ᠴᠠᠢ᠎ᠶ᠋ᠢᠨ ᠣᠮᠳᠠᠭ᠋ᠠᠨ᠎ᠳᠦ 《ᠴᠠᠢ᠎ᠶ᠋ᠢᠨ ᠪᠠᠺᠲ᠋ᠧᠷᠢ》 ᠦᠷᠡᠵᠢᠬᠦ ᠨᠢ ᠤᠮᠳᠠᠭᠠᠨ᠎ᠤ ᠶᠠᠰᠤ ᠴᠢᠨᠠᠷᠳᠦ ᠠᠰᠠᠭᠤᠳᠠᠯ᠎ᠲᠠᠢ ᠶᠢ ᠲᠤᠲᠤᠷᠬᠠᠢ᠌ᠯᠠᠨᠠ ?
ᠡᠢ᠌ᠮᠦᠷᠬᠦᠦ ᠬᠡᠯᠡᠯᠭᠡ ᠨᠢ ᠪᠤᠳᠠᠲᠤ ᠪᠠᠢᠳᠠᠯ ᠲᠠᠢ ᠨᠡᠢᠴᠡᠬᠦ᠌ ᠦᠭᠡᠢ ᠃
ᠵᠢᠩᠬᠢᠨᠢ ᠦᠢᠯᠡᠳᠪᠦᠷᠢ᠎ᠶ᠋ᠢᠨ ᠦᠢᠯᠡᠳᠪᠦᠷᠢᠯᠡᠭ᠌ᠰᠡᠨ ᠣᠮᠳᠠᠭ᠋ᠠᠨ ᠨᠢ ᠪᠢᠲᠡᠭᠦᠮᠵᠢᠯᠡᠭᠡᠳᠦᠢ ᠪᠦᠭᠡᠳ ᠵᠤᠬᠢᠰᠲᠠᠢ ᠬᠠᠳᠠᠭᠠᠯᠠᠭ᠍ᠳᠠᠭ᠍ᠰᠠᠨ ᠪᠠᠢᠳᠠᠯ ᠳᠣᠣᠷ᠎ᠠ ᠠᠶᠤᠯ ᠦᠭᠡᠢ ᠪᠠᠢ᠌ᠵᠦ᠂ ᠬᠡᠢ ᠬᠤᠭᠤᠰᠣᠨ᠎ᠢᠶᠠᠷ ᠠᠶᠠᠨᠳᠠᠭ᠋ᠠᠨ ᠮᠢᠺᠷᠣᠪ ᠡᠭᠦᠰᠬᠦ ᠦᠭᠡᠢ ᠪᠠᠢ᠌ᠳᠠᠭ᠃ ᠠᠮᠠᠰᠠᠷᠢ᠋ ᠨᠢ ᠨᠡᠬᠡᠭᠡᠭᠰᠡᠨᠦ ᠳᠠᠷᠠᠭ᠎ᠠ᠂ ᠮᠢᠺᠷᠣᠪ ᠣᠷᠣᠬᠤ ᠲᠣᠬᠢᠶᠠᠯ ᠣᠯᠳᠠᠪᠡᠯ ᠰᠠᠶᠢ ᠨᠢᠳᠦᠨᠳ᠋ᠦ᠍ ᠦᠵᠡᠭ᠌ᠳᠡᠬᠦ᠌ ᠪᠠᠺᠲ᠋ᠧᠷᠢ᠎ᠶᠢᠨ ᠪᠦᠯᠬᠦᠮ ᠲᠦᠷᠭᠡᠨ ᠦᠷᠡᠵᠢᠨ᠎ᠡ᠂ ᠳᠠᠷᠤᠢ 《ᠴᠠᠢ᠎ᠶ᠋ᠢᠨ ᠪᠠᠺᠲ᠋ᠧᠷᠢ》 ᠭᠡᠳᠡᠭ᠃ ᠡᠢᠮᠦ᠍᠎ᠡᠴᠡ ᠴᠠᠢ᠎ᠶ᠋ᠢᠨ ᠪᠠᠺᠲ᠋ᠧᠷᠢ᠎ᠶ᠋ᠢᠨ ᠢᠯᠡᠷᠡᠭ᠌ᠰᠡᠨ ᠨᠢ ᠤᠮᠳᠠᠭᠠᠨ᠎ᠤ ᠶᠠᠰᠤ ᠴᠢᠨᠠᠷ᠎ᠤᠨ ᠰᠠᠢᠨ ᠮᠠᠭᠤ᠎ᠶ᠋ᠢ ᠲᠤᠰᠭᠠᠵᠤ ᠳᠡᠢ᠌ᠯᠬᠦ ᠦᠭᠡᠢ᠂ ᠵᠥᠪᠬᠡᠨ ᠲᠤᠰ ᠣᠮᠳᠠᠭ᠋ᠠᠨ ᠨᠢ ᠨᠢᠭᠡᠨᠲᠡ ᠭᠠᠳᠠᠭᠠᠳᠤ ᠪᠤᠬᠢᠷᠳᠣᠭᠣᠯᠣᠯᠳᠤ ᠣᠴᠠᠷᠠᠭᠰᠠᠨᠢ ᠬᠠᠷᠠᠭᠤᠯᠵᠤ ᠪᠠᠢᠨ᠎ᠠ᠃
ᠬᠥᠮᠦᠰ ᠣᠨᠴᠠᠭᠠᠢ ᠨᠡᠷᠡᠲᠦ ᠲᠡᠮᠳᠡᠭ᠌ᠲᠦᠢ ᠠᠮᠠᠷᠬᠠᠨ ᠪᠠᠺᠲ᠋ᠧᠷ ᠦᠷᠡᠵᠢᠨ᠎ᠡ ᠭᠡᠵᠦ᠍ ᠠᠮᠠᠷᠬᠠᠨ ᠢᠲᠡᠭᠡᠳᠡᠭ᠂ ᠭᠣᠣᠯᠳᠠᠭᠤ ᠵᠠᠷᠢᠮ ᠤᠮᠳᠠᠭᠠᠨᠤ᠋ ᠪᠣᠭᠣᠳᠠᠯ ᠨᠢ ᠲᠤᠩᠭ᠋ᠠᠯᠠᠭ ᠪᠥᠭᠡᠳ ᠲᠡᠭ᠌ᠱᠢᠯᠡᠭ᠌ᠰᠡᠨᠡᠴᠡ ᠪᠣᠯᠵᠤ ᠳᠣᠲᠣᠭᠠᠳᠤ᠎ᠶᠢᠨ ᠬᠤᠪᠢᠷᠠᠯᠲᠠ᠎ᠶᠢ ᠠᠵᠢᠭᠯᠠᠬᠤ᠎ᠳᠤ ᠳᠦᠭᠦᠮ ᠪᠦᠭᠡᠳ ᠰᠡᠭᠦᠳᠡᠷᠯᠡᠨ ᠲᠠᠷᠬᠠᠭᠠᠬᠤᠳ᠋ᠤ ᠳᠥᠭᠥᠮ᠃ ᠬᠡᠷᠡᠭᠯᠡᠭᠴᠢᠳ᠎ᠲᠦ ᠰᠠᠨᠠᠭᠤᠯᠬᠤ ᠨᠢ ᠣᠮᠳᠠᠭ᠋ᠠᠨᠤ ᠬᠠᠳᠠᠭᠠᠯᠠᠬᠤ ᠠᠷᠭ᠎ᠠ ᠮᠠᠶᠢᠭ᠎ᠢ ᠠᠩᠬᠠᠷᠴᠤ᠌᠂ ᠣᠨᠴᠠᠭ᠋ᠠᠢ᠌ᠯᠠᠨ ᠠᠮᠠᠰᠠᠷ᠎ᠢ ᠨᠢ ᠨᠡᠬᠡᠭᠡᠭᠰᠡᠨᠤ ᠳᠠᠷᠠᠭ᠎ᠠ ᠲᠦᠷᠭᠡᠬᠡᠨ ᠤᠤᠭᠤᠬᠤ ᠬᠡᠷᠡᠭ᠌ᠲᠡᠶ ᠪᠥᠭᠡᠳ ᠵᠤᠬᠢᠰᠲᠠᠢ ᠰᠢᠢ᠍ᠳᠪᠦᠷᠢᠯᠡᠵᠦ᠂ 《ᠴᠠᠶ᠎ᠶ᠋ᠢᠨ ᠪᠠᠺᠲ᠋ᠧᠷᠢ》᠎ᠢ ᠪᠢᠲᠡᠬᠡᠢ ᠵᠤᠷᠢᠭᠤᠳᠡᠨ ᠬᠦᠮᠦᠵᠢᠭᠦᠯᠵᠦ ᠨᠡᠩ ᠴᠢᠨᠠᠭᠰᠢᠲᠠ ᠪᠠᠺᠲ᠋ᠧᠷᠢ᠎ᠶ᠋ᠢᠨ ᠦᠷ᠎ᠡ᠎ᠶ᠋ᠢ ᠰᠣᠯᠢᠯᠴᠠᠵᠤ᠂ ᠰᠠᠨᠠᠭᠠᠨ᠎ᠳᠤ ᠦᠭᠡᠶ ᠮᠢᠺᠷᠣᠪ᠎ᠠᠴᠠ ᠪᠣᠯᠤᠭ᠍ᠰᠠᠨ ᠡᠷᠡᠭᠦᠯ ᠮᠡᠨᠳᠦ᠍᠎ᠶ᠋ᠢᠨ ᠲᠦᠭ᠌ᠰᠢᠭᠦᠷᠢ᠎ᠶ᠋ᠢ ᠰᠡᠷᠭᠡᠢᠯᠡᠬᠦ᠌ ᠬᠡᠷᠡᠭ᠌ᠲᠡᠶ᠃
ᠢᠳᠡᠰᠢᠨᠦ ᠲᠣᠰᠣᠢ ᠭᠠᠯᠳᠤ ᠳᠦᠯᠡᠬᠦ ᠨᠢ ᠶᠠᠰᠤ ᠴᠢᠨᠠᠷ᠎ᠢ ᠮᠠᠭᠠᠳᠯᠠᠵᠤ ᠳᠡᠢ᠌ᠯᠦᠨ᠎ᠡ?
ᠡᠢ᠌ᠮᠦᠷᠬᠦᠦ ᠬᠡᠯᠡᠯᠭᠡ᠎ᠨᠢ ᠱᠢᠨᠵᠢᠯᠡᠬᠦ᠌ ᠤᠬᠠᠭᠠᠨᠴᠢ ᠪᠠᠷᠢᠮᠲᠠ ᠦᠭᠡᠢ᠃
ᠰᠦᠯᠵᠢᠶᠡᠨ᠎ᠦ᠌ ᠳᠠᠮᠵᠢᠭᠤᠯᠭ᠎ᠠ᠎ᠡᠴᠡ ᠢᠳᠡᠰᠢᠨᠦ᠌ ᠲᠣᠰᠣ᠎ᠶᠢ ᠬᠠᠯᠠᠭ᠋ᠠᠨ ᠭᠠᠯ ᠳᠦᠷᠡᠯᠵᠡᠭᠦᠯᠵᠦ᠂ ᠰᠢᠲᠠᠭ᠋ᠠᠭᠰᠠᠨᠤ᠋ ᠳᠠᠷᠠᠭ᠎ᠠ ᠲᠣᠭᠣᠭᠠᠨᠳ᠋ᠤ ᠦᠯᠡᠳᠡᠭ᠌ᠰᠡᠨ ᠬᠠᠷ᠎ᠠ ᠥᠩᠭᠡ ᠲᠠᠢ ᠰᠢᠲᠠᠵᠦ ᠬᠡᠣᠷᠰᠢᠭ᠌ᠰᠡᠨ ᠪᠤᠳᠠᠰ ᠨᠢ ᠳᠠᠷᠣᠢ ᠶᠠᠰᠤ ᠴᠢᠨᠠᠷ ᠨᠢ ᠮᠠᠭᠤ᠃ ᠭᠡᠪᠡᠴᠦ᠍ ᠡᠢ᠌ᠮᠦᠷᠬᠦᠦ ᠭᠠᠯᠳᠤ ᠲᠦᠯᠡᠭ᠌ᠰᠡᠨᠤ ᠳᠠᠷᠠᠭᠠᠬᠢ ᠬᠠᠷ᠎ᠠ ᠥᠩᠭᠡ ᠲᠠᠢ ᠰᠢᠲᠠᠵᠦ ᠬᠡᠣᠷᠰᠢᠭ᠌ᠰᠡᠨ ᠪᠤᠳᠠᠰ᠎ᠨᠢ ᠬᠡᠷᠡᠭ ᠳᠡᠭᠡᠷ᠎ᠡ᠎ᠪᠡᠨ ᠦᠭᠡᠬᠦ ᠲᠤᠰᠣ ᠨᠢ ᠥᠨᠳᠥᠷ ᠳᠣᠯᠠᠭ᠋ᠠᠴᠠᠶᠢᠨ ᠱᠢᠲᠠᠯᠲᠠ ᠭᠦᠢᠴᠡᠳ ᠪᠤᠰᠤ᠎ᠡᠴᠡ ᠡᠭᠦᠰᠦᠭᠰᠡᠨ ᠬᠤᠷᠠᠮᠡᠯ ᠨᠡᠭᠦᠷᠡᠰᠦᠳᠦᠷᠦᠭᠴᠢ᠂ ᠴᠢᠶᠢᠦ᠂ ᠲᠦᠯᠡᠰᠢ᠎ᠶᠢᠨ ᠲᠤᠰᠣ ᠰᠢᠲᠠᠭᠰᠠᠨᠤ ᠳᠠᠷᠠᠭ᠎ᠠ ᠬᠠᠷ᠎ᠠ ᠦᠨᠡᠰᠦ ᠦᠯᠡᠳᠡᠬᠦ ᠲᠠᠢ ᠠᠳᠠᠯᠢᠪᠲᠣᠷ ᠪᠠᠢ᠌ᠵᠦ᠂ ᠮᠠᠰᠢ ᠤᠯᠠᠨ ᠦᠭᠡᠬᠦ ᠲᠤᠰᠤ ᠰᠢᠲᠠᠭᠰᠠᠨᠤ ᠳᠠᠷᠠᠭ᠎ᠠ ᠴᠥᠮ ᠢᠯᠡᠷᠡᠳᠡᠭ᠂ ᠶᠠᠰᠤ ᠴᠢᠨᠠᠷᠲᠠᠢ ᠬᠠᠮᠢᠶ᠎ᠠ ᠦᠭᠡᠢ᠃
ᠡᠨᠡ ᠬᠦ᠌ ᠴᠤᠤᠷᠬᠠᠯ᠎ᠤᠨ ᠡᠨᠳᠡᠭᠦᠷᠡᠯ ᠨᠢ ᠮᠠᠨ᠎ᠤ ᠤᠯᠤᠰ᠎ᠤᠨ ᠤᠲᠤ᠎ᠶ᠋ᠢᠨ ᠬᠡᠷᠡᠭ᠌ᠵᠢᠭᠦᠯᠵᠦ᠍ ᠪᠠᠢᠭ᠎ᠠ ᠢᠳᠡᠰᠢᠨᠦ ᠲᠤᠰᠤᠨ᠎ᠤ ᠪᠠᠷᠢᠮᠵᠢᠶ᠎ᠠ᠎ᠶ᠋ᠢ ᠦᠨᠲᠦᠰᠦᠨᠳᠦᠪᠡᠨ ᠪᠤᠳᠤᠯᠬᠢᠯᠠᠭᠰᠠᠨ ᠦᠭᠡᠢ᠂ ᠵᠥᠪᠬᠡᠨ ᠢᠨᠢᠶᠡᠳᠣᠮᠢ ᠳᠠᠮᠵᠢᠭᠤᠯᠬᠤ᠎ᠶᠢᠨ ᠲᠤᠯᠠ᠎ᠲᠤ ᠱᠢᠲᠠᠭ᠍ᠰᠠᠨᠤ ᠳᠠᠷᠠᠭ᠋ᠠᠬᠢ ᠬᠡᠣᠷᠰᠢᠭᠰᠠᠨ ᠪᠤᠳᠠᠰ᠎ᠢ ᠴᠢᠨᠠᠷ ᠮᠠᠭᠤᠲᠠᠢ ᠭᠡᠵᠦ ᠲᠡᠩᠴᠡᠭᠦᠯᠦᠨ ᠦᠵᠡᠵᠦ᠂ ᠦᠨᠡᠨ᠎ᠳᠦ᠎ᠪᠡᠨ ᠰᠢᠲᠠᠵᠦ ᠬᠡᠣᠷᠰᠢᠬᠦ ᠨᠢ ᠪᠤᠢ ᠪᠦᠭᠦᠢ ᠥᠭᠡᠬᠦ ᠲᠤᠰᠤ᠎ᠶᠢᠨ ᠰᠢᠲᠠᠯᠲᠠ᠎ᠶᠢᠨ ᠬᠠᠮᠲᠤ᠎ᠶᠢᠨ ᠴᠢᠨᠠᠷ ᠮᠦᠨ᠂ ᠶᠠᠰᠤ ᠴᠢᠨᠠᠷ᠎ᠤᠨ ᠰᠠᠢ᠌ᠨ ᠮᠠᠭᠣ᠎ᠶᠢ ᠲᠦᠯᠦᠭᠡᠯᠡᠵᠦ ᠳᠡᠢ᠌ᠯᠬᠦ ᠦᠭᠡᠢ᠃ ᠬᠦᠮᠦᠰ ᠡᠢ᠌ᠮᠦᠷᠬᠦᠦ ᠴᠤᠤᠷᠬᠠᠯ᠎ᠢ ᠠᠮᠠᠷᠬᠠᠨ ᠢᠲᠡᠭᠡᠵᠦ ᠪᠠᠢ᠌ᠭ᠎ᠠ ᠨᠢ ᠭᠠᠯ᠎ᠤᠨ ᠰᠢᠲᠠᠯᠲᠠ᠎ᠶᠢᠨ ᠲᠤᠷᠰᠢᠯᠲᠠ᠎ᠡᠴᠡ ᠪᠤᠯᠵᠦ ᠰᠢᠭᠣᠳ 《ᠬᠦᠮᠦᠨ᠎ᠢ ᠠᠶᠤᠯᠭ᠋ᠠᠬᠤ》 ᠪᠣᠯᠪᠠ᠃ ᠢᠳᠡᠰᠢᠨᠦ ᠲᠣᠰᠣ᠎ᠶ᠋ᠢ ᠰᠣᠩᠭᠣᠬᠤ᠎ᠳᠤ᠎ᠪᠠᠨ ᠪᠤᠯᠪᠠᠰᠤᠷᠠᠭᠤᠯᠬᠤ ᠤᠷ᠎ᠠ ᠮᠡᠷᠭᠡᠱᠢᠯ᠂ ᠨᠠᠢᠷᠠᠯᠭ᠎ᠠ᠎ᠶ᠋ᠢᠨ ᠬᠦᠰᠦᠨᠤᠭ᠌ᠲᠦᠶᠢᠨ ᠥᠭᠡᠬᠦᠨ ᠬᠦᠴᠢᠯ᠎ᠦᠨ ᠲᠥᠷᠥᠯ ᠵᠦᠢᠯ᠂ ᠪᠣᠭᠣᠳᠠᠯ᠎ᠤᠨ ᠪᠠᠭ᠍ᠲᠠᠭᠠᠮᠵᠢ ᠵᠢᠴᠢ ᠲᠤᠰ ᠪᠡᠶ᠎ᠡ᠎ᠶ᠋ᠢᠨ ᠲᠤᠭᠤᠭ᠋ᠠᠯᠠᠬᠤ ᠬᠡᠷᠡᠭ᠌ᠴᠡᠭᠡ᠎ᠶ᠋ᠢ ᠠᠩᠬᠠᠷᠴᠤ᠂ ᠬᠠᠷᠢᠨ ᠭᠠᠯᠳᠤ ᠳᠦᠯᠡᠬᠦ ᠵᠡᠷᠭᠡ ᠱᠢᠨᠵᠢᠯᠡᠬᠦ᠌ ᠤᠬᠠᠭᠠᠨᠴᠢ ᠪᠤᠰᠤ ᠠᠷᠭ᠎ᠠ ᠮᠠᠶᠢᠭ᠎ᠪᠠᠷ ᠮᠠᠭᠠᠳᠯᠠᠬᠤ ᠪᠢᠰᠢ ᠃