ᠠ᠎ᠶ᠋ᠢᠨ ᠪᠥᠬᠦ᠌ ᠣᠷᠣᠨ᠎ᠤ 12315 ᠲᠡᠪᠴᠡᠩ᠎ᠦᠨ ᠵᠠᠭᠠᠯᠳᠣᠯᠭ᠎ᠠ ᠢᠯᠡᠴᠢᠯᠡᠨ ᠮᠡᠳᠡᠭᠦᠯᠦᠯᠲᠡ ᠠᠰᠠᠭᠤᠨ ᠯᠠᠪᠯᠠᠯᠲᠠ᠎ᠶ᠋ᠢᠨ ᠬᠡᠮᠵᠢᠶ᠎ᠡ᠎ᠶ᠋ᠢᠨ ᠠᠳᠠᠯᠢ ᠬᠤᠭᠤᠴᠠᠭᠠᠨ᠎ᠤ ᠬᠠᠷᠢᠴᠠᠭᠤᠯᠤᠯ᠎ᠤᠨ ᠵᠢᠷᠤᠭ᠄

 

 

ᠡᠯ᠎ᠡ ᠠᠢᠮᠠᠭ ᠬᠤᠲᠠ᠎ᠶ᠋ᠢᠨ ᠵᠠᠭᠠᠯᠳᠤᠯᠭ᠎ᠠ ᠢᠯᠡᠴᠢᠯᠡᠨ ᠮᠡᠳᠡᠭᠦᠯᠦᠯᠲᠡ ᠠᠰᠠᠭᠤᠨ ᠯᠠᠪᠯᠠᠯᠲᠠ ᠎ᠶ᠋ᠢᠨ  ᠬᠡᠮᠵᠢᠶ᠎ᠡ᠎ᠶ᠋ᠢᠨ ᠪᠠᠢᠳᠠᠯ᠎ᠤᠨ ᠪᠦᠷᠢᠳᠭᠡᠯ᠎ᠤᠨ ᠬᠦᠰᠦᠨᠦᠭ᠌ᠲᠦ  (  ᠨᠢᠭᠡᠴᠢ᠄ ᠬᠤᠪᠢ )

 

 

ᠵᠠᠭᠠᠯᠳᠣᠯᠭ᠎ᠠ ᠢᠯᠡᠴᠢᠯᠡᠨ ᠮᠡᠳᠡᠭᠦᠯᠦᠯᠲᠡ ᠠᠰᠠᠭᠣᠨ ᠯᠠᠪᠯᠠᠯᠲᠠ᠎ᠶ᠋ᠢᠨ ᠶᠡᠷᠦᠩᠬᠡᠶ ᠬᠡᠮᠵᠢᠶ᠎ᠡ᠎ᠶ᠋ᠢᠨ ᠡᠮᠦᠨ᠎ᠡ ᠭᠤᠷᠪᠠ᠎ᠳᠤ ᠵᠢᠭ᠍ᠰᠠᠭᠠᠭ᠍ᠳᠠᠭ᠍ᠰᠠᠨ ᠨᠢ ᠬᠥᠬᠡᠬᠣᠲᠠ᠂ ᠪᠤᠭᠤᠲᠤ ᠬᠣᠲᠠ᠂ ᠤᠯᠠᠭᠠᠨᠬᠠᠳᠠ ᠬᠣᠲᠠ ᠪᠣᠯᠤᠨ᠎ᠠ᠃ ᠡᠯ᠎ᠡ ᠵᠦᠢᠯ᠎ᠤᠨ ᠳ᠋ᠠᠢᠲ᠋ᠠ᠎ᠳᠤ ᠵᠠᠭᠠᠯᠳᠤᠯᠭ᠎ᠠ᠎ᠶ᠋ᠢᠨ ᠬᠡᠮᠵᠢᠶ᠎ᠡ ᠡᠮᠦᠨ᠎ᠡ ᠭᠤᠷᠪᠠ᠎ᠳᠤ ᠵᠢᠭ᠍ᠰᠠᠭᠠᠭ᠍ᠳᠠᠭ᠍ᠰᠠᠨ ᠨᠢ ᠬᠥᠬᠡᠬᠤᠲᠠ᠂ ᠤᠯᠠᠭᠠᠨᠬᠠᠳᠠ ᠬᠤᠲᠠ᠂ ᠪᠤᠭᠤᠲᠤ ᠬᠤᠲᠠ ᠪᠠᠢᠵᠦ᠍᠂ ᠢᠯᠡᠴᠢᠯᠡᠨ ᠮᠡᠳᠡᠭᠦᠯᠦᠯᠲᠡ᠎ᠶ᠋ᠢᠨ ᠬᠡᠮᠵᠢᠶ᠎ᠡ ᠡᠮᠦᠨ᠎ᠡ ᠭᠤᠷᠪᠠ᠎ᠳᠤ ᠵᠢᠭ᠍ᠰᠠᠭᠠᠭ᠍ᠳᠠᠭ᠍ᠰᠠᠨ ᠨᠢ ᠬᠥᠬᠡᠬᠤᠲᠠ᠂ ᠲᠦᠩᠯᠢᠶᠣᠤ ᠬᠤᠲᠠ᠂ ᠪᠤᠭᠤᠲᠤ ᠬᠤᠲᠠ ᠪᠣᠯᠣᠨ᠎ᠠ᠃

ᠬᠤᠶᠠᠷ᠂  ᠵᠠᠭᠠᠯᠳᠣᠯᠭ᠎ᠠ ᠎ᠶ᠋ᠢᠨ ᠪᠠᠢᠳᠠᠯ᠎ᠤᠨ  ᠳ᠋ᠠᠢᠲ᠋ᠠ᠎ᠶ᠋ᠢᠨ ᠪᠦᠷᠢᠳᠭᠡᠯ

10 ᠳ᠋ᠤᠭᠠᠷ ᠰᠠᠷ᠎ᠠ᠎ᠳ᠋ᠤ ᠬᠡᠷᠡᠭ᠌ᠯᠡᠭ᠌ᠴᠢᠳ᠎ᠦ᠋ᠨ ᠵᠠᠭᠠᠯᠳᠤᠯᠭ᠎ᠠ᠎ᠶᠢ ᠨᠡᠢᠲᠡ 19120 ᠬᠤᠪᠢ ᠬᠦᠯᠢᠶᠡᠨ ᠠᠪᠴᠤ᠌᠂ ᠠᠳᠠᠯᠢ ᠬᠤᠭᠤᠴᠠᠭᠠᠨ᠎ᠤ᠎ᠬᠢ᠎ᠠᠴᠠ 50.14% ᠎ᠪᠠᠷ ᠨᠡᠮᠡᠭ᠌ᠳᠡᠪᠡ᠃ ᠡᠭᠦᠨ᠎ᠤ ᠳᠣᠲᠣᠷ᠎ᠠ᠂ ᠲᠠᠸᠠᠷ᠎ᠤᠨ ᠲᠥᠷᠥᠯ᠎ᠳᠤ 10611 ᠬᠤᠯᠪᠣᠭ᠍ᠳᠠᠵᠤ᠂ ᠦᠢᠯᠡᠴᠢᠯᠡᠭᠡᠨ᠎ᠤ ᠲᠥᠷᠥᠯ᠎ᠳᠤ 8509 ᠬᠤᠯᠪᠣᠭ᠍ᠳᠠᠵᠠᠢ᠃ ᠵᠠᠭᠠᠯᠳᠣᠯᠭ᠎ᠠ᠎ᠳᠤ ᠬᠤᠯᠪᠣᠭ᠍ᠳᠠᠭ᠍ᠰᠠᠨ ᠮᠠᠷᠭᠤᠯᠳᠤᠭᠠᠨ᠎ᠤ ᠵᠣᠭᠤᠰ᠎ᠤᠨ ᠲᠤᠭ᠎ᠠ 1112.24 ᠲᠦᠮᠡᠨ ᠲᠥᠭᠦᠷᠢᠭ ᠪᠣᠯᠣᠨ᠎ᠠ᠂ ᠬᠡᠷᠡᠭ᠌ᠯᠡᠭ᠌ᠴᠢᠳ᠎ᠲᠤ 286.93 ᠲᠦᠮᠡᠨ ᠲᠥᠭᠦᠷᠢᠭ᠎ᠤᠨ ᠠᠵᠤ ᠠᠬᠤᠶ᠎ᠶ᠋ᠢᠨ ᠬᠤᠬᠢᠷᠠᠯ᠎ᠢ ᠡᠭᠡᠭᠦᠯᠦᠨ ᠠᠪᠴᠢᠷᠠᠪᠠ᠃ 11  ᠳ᠋ᠦ᠍ᠭᠡᠷ ᠰᠠᠷ᠎ᠠ᠎ᠶ᠋ᠢᠨ 6 ᠎ᠤ ᠡᠳᠦᠷ ᠪᠣᠯᠲᠠᠯ᠎ᠠ ᠨᠢᠭᠡᠨᠲᠡ 14346 ᠱᠢᠢᠳᠪᠦᠷᠢᠯᠡᠨ ᠳᠠᠭᠤᠰᠭᠠᠵᠤ᠂ ᠱᠢᠢᠳᠪᠦᠷᠢᠯᠡᠵᠦ᠍ ᠳᠠᠭᠤᠰᠭᠠᠭ᠍ᠰᠠᠨ ᠨᠣᠷᠮ᠎ᠠ᠎ᠨᠢ 75.03 % ᠪᠣᠯᠣᠨ᠎ᠠ᠃

ᠪᠤᠰᠤᠳᠴᠢ ᠴᠤᠭ᠍ᠴᠠ᠎ᠶ᠋ᠢᠨ ᠲᠦᠷᠦᠯ ᠢᠯᠭᠠᠯ᠎ᠢᠶᠠᠷ ᠬᠦᠰᠦᠨᠦᠭᠲᠤ ᠎ᠳᠦ ᠦᠵᠡᠭᠡᠷᠡᠢ ( ᠨᠢᠭᠡ ) ᠂ ( ᠬᠤᠶᠠᠷ ) 

 ( ᠨᠢᠭᠡ ) ᠲᠠᠸᠠᠷ᠎ᠤᠨ ᠲᠦᠷᠦᠯ᠎ᠳᠤ ᠬᠤᠯᠪᠤᠭ᠍ᠳᠠᠬᠤ

 

 

ᠲᠠᠸᠠᠷ᠎ᠤᠨ ᠲᠥᠷᠥᠯ᠎ᠦᠨ ᠵᠠᠭᠠᠯᠳᠤᠯᠭ᠎ᠠ ᠠᠳᠠᠯᠢ ᠬᠤᠭᠤᠴᠠᠭᠠᠨ᠎ᠤ ᠬᠢ ᠎ᠡᠴᠡ 46.56% ᠎ᠪᠠᠷ ᠨᠡᠮᠡᠭ᠌ᠳᠡᠪᠡ᠃ ᠵᠠᠭᠠᠯᠳᠤᠯᠭ᠎ᠠ᠎ᠶ᠋ᠢᠨ ᠬᠡᠮᠵᠢᠶ᠎ᠡ ᠡᠮᠦᠨ᠎ᠡ ᠲᠠᠪᠤ᠎ᠳᠤ ᠵᠢᠭ᠍ᠰᠠᠭᠠᠭ᠍ᠳᠠᠭ᠍ᠰᠠᠨ ᠲᠠᠸᠠᠷ᠎ᠤᠨ ᠶᠡᠭᠡ ᠲᠦᠷᠦᠯ ᠨᠢ ᠳᠡᠰ ᠳᠠᠷᠠᠭᠠᠯᠠᠨ ᠢᠳᠡᠭᠡᠨ᠂ ᠬᠤᠪᠴᠠᠰᠤ ᠬᠤᠨᠠᠷ ᠮᠠᠯᠠᠭᠠᠢ ᠱᠠᠬᠠᠢ᠂ ᠵᠠᠮ ᠬᠠᠷᠢᠯᠴᠠᠭᠠᠨ᠎ᠤ ᠪᠠᠭᠠᠵᠢ᠂ ᠭᠡᠷ᠎ᠤᠨ ᠡᠳ᠋ᠯᠡᠯ ᠬᠡᠷᠡᠭ᠌ᠰᠡᠯ᠂ ᠵᠠᠰᠠᠯ ᠴᠢᠮᠡᠭ᠌ᠯᠡᠯ᠎ᠦᠨ ᠣᠢᠯᠡᠳᠭᠦᠨ ᠪᠣᠯᠣᠨ᠎ᠠ᠃

ᠵᠠᠭᠠᠯᠳᠣᠯᠭ᠎ᠠ᠎ᠶ᠋ᠢᠨ ᠬᠡᠮᠵᠢᠶ᠎ᠡ ᠶ᠋ᠢᠨ ᠡᠮᠦᠨ᠎ᠡ ᠲᠠᠪᠤ᠎ᠳᠤ ᠵᠢᠭ᠍ᠰᠠᠭᠠᠭ᠍ᠳᠠᠭ᠍ᠰᠠᠨ ᠲᠠᠸᠠᠷ᠎ᠤᠨ ᠶᠡᠭᠡ ᠲᠥᠷᠥᠯ᠎ᠨᠢ ᠲᠠᠸᠠᠷ᠎ᠤᠨ ᠵᠠᠭᠠᠯᠳᠤᠯᠭ᠎ᠠ᠎ᠶ᠋ᠢᠨ ᠶᠡᠷᠦᠩᠬᠡᠶ ᠬᠡᠮᠵᠢᠶᠡᠨ᠎ᠤ ᠬᠠᠷᠢᠴᠠᠯ᠎ᠳᠤ ᠡᠵᠡᠯᠡᠬᠦ᠌ ᠱᠠᠯᠪᠢᠩ ᠬᠡᠯᠪᠡᠷᠢᠲᠦ ᠵᠢᠷᠤᠭ᠄

 

 

ᠵᠠᠭᠠᠯᠳᠣᠯᠭ᠎ᠠ᠎ᠶ᠋ᠢᠨ ᠬᠡᠮᠵᠢᠶ᠎ᠡ ᠨᠢᠭᠡᠳᠦᠭᠡᠷ᠎ᠲᠤ ᠵᠢᠭ᠍ᠰᠠᠭᠠᠭ᠍ᠳᠠᠭ᠍ᠰᠠᠨ ᠢᠳᠡᠭᠡᠨ᠎ᠤ ᠲᠥᠷᠥᠯ 5562 ᠪᠠᠢᠵᠤ᠂ ᠲᠠᠸᠠᠷ᠎ᠤᠨ ᠲᠥᠷᠥᠯ᠎ᠤᠨ ᠵᠠᠭᠠᠯᠳᠤᠯᠭ᠎ᠠ᠎ᠶ᠋ᠢᠨ ᠶᠡᠷᠦᠩᠬᠡᠶ ᠬᠡᠮᠵᠢᠶᠡᠨ᠎ᠤ 52.42%᠎ᠢ ᠡᠵᠡᠯᠡᠪᠡ᠃  ᠡᠢᠮᠣᠷᠭᠦᠦ ᠵᠠᠭᠠᠯᠳᠤᠯᠭ᠎ᠠ ᠳᠤᠮᠳᠠ ᠂ ᠵᠠᠭᠠᠯᠳᠤᠯᠭ᠎ᠠ ᠨᠡᠯᠢᠶᠡᠳ ᠠᠷᠪᠢᠨ ᠪᠠᠢᠭ᠎ᠠ ᠲᠠᠸᠠᠷ ᠪᠣᠯ ᠡᠩ᠎ᠦᠨ ᠢᠳᠡᠭᠡᠨ᠎ᠦ ᠵᠦᠢᠯ 4108᠂ ᠢᠳᠡᠭᠡᠨ᠎ᠳᠦ ᠬᠡᠷᠡᠭ᠌ᠯᠡᠬᠦ᠌ ᠲᠠᠷᠢᠶᠠᠯᠠᠩ᠎ᠤᠨ ᠣᠢᠯᠡᠳᠭᠦᠨ 814 ᠂ ᠠᠷᠢᠬᠢ  ᠪᠠ ᠤᠮᠳᠠᠭᠠᠨ 453᠂ ᠨᠢᠯᠬ᠎ᠠ ᠬᠡᠦᠬᠡᠳ᠎ᠦᠨ ᠨᠠᠢᠷᠠᠯᠭ᠎ᠠ᠎ᠲᠠᠢ ᠰᠦᠨ ᠲᠠᠯᠬ᠎ᠠ 94 ᠂ ᠢᠳᠡᠭᠡᠨ᠎ᠳᠦ ᠬᠠᠮᠢᠶ᠎ᠠ ᠪᠦᠬᠦᠢ ᠦᠢᠯᠡᠳᠬᠦᠨ 48᠂ ᠡᠷᠡᠭᠦᠯᠵᠢᠯ᠎ᠦᠨ ᠢᠳᠡᠭᠡᠨ᠎ᠦ ᠵᠦᠢᠯ 43 ᠂ ᠠᠨᠠᠭᠠᠬᠤ ᠤᠬᠠᠭᠠᠨ᠎ᠤ ᠣᠨᠴᠠᠭᠠᠢ ᠬᠡᠷᠡᠭ᠌ᠴᠡᠭᠡᠲᠦ ᠨᠠᠢᠷᠠᠯᠭ᠎ᠠ᠎ᠲᠠᠢ ᠢᠳᠡᠭᠡᠨ 2 ᠪᠣᠯᠤᠨ᠎ᠠ᠃

ᠵᠠᠭᠠᠯᠳᠤᠯᠭ᠎ᠠ᠎ᠶᠢᠨ ᠬᠡᠮᠵᠢᠶ᠎ᠡ ᠬᠣᠶᠠᠳᠤᠭᠠᠷ ᠎ᠲᠤ ᠵᠢᠭ᠍ᠰᠠᠭᠠᠭ᠍ᠳᠠᠭ᠍ᠰᠠᠨ ᠬᠤᠪᠴᠠᠰᠤ ᠬᠤᠨᠠᠷ ᠱᠠᠬᠠᠢ ᠮᠠᠯᠠᠭᠠᠢ᠎ᠶᠢᠨ ᠲᠥᠷᠥᠯ 875 ᠪᠠᠢᠵᠤ ᠂ ᠲᠠᠸᠠᠷ᠎ᠤ᠋ᠨ ᠵᠠᠭᠠᠯᠳᠤᠯᠭ᠎ᠠ᠎ᠶᠢᠨ ᠶᠡᠷᠦᠩᠬᠡᠢ ᠬᠡᠮᠵᠢᠶᠡᠨ᠎ᠦ᠌ 8.25%᠎ᠶᠢ ᠡᠵᠡᠯᠡᠪᠡ ᠃ ᠡᠢᠮᠦᠷᠬᠦᠦ ᠵᠠᠭᠠᠯᠳᠤᠯᠭ᠎ᠠ ᠳᠤᠮᠳᠠ᠂ ᠵᠠᠭᠠᠯᠲᠤᠯᠭ᠎ᠠ ᠨᠡᠯᠢᠶᠡᠳ ᠠᠷᠪᠢᠨ ᠲᠠᠸᠠᠷ ᠪᠣᠯ ᠱᠠᠬᠠᠢ 300᠂ ᠭᠠᠳᠠᠷ ᠬᠤᠪᠴᠠᠰᠤ 230᠂ ᠦᠮᠦᠳᠦ 113᠂ ᠨᠣᠣᠰᠣᠨ ᠴᠠᠮᠴᠠ 32᠂ T ᠬᠡᠯᠪᠡᠷᠢ ᠶ᠋ᠢᠨ ᠬᠣᠪᠴᠠᠰᠣ 31᠂ ᠳᠣᠲᠣᠷ ᠬᠤᠪᠴᠠᠰᠤ 28᠂ ᠳᠣᠲᠣᠷ ᠴᠠᠮᠴᠠ 22᠂ ᠬᠥᠳᠡᠯᠭᠡᠭᠡᠨ᠎ᠤ ᠬᠤᠪᠴᠠᠰᠤ 20᠂  ᠪᠠᠩᠵᠠᠯ 20᠂ ᠪᠤᠰᠤᠳ ᠵᠠᠭᠠᠯᠳᠤᠯᠭ᠎ᠠ 79 ᠪᠣᠯᠣᠨ᠎ᠠ᠃

ᠵᠠᠭᠠᠯᠳᠣᠯᠭ᠎ᠠ ᠎ᠶ᠋ᠢᠨ ᠬᠡᠮᠵᠢᠶ᠎ᠡ ᠭᠤᠷᠪᠠᠳᠤᠭᠠᠷ᠎ᠲᠤ ᠵᠢᠭ᠍ᠰᠠᠭᠠᠭ᠍ᠳᠠᠭ᠍ᠰᠠᠨ ᠵᠠᠮ ᠬᠠᠷᠢᠯᠴᠠᠭᠠᠨ᠎ᠤ ᠪᠠᠭᠠᠵᠢ ᠬᠡᠷᠡᠭ᠌ᠰᠡᠯ᠎ᠤᠨ ᠲᠥᠷᠥᠯ 751 ᠪᠠᠢᠵᠤ᠂ ᠲᠠᠸᠠᠷ᠎ᠤᠨ ᠲᠥᠷᠥᠯ᠎ᠤᠨ ᠵᠠᠭᠠᠯᠳᠤᠯᠭ᠎ᠠ᠎ᠶ᠋ᠢᠨ ᠶᠡᠷᠦᠩᠬᠡᠶ ᠬᠡᠮᠵᠢᠶᠡᠨ᠎ᠤ 7.08%᠎ᠶ᠋ᠢ ᠡᠵᠡᠯᠡᠪᠡ᠃ ᠡᠢᠮᠦᠷᠬᠦᠦ ᠵᠠᠭᠠᠯᠳᠤᠯᠭ᠎ᠠ ᠳᠤᠮᠳᠠ ᠂ ᠮᠠᠱᠢᠨ ᠲᠡᠷᠭᠡ ᠪᠠ ᠮᠠᠱᠢᠨ ᠲᠡᠷᠭᠡᠨ᠎ᠤ ᠰᠡᠯᠪᠢᠭ ᠲᠣᠨᠤᠭ 574᠂ ᠳᠤᠭᠤᠢ ᠲᠡᠷᠭᠡ ᠪᠠ ᠰᠡᠯᠪᠢᠭ ᠲᠣᠨᠤᠭ 109᠂ ᠮᠣᠲ᠋ᠣᠷ ᠲᠡᠷᠭᠡ ᠪᠠ ᠲᠤᠰᠠᠯᠠᠬᠤ ᠲᠡᠷᠭᠡ 68 ᠪᠣᠯᠣᠨ᠎ᠠ᠃

ᠵᠠᠭᠠᠯᠳᠤᠯᠭ᠎ᠠ᠎ᠶ᠋ᠢᠨ ᠬᠡᠮᠵᠢᠶ᠎ᠡ᠎ᠳᠥᠷᠪᠡᠳᠦᠭᠡᠷ᠎ᠲᠤ ᠵᠢᠭ᠍ᠰᠠᠭᠠᠭ᠍ᠳᠠᠭ᠍ᠰᠠᠨ ᠭᠡᠷ᠎ᠤᠨ ᠬᠡᠷᠡᠭ᠌ᠰᠡᠯ᠎ᠤᠨ ᠲᠥᠷᠥᠯ ᠵᠦᠢᠯ 460 ᠪᠠᠢᠵᠤ᠂ ᠲᠠᠸᠠᠷ᠎ᠤᠨ ᠲᠥᠷᠥᠯ᠎ᠤᠨ ᠵᠠᠭᠠᠯᠳᠤᠯᠭ᠎ᠠ᠎ᠶ᠋ᠢᠨ ᠶᠡᠷᠦᠩᠬᠡᠢ ᠬᠡᠮᠵᠢᠶᠡᠨ᠎ᠤ 4.34%᠎ᠶ᠋ᠢ ᠡᠵᠡᠯᠡᠪᠡ᠃ ᠲᠣᠰ ᠲᠥᠷᠥᠯ᠎ᠤᠨ ᠵᠠᠭᠠᠯᠳᠤᠯᠭ᠎ᠠ᠎ᠶ᠋ᠢᠨ ᠳᠤᠮᠳᠠ᠂ ᠭᠡᠷ᠎ᠤᠨ ᠬᠡᠷᠡᠭ᠌ᠰᠡᠯ 210᠂ ᠡᠳᠦᠷ ᠲᠤᠲᠤᠮ᠎ᠤᠨ ᠬᠡᠷᠡᠭ᠌ᠯᠡᠭᠡᠨ᠎ᠤ ᠵᠦᠢᠯ 52᠂ ᠣᠷᠣ ᠳᠡᠭᠡᠷᠡᠬᠢ ᠬᠡᠷᠡᠭ᠌ᠯᠡᠭᠡᠨ᠎ᠤ ᠵᠦᠢᠯ 46᠂ ᠲᠣᠭᠤᠭᠠᠨ ᠭᠡᠷ᠎ᠤᠨ ᠬᠡᠷᠡᠭ᠌ᠰᠡᠯ 44᠂ ᠨᠢᠳᠦᠨ ᠱᠢᠯ 42᠂ ᠴᠠᠭ 23᠂ ᠠᠷᠢᠭᠤᠨ ᠴᠡᠪᠡᠷ᠎ᠤᠨ ᠬᠡᠷᠡᠭ᠌ᠰᠡᠯ 22᠂ ᠬᠠᠢᠷᠴᠠᠭ ᠪᠣᠭ᠍ᠴᠣ 20᠂ ᠨᠡᠬᠡᠮᠡᠯ ᠡᠳ᠋ 1 ᠪᠣᠯᠣᠨ᠎ᠠ᠃

ᠵᠠᠭᠠᠯᠳᠣᠯᠭ᠎ᠠ ᠶ᠋ᠢᠨ ᠬᠡᠮᠵᠢᠶ᠎ᠡ ᠲᠠᠪᠤᠳᠤᠭᠠᠷ᠎ᠲᠤ ᠵᠢᠭ᠍ᠰᠠᠭᠠᠭ᠍ᠳᠠᠭ᠍ᠰᠠᠨ ᠴᠢᠮᠡᠭ᠌ᠯᠡᠯ᠎ᠤᠨ ᠲᠥᠷᠥᠯ 361 ᠪᠠᠢᠵᠤ᠂ ᠲᠠᠸᠠᠷ᠎ᠤᠨ ᠲᠥᠷᠥᠯ᠎ᠤᠨ ᠵᠠᠭᠠᠯᠳᠤᠯᠭ᠎ᠠ᠎ᠶ᠋ᠢᠨ ᠶᠡᠷᠦᠩᠬᠡᠶ ᠬᠡᠮᠵᠢᠶᠡᠨ᠎ᠤ 3.40%᠎ᠶ᠋ᠢ ᠡᠵᠡᠯᠡᠪᠡ᠃ ᠡᠢᠮᠦᠷᠬᠦᠦ ᠲᠥᠷᠥᠯ᠎ᠤᠨ ᠵᠠᠭᠠᠯᠳᠤᠯᠭ᠎ᠠ ᠳᠤᠮᠳᠠ᠂ ᠱᠢᠵᠢᠷ ᠠᠯᠲᠠᠨ᠎ᠤ ᠵᠠᠰᠠᠯ ᠴᠢᠮᠡᠭ᠎ᠨᠢ 230᠂ ᠪᠠᠢᠭᠠᠯᠢ᠎ᠶ᠋ᠢᠨ ᠬᠠᠰ ᠴᠢᠯᠠᠭᠤ 40᠂ ᠴᠠᠭᠠᠨ ᠮᠥᠩᠭᠦᠨ ᠵᠠᠰᠠᠯ ᠴᠢᠮᠡᠭ 38᠂ ᠴᠠᠭᠠᠨ ᠠᠯᠳᠠᠨ ᠵᠠᠰᠠᠯ ᠴᠢᠮᠡᠭ 14 ᠂ ᠬᠠᠢᠯᠤᠰᠢ᠎ᠶ᠋ᠢᠨ ᠵᠠᠰᠠᠯ ᠴᠢᠮᠡᠭ 11᠂ ᠪᠤᠰᠤᠳ ᠵᠠᠰᠠᠯ ᠴᠢᠮᠡᠭ 28 ᠪᠣᠯᠣᠨ᠎ᠠ᠃

ᠲᠠᠸᠠᠷ᠎ᠤᠨ ᠵᠠᠭᠠᠯᠳᠤᠯᠭ᠎ᠠ᠎ᠶ᠋ᠢᠨ ᠬᠠᠯᠠᠮᠱᠢᠯ ᠴᠡᠭ᠎ᠦᠨ ᠡᠮᠤᠨ᠎ᠡ ᠠᠷᠪᠠᠨ ᠨᠡᠷᠡᠰ᠎ᠲᠤ ᠵᠢᠭ᠍ᠰᠠᠭᠠᠭ᠍ᠳᠠᠭ᠍ᠰᠠᠨ ᠡᠩ᠎ᠤᠨ ᠰᠠᠭᠤᠳᠠᠯ᠎ᠤᠨ ᠮᠠᠱᠢᠨ ᠲᠡᠷᠭᠡ 437᠂ ᠠᠮᠤ ᠭᠤᠯᠢᠷ ᠵᠢᠴᠢ ᠲᠡᠭᠦᠨ᠎ᠤ ᠦᠢᠯᠡᠳᠬᠦᠨ ( ᠥᠪᠡᠷᠲᠡᠭᠡᠨ  ᠣᠢᠯᠡᠳᠣᠭ᠌ᠰᠡᠨ ) 326᠂ ᠭᠠᠷ ᠤᠲᠠᠰᠤ 282᠂ ᠦᠬᠡᠷ᠎ᠤᠨ ᠮᠢᠬ᠎ᠠ 227᠂ ᠮᠢᠬᠠᠨ᠎ᠤ ᠵᠦᠢᠯ ( ᠥᠪᠡᠷᠲᠡᠭᠡᠨ ᠣᠢᠯᠡᠳᠣᠭ᠌ᠰᠡᠨ )184᠂ ᠱᠢᠵᠢᠷ ᠠᠯᠲᠠᠨ ᠡᠯᠭᠦᠬᠦ᠌ ᠵᠠᠰᠠᠯ ᠴᠢᠮᠡᠭ 162᠂ ᠬᠠᠲᠠᠭᠠᠭ᠍ᠰᠠᠨ ᠮᠢᠬᠠᠨ ᠵᠦᠢᠯ 155᠂ ᠤᠨᠴᠠᠭᠠᠢ ᠪᠤᠰᠤ ᠬᠡᠷᠡᠭ᠌ᠴᠡᠭᠡᠨ᠎ᠤ ᠵᠠᠰᠠᠯ ᠴᠢᠮᠡᠭ᠌ᠯᠡᠯ᠎ᠤᠨ ᠡᠳ᠋ 151᠂ ᠶᠧᠪᠡᠩ 135᠂ ᠲᠠᠮᠢᠷ᠎ᠤᠨ ᠱᠠᠬᠠᠶ 122 ( ᠭᠥᠯᠢᠶᠡᠨ ᠠᠪᠬᠤ ᠬᠡᠮᠵᠢᠶᠡᠨ᠎ᠳᠠᠬᠢ ᠪᠤᠢ ᠪᠦᠬᠦᠢ 《ᠪᠤᠰᠤᠳ》᠎ᠢ ᠨᠡᠷᠡᠰ᠎ᠤᠨ ᠵᠢᠭ᠍ᠰᠠᠭᠠᠯᠲᠠ᠎ᠳᠤ ᠣᠷᠣᠭᠤᠯᠬᠤ ᠦᠭᠡᠢ)᠂ ᠬᠤᠳᠠᠯᠳᠤᠭᠠᠨ᠎ᠤ ᠲᠦᠷᠦᠯ᠎ᠤᠨ ᠵᠠᠭᠠᠯᠳᠤᠯᠭ᠎ᠠ᠎ᠶ᠋ᠢᠨ ᠶᠡᠷᠦᠩᠬᠡᠶ ᠬᠡᠮᠵᠢᠶᠡᠨ᠎ᠤ 20.55%᠎ᠶ᠋ᠢ ᠡᠵᠡᠯᠡᠪᠡ᠃

( ᠬᠤᠶᠠᠷ ) ᠦᠢᠯᠡᠴᠢᠯᠡᠭᠡᠨ᠎ᠤ ᠲᠦᠷᠦᠯ᠎ᠳᠤ ᠬᠤᠯᠪᠤᠭ᠍ᠳᠠᠬᠤ

 

 

ᠦᠢᠯᠡᠴᠢᠯᠡᠭᠡᠨ᠎ᠦ ᠲᠥᠷᠥᠯ᠎ᠦᠨ ᠵᠠᠭᠠᠯᠳᠤᠯᠭ᠎ᠠ ᠠᠳᠠᠯᠢ ᠬᠤᠭᠤᠴᠠᠭᠠᠨ᠎ᠠᠴᠠ 54.85% ᠎ᠪᠠᠷ ᠨᠡᠮᠡᠭ᠌ᠳᠡᠪᠡ᠃ ᠵᠠᠭᠠᠯᠳᠤᠯᠭ᠎ᠠ᠎ᠶ᠋ᠢᠨ ᠬᠡᠮᠵᠢᠶ᠎ᠡ ᠡᠮᠦᠨ᠎ᠡ ᠲᠠᠪᠤ ᠎ᠳᠤ ᠵᠢᠭ᠍ᠰᠠᠭᠠᠬ᠍ᠰᠠᠨ ᠦᠢᠯᠡᠴᠢᠯᠡᠭᠡᠨ᠎ᠤ ᠶᠡᠭᠡ ᠲᠦᠷᠦᠯ᠎ᠨᠢ ᠲᠡᠰ ᠳᠠᠷᠠᠭᠠᠯᠠᠨ ᠢᠳᠡᠭᠡᠨ ᠤᠮᠳᠠᠭᠠᠨ ᠪᠠ ᠬᠣᠨᠣᠬᠣ ᠦᠢᠯᠡᠴᠢᠯᠡᠭᠡ᠂ ᠪᠣᠷᠣᠯᠠᠭᠤᠯᠬᠤ ᠦᠢᠯᠡᠴᠢᠯᠡᠭᠡ᠂ ᠵᠢᠰᠦ ᠭᠤᠶᠣᠯᠠᠵᠤ ᠦᠰᠦ ᠭᠤᠶᠣᠯᠠᠬᠤ ᠤᠬᠢᠶᠠᠯᠭ᠎ᠠ ᠬᠢᠬᠦ᠌ ᠣᠢᠯᠡᠴᠢᠯᠡᠭᠡ᠂ ᠰᠣᠶᠣᠯ ᠵᠤᠭ᠎ᠠ ᠴᠡᠩᠭᠡᠯ ᠪᠡᠶ᠎ᠡ᠎ᠶ᠋ᠢᠨ ᠲᠠᠮᠢᠷ᠎ᠤᠨ ᠦᠢᠯᠡᠴᠢᠯᠡᠭᠡ᠂ ᠦᠢᠯᠡᠳᠴᠦ᠍ ᠠᠷᠠᠴᠢᠯᠠᠬᠤ ᠪᠠ ᠰᠡᠯᠪᠢᠨ ᠵᠠᠰᠠᠬᠤ ᠦᠢᠯᠡᠴᠢᠯᠡᠭᠡ ᠵᠡᠷᠭᠡ᠎ᠶ᠋ᠢ ᠪᠠᠭ᠍ᠲᠠᠭᠠᠵᠠᠢ᠃

ᠵᠠᠭᠠᠯᠳᠣᠯᠭ᠎ᠠ ᠎ᠶ᠋ᠢᠨ ᠬᠡᠮᠵᠢᠶ᠎ᠡ ᠡᠮᠦᠨ᠎ᠡ ᠲᠠᠪᠤᠨ᠎ᠨᠡᠷᠡᠰ᠎ᠲᠤ ᠵᠢᠭ᠍ᠰᠠᠭᠠᠭ᠍ᠳᠠᠭ᠍ᠰᠠᠨ ᠶᠡᠭᠡ ᠲᠥᠷᠥᠯ᠎ᠤᠨ ᠦᠢᠯᠡᠴᠢᠯᠡᠭᠡᠨ᠎ᠤ ᠶᠡᠭᠡ ᠲᠥᠷᠥᠯ᠎ᠳᠠᠬᠢ ᠦᠢᠯᠡᠴᠢᠯᠡᠭᠡᠨ᠎ᠤ ᠵᠠᠭᠠᠯᠳᠤᠯᠭ᠎ᠠ᠎ᠶ᠋ᠢᠨ ᠶᠡᠷᠦᠩᠬᠡᠶ ᠬᠡᠮᠵᠢᠶᠡᠨ᠎ᠤ ᠬᠠᠷᠢᠴᠠᠯ᠎ᠤᠨ ᠱᠠᠯᠪᠢᠩ ᠵᠢᠷᠤᠭ᠄

 

 

ᠵᠠᠭᠠᠯᠳᠣᠯᠭ᠎ᠠ ᠎ᠶ᠋ᠢᠨ ᠬᠡᠮᠵᠢᠶ᠎ᠡ ᠨᠢᠭᠡᠳᠦᠭᠡᠷ᠎ᠲᠤ ᠵᠢᠭ᠍ᠰᠠᠭᠠᠭ᠍ᠳᠠᠭ᠍ᠰᠠᠨ ᠢᠳᠡᠭᠡᠨ ᠤᠮᠳᠠᠭᠠᠨ ᠪᠠ ᠬᠣᠨᠣᠬᠣ ᠦᠢᠯᠡᠴᠢᠯᠡᠭᠡ 2559 ᠪᠠᠢᠵᠤ᠂ ᠦᠢᠯᠡᠴᠢᠯᠡᠭᠡᠨ᠎ᠤ ᠲᠦᠷᠦᠯ᠎ᠤᠨ ᠵᠠᠭᠠᠯᠳᠤᠯᠭ᠎ᠠ᠎ᠶ᠋ᠢᠨ ᠶᠡᠷᠦᠩᠬᠡᠢ ᠬᠡᠮᠵᠢᠶᠡᠨ᠎ᠤ 30.07% ᠎ᠶ᠋ᠢ ᠡᠵᠡᠯᠡᠪᠡ᠃ ᠡᠢᠮᠦᠷᠬᠦᠦ ᠵᠠᠭᠠᠯᠳᠤᠯᠭ᠎ᠠ ᠳᠤᠮᠳᠠ᠂ ᠢᠳᠡᠭᠡᠨ ᠤᠮᠳᠠᠭᠠᠨ᠎ᠤ ᠦᠢᠯᠡᠴᠢᠯᠡᠭᠡ 1737᠂ ᠬᠣᠨᠣᠬᠣ ᠦᠢᠯᠡᠴᠢᠯᠡᠭᠡ 822 ᠪᠣᠯᠣᠨ᠎ᠠ᠃

ᠵᠠᠭᠠᠯᠳᠤᠯᠭ᠎ᠠ᠎ᠶ᠋ᠢᠨ ᠬᠡᠮᠵᠢᠶ᠎ᠡ ᠬᠣᠶᠠᠳᠤᠭᠠᠷ᠎ᠲᠤ ᠵᠢᠭ᠍ᠰᠠᠭᠠᠭ᠍ᠳᠠᠭ᠍ᠰᠠᠨ ᠪᠣᠷᠣᠯᠠᠭᠤᠯᠤᠯᠲᠠ᠎ᠶ᠋ᠢᠨ ᠣᠢᠯᠡᠴᠢᠯᠡᠭᠡ 1996 ᠪᠠᠢᠵᠦ᠍᠂ ᠦᠢᠯᠡᠴᠢᠯᠡᠭᠡᠨ᠎ᠦ ᠲᠥᠷᠥᠯ᠎ᠦᠨ ᠵᠠᠭᠠᠯᠳᠤᠯᠭ᠎ᠠ᠎ᠶ᠋ᠢᠨ ᠶᠡᠷᠦᠩᠬᠡᠢ ᠬᠡᠮᠵᠢᠶᠡᠨ᠎ᠦ 23.46%᠎ᠶ᠋ᠢ ᠡᠵᠡᠯᠡᠪᠡ᠃ ᠡᠢᠮᠦᠷᠬᠦᠦ ᠵᠠᠭᠠᠯᠳᠤᠯᠭ᠎ᠠ᠎ᠶ᠋ᠢᠨ ᠳᠤᠮᠳᠠ᠂ ᠤᠷᠢᠳᠴᠢᠯᠠᠨ ᠥᠭ᠌ᠬᠦ ᠺᠠᠷᠲ᠎ᠤᠨ ᠦᠢᠯᠡᠴᠢᠯᠡᠭᠡ 1068᠂ ᠵᠢᠵᠢᠭ᠌ᠯᠡᠨ ᠬᠤᠳᠠᠯᠳᠤᠬᠤ ᠦᠢᠯᠡᠴᠢᠯᠡᠭᠡ 351᠂ ᠢᠨᠲ᠋ᠧᠷ ᠰᠦᠯᠵᠢᠶᠡᠨ᠎ᠤ ᠱᠢᠭᠤᠳ ᠪᠣᠷᠣᠯᠠᠭᠤᠯᠬᠤ ᠦᠢᠯᠡᠴᠢᠯᠡᠭᠡ 254᠂ ᠤᠷᠢᠳᠴᠢᠯᠠᠨ ᠬᠤᠳᠠᠯᠳᠤᠬᠤ ᠦᠢᠯᠡᠴᠢᠯᠡᠭᠡᠨ᠎ᠤ 52᠂ ᠬᠠᠷᠠᠭᠠᠯᠵᠠᠯ᠎ᠤᠨ ᠺᠠᠷᠲ᠎ᠢᠶᠠᠷ ᠪᠣᠷᠣᠯᠠᠭᠤᠯᠬᠤ ᠦᠢᠯᠡᠴᠢᠯᠡᠭᠡᠨ᠎ᠤ 26᠂ ᠵᠠᠬᠢᠶᠠᠯᠠᠭ᠎ᠠ᠎ᠶ᠋ᠢᠨ ᠣᠢᠯᠡᠴᠢᠯᠡᠭᠡ 22᠂ ᠪᠤᠰᠤᠳ ᠪᠣᠷᠣᠯᠠᠭᠤᠯᠭ᠎ᠠ᠎ᠶ᠋ᠢᠨ ᠦᠢᠯᠡᠴᠢᠯᠡᠭᠡ 223 ᠪᠣᠯᠣᠨ᠎ᠠ᠃

ᠵᠠᠭᠠᠯᠳᠣᠯᠭ᠎ᠠ ᠎ᠶ᠋ᠢᠨ ᠬᠡᠮᠵᠢᠶ᠎ᠡ ᠭᠤᠷᠪᠠᠳᠤᠭᠠᠷ᠎ᠲᠤ ᠵᠢᠭ᠍ᠰᠠᠭᠠᠭ᠍ᠳᠠᠭ᠍ᠰᠠᠨ ᠵᠢᠰᠦ ᠭᠤᠶᠣᠯᠠᠵᠤ ᠦᠰᠦ ᠭᠣᠶᠣᠯᠠᠬᠣ ᠤᠬᠢᠶᠠᠯᠭ᠎ᠠ ᠬᠢᠬᠦ᠌ ᠦᠢᠯᠡᠴᠢᠯᠡᠭᠡ 569 ᠪᠠᠢᠵᠤ᠂ ᠦᠢᠯᠡᠴᠢᠯᠡᠭᠡᠨ᠎ᠤ ᠲᠦᠷᠦᠯ᠎ᠤᠨ ᠵᠠᠭᠠᠯᠳᠤᠯᠭ᠎ᠠ᠎ᠶ᠋ᠢᠨ ᠶᠡᠷᠦᠩᠬᠡᠶ ᠬᠡᠮᠵᠢᠶᠡᠨ᠎ᠤ 6.69%᠎ᠶ᠋ᠢ ᠡᠵᠡᠯᠡᠪᠡ᠃ ᠡᠢᠮᠦᠷᠬᠦᠦ ᠵᠠᠭᠠᠯᠳᠤᠯᠭ᠎ᠠ ᠳᠤᠮᠳᠠ᠂ ᠵᠢᠰᠦ ᠭᠤᠶᠣᠯᠠᠵᠤ ᠦᠰᠦ ᠭᠣᠶᠣᠯᠠᠬᠣ ᠦᠢᠯᠡᠴᠢᠯᠡᠭᠡ 355᠂ ᠪᠡᠶ᠎ᠡ ᠤᠬᠢᠶᠠᠬᠤ ᠢᠯᠢᠬᠦ᠌ ᠵᠠᠰᠠᠯᠭ᠎ᠠ᠎ᠶ᠋ᠢᠨ ᠦᠢᠯᠡᠴᠢᠯᠡᠭᠡ 214 ᠪᠣᠯᠣᠨ᠎ᠠ᠃

ᠵᠠᠭᠠᠯᠳᠤᠯᠭ᠎ᠠ᠎ᠶ᠋ᠢᠨ ᠬᠡᠮᠵᠢᠶ᠎ᠡ ᠳᠥᠷᠪᠡᠳᠦᠭᠡᠷ᠎ᠲᠤ ᠵᠢᠭ᠍ᠰᠠᠭᠠᠭ᠍ᠳᠠᠭ᠍ᠰᠠᠨ ᠰᠣᠶᠣᠯ ᠵᠤᠭ᠎ᠠ ᠴᠡᠩᠭᠡᠯ ᠪᠡᠶ᠎ᠡ᠎ᠶ᠋ᠢᠨ ᠲᠠᠮᠢᠷ᠎ᠤᠨ ᠦᠢᠯᠡᠴᠢᠯᠡᠭᠡ 468 ᠪᠠᠢᠵᠤ᠂ ᠦᠢᠯᠡᠴᠢᠯᠡᠭᠡᠨ᠎ᠤ ᠲᠦᠷᠦᠯ᠎ᠤᠨ ᠵᠠᠭᠠᠯᠳᠤᠯᠭ᠎ᠠ᠎ᠶ᠋ᠢᠨ ᠶᠡᠷᠦᠩᠬᠡᠢ ᠬᠡᠮᠵᠢᠶᠡᠨ᠎ᠤ 5.50%᠎ᠶ᠋ᠢ ᠡᠵᠡᠯᠡᠪᠡ᠃ ᠡᠢᠮᠦᠷᠬᠦᠦ ᠵᠠᠭᠠᠯᠳᠤᠯᠭ᠎ᠠ᠎ᠶ᠋ᠢᠨ ᠳᠤᠮᠳᠠ᠂ ᠪᠡᠶ᠎ᠡ ᠴᠢᠭᠢᠷᠠᠭ᠍ᠵᠢᠭᠤᠯᠬᠤ ᠦᠢᠯᠡᠴᠢᠯᠡᠭᠡ 214᠂ ᠲᠣᠭᠤᠷᠢᠨ ᠦᠵᠡᠬᠦ᠌ ᠵᠤᠭ᠎ᠠ ᠴᠡᠩᠭᠡᠯ᠎ᠤᠨ ᠦᠢᠯᠡᠴᠢᠯᠡᠭᠡ 186᠂ ᠺᠢᠨᠣ᠋ ᠭᠠᠷᠭᠠᠬᠤ ᠦᠢᠯᠡᠴᠢᠯᠡᠭᠡ 40᠂ ᠲᠣᠭ᠍ᠯᠠᠯᠲᠠ ᠭᠠᠷᠭᠠᠬᠤ ᠤᠷᠠᠯᠢᠭ᠎ᠤᠨ ᠦᠢᠯᠡᠴᠢᠯᠡᠭᠡ 21᠂ ᠨᠣᠮ᠎ᠤᠨ ᠰᠠᠩ᠎ᠤᠨ ᠲᠠᠩᠰᠠ ᠡᠪᠬᠡᠮᠡᠯ᠎ᠤᠨ ᠣᠷᠳᠣᠨ᠎ᠤ ᠦᠢᠯᠡᠴᠢᠯᠡᠭᠡ 6᠂ ᠬᠣᠨᠵᠢᠪᠣᠷᠢᠲᠣ ᠰᠣᠭᠣᠯᠣᠭ᠎ᠠ ᠮᠦᠷᠦᠢᠴᠡᠬᠦ᠌ ᠦᠢᠯᠡᠴᠢᠯᠡᠭᠡ 1 ᠪᠣᠯᠣᠨ᠎ᠠ᠃

ᠵᠠᠭᠠᠯᠳᠣᠯᠭ᠎ᠠ ᠎ᠶ᠋ᠢᠨ ᠬᠡᠮᠵᠢᠶ᠎ᠡ ᠲᠠᠪᠤᠳᠤᠭᠠᠷ ᠎ᠲᠤ  ᠵᠢᠭ᠍ᠰᠠᠭᠠᠭ᠍ᠳᠠᠭ᠍ᠰᠠᠨ ᠠᠷᠠᠴᠢᠯᠠᠨ ᠬᠠᠮᠠᠭᠠᠯᠠᠬᠤ ᠪᠠ ᠰᠡᠯᠪᠢᠨ ᠵᠠᠰᠠᠬᠤ ᠦᠢᠯᠡᠴᠢᠯᠡᠭᠡ 416 ᠪᠠᠢᠵᠤ᠂ ᠦᠢᠯᠡᠴᠢᠯᠡᠭᠡᠨ᠎ᠤ ᠲᠥᠷᠥᠯ᠎ᠤᠨ ᠵᠠᠭᠠᠯᠳᠤᠯᠭ᠎ᠠ᠎ᠶ᠋ᠢᠨ ᠶᠡᠷᠦᠩᠬᠡᠶ ᠬᠡᠮᠵᠢᠶᠡᠨ᠎ᠤ 4.89%᠎ᠶ᠋ᠢ ᠡᠵᠡᠯᠡᠪᠡ᠃ ᠡᠢᠮᠦᠷᠬᠦᠦ ᠵᠠᠭᠠᠯᠳᠤᠯᠭ᠎ᠠ᠎ᠶ᠋ᠢᠨ ᠳᠤᠮᠳᠠ᠂ ᠴᠠᠬᠢᠯᠭᠠᠨ ᠬᠡᠷᠡᠭ᠌ᠰᠡᠯ᠎ᠢ ᠰᠡᠯᠪᠢᠨ ᠵᠠᠰᠠᠬᠤ ᠦᠢᠯᠡᠴᠢᠯᠡᠭᠡ 138᠂ ᠮᠠᠱᠢᠨᠲᠤ ᠲᠡᠷᠭᠡ ᠮᠣᠲ᠋ᠣᠷ ᠲᠡᠷᠭᠡ᠎ᠶ᠋ᠢ ᠠᠷᠠᠴᠢᠯᠠᠨ ᠬᠠᠮᠠᠭᠠᠯᠠᠵᠤ ᠰᠡᠯᠪᠢᠨ ᠵᠠᠰᠠᠬᠤ ᠦᠢᠯᠡᠴᠢᠯᠡᠭᠡ 135᠂ ᠦᠢᠯᠡᠳᠦᠭ᠌ᠰᠡᠨ ᠦᠢᠯᠡᠴᠢᠯᠡᠭᠡ 78᠂ ᠮᠠᠱᠢᠨᠲᠤ ᠪᠤᠰᠤ ᠲᠡᠷᠭᠡ᠎ᠶ᠋ᠢ ᠠᠷᠠᠴᠢᠯᠠᠨ ᠬᠠᠮᠠᠭᠠᠯᠠᠵᠤ ᠰᠡᠯᠪᠢᠨ ᠵᠠᠰᠠᠬᠤ ᠦᠢᠯᠡᠴᠢᠯᠡᠭᠡ 29᠂ ᠪᠤᠰᠤᠳ ᠦᠢᠯᠡᠴᠢᠯᠡᠭᠡ 36 ᠪᠣᠯᠣᠨ᠎ᠠ᠃

ᠦᠢᠯᠡᠴᠢᠯᠡᠭᠡᠨ᠎ᠤ ᠵᠠᠭᠠᠯᠳᠤᠯᠭ᠎ᠠ᠎ᠶ᠋ᠢᠨ ᠬᠠᠯᠠᠮᠱᠢᠯ᠎ᠤᠨ ᠡᠮᠦᠨ᠎ᠡ ᠠᠷᠪᠠᠨ ᠨᠡᠷᠡᠰ᠎ᠲᠤ ᠵᠢᠭ᠍ᠰᠠᠭᠠᠭ᠍ᠳᠠᠭ᠍ᠰᠠᠨ ᠤᠷᠢᠳᠴᠢᠯᠠᠨ ᠥᠭ᠌ᠬᠦ ᠺᠠᠷᠲ᠎ᠤᠨ ᠦᠢᠯᠡᠴᠢᠯᠡᠭᠡ 1068᠂ ᠬᠤᠭᠤᠯᠠᠨ ᠭᠡᠷ᠎ᠤᠨ ᠦᠢᠯᠡᠴᠢᠯᠡᠭᠡ 844᠂ ᠪᠠᠭᠤᠳᠠᠯ᠎ᠳᠦ ᠬᠣᠨᠣᠬᠣ ᠣᠢᠯᠡᠴᠢᠯᠡᠭᠡ 724᠂ ᠵᠢᠵᠢᠭ᠌ᠯᠡᠨ ᠬᠤᠳᠠᠯᠳᠤᠬᠤ ᠦᠢᠯᠡᠴᠢᠯᠡᠭᠡ 351᠂ ᠢᠨᠲ᠋ᠧᠷ ᠰᠦᠯᠵᠢᠶᠡᠨ᠎ᠤ ᠱᠢᠭᠤᠳ ᠪᠣᠷᠣᠯᠠᠭᠤᠯᠬᠤ ᠦᠢᠯᠡᠴᠢᠯᠡᠭᠡ 255᠂ ᠵᠢᠵᠢᠭ ᠢᠳᠡᠭᠡᠨ᠎ᠤ ᠳᠡᠯᠭᠡᠭᠦᠷ᠎ᠤᠨ ᠦᠢᠯᠡᠴᠢᠯᠡᠭᠡ 224᠂ ᠦᠪᠡᠷ ᠎ᠢᠶᠡᠨ ᠣᠢᠯᠡᠴᠢᠯᠡᠳᠡᠭ ᠬᠣᠭᠣᠯᠠ᠎ᠶ᠋ᠢᠨ ᠦᠢᠯᠡᠴᠢᠯᠡᠭᠡ 138᠂ ᠳᠦᠭᠦᠮ ᠬᠤᠭᠤᠯᠠᠨ ᠭᠡᠷ᠎ᠤᠨ ᠦᠢᠯᠡᠴᠢᠯᠡᠭᠡ 112᠂ ᠮᠠᠱᠢᠨ ᠲᠡᠷᠭᠡ ᠰᠡᠯᠪᠢᠨ ᠵᠠᠰᠠᠬᠤ ᠦᠢᠯᠡᠴᠢᠯᠡᠭᠡ 112᠂ ᠬᠠᠭᠤᠷᠠᠶ᠎ᠪᠠᠷ ᠤᠬᠢᠶᠠᠬᠤ ᠦᠢᠯᠡᠴᠢᠯᠡᠭᠡ 110 ( ᠭᠥᠯᠢᠶᠡᠨ ᠠᠪᠬᠤ ᠬᠡᠮᠵᠢᠶᠡᠨ᠎ᠳᠠᠬᠢ ᠪᠤᠢ ᠪᠦᠬᠦᠢ 《 ᠪᠤᠰᠤᠳ 》᠎ᠢ ᠨᠡᠷᠡᠰ᠎ᠤᠨ ᠵᠢᠭ᠍ᠰᠠᠭᠠᠯᠲᠠ᠎ᠳᠤ ᠣᠷᠣᠭᠤᠯᠬᠤ ᠦᠭᠡᠢ )᠂ ᠨᠡᠢᠲᠡ ᠦᠢᠯᠡᠴᠢᠯᠡᠭᠡᠨ᠎ᠤ ᠲᠥᠷᠥᠯ᠎ᠤᠨ ᠵᠠᠭᠠᠯᠳᠤᠯᠭ᠎ᠠ᠎ᠶ᠋ᠢᠨ ᠶᠡᠷᠦᠩᠬᠡᠶ ᠬᠡᠮᠵᠢᠶᠡᠨ᠎ᠤ 46.32%᠎ᠢ ᠡᠵᠡᠯᠡᠪᠡ᠃

ᠭᠤᠷᠪᠠ᠂ ᠢᠯᠡᠴᠢᠯᠡᠨ ᠮᠡᠳᠡᠭᠦᠯᠦᠯᠲᠡ᠎ᠶ᠋ᠢᠨ ᠪᠠᠢᠳᠠᠯ᠎ᠤᠨ  ᠳ᠋ᠠᠢᠲ᠋ᠠ᠎ᠶ᠋ᠢᠨ ᠲᠤᠭ᠎ᠠ ᠪᠦᠷᠢᠳᠭᠡᠯ

10  ᠳ᠋ᠤᠭᠠᠷ ᠰᠠᠷ᠎ᠠ᠎ᠳᠤ 3938 ᠢᠯᠡᠴᠢᠯᠡᠨ ᠮᠡᠳᠡᠭᠦᠯᠦᠯᠲᠡ᠎ᠶ᠋ᠢ ᠬᠦᠯᠢᠶᠡᠨ ᠠᠪᠴᠤ᠌᠂ ᠠᠳᠠᠯᠢ ᠬᠤᠭᠤᠴᠠᠭᠠᠨ᠎ᠤ᠎ᠬᠢ᠎ᠠᠴᠠ 28.32%᠎ᠢᠶᠡᠷ ᠨᠡᠮᠡᠭ᠌ᠳᠡᠪᠡ᠃ ᠡᠭᠦᠨ᠎ᠳᠤ᠂ ᠲᠠᠸᠠᠷ᠎ᠤᠨ ᠲᠥᠷᠥᠯ᠎ᠳᠤ ᠬᠤᠯᠪᠣᠭ᠍ᠳᠠᠭ᠍ᠰᠠᠨ 2541 ᠪᠠᠢᠵᠤ᠂ 1397 ᠦᠢᠯᠡᠴᠢᠯᠡᠭᠡᠨ᠎ᠤ ᠲᠥᠷᠥᠯ᠎ᠳᠤ ᠬᠤᠯᠪᠣᠭ᠍ᠳᠠᠵᠤ᠂ 11 ᠳ᠋ᠦ᠍ᠭᠡᠷ ᠰᠠᠷ᠎ᠠ᠎ᠶ᠋ᠢᠨ 6 ᠎ᠤ ᠡᠳᠦᠷ ᠪᠣᠯᠲᠠᠯ᠎ᠠ ᠨᠡᠢᠲᠡ 2916 ᠱᠢᠢᠳᠪᠦᠷᠢᠯᠡᠨ ᠳᠠᠭᠤᠰᠭᠠᠪᠠ᠃

ᠢᠯᠡᠴᠢᠯᠡᠨ ᠮᠡᠳᠡᠭᠦᠯᠦᠯᠲᠡ᠎ᠶ᠋ᠢ ᠬᠦᠯᠢᠶᠡᠨ ᠠᠪᠤᠭ᠍ᠰᠠᠨ ᠬᠡᠮᠵᠢᠶ᠎ᠡ ᠨᠢ ᠡᠮᠦᠨ᠎ᠡ ᠲᠠᠪᠤᠨ᠎ᠨᠡᠷᠡᠰ᠎ᠲᠤ ᠵᠢᠭ᠍ᠰᠠᠭᠠᠭ᠍ᠳᠠᠭ᠍ᠰᠠᠨ ᠲᠠᠸᠠᠷ᠂ ᠦᠢᠯᠡᠴᠢᠯᠡᠭᠡᠨ᠎ᠦ ᠲᠥᠷᠥᠯ ᠬᠤᠪᠢᠶᠠᠭ᠍ᠰᠠᠨ ᠬᠦᠰᠦᠨᠦᠭ᠌ᠲᠦ᠄

 

 

ᠲᠠᠸᠠᠷ᠎ᠤᠨ ᠲᠦᠷᠦᠯ᠎ᠤᠨ ᠢᠯᠡᠴᠢᠯᠡᠨ ᠮᠡᠳᠡᠬᠦᠯᠦᠯᠳᠡ᠎ᠪᠠᠷ ᠬᠠᠮᠤᠭ ᠤᠯᠠᠨ ᠢᠳᠡᠭᠡᠨ᠎ᠤ ᠲᠦᠷᠦᠯ 1761 ᠪᠠᠢᠵᠤ᠂ ᠲᠠᠸᠠᠷ᠎ᠤᠨ ᠲᠦᠷᠦᠯ᠎ᠤᠨ ᠢᠯᠡᠴᠢᠯᠡᠨ ᠮᠡᠳᠡᠬᠦᠯᠦᠯᠳᠡ᠎ᠶ᠋ᠢᠨ ᠶᠡᠷᠦᠩᠬᠡᠢ ᠬᠡᠮᠵᠢᠶᠡᠨ᠎ᠤ 69.30% ᠎ᠶ᠋ᠢ ᠡᠵᠡᠯᠡᠪᠡ᠃ ᠢᠯᠡᠴᠢᠯᠡᠨ ᠮᠡᠳᠡᠭᠦᠯᠦᠯᠲᠡ᠎ᠳᠤ ᠭᠤᠤᠯᠳᠠᠭᠤ ᠡᠩ᠎ᠤᠨ ᠢᠳᠡᠭᠡᠨ᠂ ᠢᠳᠡᠭᠡᠨ᠎ᠤ ᠬᠠᠮᠢᠶ᠎ᠠ ᠪᠥᠬᠦᠶ ᠦᠢᠯᠡᠳᠬᠦᠨ᠂ ᠢᠳᠡᠭᠡᠨ᠎ᠤ ᠲᠠᠷᠢᠶᠠᠯᠠᠩ᠎ᠤᠨ ᠣᠢᠯᠡᠳᠭᠦᠨ ᠵᠡᠷᠭᠡ᠎ᠳᠤ ᠬᠤᠯᠪᠣᠭ᠍ᠳᠠᠵᠤ᠂ ᠢᠯᠵᠢᠷᠡᠵᠦ᠍ ᠴᠢᠨᠠᠷ ᠬᠤᠪᠢᠷᠠᠬᠤ᠂ ᠸᠠᠯᠠᠵᠦ᠍ ᠬᠣᠷᠣᠬᠠᠢᠲᠣᠬᠣ᠂ ᠪᠤᠵᠠᠷ ᠪᠤᠷᠲᠠᠭ ᠴᠡᠪᠡᠷ ᠪᠤᠰᠤ᠂ ᠡᠯᠳᠡᠪ ᠵᠦᠢᠯ᠎ᠤᠨ ᠡᠳ᠋᠎ᠢ ᠬᠤᠯᠢᠵᠤ ᠪᠠᠢᠬᠤ᠂ ᠬᠠᠭᠤᠷᠮᠠᠭ ᠡᠳ᠋ ᠬᠤᠯᠢᠬᠤ ᠪᠤᠶᠤ ᠰᠡᠷᠡᠯ᠎ᠤᠨ ᠡᠷᠭᠡᠳᠡᠨ᠎ᠦ ᠪᠡᠯᠭᠡ ᠲᠡᠮᠲᠡᠭ ᠬᠡᠪ᠎ᠦᠨ ᠪᠣᠰᠦ ᠢᠳᠡᠭᠡᠨ᠎ᠤ ᠵᠦᠢᠯ᠂ ᠦᠨ᠎ᠡ ᠬᠠᠩᠰᠢ᠂ ᠲᠠᠸᠠᠷ᠎ᠤᠨ ᠲᠡᠮᠳᠡᠭ᠂ ᠵᠠᠷ ᠮᠡᠳᠡᠭᠡ᠂ ᠵᠢᠩ ᠳᠤᠲᠠᠭ᠍ᠳᠠᠬᠤ ᠵᠡᠷᠭᠡ ᠠᠰᠠᠭᠤᠳᠠᠯ᠎ᠢᠶᠠᠷ ᠭᠤᠤᠯ ᠪᠣᠯᠭᠠᠪᠠ᠃ ᠪᠤᠰᠤᠳ ᠢᠯᠡᠴᠢᠯᠡᠨ ᠮᠡᠳᠡᠭᠦᠯᠦᠭ᠌ᠰᠡᠨ᠎ᠢᠶᠠᠷ ᠨᠡᠯᠢᠶᠡᠳ ᠤᠯᠠᠨ ᠪᠠᠢᠭ᠎ᠠ ᠲᠠᠸᠠᠷ ᠪᠠᠭ᠍ᠳᠠᠵᠤ ᠹᠢᠽᠢᠺ᠎ᠤᠨ ᠡᠮᠴᠢᠯᠡᠭᠡᠨ᠎ᠤ ᠪᠠᠭᠠᠵᠢ ᠬᠡᠷᠡᠭ᠌ᠰᠡᠯ᠂ ᠡᠳᠦᠷ ᠲᠤᠳᠤᠮ᠎ᠤᠨ ᠬᠡᠷᠡᠭ᠌ᠯᠡᠭᠡᠨ᠎ᠤ ᠵᠦᠢᠯ᠂ ᠮᠠᠱᠢᠨ ᠲᠡᠷᠭᠡ ᠵᠢᠴᠢ ᠮᠠᠱᠢᠨ ᠲᠡᠷᠭᠡᠨ᠎ᠤ ᠰᠡᠯᠪᠢᠭ ᠲᠣᠨᠤᠭ᠂ ᠤᠨᠴᠠᠭᠠᠢ ᠬᠡᠷᠡᠭ᠌ᠴᠡᠭᠡᠨ᠎ᠤ ᠵᠠᠰᠠᠯ ᠴᠢᠮᠡᠭ᠎ᠤᠨ ᠡᠳ᠋᠂ ᠲᠠᠸᠠᠷ᠎ᠤᠨ ᠭᠡᠷ ᠪᠠᠢᠱᠢᠩ᠂ ᠬᠢᠲᠠᠳ ᠪᠡᠯᠡᠨ ᠡᠮ᠂ ᠬᠢᠲᠠᠳ ᠧᠦ᠋ᠷᠣᠫᠠ ᠡᠮ᠎ᠤᠨ ᠵᠦᠢᠯ ᠵᠡᠷᠭᠡ᠎ᠶ᠋ᠢ ᠪᠠᠭ᠍ᠲᠠᠭᠠᠵᠤ᠂ ᠭᠤᠣᠯᠳᠠᠭᠤ ᠶᠠᠰᠤ ᠴᠢᠨᠠᠷ᠂ ᠦᠨ᠎ᠡ ᠬᠠᠩᠰᠢ᠂ ᠦᠨᠡᠮᠯᠡᠯ ᠦᠭᠡᠢ᠎ᠪᠠᠷ ᠡᠵᠡᠩᠨᠡᠬᠦ᠂ 《 ᠭᠤᠷᠪᠠ ᠦᠭᠡᠢ 》᠂ ᠬᠤᠳᠠᠯ ᠬᠠᠭᠤᠷᠮᠠᠭ ᠳᠠᠩᠰᠠᠯᠠᠭᠤᠯᠤᠭ᠍ᠰᠠᠨ ᠲᠠᠸᠠᠷ᠎ᠤᠨ ᠲᠡᠮᠳᠡᠭ᠂ ᠬᠠᠤᠯᠢ᠎ᠠᠴᠠ ᠵᠥᠷᠢᠴᠡᠭ᠌ᠰᠡᠨ ᠵᠠᠷ ᠮᠡᠳᠡᠭᠡ ᠵᠡᠷᠭᠡ ᠠᠰᠠᠭᠤᠳᠠᠯ᠎ᠳᠤ  ᠬᠣᠯᠪᠣᠭ᠍ᠳᠠᠪᠠ᠃

ᠦᠢᠯᠡᠴᠢᠯᠡᠭᠡᠨ᠎ᠤ ᠲᠦᠷᠦᠯ᠎ᠤᠨ ᠢᠯᠡᠴᠢᠯᠡᠨ ᠮᠡᠳᠡᠬᠦᠯᠦᠯᠳᠡ᠎ᠪᠠᠷ ᠬᠠᠮᠤᠭ᠎ᠤᠨ ᠤᠯᠠᠨ ᠨᠢ ᠢᠳᠡᠭᠡᠨ ᠤᠮᠳᠠᠭᠠᠨ ᠪᠠ ᠬᠣᠨᠣᠬᠣ ᠦᠢᠯᠡᠴᠢᠯᠡᠭᠡ 451 ᠪᠠᠢᠵᠤ᠂ ᠦᠢᠯᠡᠴᠢᠯᠡᠭᠡᠨ᠎ᠤ ᠲᠦᠷᠦᠯ᠎ᠤᠨ ᠢᠯᠡᠴᠢᠯᠡᠨ ᠮᠡᠳᠡᠬᠦᠯᠦᠯᠳᠡ᠎ᠶ᠋ᠢᠨ 32.28% ᠎ᠶ᠋ᠢ ᠡᠵᠡᠯᠡᠪᠡ᠃ ᠢᠯᠡᠴᠢᠯᠡᠨ ᠮᠡᠳᠡᠭᠦᠯᠦᠯᠲᠡ ᠶ᠋ᠢᠨ ᠭᠤᠤᠯ ᠠᠰᠠᠭᠤᠳᠠᠯ᠎ᠨᠢ ᠶᠠᠰᠤ ᠴᠢᠨᠠᠷ᠂ ᠠᠮᠤᠷ ᠲᠦᠪᠱᠢᠨ᠂ ᠦᠨ᠎ᠡ ᠬᠠᠩᠰᠢ᠂ ᠦᠨᠡᠮᠯᠡᠯ ᠦᠭᠡᠢ᠎ᠪᠠᠷ ᠡᠵᠡᠩᠨᠡᠬᠦ᠌ ᠵᠡᠷᠭᠡ ᠪᠣᠯᠤᠨ᠎ᠠ᠃ ᠪᠤᠰᠤᠳ ᠢᠯᠡᠴᠢᠯᠡᠨ ᠮᠡᠳᠡᠭᠦᠯᠦᠯᠲᠡ ᠎ᠶ᠋ᠢᠨ ᠦᠶ᠋ᠯᠡᠴᠢᠯᠡᠭᠡ᠎ᠨᠢ ᠭᠤᠤᠯᠳᠠᠭᠤ ᠤᠬᠢᠶᠠᠬᠤ ᠢᠯᠢᠬᠦ᠌ ᠵᠠᠰᠠᠯᠭ᠎ᠠ᠎ᠶ᠋ᠢᠨ ᠦᠶ᠋ᠯᠡᠴᠢᠯᠡᠭᠡ᠂ ᠵᠢᠵᠢᠭ᠌ᠯᠡᠨ ᠬᠤᠳᠠᠯᠳᠤᠬᠤ ᠦᠶ᠋ᠯᠡᠴᠢᠯᠡᠭᠡ᠂ ᠵᠢᠰᠦ ᠭᠤᠶᠣᠯᠠᠵᠤ ᠦᠰᠦ ᠭᠣᠶᠣᠯᠠᠬᠣ ᠦᠶ᠋ᠯᠡᠴᠢᠯᠡᠭᠡ᠂ ᠡᠮᠨᠡᠯᠭᠡ᠎ᠶ᠋ᠢᠨ ᠬᠤᠷᠢᠶᠠᠨ᠎ᠤ ᠦᠶ᠋ᠯᠡᠴᠢᠯᠡᠭᠡ᠂ ᠲᠣᠭᠤᠷᠢᠨ ᠦᠵᠡᠬᠦ᠌ ᠵᠤᠭ᠎ᠠ ᠴᠡᠩᠭᠡᠯ᠎ᠤᠨ ᠦᠶ᠋ᠯᠡᠴᠢᠯᠡᠭᠡ᠂ ᠤᠷ᠎ᠠ ᠴᠢᠳᠠᠪᠤᠷᠢ᠎ᠶ᠋ᠢᠨ ᠪᠣᠯᠪᠠᠰᠣᠷᠠᠯ᠎ᠤᠨ ᠦᠶ᠋ᠯᠡᠴᠢᠯᠡᠭᠡ᠂ ᠪᠡᠶ᠎ᠡ ᠴᠢᠭᠢᠷᠠᠭ᠍ᠵᠢᠭᠤᠯᠬᠤ ᠦᠶ᠋ᠯᠡᠴᠢᠯᠡᠭᠡ ᠵᠡᠷᠭᠡ᠎ᠳᠤ ᠬᠤᠯᠪᠣᠭ᠍ᠳᠠᠵᠤ᠂ ᠭᠤᠤᠯ ᠠᠰᠠᠭᠤᠳᠠᠯ᠎ᠨᠢ ᠦᠨᠡᠮᠯᠡᠯ ᠥᠬᠡᠶ᠎ᠪᠠᠷ ᠡᠵᠡᠩᠨᠡᠬᠦ᠂ ᠬᠤᠳᠠᠯ ᠬᠠᠭᠤᠷᠮᠠᠭ ᠵᠠᠷ ᠮᠡᠳᠡᠭᠡᠨ᠎ᠤ ᠤᠬᠠᠭᠤᠯᠭ᠎ᠠ᠂ ᠦᠶ᠋ᠯᠡᠴᠢᠯᠡᠭᠡᠨ᠎ᠤ ᠶᠠᠰᠤ ᠴᠢᠨᠠᠷ ᠮᠠᠭᠤ ᠪᠠ ᠬᠡᠷᠡᠭ᠌ᠯᠡᠭ᠌ᠴᠢᠳ᠎ᠢ ᠮᠡᠬᠡᠯᠡᠬᠦ᠌ ᠠᠵᠢᠯᠯᠠᠭ᠎ᠠ ᠪᠣᠯᠤᠨ᠎ᠠ᠃

ᠳᠥᠷᠪᠡ᠂   ᠠᠰᠠᠭᠣᠨ ᠯᠠᠪᠯᠠᠯᠲᠠ᠎ᠶ᠋ᠢᠨ ᠪᠠᠢᠳᠠᠯ᠎ᠤᠨ  ᠳ᠋ᠠᠢᠲ᠋ᠠ᠎ᠶ᠋ᠢᠨ ᠪᠦᠷᠢᠳᠭᠡᠯ

10 ᠳ᠋ᠤᠭᠠᠷ ᠰᠠᠷ᠎ᠠ᠎ᠶ᠋ᠢᠨ ᠬᠦᠯᠢᠶᠡᠨ ᠠᠪᠤᠭ᠍ᠰᠠᠨ ᠠᠰᠠᠭᠣᠨ ᠯᠠᠪᠯᠠᠯᠲᠠ 17222 ᠪᠠᠢᠵᠤ᠂ ᠠᠳᠠᠯᠢ ᠬᠤᠭᠤᠴᠠᠭᠠᠨ᠎ᠤ᠎ᠬᠢ᠎ᠠᠴᠠ 17.32%᠎ᠢᠶᠠᠷ ᠨᠡᠮᠡᠭ᠌ᠳᠡᠪᠡ᠂ ᠡᠭᠦᠨ᠎ᠳᠤ᠂ ᠬᠡᠷᠡᠭ᠌ᠯᠡᠭᠡᠨ᠎ᠤ ᠡᠷᠬᠡ ᠠᠱᠢᠭ᠎ᠢ ᠬᠠᠮᠠᠭᠠᠯᠠᠬᠤ ᠮᠡᠳᠡᠯᠭᠡ᠎ᠲᠠᠢ ᠬᠤᠯᠪᠣᠭ᠍ᠳᠠᠭ᠍ᠰᠠᠨ 6836 ᠪᠠᠢᠨ᠎ᠠ; ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ᠎ᠶ᠋ᠢᠨ ᠱᠢᠰᠲ᠋ᠧᠮ᠎ᠳᠤ ᠬᠤᠯᠪᠣᠭ᠍ᠳᠠᠭ᠍ᠰᠠᠨ 1318᠂ ᠠᠰᠠᠭᠤᠨ ᠯᠠᠪᠯᠠᠯᠲᠠ ᠎ᠶ᠋ᠢᠨ ᠬᠡᠮᠵᠢᠶ᠎ᠡ᠎ᠪᠠᠷ ᠨᠡᠯᠢᠶᠡᠳ ᠶᠡᠭᠡ ᠠᠰᠠᠭᠤᠳᠠᠯ᠎ᠨᠢ ᠲᠣᠰ ᠲᠣᠰ᠄  ᠵᠠᠭᠠᠯᠳᠣᠭ᠎ᠠ ᠢᠯᠡᠴᠢᠯᠡᠨ ᠮᠡᠳᠡᠭᠦᠯᠦᠯᠲᠡ 506᠂ ᠰᠦᠯᠵᠢᠶᠡᠨ᠎ᠤ ᠠᠷᠠᠯᠵᠢᠶᠠᠨ᠎ᠤ ᠬᠢᠨᠠᠯᠲᠠ ᠬᠠᠮᠢᠶᠠᠷᠤᠯᠲᠠ 124᠂ ᠵᠠᠬ᠎ᠠ ᠳᠡᠯᠭᠡᠭᠦᠷ᠎ᠤᠨ ᠭᠤᠣᠯ ᠴᠣᠭ᠍ᠴᠠ᠎ᠶ᠋ᠢᠨ ᠳᠠᠩᠰᠠᠯᠠᠨ ᠲᠡᠮᠳᠡᠭ᠌ᠯᠡᠭᠦᠯᠦᠭ᠌ᠰᠡᠨ 16᠂ ᠦᠢᠯᠡᠳᠬᠦᠨ ( ᠲᠠᠸᠠᠷ ) ᠎ᠤ ᠶᠠᠰᠤ ᠴᠢᠨᠠᠷ 7᠂ ᠦᠢᠯᠡᠴᠢᠯᠡᠭᠡᠨ᠎ᠤ ᠬᠡᠷᠡᠭ᠌ᠯᠡᠭᠡ᠎ᠶ᠋ᠢᠨ ᠬᠢᠨᠠᠯᠲᠠ ᠬᠠᠮᠢᠶᠠᠷᠤᠯᠲᠠ 6᠂ ᠦᠨ᠎ᠡ ᠬᠠᠩᠰᠢ᠎ᠶ᠋ᠢᠨ ᠬᠢᠨᠠᠯᠲᠠ ᠬᠠᠮᠢᠶᠠᠷᠤᠯᠲᠠ 6 ᠵᠡᠷᠭᠡ ᠪᠣᠯᠣᠨ᠎ᠠ; ᠪᠤᠰᠤᠳ ᠰᠠᠯᠠᠭ᠎ᠠ ᠮᠥᠴᠢᠷ᠎ᠤᠨ ᠠᠰᠠᠭᠤᠨ ᠯᠠᠪᠯᠠᠯᠲᠠ᠎ᠳᠤ ᠬᠤᠯᠪᠣᠭ᠍ᠳᠠᠭ᠍ᠰᠠᠨ᠎ᠨᠢ ᠭᠤᠣᠯᠳᠠᠭᠤ ᠡᠷᠡᠭᠦᠯ ᠬᠠᠮᠠᠭᠠᠯᠠᠯ᠂ ᠵᠢᠭᠤᠯᠴᠢᠯᠠᠯ᠂ ᠵᠠᠮ ᠬᠠᠷᠢᠯᠴᠠᠭ᠎ᠠ ᠲᠡᠭᠡᠭᠡᠪᠦᠷᠢ᠎ᠶ᠋ᠢᠨ ᠬᠠᠮᠢᠶᠠᠷᠤᠯᠲᠠ᠂ ᠱᠢᠤᠳᠠᠨ᠂ ᠭᠠᠢᠯᠢ᠎ᠶ᠋ᠢᠨ ᠶᠠᠪᠤᠳᠠᠯ᠂ ᠳᠤᠯᠠᠭᠠᠯᠠᠭ᠎ᠠ ᠬᠠᠩᠭᠠᠬᠤ᠂ ᠤᠰᠤ ᠬᠠᠩᠭᠠᠬᠤ᠂ ᠴᠠᠬᠢᠯᠭᠠᠨ ᠬᠠᠩᠭᠠᠬᠤ ᠂ ᠠᠳᠠᠯ ᠠᠬᠤᠶ᠂ ᠭᠡᠷ ᠬᠥᠷᠥᠩᠭᠡ ᠵᠡᠷᠭᠡ᠎ᠶ᠋ᠢ  ᠪᠠᠭ᠍ᠲᠠᠭᠠᠪᠠ᠃

ᠲᠠᠢᠯᠪᠤᠷᠢ᠄ ᠳ᠋ᠠᠢᠲ᠋ᠠ ᠪᠦᠬᠦ᠌ ᠣᠯᠣᠰ᠎ᠤᠨ12315 ᠲᠡᠪᠴᠡᠩ᠎ᠡᠴᠡ ᠢᠷᠡᠯᠲᠡ ᠲᠠᠢ

 

ᠢᠷᠡᠯᠲᠡ᠄ ᠬᠡᠷᠡᠭ᠌ᠯᠡᠭ᠌ᠴᠢᠳ᠎ᠦᠨ ᠡᠷᠬᠡ ᠠᠱᠢᠭ᠎ᠢ ᠬᠠᠮᠠᠭᠠᠯᠠᠬᠤ ᠲᠥᠪ