ᠪᠣᠷᠣ ᠭᠡᠷᠡᠯᠲᠦ ᠳ᠋ᠸᠩ᠎ᠤᠨ ᠳᠣᠣᠷᠠᠬᠢ ᠢᠳᠡᠰᠢᠨ ᠨᠣᠭᠣᠭ᠎ᠠ ᠬᠥᠬᠡ ᠥᠩᠭᠡ᠎ᠲᠠᠢ ᠪᠣᠯᠣᠭᠰᠠᠨ᠎ᠨᠢ ᠲᠠᠷᠢᠶᠠᠨ ᠡᠮ᠎ᠤᠨ ᠦᠯᠡᠳᠡᠭᠳᠡᠯ ᠮᠥᠨ ᠤᠤ? ᠮᠡᠷᠭᠡᠵᠢᠯᠲᠡᠳ᠎ᠠᠴᠠ ᠬᠠᠷᠢᠭᠤ ᠲᠤᠰᠬᠠᠪᠠ
2024-12-03

    ᠣᠢ᠌ᠷ᠎ᠠ᠎ᠳᠤ ᠂ ᠱᠠᠨᠰᠢ ᠵᠢᠨ ᠸᠧᠢ ᠨᠠᠨ᠎ᠤ ᠨᠢᠭᠡᠨ  ᠡᠮᠡᠭᠲᠡᠢ  ᠪᠣᠷᠣ ᠭᠡᠷᠡᠯᠲᠦ  ᠳ᠋ᠧᠩ ᠵᠶ᠋ᠠᠷ  ᠯᠠᠵᠤᠤ ᠵᠡᠷᠭᠡ ᠢᠳᠡᠰᠢᠨ  ᠨᠣᠭᠣᠭ᠎ᠠ ᠵᠢ ᠭᠡᠷᠡᠯᠲᠦᠭᠦᠯᠦᠭᠡᠳ  ᠬᠥᠬᠡ ᠥᠩᠭᠡ᠎ᠲᠠᠢ ᠪᠣᠯᠤᠭᠰᠠᠨ ᠳᠦᠷᠰᠦ ᠰᠢᠩᠭᠡᠭᠡᠯᠲᠡ ᠵᠢ ᠨᠡᠢ᠌ᠲᠡᠯᠡᠭᠡᠳ ᠲᠡᠷᠡ  ᠸᠢᠳᠢᠣ᠋᠎ᠨᠢ ᠰᠦᠯᠵᠢᠶᠡᠨ ᠳᠡᠭᠡᠷ᠎ᠡ ᠬᠠᠯᠠᠮᠰᠢᠯ ᠪᠣᠯᠪᠠ ᠃

    ᠳᠤᠮᠳᠠᠳᠤ ᠤᠯᠤᠰ᠎ᠤᠨ ᠲᠠᠷᠢᠶᠠᠯᠠᠩ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠎ᠤᠨ ᠢᠳᠡᠰᠢᠨ ᠨᠣᠭᠣᠭ᠎ᠠ ᠬᠤᠸᠠᠷ ᠴᠡᠴᠡᠭ ᠰᠤᠳᠤᠯᠬᠤ ᠭᠠᠵᠠᠷ᠎ᠤᠨ ᠰᠤᠳᠤᠯᠤᠭᠴᠢ ᠯᠢ ᠪᠣᠣ ᠵᠢᠦᠢ᠎ᠠᠴᠠ᠂ ᠪᠣᠷᠣ ᠭᠡᠷᠡᠯᠲᠦ  ᠳ᠋ᠧᠩ ᠵᠶ᠋ᠠᠷ ᠢᠳᠡᠰᠢᠨ ᠨᠣᠭᠣᠭ᠎ᠠ ᠵᠢ ᠭᠡᠷᠡᠯᠲᠦᠭᠦᠯᠬᠦ᠎ᠳᠤ ᠬᠥᠬᠡ ᠥᠩᠭᠡ  ᠢᠯᠡᠷᠡᠭᠦᠯᠬᠦ᠎ᠨᠢ ᠬᠡᠪ᠎ᠤᠨ ᠪᠠᠶ᠋ᠢᠳᠠᠯ ᠪᠣᠯᠣᠨ᠎ᠠ᠃ ᠪᠣᠷᠣ ᠭᠡᠷᠡᠯᠲᠦ  ᠳ᠋ᠧᠩ᠎ᠤᠨ ᠳᠣᠣᠷᠠᠬᠢ ᠬᠥᠬᠡ ᠨᠣᠭᠣᠭ᠋ᠠᠨ ᠥᠩᠭᠡᠲᠦ ᠪᠣᠳᠠᠰ ᠪᠣᠯ ᠢᠳᠡᠰᠢᠨ  ᠨᠣᠭᠣᠭ᠎ᠠ ᠵᠢ ᠬᠠᠳᠠᠭ᠋ᠠᠯᠠᠬᠤ ᠶᠠᠪᠤᠴᠠ᠎ᠳᠤ ᠪᠣᠢ ᠪᠣᠯᠤᠭᠰᠠᠨ ᠴᠡᠭᠡᠨ ᠭᠡᠷᠡᠯᠲᠦ ᠪᠣᠳᠠᠰ ᠪᠠᠢ᠌ᠵᠤ ᠂ ᠡᠭᠦᠨ᠎ᠳᠤ ᠬᠠᠨ ᠲᠡᠮᠦᠷ᠎ᠤᠨ  ᠬᠦᠴᠢᠯ᠂ ᠵᠢᠭ᠋ᠠᠷ  ᠪᠤᠷᠴᠠᠭ᠎ᠤᠨ ᠡᠳ᠋ ᠪᠠ ᠹᠠᠯᠸᠣᠨ᠎ᠤ  ᠲᠥᠷᠥᠯ᠎ᠤᠨ ᠪᠣᠳᠠᠰ ᠵᠡᠷᠭᠡ ᠵᠢ ᠪᠠᠭᠲᠠᠭ᠋ᠠᠨ᠎ᠠ ᠂ ᠲᠡᠳᠡᠭᠡᠷ᠎ᠨᠢ  ᠤᠷᠭᠤᠮᠠᠯ᠎ᠤᠨ ᠦᠬᠦᠰᠢᠷᠡᠯ᠎ᠠᠴᠠ ᠰᠡᠷᠭᠡᠢ᠌ᠯᠡᠳᠡᠭ᠃ ᠢᠳᠡᠰᠢᠨ ᠨᠣᠭᠣᠭ᠎ᠠ᠎ᠳᠠᠬᠢ ᠠᠭᠤᠯᠤᠭᠳᠠᠴᠠ᠎ᠨᠢ ᠪᠠᠭ᠎ᠠ ᠪᠠᠢ᠌ᠵᠤ᠂ ᠲᠠᠯᠪᠢᠬᠤ ᠴᠠᠭ᠎ᠨᠢ ᠤᠷᠲᠤ ᠪᠣᠯᠬᠤ ᠲᠣᠳᠤᠮ ᠴᠡᠭᠡᠨ ᠭᠡᠷᠡᠯ᠎ᠨᠢ ᠤᠯᠠᠮ ᠢᠯᠡᠷᠬᠡᠶ ᠪᠣᠯᠣᠨ᠎ᠠ ᠂ ᠡᠳᠡᠭᠡᠷ ᠪᠠᠢ᠌ᠭ᠋ᠠᠯᠢᠯᠢᠭ ᠪᠣᠳᠠᠰ᠎ᠨᠢ ᠬᠦᠮᠦᠨ᠎ᠤ ᠪᠡᠶ᠎ᠡ ᠠᠶᠤᠯ ᠦᠭᠡᠢ ᠪᠠᠢ᠌ᠳᠠᠭ ᠃

    ᠯᠢ ᠪᠦᠦ ᠵᠢᠤᠢ 11 ᠳ᠋ᠦ᠍ᠭᠡᠷ ᠰᠠᠷ᠎ᠠ ᠵᠢᠨ ᠳᠤᠮᠳᠠᠴᠢ᠎ᠠᠴᠠ ᠡᠬᠢᠯᠡᠨ  ᠮᠠᠰᠢ ᠣᠯᠠᠨ ᠪᠣᠷᠣ ᠭᠡᠷᠡᠯᠲᠦ ᠳ᠋ᠧᠩ ᠪᠠ  ᠴᠡᠭᠡᠨ ᠪᠢᠷ ᠬᠤᠳᠠᠯᠳᠤᠵᠤ ᠪᠠᠢ᠌ᠭᠰᠠᠨ ᠡᠯᠸᠺᠲᠷᠣᠨ  ᠬᠤᠳᠠᠯᠳᠤᠭ᠎ᠠ ᠢᠯᠡᠷᠡᠵᠦ ᠂ ᠢᠳᠡᠰᠢᠨ ᠨᠣᠭᠤᠭ᠋ᠠᠨ᠎ᠤ  ᠭᠠᠳᠠᠷᠭᠤ ᠵᠢᠨ ᠲᠠᠷᠢᠶᠠᠨ ᠡᠮ᠎ᠤᠨ ᠦᠯᠡᠳᠡᠭᠳᠡᠯ᠎ᠢ ᠪᠠᠶ᠋ᠢᠴᠠᠭ᠋ᠠᠨ ᠬᠡᠮᠵᠢᠵᠦ ᠳᠡᠢ᠌ᠯᠦᠨ᠎ᠡ ᠭᠡᠰᠡᠨ ᠤᠬᠠᠭᠤᠯᠭ᠎ᠠ ᠬᠢᠵᠦ ᠪᠠᠢ᠌ᠭᠰᠠᠨ᠎ᠢ ᠠᠩᠵᠠᠭ᠋ᠠᠷᠠᠵᠤ  ᠣᠯᠪᠠ ᠃ ᠦᠨᠡᠨ᠎ᠳᠤ᠎ᠪᠠᠨ ᠪᠣᠷᠣ ᠭᠡᠷᠡᠯᠲᠦ  ᠳ᠋ᠧᠩ ᠵᠶ᠋ᠠᠷ ᠢᠳᠡᠰᠢᠨ ᠨᠣᠭᠣᠭ᠎ᠠ  ᠵᠢᠮᠢᠰ ᠎ᠢ  ᠭᠡᠷᠡᠯᠲᠦᠭᠦᠯᠦᠭᠡᠳ  ᠴᠡᠭᠡᠨ  ᠭᠡᠷᠡᠯ  ᠰᠠᠴᠤᠷᠠᠭᠤᠯᠳᠠᠭ᠎ᠨᠢ  ᠲᠠᠷᠢᠶᠠᠨ ᠡᠮ᠎ᠲᠠᠢ ᠭᠡᠳᠡᠭ᠎ᠢ ᠬᠠᠷᠠᠭᠤᠯᠵᠤ ᠳᠡᠶ᠋ᠢᠯᠬᠦ ᠦᠭᠡᠶ ᠂ ᠴᠡᠭᠡᠨ ᠭᠡᠷᠡᠯ ᠦᠭᠡᠶ ᠪᠠᠢ᠌ᠭ᠎ᠠ ᠵᠢ  ᠴᠤ᠌  ᠲᠠᠷᠢᠶᠠᠨ ᠡᠮ ᠬᠡᠷᠡᠭᠯᠡᠭᠰᠡᠨ ᠦᠭᠡᠢ ᠭᠡᠵᠦ ᠬᠡᠯᠡᠵᠦ ᠪᠤᠯᠬᠤ ᠦᠭᠡᠢ ᠶᠤᠮ᠃ ᠯᠢ ᠪᠦᠦ ᠵᠢᠤᠢ ᠵᠢᠨ ᠦᠵᠡᠬᠦ᠎ᠪᠠᠷ ᠂ ᠡᠯᠸᠺᠲᠷᠣᠨ  ᠬᠤᠳᠠᠯᠳᠤᠭ᠋ᠠᠨ᠎ᠤ ᠲᠠᠪᠴᠠᠩ᠎ᠤᠨ᠎ᠬᠢᠨ ᠪᠣᠷᠣ ᠭᠡᠷᠡᠯᠲᠦ  ᠳ᠋ᠧᠩ ᠵᠶ᠋ᠠᠷ ᠢᠳᠡᠰᠢᠨ ᠨᠣᠭᠤᠭ᠎ᠠ ᠵᠢ ᠭᠡᠷᠡᠯᠲᠦᠭᠦᠯᠬᠦ ᠴᠤᠤᠷᠬᠠᠯ᠎ᠤᠨ ᠦᠵᠡᠭᠳᠡᠯ᠎ᠢ ᠬᠢᠵᠠᠭ᠋ᠠᠷᠯᠠᠨ ᠂  ᠳᠤᠷ᠎ᠠ᠎ᠪᠠᠷ᠎ᠨᠢ ᠲᠠᠯᠪᠢᠬᠤ ᠦᠭᠡᠢ  ᠪᠠᠢ᠌ᠵᠤ ᠂ ᠬᠤᠳᠠᠯ ᠬᠡᠯᠡᠯᠭᠡ᠎ᠪᠠᠷ ᠣᠯᠠᠨ ᠨᠡᠶ᠋ᠢᠲᠡ ᠵᠢᠨ ᠬᠡᠪ᠎ᠤᠨ ᠠᠮᠢᠳᠤᠷᠠᠯ᠎ᠢ ᠰᠠᠮᠠᠭᠤᠷᠠᠭᠤᠯᠬᠤ᠎ᠠᠴᠠ ᠪᠣᠯᠭᠣᠮᠵᠢᠯᠠᠬᠤ ᠬᠡᠷᠡᠭᠲᠡᠢ  ᠭᠡᠪᠡ᠃

 

ᠢᠷᠡᠯᠲᠡ᠄ ᠢᠨᠲ᠋ᠧᠷ ᠰᠦᠯᠵᠢᠶ᠎ᠡ᠎ᠲᠠᠢ ᠬᠠᠮᠲᠤᠷᠠᠭᠰᠠᠨ ᠴᠤᠤᠷᠬᠠᠯ᠎ᠢ ᠨᠢᠴᠤᠭ᠋ᠠᠬᠤ ᠲᠠᠪᠴᠠᠩ