ᠢᠮᠠᠭ᠋ᠠᠨ ᠨᠣᠣᠯᠣᠭᠤᠷ᠎ᠤᠨ ᠬᠠᠨᠳᠠᠭ᠋ᠠᠰᠤᠨᠢ ᠳᠤᠯᠠᠭ᠋ᠠᠨ ᠪᠠᠢ᠌ᠳᠠᠭ ᠵᠶ᠋ᠠᠷ ᠵᠶ᠋ᠠᠨ ᠣᠯᠠᠨ᠎ᠤ ᠲᠠᠭ᠋ᠠᠰᠢᠶᠠᠯ᠎ᠢ ᠬᠦᠷᠲᠡᠭᠰᠡᠭᠡᠷ ᠢᠷᠡᠵᠡᠢ ᠂ ᠭᠡᠬᠦ᠎ᠳᠤ᠎ᠪᠠᠨ ᠮᠠᠰᠢ ᠣᠯᠠᠨ ᠬᠡᠷᠡᠭᠯᠡᠭᠴᠢᠳ ᠢᠮᠠᠭ᠋ᠠᠨ ᠨᠣᠣᠯᠣᠭᠤᠷ᠎ᠤᠨ ᠬᠠᠨᠳᠠᠭ᠋ᠠᠰᠤ ᠰᠣᠩᠭᠤᠬᠤ ᠲᠠᠯ᠎ᠠ᠎ᠪᠠᠷ ᠬᠦᠴᠢᠷᠳᠡᠵᠦ ᠪᠠᠢ᠌ᠯ᠎ᠠ ᠂ ᠡᠯ᠎ᠡ ᠰᠢᠭᠤᠳ ᠨᠡᠪᠲᠡᠷᠡᠭᠦᠯᠭᠡ᠎ᠪᠠᠷ ᠪᠣᠷᠣᠯᠠᠭᠤᠯᠵᠤ ᠪᠠᠢ᠌ᠭ᠎ᠠ 39.9 ᠲᠥᠭᠦᠷᠢᠭ᠂ 79.9 ᠲᠥᠭᠦᠷᠢᠭ ᠵᠡᠷᠭᠡ ᠠᠳᠠᠯᠢ ᠪᠤᠰᠤ ᠵᠢᠨ ᠳᠣᠣᠷ᠎ᠠ ᠦᠨ᠎ᠡ᠎ᠲᠠᠢ ᠢᠮᠠᠭ᠋ᠠᠨ ᠨᠣᠣᠯᠣᠭᠤᠷ᠎ᠤᠨ ᠬᠠᠨᠲᠠᠭ᠋ᠠᠰᠤ ᠵᠢ ᠴᠣᠬᠣᠮ ᠠᠪᠴᠤ ᠪᠣᠯᠣᠨ᠎ᠠ ᠦᠦ ᠦᠭᠡᠢ ᠤᠤ? ᠶᠠᠭ᠋ᠠᠬᠢᠪᠠᠯ ᠰᠠᠶᠢ 《ᠵᠢᠩᠬᠢᠨᠢ》 ᠢᠮᠠᠭ᠋ᠠᠨ ᠨᠣᠣᠯᠣᠭᠤᠷ᠎ᠤᠨ ᠬᠠᠨᠳᠠᠭ᠋ᠠᠰᠤ ᠵᠢ ᠬᠤᠳᠠᠯᠳᠤᠨ ᠠᠪᠴᠤ ᠴᠢᠳᠠᠬᠤ ᠪᠣᠢ? ᠡᠢ᠌ᠨ ᠬᠦ᠌ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠢᠷᠬᠡᠭᠯᠢᠭ᠎ᠤᠨ ᠶᠠᠰᠤ ᠴᠢᠨᠠᠷ᠎ᠤᠨ ᠬᠢᠨᠠᠨ ᠰᠢᠯᠭ᠋ᠠᠬᠤ ᠲᠥᠪ᠎ᠠᠴᠠ ᠣᠯᠠᠨ᠎ᠳᠤ ᠢᠮᠠᠭ᠋ᠠᠨ ᠨᠣᠣᠯᠣᠭᠤᠷ᠎ᠤᠨ ᠬᠠᠨᠳᠠᠭ᠋ᠠᠰᠤ ᠰᠣᠩᠭᠣᠵᠤ ᠬᠤᠳᠠᠯᠳᠤᠨ ᠠᠪᠬᠤ ᠬᠡᠳᠦᠨ ᠠᠷᠭ᠎ᠠ ᠵᠢ ᠵᠢᠭ᠋ᠠᠵᠤ ᠥᠭᠴᠦ ᠪᠠᠢ᠌ᠨ᠎ᠠ ᠃
ᠨᠢᠭᠡ᠎ᠳᠤ ᠂ ᠲᠡᠮᠳᠡᠷᠢᠬᠦ
ᠢᠮᠠᠭ᠋ᠠᠨ ᠨᠣᠣᠯᠣᠭᠤᠷ᠎ᠤᠨ ᠬᠠᠨᠲᠠᠭ᠋ᠠᠰᠤ᠎ᠨᠢ ᠬᠥᠩᠭᠡᠨ᠂ ᠨᠠᠷᠢᠨ᠂ ᠵᠥᠭᠡᠯᠡᠬᠡᠨ᠂ ᠵᠥᠭᠡᠯᠡᠨ᠂ ᠳᠤᠯᠠᠭ᠋ᠠᠨ ᠵᠡᠷᠭᠡ ᠣᠨᠴᠠᠯᠢᠭ᠎ᠲᠠᠢ ᠪᠠᠢ᠌ᠵᠤ ᠂ ᠬᠤᠪᠴᠠᠰᠤ ᠬᠤᠨᠠᠷ᠎ᠤᠨ ᠳᠤᠮᠳᠠᠬᠢ ᠳᠡᠭᠡᠳᠦ ᠵᠡᠷᠭᠡ ᠵᠢᠨ ᠪᠦᠲᠦᠭᠡᠭᠳᠡᠬᠦᠨ ᠮᠥᠨ᠃ ᠢᠮᠠᠭ᠋ᠠᠨ ᠨᠣᠣᠯᠣᠭᠤᠷ᠎ᠤᠨ ᠬᠠᠨᠳᠠᠭ᠋ᠠᠰᠤ ᠵᠢ ᠲᠡᠮᠳᠡᠷᠢᠬᠦ᠎ᠳᠤ ᠵᠥᠭᠡᠯᠡᠨ ᠪᠥᠭᠡᠳ ᠭᠥᠯᠢᠭᠡᠷ᠂ ᠴᠢᠨᠠᠷ᠎ᠨᠢ ᠬᠥᠩᠭᠡᠨ᠂ ᠰᠤᠨᠵᠤ ᠠᠪᠴᠢᠬᠤᠳᠤᠪᠠᠨ ᠴᠢᠳᠠᠮᠠᠭ᠋ᠠᠢ ᠪᠥᠭᠡᠳ ᠨᠢᠯᠴᠠᠢ᠌ᠷᠠᠬᠤ ᠦᠭᠡᠢ ᠪᠠᠢ᠌ᠵᠤ ᠂ ᠡᠮᠦᠰᠬᠦ᠎ᠳᠤ ᠪᠡᠶ᠎ᠡ ᠵᠢ ᠪᠠᠷᠢᠬᠤ ᠦᠭᠡᠢ ᠂ ᠬᠠᠳᠬᠤᠵᠤ ᠵᠠᠭ᠋ᠠᠲᠤᠨᠠᠭᠤᠯᠬᠤ ᠦᠭᠡᠢ ᠪᠠᠢ᠌ᠳᠠᠭ ᠃
ᠬᠣᠶᠠᠷ᠎ᠲᠤ ᠂ ᠦᠵᠡᠬᠦ
ᠦᠨ᠎ᠡ ᠵᠢ ᠦᠵᠡᠬᠦ — ᠢᠮᠠᠭ᠋ᠠᠨ ᠨᠣᠣᠯᠤᠭᠤᠷ᠎ᠤᠨ ᠬᠠᠨᠲᠠᠭ᠋ᠠᠰᠤᠨᠤ ᠦᠨ᠎ᠡ ᠨᠡᠢ᠌ᠳᠡᠮ᠎ᠳᠤ᠎ᠪᠠᠨ ᠨᠡᠯᠢᠶᠡᠳ ᠥᠨᠳᠥᠷ ᠪᠠᠢ᠌ᠵᠤ᠂ ᠦᠨᠡᠨ᠎ᠢ ᠣᠯᠠᠩᠬᠢ᠎ᠳᠤ᠎ᠪᠠᠨ ᠬᠡᠳᠦᠨ ᠵᠠᠭᠤ᠎ᠠᠴᠠ ᠬᠡᠳᠦᠨ ᠮᠢᠩᠭ᠋ᠠᠨ ᠲᠥᠭᠥᠷᠢᠭ᠎ᠲᠤ ᠬᠦᠷᠴᠦ᠂ ᠨᠢᠭᠡ ᠨᠣᠣᠯᠣᠭᠤᠷ᠎ᠤᠨ ᠢᠮᠠᠭ᠋ᠠᠨ᠎ᠠᠴᠠ ᠭᠠᠷᠬᠤ ᠨᠣᠣᠯᠣᠭᠤᠷ᠎ᠤᠨ ᠬᠡᠮᠵᠢᠶ᠎ᠡ᠎ᠨᠢ ᠭᠠᠷᠤᠯᠲᠠ ᠵᠢᠨ ᠣᠷᠣᠨ᠂ ᠡᠭᠦᠯᠳᠡᠷ᠂ ᠨᠠᠰᠤ ᠵᠡᠷᠭᠡ᠎ᠠᠴᠠ᠎ᠪᠠᠨ ᠰᠢᠯᠲᠠᠭ᠋ᠠᠯᠠᠭᠳᠠᠵᠤ ᠠᠳᠠᠯᠢ ᠪᠣᠰᠣ ᠪᠠᠢ᠌ᠳᠠᠭ᠂ ᠥᠪᠥᠷ ᠮᠣᠩᠭᠣᠯ᠎ᠤᠨ ᠨᠣᠣᠯᠣᠭᠤᠷ᠎ᠤᠨ ᠢᠮᠠᠭ᠋ᠠᠨ᠎ᠤ ᠵᠢᠯ᠎ᠤᠨ ᠤᠤᠯ ᠨᠣᠣᠯᠣᠭᠤᠷ᠎ᠤᠨ ᠭᠠᠷᠤᠯᠲᠠ ᠵᠢᠨ ᠬᠡᠮᠵᠢᠶ᠎ᠡ᠎ᠨᠢ ᠳᠤᠮᠳᠠᠴᠢ᠎ᠪᠠᠷ 300 — 500 ᠭ᠋ᠷᠠᠮ ᠪᠠᠢ᠌ᠵᠤ ᠂ ᠳᠠᠬᠢᠨ ᠬᠣᠯᠢᠴᠠ ᠵᠢ᠎ᠨᠢ ᠠᠷᠢᠯᠭ᠋ᠠᠬᠤ ᠂ ᠬᠤᠪᠢᠶᠠᠨ ᠰᠠᠮᠨᠠᠬᠤ᠂ ᠰᠡᠮᠡᠳᠡᠰᠦ ᠡᠭᠡᠷᠡᠬᠦ ᠵᠡᠷᠭᠡ ᠠᠵᠢᠯ᠎ᠤᠨ ᠳᠠᠷᠠᠭ᠋ᠠᠯᠠᠯ᠎ᠤᠨ ᠡᠯᠡᠭᠳᠡᠯ ᠵᠶ᠋ᠡᠷ ᠳᠠᠮᠵᠢᠭ᠋ᠠᠳ ᠨᠢᠭᠡ ᠵᠠᠬ᠎ᠠ᠎ᠨᠢ ᠪᠠᠷᠤᠭ 300 ᠭ᠋ᠷᠠᠮ ᠪᠦᠬᠦᠢ ᠴᠤᠯᠭᠤᠢ ᠢᠮᠠᠭ᠋ᠠᠨ ᠨᠣᠣᠯᠣᠭᠤᠷ᠎ᠤᠨ ᠬᠠᠨᠲᠠᠭ᠋ᠠᠰᠤ ᠵᠢ ᠦᠢ᠍ᠯᠡᠳᠪᠦᠷᠢᠯᠡᠬᠦ᠎ᠳᠤ 2 ᠲᠣᠯᠣᠭ᠋ᠠᠢ ᠣᠷᠴᠢᠮ ᠨᠣᠣᠯᠣᠭᠤᠷ᠎ᠤᠨ ᠢᠮᠠᠭ᠎ᠠ ᠬᠡᠷᠡᠭᠰᠡᠵᠦ ᠂ ᠨᠢᠭᠡ ᠵᠠᠬ᠎ᠠ ᠴᠤᠯᠭᠤᠢ ᠢᠮᠠᠭ᠋ᠠᠨ ᠨᠣᠣᠯᠣᠭᠤᠷ᠎ᠤᠨ ᠳ᠋ᠠᠴᠠᠩᠢ ᠦᠢ᠍ᠯᠡᠳᠪᠦᠷᠢᠯᠡᠬᠦ ᠳᠤ ᠠᠳᠠᠭ ᠲᠤ ᠪᠠᠨ 10 ᠨᠣᠣᠯᠣᠭᠤᠷ ᠤᠨ ᠢᠮᠠᠭ᠎ᠠ ᠬᠡᠷᠡᠭᠰᠡᠳᠡᠭ ᠂ ᠡᠢ᠌ᠮᠦ ᠠᠴᠠ ᠬᠡᠲᠦᠷᠬᠡᠢ ᠬᠢᠮᠳᠠ ᠢᠮᠠᠭ᠋ᠠᠨ ᠨᠣᠣᠯᠣᠭᠤᠷ ᠤᠨ ᠬᠠᠨᠲᠠᠭ᠋ᠠᠰᠤ᠎ᠨᠢ ᠦᠨᠳᠦᠰᠦᠨ᠎ᠳᠤ᠎ᠪᠠᠨ ᠵᠢᠩᠬᠢᠨᠢ ᠡᠳ᠋ ᠪᠢᠰᠢ ᠪᠠᠢ᠌ᠳᠠᠭ ᠲᠤᠯᠠ ᠬᠡᠷᠡᠭᠯᠡᠭᠴᠢᠳ ᠵᠠᠷᠢᠮ ᠦᠨ᠎ᠡ ᠬᠢᠮᠳᠠ ᠂ ᠦᠢ᠍ᠯᠡᠳᠪᠦᠷᠢ ᠵᠢᠨ ᠰᠡᠭᠦᠯᠴᠢ ᠵᠢᠨ ᠪᠠᠷᠠᠭ᠎ᠠ ᠵᠡᠷᠭᠡ ᠦᠭᠡᠰ᠎ᠲᠤ ᠲᠠᠲᠠᠭᠳᠠᠭ᠋ᠠᠳ ᠬᠤᠳᠠᠯᠳᠤᠨ ᠠᠪᠬᠤ ᠪᠣᠯᠬᠤ ᠦᠭᠡᠢ᠃
ᠤᠨᠠᠭᠤᠯᠢ ᠱᠤᠰᠢᠭ᠎ᠠ ᠵᠢ ᠦᠵᠡᠬᠦ — ᠬᠡᠷᠡᠭᠯᠡᠭᠴᠢ ᠢᠮᠠᠭ᠋ᠠᠨ ᠨᠣᠣᠯᠤᠭᠤᠷ᠎ᠤᠨ ᠬᠠᠨᠲᠠᠭ᠋ᠠᠰᠤ ᠰᠣᠩᠭᠣᠵᠤ ᠬᠤᠳᠠᠯᠳᠤᠨ ᠠᠪᠬᠤ᠎ᠳᠤ᠎ᠪᠠᠨ᠂ ᠦᠢ᠍ᠯᠡᠳᠬᠦᠨ᠎ᠤ ᠬᠡᠷᠡᠭᠯᠡᠬᠦ ᠲᠣᠳᠣᠷᠬᠠᠶ᠋ᠢᠯᠠᠯ ( ᠤᠨᠠᠭᠤᠯᠢ ᠱᠤᠰᠢᠭ᠎ᠠ )᠎ᠨᠢ ᠪᠦᠷᠢᠨ ᠪᠦᠲᠦᠨ ᠡᠰᠡᠬᠦ᠂ ᠣᠨᠣᠪᠴᠢᠲᠠᠶ ᠡᠰᠡᠬᠦ ᠵᠢ ᠵᠠᠪᠠᠯ ᠦᠵᠡᠵᠦ᠂ ᠦᠢ᠍ᠯᠡᠳᠬᠦᠨ᠎ᠤ ᠨᠡᠷᠡᠶ᠋ᠢᠳᠦᠯ᠂ ᠬᠡᠷᠡᠭᠵᠢᠭᠦᠯᠬᠦ ᠪᠠᠷᠢᠮᠵᠢᠶ᠎ᠠ᠂ ᠠᠶᠤᠯ ᠦᠭᠡᠶ ᠵᠢᠨ ᠲᠥᠷᠥᠯ ᠢᠯᠭ᠋ᠠᠯ᠂ ᠦᠢ᠍ᠯᠡᠳᠬᠦᠨ᠎ᠤ ᠬᠡᠯᠪᠡᠷᠢ ᠮᠠᠶᠢᠭ᠂ ᠰᠢᠷᠬᠡᠭᠯᠢᠭ᠎ᠤᠨ ᠪᠦᠷᠢᠯᠳᠦᠬᠦᠨ ᠵᠢᠴᠢ ᠠᠭᠤᠯᠤᠭᠳᠠᠴᠠ᠂ ᠦᠢ᠍ᠯᠡᠳᠬᠦᠨ᠎ᠤ ᠵᠡᠷᠭᠡ ᠳᠡᠰ᠂ ᠦᠢ᠍ᠯᠡᠳᠦᠭᠴᠢ ᠵᠢᠨ ᠨᠡᠷᠡᠶ᠋ᠢᠳᠦᠯ ᠪᠠ ᠬᠠᠶᠢᠭ ᠂ ᠬᠠᠮᠠᠭ᠋ᠠᠯᠠᠬᠤ ᠠᠷᠭ᠎ᠠ ᠵᠡᠷᠭᠡ ᠠᠭᠤᠯᠭ᠎ᠠ ᠵᠢ ᠨᠠᠭ᠋ᠠᠳᠤ ᠵᠠᠬ᠎ᠠ᠎ᠳᠤ᠎ᠪᠠᠨ ᠪᠠᠭᠲᠠᠭ᠋ᠠᠭᠰᠠᠨ ᠪᠠᠢ᠌ᠬᠤ ᠬᠡᠷᠡᠭᠲᠡᠶ᠃ ᠢᠮᠠᠭ᠋ᠠᠨ ᠨᠣᠣᠰᠤᠨ ᠬᠠᠨᠲᠠᠭ᠋ᠠᠰᠤ ᠪᠠ ᠢᠮᠠᠭ᠋ᠠᠨ ᠨᠣᠣᠯᠣᠭᠤᠷ᠎ᠤᠨ ᠬᠠᠨᠲᠠᠭ᠋ᠠᠰᠤ ᠵᠢᠨ ᠢᠯᠭ᠋ᠠᠭ᠎ᠠ ᠵᠢ ᠨᠡᠩ ᠠᠩᠬᠠᠷᠴᠤ᠂ ᠨᠢᠭᠡ ᠯᠡ ᠦᠭᠡ ᠵᠢᠨ ᠵᠥᠷᠢᠶ᠎ᠡ᠎ᠠᠴᠠ ᠦᠨ᠎ᠡ ᠂ ᠪᠦᠷᠢᠯᠳᠦᠭᠦᠨ᠂ ᠳᠤᠯᠠᠭ᠋ᠠᠯᠠᠭ᠎ᠠ ᠵᠢᠨ ᠴᠢᠨᠠᠷ ᠵᠡᠷᠭᠡ ᠲᠠᠯ᠎ᠠ᠎ᠪᠠᠷ ᠮᠠᠰᠢ ᠶᠡᠭᠡ ᠵᠥᠷᠢᠶ᠎ᠡ᠎ᠲᠠᠢ ᠪᠣᠯᠣᠨ᠎ᠠ ᠂ ᠬᠡᠷᠡᠭᠯᠡᠭᠴᠢᠳ ᠬᠤᠳᠠᠯᠳᠤᠨ ᠠᠪᠬᠤ᠎ᠳᠤ᠎ᠪᠠᠨ ᠵᠠᠪᠠᠯ ᠰᠣᠩᠭᠤᠨ ᠠᠳᠠᠯᠢᠳᠬᠠᠵᠤ ᠂ ᠬᠠᠤᠯᠢ ᠪᠤᠰᠤ ᠬᠤᠳᠠᠯᠳᠤᠭ᠋ᠠᠴᠢᠨ᠎ᠤ ᠤᠬᠠᠭᠳᠠᠬᠤᠨ᠎ᠤ ᠰᠣᠯᠢᠭᠳᠠᠯ᠎ᠠᠴᠠ ᠬᠠᠭᠤᠷᠤᠭᠳᠠᠵᠤ ᠪᠣᠯᠬᠤ ᠦᠭᠡᠢ᠃
ᠭᠤᠷᠪᠠ᠎ᠳᠤ ᠂ ᠰᠢᠲᠠᠭ᠋ᠠᠬᠤ
ᠰᠢᠲᠠᠭ᠋ᠠᠬᠤ ᠠᠷᠭ᠎ᠠ ᠬᠡᠯᠪᠡᠷᠢ ᠵᠢ ᠠᠪᠤᠨ᠎ᠠ ᠃ ᠢᠮᠠᠭ᠋ᠠᠨ ᠨᠣᠣᠯᠣᠭᠤᠷ᠎ᠤᠨ ᠬᠠᠨᠲᠠᠭ᠋ᠠᠰᠤ᠎ᠨᠢ ᠢᠮᠠᠭ᠋ᠠᠨ ᠨᠣᠣᠯᠤᠭᠤᠷ᠎ᠤᠨ ᠰᠢᠷᠬᠡᠭᠯᠢᠭ ᠵᠶ᠋ᠡᠷ ᠪᠦᠷᠢᠯᠳᠦᠨ ᠂ ᠢᠮᠠᠭ᠋ᠠᠨ ᠨᠣᠣᠯᠤᠭᠤᠷ᠎ᠤᠨ ᠰᠢᠷᠬᠡᠭᠯᠢᠭ᠎ᠨᠢ ᠤᠭᠤᠷᠠᠭ᠎ᠤᠨ ᠰᠢᠷᠬᠡᠭᠯᠢᠭ᠎ᠲᠤ ᠬᠠᠷᠢᠶᠠᠯᠠᠭᠳᠠᠬᠤ ᠪᠣᠯᠬᠤᠷ ᠰᠢᠲᠠᠭ᠋ᠠᠬᠤ ᠦᠶ᠎ᠡ᠎ᠳᠤ ᠨᠢᠭᠡ ᠬᠠᠷ᠎ᠠ ᠬᠡᠤᠷᠡᠭ ᠪᠥᠭᠡᠮ ᠪᠣᠯᠵᠤ ᠠᠪᠴᠢᠳᠠᠭ ᠂ ᠳᠠᠭ᠋ᠠᠤ᠎ᠳᠤ᠎ᠨᠢ ᠭᠡᠵᠢᠭᠡ ᠰᠢᠲᠠᠭ᠋ᠠᠭᠰᠠᠨ ᠬᠡᠦᠷᠰᠢᠮᠡᠯ ᠦᠨᠦᠷ ᠭᠠᠷᠴᠤ᠂ ᠬᠤᠷᠤᠭᠤ᠎ᠪᠠᠷ ᠵᠶ᠋ᠠᠨ ᠴᠢᠮᠬᠢᠬᠦ᠎ᠲᠠᠢ ᠵᠡᠷᠭᠡ ᠨᠤᠨᠳᠠᠭ ᠪᠣᠯᠣᠨ ᠬᠡᠮᠬᠡᠷᠡᠳᠡᠭ᠃ ᠬᠡᠷᠪᠡ ᠢᠮᠠᠭ᠋ᠠᠨ ᠨᠣᠣᠯᠤᠭᠤᠷ᠎ᠤᠨ ᠬᠠᠨᠲᠠᠭ᠋ᠠᠰᠤᠨᠳᠤ ᠬᠢᠮᠢ ᠵᠢᠨ ᠰᠢᠷᠬᠡᠭᠯᠢᠭ᠎ᠢ ᠬᠣᠯᠢᠬᠤ᠎ᠳᠤ ᠬᠦᠷᠪᠡᠯ ᠰᠢᠲᠠᠭ᠋ᠠᠬᠤ ᠦᠶ᠎ᠡ᠎ᠳᠤ ᠬᠠᠲᠠᠭᠤ ᠬᠡᠰᠡᠭ ᠪᠣᠯᠵᠤ ᠳᠠᠭ᠋ᠠᠤ᠎ᠳᠤ᠎ᠨᠢ ᠰᠡᠲᠡᠮᠡᠬᠡᠢ ᠦᠨᠦᠷ ᠭᠠᠷᠳᠠᠭ ᠃
ᠬᠠᠮᠤᠭ ᠰᠡᠭᠦᠯ᠎ᠳᠤ᠂ ᠥᠷᠭᠡᠨ ᠣᠯᠠᠨ ᠬᠡᠷᠡᠭᠯᠡᠭᠴᠢᠳ᠎ᠲᠤ ᠰᠠᠨᠠᠭᠤᠯᠬᠤ᠎ᠨᠢ ᠂ ᠢᠠᠮᠭ᠋ᠠᠨ ᠨᠣᠣᠯᠤᠭᠤᠷ᠎ᠤᠨ ᠬᠠᠨᠲᠠᠭ᠋ᠠᠰᠤ ᠵᠢ ᠬᠤᠳᠠᠯᠳᠤᠨ ᠠᠪᠬᠤ᠎ᠳᠤ᠎ᠪᠠᠨ ᠵᠥᠪ ᠪᠣᠷᠤᠯᠠᠭᠤᠯᠭ᠎ᠠ ᠵᠢᠨ ᠵᠠᠮ᠎ᠢ ᠰᠣᠩᠭᠣᠵᠤ᠂ ᠠᠯᠢ ᠪᠣᠯᠬᠤᠶ᠋ᠢᠴᠠ ᠲᠣᠮᠣ ᠬᠡᠯᠪᠡᠷᠢ ᠵᠢᠨ ᠬᠤᠳᠠᠯᠳᠤᠭ᠋ᠠᠨ᠎ᠤ ᠲᠠᠯᠠᠪᠤᠷ ᠪᠤᠶᠤ ᠲᠤᠰᠬᠠᠶ ᠬᠤᠳᠠᠯᠳᠤᠭ᠋ᠠᠨ᠎ᠤ ᠳᠡᠯᠭᠡᠭᠦᠷ ᠵᠡᠷᠭᠡ ᠢᠲᠡᠭᠡᠮᠵᠢ᠎ᠲᠠᠢ ᠪᠠᠷᠠᠭ᠎ᠠ ᠬᠤᠳᠠᠯᠳᠤᠨ ᠠᠪᠬᠤ ᠲᠠᠯᠠᠪᠤᠷ᠎ᠠᠴᠠ ᠰᠣᠩᠭᠣᠬᠤ ᠵᠢᠨ ᠬᠠᠮᠲᠤ ᠪᠠᠷᠠᠭ᠎ᠠ ᠬᠤᠳᠠᠯᠳᠤᠨ ᠠᠪᠤᠭᠰᠠᠨ ᠭᠡᠷᠡᠴᠢ ᠪᠠᠷᠢᠮᠲᠠ᠎ᠪᠠᠨ ᠦᠯᠡᠳᠡᠭᠡᠨ ᠬᠠᠳᠠᠭ᠋ᠠᠯᠠᠵᠤ᠂ ᠲᠠᠸᠠᠷ᠎ᠨᠢ ᠶᠠᠰᠤ ᠴᠢᠨᠠᠷ᠎ᠤᠨ ᠠᠰᠠᠭᠤᠳᠠᠯ ᠭᠠᠷᠪᠠᠯ ᠥᠪᠡᠷ᠎ᠤᠨ ᠬᠠᠤᠯᠢ ᠶᠣᠰᠣᠨ᠎ᠤ ᠡᠷᠬᠡ ᠠᠰᠢᠭ ᠵᠶ᠋ᠠᠨ ᠪᠦᠲᠦᠮᠵᠢᠲᠡᠶ ᠬᠠᠮᠠᠭ᠋ᠠᠯᠠᠵᠤ ᠴᠢᠳᠠᠬᠤ ᠪᠣᠯᠣᠨ᠎ᠠ ᠃ ᠬᠡᠷᠪᠡ ᠬᠡᠷᠡᠭᠯᠡᠭᠡ ᠵᠢᠨ ᠵᠢᠭᠤᠷᠠᠯᠳᠤᠭ᠋ᠠᠨ ᠲᠣᠬᠢᠶᠠᠯᠳᠤᠪᠠᠯ 12315 ᠪᠤᠶᠤ 12345᠎ᠳᠤ ᠤᠲᠠᠰᠤᠳᠠᠵᠤ ᠵᠠᠭ᠋ᠠᠯᠳᠤᠵᠤ ᠪᠣᠯᠣᠨ᠎ᠠ᠃