ᠦᠨᠳᠡᠭᠡᠨ ᠰᠢᠷ᠎ᠠ ᠵᠢ ᠢᠳᠡᠵᠦ ᠪᠣᠯᠬᠤ ᠦᠭᠡᠢ᠂ ᠡᠰᠡ ᠲᠡᠭᠡᠪᠡᠯ ᠰᠦᠰᠦᠨ᠎ᠤ ᠭᠤᠨᠠᠨ ᠠᠯᠺᠣᠣᠯ᠎ᠢ ᠦᠨᠳᠦᠷᠵᠢᠭᠦᠯᠦᠨ᠎ᠡ?
2024-12-31

     ᠦᠨᠳᠡᠭᠡᠨ ᠰᠢᠷ᠎ᠠ ᠵᠢ ᠢᠳᠡᠵᠦ ᠪᠣᠯᠬᠤ ᠦᠭᠡᠢ᠂ ᠡᠰᠡ ᠲᠡᠭᠡᠪᠡᠯ  ᠰᠦᠰᠦᠨ᠎ᠤ ᠭᠤᠨᠠᠨ ᠠᠯᠺᠣᠣᠯ᠎ᠢ ᠦᠨᠳᠦᠷᠵᠢᠭᠦᠯᠦᠨ᠎ᠡ ? ᠪᠤᠷᠤᠭᠤ ᠣᠢ᠌ᠯᠠᠭ᠋ᠠᠯᠲᠠ ᠃

     ᠰᠢᠨᠵᠢᠯᠡᠬᠦ ᠤᠬᠠᠭ᠋ᠠᠨᠴᠢ᠎ᠪᠠᠷ ᠴᠤᠤᠷᠬᠠᠯ᠎ᠢ ᠨᠢᠴᠤᠭ᠋ᠠᠬᠤ

     ᠬᠡᠳᠦᠢ᠌ᠪᠡᠷ ᠥᠨᠳᠡᠭᠡᠨ ᠰᠢᠷ᠎ᠠ᠎ᠳᠤ ᠰᠦᠰᠦᠨ᠎ᠤ ᠭᠤᠨᠠᠨ ᠠᠯᠺᠣᠣᠯ ᠠᠷᠪᠢᠨ ᠠᠭᠤᠯᠤᠭᠳᠠᠳᠠᠭ ᠴᠤ᠌ ᠢᠳᠡᠭᠡᠨ᠎ᠳᠠᠬᠢ ᠰᠦᠰᠦᠨ᠎ᠤ ᠭᠤᠨᠠᠨ ᠠᠯᠺᠣᠣᠯ᠎ᠨᠢ ᠣᠯᠠᠩᠬᠢ ᠬᠦᠮᠦᠨ᠎ᠤ ᠴᠢᠰᠤᠨ᠎ᠳᠠᠬᠢ ᠰᠦᠰᠦᠨ᠎ᠤ ᠭᠤᠨᠠᠨ ᠠᠯᠺᠣᠣᠯ᠎ᠤᠨ ᠲᠦᠪᠰᠢᠨ᠎ᠳᠤ ᠶᠡᠬᠡ ᠨᠥᠯᠥᠭᠡ᠎ᠲᠠᠢ ᠪᠢᠰᠢ ᠭᠡᠳᠡᠭ᠎ᠢ ᠰᠤᠳᠤᠯᠭ᠋ᠠᠨ᠎ᠠᠴᠠ ᠬᠠᠷᠠᠭᠤᠯᠵᠠᠢ᠃ ᠬᠥᠮᠦᠨ᠎ᠤ ᠪᠡᠶ᠎ᠡ ᠵᠢᠨ ᠰᠦᠰᠦᠨ᠎ᠤ ᠭᠤᠨᠠᠨ ᠠᠯᠺᠣᠣᠯ᠎ᠤᠨ ᠲᠦᠪᠰᠢᠨ᠎ᠨᠢ ᠭᠣᠣᠯᠳᠠᠭᠤ ᠡᠯᠢᠭᠡᠨ᠎ᠤ ᠨᠡᠶ᠋ᠢᠯᠡᠪᠦᠷᠢ ᠪᠠ ᠪᠦᠬᠦᠯᠢ ᠴᠣᠭᠴᠠ ᠵᠢᠨ ᠬᠣᠭᠣᠯᠠ  ᠤᠮᠳᠠ ᠵᠢᠨ  ᠪᠦᠲᠦᠴᠡ ᠎ᠳᠤ  ᠨᠦᠯᠦᠭᠡᠯᠡᠭᠳᠡᠳᠡᠭ᠂ ᠬᠠᠷᠢᠨ ᠳᠠᠩ ᠭᠠᠭᠴᠠ ᠬᠣᠭᠣᠯᠠ᠎ᠪᠠᠷ ᠰᠢᠯᠲᠠᠭ᠋ᠠᠯᠠᠭᠳᠠᠳᠠᠭ ᠪᠢᠰᠢ ᠪᠠᠢ᠌ᠳᠠᠭ᠃ ᠣᠯᠠᠩᠬᠢ ᠲᠣᠭ᠋ᠠᠨ᠎ᠤ ᠡᠷᠡᠭᠦᠯ ᠬᠦᠮᠦᠰ ᠥᠨᠳᠡᠭᠡᠨ ᠰᠢᠷ᠎ᠠ ᠢᠳᠡᠬᠦ᠎ᠳᠤ ᠵᠢᠷᠦᠬᠡ ᠰᠤᠳᠠᠯ᠎ᠤᠨ ᠡᠪᠡᠳᠴᠢᠨ᠎ᠳᠤ ᠨᠡᠷᠪᠡᠭᠳᠡᠬᠦ ᠡᠷᠡᠰᠳᠡᠯ᠎ᠢ ᠮᠡᠳᠡᠭᠳᠡᠮ᠎ᠡ ᠨᠡᠮᠡᠭᠳᠡᠭᠦᠯᠬᠦ ᠦᠭᠡᠢ ᠪᠠᠶ᠋ᠢᠳᠠᠭ᠃ ᠡᠰᠡᠷᠬᠦ᠎ᠪᠠᠷ᠂ ᠲᠠᠬᠢᠶᠠᠨ ᠥᠨᠳᠡᠭᠡᠨ᠎ᠳᠤ ᠴᠢᠨᠠᠷ ᠰᠠᠶ᠋ᠢᠲᠠᠶ ᠤᠭᠤᠷᠠᠭ᠂ ᠸᠢᠲ᠋ᠠᠮᠢᠨ᠎ᠤ B ᠰᠦᠷᠦᠭ ᠂ ᠸᠢᠲ᠋ᠠᠮᠢᠨ D ᠵᠢᠴᠢ  ᠥᠨᠳᠡᠭᠡᠨ ᠹᠣᠰᠹᠣᠷ᠎ᠤᠨ ᠥᠭᠡᠬᠦ ᠵᠡᠷᠭᠡ ᠣᠯᠠᠨ ᠵᠦᠢ᠍ᠯ᠎ᠤᠨ ᠰᠢᠮ᠎ᠡ ᠳᠡᠵᠢᠭᠡᠯᠲᠦ  ᠪᠣᠳᠠᠰ ᠡᠯᠪᠡᠭ ᠠᠭᠤᠯᠤᠭᠳᠠᠵᠤ᠂ ᠪᠡᠶ᠎ᠡ ᠮᠠᠬᠠᠪᠣᠳ᠎ᠤᠨ ᠡᠷᠡᠭᠦᠯ ᠴᠢᠭᠢᠷᠠᠭ᠎ᠢ ᠪᠠᠲᠤᠯᠠᠬᠤ᠎ᠳᠤ ᠲᠤᠰᠠᠲᠠᠢ ᠪᠠᠢ᠌ᠳᠠᠭ᠃ ᠴᠥᠭᠡᠨ ᠲᠣᠭ᠋ᠠᠨ᠎ᠤ  ᠰᠦᠰᠦᠨ᠎ᠤ ᠭᠤᠨᠠᠨ ᠠᠯᠺᠣᠣᠯ᠎ᠤᠨ ᠰᠣᠯᠢᠯᠴᠠᠭ᠎ᠠ  ᠬᠡᠪ᠎ᠤᠨ ᠪᠤᠰᠤ ᠪᠠᠶ᠋ᠢᠳᠠᠯ ᠪᠤᠶᠤ ᠥᠨᠳᠥᠷ  ᠰᠦᠰᠦᠨ᠎ᠤ ᠭᠤᠨᠠᠨ ᠠᠯᠺᠣᠣᠯᠲᠤ ᠴᠢᠰᠤᠨ᠎ᠤ ᠡᠪᠡᠳᠴᠢᠨ᠎ᠳᠤ ᠨᠡᠷᠪᠡᠭᠳᠡᠭᠰᠡᠳ᠎ᠲᠤ  ᠠᠪᠴᠤ ᠬᠡᠯᠡᠪᠡᠯ᠂ ᠡᠮᠴᠢ ᠵᠢᠨ ᠤᠳᠤᠷᠢᠳᠤᠯᠭ᠎ᠠ ᠳᠣᠣᠷ᠎ᠠ  ᠰᠦᠰᠦᠨ᠎ᠤ ᠭᠤᠨᠠᠨ ᠠᠯᠺᠣᠣᠯ᠎ᠤᠨ  ᠰᠢᠩᠭᠡᠭᠡᠬᠦ ᠬᠡᠮᠵᠢᠶ᠎ᠡ ᠵᠢ ᠪᠠᠭ᠋ᠠᠰᠬᠠᠬᠤ  ᠴᠢᠬᠤᠯᠠ᠎ᠲᠠᠢ (ᠥᠨᠳᠡᠭᠡᠨ ᠰᠢᠷ᠎ᠠ ᠵᠢ ᠪᠠᠭᠲᠠᠭ᠋ᠠᠨ᠎ᠠ) ᠃ ᠭᠡᠬᠦ᠎ᠳᠤ᠎ᠪᠠᠨ  ᠡᠷᠡᠭᠦᠯ ᠬᠦᠮᠦᠨ  ᠡᠳᠦᠷ ᠪᠦᠷᠢ 1-2 ᠲᠠᠬᠢᠶᠠᠨ ᠥᠨᠳᠡᠭᠡ ᠢᠳᠡᠬᠦ᠎ᠨᠢ ᠠᠰᠠᠭᠤᠳᠠᠯ ᠦᠭᠡᠢ ᠪᠠᠢ᠌ᠵᠤ ᠂  ᠰᠦᠰᠦᠨ᠎ᠤ ᠭᠤᠨᠠᠨ ᠠᠯᠺᠣᠣᠯ᠎ᠠᠴᠠ ᠪᠣᠯᠵᠤ ᠥᠨᠳᠡᠭᠡᠨ ᠰᠢᠷ᠎ᠠ ᠪᠦᠷᠢᠮᠦᠰᠦᠨ ᠢᠳᠡᠬᠦ ᠦᠭᠡᠢ ᠪᠠᠢ᠌ᠵᠤ ᠪᠣᠯᠬᠤ ᠦᠭᠡᠢ ᠃ ᠬᠣᠭᠣᠯᠠ ᠤᠮᠳᠠ᠎ᠪᠠᠨ ᠲᠡᠩᠴᠡᠪᠦᠷᠢᠲᠡᠢ ᠪᠠᠢ᠌ᠯᠭ᠋ᠠᠨ ᠂ ᠬᠠᠨᠤᠮᠠᠯ  ᠥᠭᠡᠬᠦ ᠪᠠ ᠡᠰᠡᠷᠬᠦ ᠮᠠᠶᠢᠭ᠎ᠤᠨ  ᠥᠭᠡᠬᠦ ᠵᠢᠨ ᠣᠷᠤᠭᠤᠯᠤᠯᠲᠠ ᠵᠢ ᠬᠢᠵᠠᠭ᠋ᠠᠷᠯᠠᠬᠤ ᠪᠣᠯ ᠰᠠᠶᠢ  ᠰᠦᠰᠦᠨ᠎ᠤ ᠭᠤᠨᠠᠨ ᠠᠯᠺᠣᠣᠯ᠎ᠤᠨ ᠥᠨᠳᠥᠷᠵᠢᠯᠲᠡ ᠵᠢ  ᠰᠡᠷᠭᠡᠶ᠋ᠢᠯᠡᠬᠦ ᠵᠠᠩᠭᠢᠯᠠᠭ᠎ᠠ ᠪᠣᠯᠤᠨ᠎ᠠ᠃

     ᠵᠣᠬᠢᠶᠠᠭᠴᠢ᠄ ᠰᠢᠨᠵᠢᠯᠡᠬᠦ ᠤᠬᠠᠭ᠋ᠠᠨᠴᠢ  ᠴᠤᠤᠷᠬᠠᠯ ᠨᠢᠴᠤᠭ᠋ᠠᠯᠲᠠ  ᠰᠢᠨ᠎ᠡ ᠵᠠᠭᠤᠴᠢᠯᠠᠭᠤᠷ

     ᠬᠢᠨᠠᠨ ᠬᠠᠷᠭᠤᠭᠤᠯᠤᠭᠴᠢ ᠄ ᠷᠤᠸᠠᠨ ᠭᠤᠸᠠᠩ ᠹᠧᠩ

     ᠺᠧ ᠰᠢᠨ ᠢᠳᠡᠭᠡᠨ ᠬᠢᠭᠡᠳ ᠡᠷᠡᠭᠦᠯ ᠮᠡᠨᠳᠦ ᠵᠢᠨ ᠮᠡᠳᠡᠭᠡ ᠵᠠᠩᠭᠢ ᠵᠢᠨ ᠰᠣᠯᠢᠯᠴᠠᠭ᠋ᠠᠨ᠎ᠤ ᠲᠥᠪ᠎ᠤᠨ ᠳᠡᠳ᠋ ᠡᠷᠬᠢᠯᠡᠭᠴᠢ

 

 

ᠢᠷᠡᠯᠲᠡ᠄ ᠰᠢᠨᠵᠢᠯᠡᠬᠦ ᠤᠬᠠᠭ᠋ᠠᠨᠴᠢ ᠴᠤᠤᠷᠬᠠᠯ ᠨᠢᠴᠤᠭ᠋ᠠᠯᠲᠠ