ᠰᠦᠯᠵᠢᠶᠡᠨ᠎ᠠᠴᠠ ᠬᠤᠳᠠᠯᠳᠤᠨ ᠠᠪᠤᠭᠰᠠᠨ ᠲᠠᠸᠠᠷ᠎ᠨᠢ ᠠᠰᠠᠭᠤᠳᠠᠯ᠎ᠲᠠᠢ ᠪᠤᠶᠤ ᠰᠠᠨᠠᠭ᠋ᠠᠨ᠎ᠳᠤ ᠬᠦᠷᠬᠦ ᠦᠭᠡᠢ ᠪᠣᠯ 《ᠳᠣᠯᠣᠭ᠋ᠠᠨ ᠡᠳᠦᠷ᠎ᠲᠤ ᠤᠴᠢᠷ ᠰᠢᠯᠲᠠᠭ᠋ᠠᠨ ᠦᠭᠡᠢ᠎ᠪᠠᠷ ᠲᠠᠸᠠᠷ᠎ᠢ ᠪᠤᠴᠠᠭ᠋ᠠᠳᠠᠭ》 ᠤᠤ?
ᠬᠤᠳᠠᠯᠳᠤᠭ᠋ᠠᠴᠢᠨ ᠪᠠᠷᠠᠭ᠎ᠠ ᠪᠤᠴᠠᠭ᠋ᠠᠬᠤ ᠵᠢ ᠳᠡᠮᠵᠢᠬᠦ ᠦᠭᠡᠢ ᠪᠠᠢ᠌ᠵᠤ ᠪᠣᠯᠣᠨ᠎ᠠ ᠦᠦ? ᠴᠣᠬᠣᠮ ᠠᠯᠢ ᠠᠯᠢ ᠵᠢ᠎ᠨᠢ ᠪᠤᠴᠠᠭ᠋ᠠᠵᠤ ᠪᠣᠯᠬᠤ ᠪᠤᠢ? ᠠᠯᠢ ᠠᠯᠢ᠎ᠨᠢ ᠪᠤᠴᠠᠭ᠋ᠠᠵᠤ ᠪᠣᠯᠬᠤ ᠦᠭᠡᠢ ᠪᠤᠢ?
ᠲᠠᠸᠠᠷ ᠵᠶ᠋ᠠᠨ ᠪᠤᠴᠠᠭ᠋ᠠᠬᠤ᠎ᠠᠴᠠ ᠡᠮᠦᠨ᠎ᠡ ᠡᠳᠡᠭᠡᠷ ᠶᠠᠪᠤᠳᠠᠯ᠎ᠢ ᠤᠷᠢᠳᠠᠪᠠᠷ ᠤᠶ᠋ᠢᠯᠠᠭ᠋ᠠᠬᠤ ᠬᠡᠷᠡᠭᠲᠡᠢ᠃
01 ᠬᠤᠳᠠᠯᠳᠤᠭ᠋ᠠᠴᠢᠨ᠎ᠠᠴᠠ 《ᠲᠤᠯᠤᠭ᠋ᠠᠨ ᠡᠳᠦᠷ᠎ᠲᠤ ᠤᠴᠢᠷ ᠰᠢᠯᠲᠠᠭ᠋ᠠᠨ ᠦᠭᠡᠢ᠎ᠪᠠᠷ ᠲᠠᠸᠠᠷ᠎ᠢ ᠪᠤᠴᠠᠭ᠋ᠠᠬᠤ ᠵᠢ ᠳᠡᠮᠵᠢᠬᠦ ᠦᠭᠡᠢ》 ᠭᠡᠳᠡᠭ᠎ᠲᠤ ᠰᠢᠭᠦᠬᠦ ᠬᠣᠷᠢᠶ᠎ᠠ ᠢᠩᠭᠢᠵᠦ ᠰᠢᠭᠦᠨ ᠲᠠᠰᠤᠯᠪᠠ
ᠣᠶ᠋ᠢᠷ᠎ᠠ᠎ᠳᠤ ᠪᠡᠭᠡᠵᠢᠩ᠎ᠤᠨ ᠢᠨᠲ᠋ᠧᠷ ᠰᠦᠯᠵᠢᠶᠡᠨ᠎ᠤ ᠰᠢᠭᠦᠬᠦ ᠬᠤᠷᠢᠶ᠎ᠠ ᠬᠡᠷᠡᠭᠯᠡᠭᠴᠢᠳ᠎ᠤᠨ ᠰᠦᠯᠵᠢᠶᠡᠨ ᠳᠡᠭᠡᠷ᠎ᠡ ᠬᠤᠳᠠᠯᠳᠤᠨ ᠠᠪᠤᠭᠰᠠᠨ ᠪᠣᠭᠴᠣ᠎ᠪᠠᠨ ᠲᠠᠸᠠᠷ᠎ᠢ ᠪᠤᠴᠠᠭ᠋ᠠᠬᠤ᠎ᠪᠠᠷ ᠭᠤᠶᠤᠴᠢᠯᠠᠭᠰᠠᠨ᠎ᠳᠤ ᠬᠤᠳᠠᠯᠳᠤᠭ᠋ᠠᠴᠢᠨ 《7 ᠡᠳᠦᠷ᠎ᠲᠤ ᠰᠢᠯᠲᠠᠭ᠋ᠠᠨ ᠦᠭᠡᠢ᠎ᠪᠠᠷ ᠲᠠᠸᠠᠷ᠎ᠢ ᠪᠤᠴᠠᠭ᠋ᠠᠬᠤ ᠵᠢ ᠳᠡᠮᠵᠢᠬᠦ ᠦᠭᠡᠢ》 ᠭᠡᠵᠦ ᠬᠡᠷᠡᠭᠯᠡᠭᠴᠢ ᠵᠢᠨ ᠭᠤᠶᠤᠴᠢᠯᠠᠯ᠎ᠢ ᠵᠥᠪᠰᠢᠶᠡᠷᠡᠭᠰᠡᠨ ᠦᠭᠡᠢ᠃
ᠲᠣᠰ ᠪᠣᠭᠴᠤ᠎ᠨᠢ 《〈7 ᠡᠳᠦᠷ᠎ᠲᠤ ᠤᠴᠢᠷ ᠰᠢᠯᠲᠠᠭ᠋ᠠᠨ ᠦᠭᠡᠢ᠎ᠪᠠᠷ ᠲᠠᠸᠠᠷ᠎ᠢ ᠪᠤᠴᠠᠭ᠋ᠠᠬᠤ〉 ᠲᠦᠷᠢᠮ᠎ᠳᠤ ᠲᠣᠬᠢᠷᠠᠬᠤ ᠦᠭᠡᠢ》 ᠲᠠᠸᠠᠷ᠎ᠤᠨ ᠲᠦᠷᠦᠯ ᠬᠡᠯᠪᠡᠷᠢ᠎ᠳᠤ ᠬᠠᠷᠢᠶᠠᠯᠠᠭᠳᠠᠬᠤ ᠦᠭᠡᠢ ᠪᠥᠭᠡᠳ ᠪᠤᠴᠠᠭ᠋ᠠᠭᠰᠠᠨ ᠲᠠᠸᠠᠷ᠎ᠨᠢ ᠦ ᠰᠡᠪ ᠦᠭᠡᠢ ᠤᠴᠢᠷ᠎ᠠᠴᠠ ᠬᠡᠷᠡᠭᠯᠡᠭᠴᠢᠳ᠎ᠤᠨ ᠲᠠᠸᠠᠷ ᠪᠤᠴᠠᠭ᠋ᠠᠬᠤ ᠭᠤᠶᠤᠴᠢᠯᠠᠯ᠎ᠢ ᠳᠡᠮᠵᠢᠨ᠎ᠡ ᠭᠡᠵᠦ ᠰᠢᠭᠦᠬᠦ ᠬᠤᠷᠢᠶᠠᠨ᠎ᠤ ᠰᠢᠭᠦᠨ ᠰᠢᠢ᠍ᠳᠪᠦᠷᠢᠯᠡᠪᠡ᠃
ᠬᠠᠤᠯᠢ ᠴᠠᠭ᠋ᠠᠵᠠ᠎ᠳᠤ ᠬᠡᠷᠡᠭᠯᠡᠭᠴᠢᠳ᠎ᠤᠨ ᠡᠷᠬᠡ ᠠᠰᠢᠭ᠎ᠢ ᠬᠠᠮᠠᠭ᠋ᠠᠯᠠᠬᠤ ᠬᠠᠤᠯᠢ ᠵᠢᠨ ᠬᠤᠷᠢᠨ ᠲᠠᠪᠤᠳᠤᠭ᠋ᠠᠷ ᠵᠦᠢ᠍ᠯ᠎ᠤᠨ ᠲᠣᠭᠲᠠᠭ᠋ᠠᠯ᠎ᠳᠤ᠄ ᠡᠵᠡᠩᠨᠡᠭᠴᠢ᠎ᠨᠢ ᠰᠦᠯᠵᠢᠶ᠎ᠡ᠂ ᠲᠧᠯᠸᠢᠰ᠂ ᠤᠲᠠᠰᠤ᠂ ᠰᠢᠤᠳᠠᠨ ᠵᠶ᠋ᠠᠷ ᠬᠤᠳᠠᠯᠳᠤᠨ ᠠᠪᠬᠤ ᠵᠡᠷᠭᠡ ᠠᠷᠭ᠎ᠠ ᠮᠠᠶᠢᠭ ᠵᠶ᠋ᠠᠷ ᠲᠠᠸᠠᠷ ᠵᠶ᠋ᠠᠨ ᠪᠣᠷᠣᠯᠠᠭᠤᠯᠬᠤ᠎ᠳᠤ᠂ ᠬᠡᠷᠡᠭᠯᠡᠭᠴᠢᠳ ᠲᠠᠸᠠᠷ᠎ᠢ ᠬᠣᠷᠢᠶᠠᠨ ᠠᠪᠤᠭᠰᠠᠨ ᠡᠳᠦᠷ᠎ᠠᠴᠠ ᠡᠬᠢᠯᠡᠨ ᠲᠤᠯᠤᠭ᠋ᠠᠨ ᠡᠳᠦᠷ᠎ᠤᠨ ᠳᠣᠲᠣᠷ᠎ᠠ ᠲᠠᠸᠠᠷ ᠵᠶ᠋ᠠᠨ ᠪᠤᠴᠠᠭ᠋ᠠᠬᠤ ᠡᠷᠬᠡ᠎ᠲᠠᠢ᠂ ᠤᠴᠢᠷ ᠰᠢᠯᠲᠠᠭ᠋ᠠᠨ ᠵᠶ᠋ᠠᠨ ᠲᠣᠳᠣᠷᠬᠠᠶ᠋ᠢᠯᠠᠬᠤ ᠴᠢᠬᠤᠯᠠ ᠦᠭᠡᠢ᠂ ᠭᠡᠪᠡᠴᠦ ᠳᠣᠣᠷᠠᠬᠢ ᠲᠠᠸᠠᠷ᠎ᠨᠢ ᠡᠭᠦᠨ᠎ᠳᠤ ᠪᠠᠭᠲᠠᠬᠤ ᠦᠭᠡᠢ᠄
(ᠨᠢᠭᠡ) ᠬᠡᠷᠡᠭᠯᠡᠭᠴᠢ ᠵᠠᠬᠢᠶᠠᠯᠠᠵᠤ ᠬᠢᠯᠭᠡᠭᠰᠡᠨ;
(ᠬᠤᠶᠠᠷ) ᠠᠮᠢᠳᠤ ᠰᠣᠷᠭᠣᠭ ᠠᠮᠠᠷᠬᠠᠨ ᠢᠯᠵᠢᠷᠡᠬᠦ ᠵᠦᠢ᠍ᠯ;
(ᠭᠤᠷᠪᠠ) ᠰᠦᠯᠵᠢᠶᠡᠨ ᠳᠡᠭᠡᠷ᠎ᠡ ᠪᠠᠭᠤᠯᠭ᠋ᠠᠭᠰᠠᠨ ᠪᠤᠶᠤ ᠬᠡᠷᠡᠭᠯᠡᠭᠴᠢᠳ ᠨᠢᠭᠡᠨᠲᠡ ᠵᠠᠳᠠᠯᠤᠭᠰᠠᠨ ᠳᠠᠭᠤ ᠳᠦᠷᠰᠦ ᠰᠢᠩᠭᠡᠭᠡᠯᠲᠡ ᠵᠢᠨ ᠦᠢ᠍ᠯᠡᠳᠬᠦᠨ᠂ ᠺᠣᠮᠫᠢᠦ᠋ᠲ᠋ᠧᠷ᠎ᠤᠨ ᠵᠥᠭᠡᠯᠡᠨ ᠲᠣᠨᠣᠭ ᠵᠡᠷᠭᠡ ᠲᠣᠭ᠋ᠠᠴᠢᠯᠠᠭᠰᠠᠨ ᠲᠠᠸᠠᠷ;
(ᠲᠦᠷᠪᠡ) ᠲᠤᠰᠢᠶᠠᠨ ᠥᠭᠭᠦᠭᠰᠡᠨ ᠰᠣᠨᠢᠨ᠂ ᠰᠡᠳᠬᠦᠯ;
ᠳᠡᠭᠡᠷ᠎ᠡ ᠵᠢᠭᠰᠠᠭ᠋ᠠᠭᠰᠠᠨ ᠲᠠᠸᠠᠷ᠎ᠠᠴᠠ ᠭᠠᠳᠠᠨ᠎ᠠ᠂ ᠪᠤᠰᠤᠳ ᠲᠠᠸᠠᠷ᠎ᠤᠨ ᠰᠢᠨᠵᠢ ᠴᠢᠨᠠᠷ᠎ᠢ ᠦᠨᠳᠦᠰᠦᠯᠡᠨ ᠬᠡᠷᠡᠭᠯᠡᠭᠴᠢᠳ ᠬᠤᠳᠠᠯᠳᠤᠨ ᠠᠪᠬᠤ ᠦᠶ᠎ᠡ᠎ᠳᠤ ᠲᠠᠸᠠᠷ᠎ᠢ ᠪᠤᠴᠠᠭ᠋ᠠᠬᠤ ᠲᠣᠬᠢᠷᠠᠮᠵᠢ ᠦᠭᠡᠢ ᠭᠡᠵᠦ ᠨᠤᠲᠠᠯᠠᠭᠰᠠᠨ ᠲᠠᠸᠠᠷ᠎ᠨᠢ ᠰᠢᠯᠲᠠᠭ᠋ᠠᠨ ᠦᠭᠡᠢ᠎ᠪᠠᠷ ᠲᠠᠸᠠᠷ᠎ᠢ ᠪᠤᠴᠠᠭ᠋ᠠᠬᠤ ᠲᠣᠭᠲᠠᠭ᠋ᠠᠯ᠎ᠳᠤ ᠲᠣᠬᠢᠷᠠᠬᠤ ᠦᠭᠡᠢ᠃
ᠬᠡᠷᠡᠭᠯᠡᠭᠴᠢᠳ᠎ᠤᠨ ᠪᠤᠴᠠᠭ᠋ᠠᠬᠤ ᠲᠠᠸᠠᠷ᠎ᠨᠢ ᠪᠦᠷᠢᠨ ᠪᠦᠲᠦᠨ ᠪᠠᠢ᠌ᠬᠤ ᠬᠡᠷᠡᠭᠲᠡᠢ᠃ ᠡᠵᠡᠩᠨᠡᠭᠴᠢᠳ ᠪᠤᠴᠠᠭ᠋ᠠᠭᠰᠠᠨ ᠲᠠᠸᠠᠷ᠎ᠢ ᠬᠣᠷᠢᠶᠠᠨ ᠠᠪᠤᠭᠰᠠᠨ ᠡᠳᠦᠷ᠎ᠠᠴᠠ ᠡᠬᠢᠯᠡᠨ ᠳᠣᠯᠣᠭ᠋ᠠᠨ ᠡᠳᠦᠷ᠎ᠲᠤ᠎ᠤᠨ ᠳᠣᠲᠣᠷ᠎ᠠ ᠬᠡᠷᠡᠭᠯᠡᠭᠴᠢᠳ᠎ᠤᠨ ᠲᠠᠸᠠᠷ ᠠᠪᠤᠭᠰᠠᠨ ᠮᠥᠩᠭᠥ ᠵᠢ ᠪᠤᠴᠠᠭ᠋ᠠᠨ ᠥᠭᠬᠦ ᠬᠡᠷᠡᠭᠲᠡᠢ᠃
02 ᠡᠨᠡ ᠬᠡᠳᠦᠨ ᠲᠥᠷᠥᠯ᠎ᠤᠨ ᠦᠢ᠍ᠯᠡᠳᠬᠦᠨ᠎ᠨᠢ 《ᠳᠣᠯᠣᠭ᠋ᠠᠨ ᠡᠳᠦᠷ᠎ᠲᠤ ᠤᠴᠢᠷ ᠰᠢᠯᠲᠠᠭ᠋ᠠᠨ ᠦᠭᠡᠢ᠎ᠪᠠᠷ ᠲᠠᠸᠠᠷ᠎ᠢ ᠪᠤᠴᠠᠭ᠋ᠠᠬᠤ》᠎ᠳᠤ ᠲᠣᠬᠢᠷᠠᠬᠤ ᠦᠭᠡᠢ
《ᠳᠣᠯᠣᠭ᠋ᠠᠨ ᠡᠳᠦᠷ᠎ᠲᠤ ᠤᠴᠢᠷ ᠰᠢᠯᠲᠠᠭ᠋ᠠᠨ ᠦᠭᠡᠢ᠎ᠪᠠᠷ ᠲᠠᠸᠠᠷ᠎ᠢ ᠪᠤᠴᠠᠭ᠋ᠠᠬᠤ》 ᠳᠦᠷᠢᠮ ᠪᠣᠯ ᠬᠡᠷᠡᠭᠯᠡᠭᠴᠢᠳ᠎ᠤᠨ ᠡᠷᠬᠡ ᠠᠰᠢᠭ᠎ᠤᠨ ᠨᠢᠭᠡ ᠵᠦᠢ᠍ᠯ᠎ᠤᠨ ᠬᠠᠮᠠᠭ᠋ᠠᠯᠠᠯᠲᠠ ᠪᠣᠯᠤᠨ᠎ᠠ᠃
ᠮᠥᠨ ᠴᠦ᠍ ᠬᠤᠳᠠᠯᠳᠤᠭ᠋ᠠᠴᠢᠨ᠎ᠤ ᠦᠨᠡᠨᠴᠢ ᠢᠲᠡᠭᠡᠮᠵᠢᠲᠡᠢ ᠡᠵᠡᠩᠨᠡᠯᠲᠡ ᠵᠢᠨ ᠨᠢᠭᠡ ᠵᠦᠢ᠍ᠯ᠎ᠤᠨ ᠳᠦᠷᠢᠮᠵᠢᠯ ᠮᠥᠨ᠃ ᠭᠡᠪᠡᠴᠦ ᠪᠣᠢ ᠪᠦᠬᠦᠢ ᠲᠠᠸᠠᠷ ᠴᠥᠮ ᠡᠨᠡ ᠬᠦ᠌ ᠳᠦᠷᠢᠮ᠎ᠳᠤ ᠲᠣᠬᠢᠷᠠᠬᠤ ᠪᠢᠰᠢ᠂ 《ᠪᠠᠯᠠᠢ ᠬᠠᠶ᠋ᠢᠷᠴᠠᠭ᠎ᠤᠨ ᠲᠥᠷᠥᠯ》᠎ᠤᠨ ᠦᠢ᠍ᠯᠡᠳᠬᠦᠨ᠎ᠨᠢ 《ᠢᠳᠡᠪᠬᠢᠵᠢᠭᠦᠯᠦᠭᠰᠡᠨ ᠪᠤᠶᠤ ᠲᠤᠷᠰᠢᠨ ᠬᠡᠷᠡᠭᠯᠡᠭᠰᠡᠨ᠎ᠤ ᠳᠠᠷᠠᠭ᠎ᠠ᠂ ᠦᠨ᠎ᠡ ᠥᠷᠲᠡᠭ᠎ᠨᠢ ᠨᠡᠯᠢᠶᠡᠳ ᠶᠡᠭᠡ ᠬᠣᠷᠣᠭᠳᠠᠳᠠᠭ ᠲᠠᠸᠠᠷ》 ᠲᠤᠯᠠ 《ᠲᠤᠯᠤᠭ᠋ᠠᠨ ᠡᠳᠦᠷ᠎ᠲᠤ ᠤᠴᠢᠷ ᠰᠢᠯᠲᠠᠭ᠋ᠠᠨ ᠦᠭᠡᠢ᠎ᠪᠠᠷ ᠲᠠᠸᠠᠷ᠎ᠢ ᠪᠤᠴᠠᠭ᠋ᠠᠬᠤ》᠎ᠳᠤ ᠲᠣᠬᠢᠷᠠᠬᠤ ᠦᠭᠡᠢ᠃ ᠰᠦᠯᠵᠢᠶᠡᠨ ᠳᠡᠭᠡᠷ᠎ᠡ ᠠᠩᠬᠠᠷᠤᠯ᠎ᠢ ᠲᠠᠲᠠᠭᠰᠠᠨ 2 ᠲᠦᠮᠡ ᠭᠠᠷᠤᠢ ᠵᠣᠭᠣᠰ ᠵᠠᠷᠤᠴᠠᠭᠤᠯᠵᠤ 50 ᠭᠠᠷᠤᠢ ᠬᠤᠪᠢ 《ᠪᠠᠯᠠᠢ ᠬᠠᠶ᠋ᠢᠷᠴᠠᠭ》᠎ᠤᠨ ᠪᠤᠶᠠᠨ᠎ᠤ ᠤᠭᠤᠲᠠ ᠵᠢᠨ ᠦᠢ᠍ᠯᠡᠳᠬᠦᠨ ᠬᠤᠳᠠᠯᠳᠤᠵᠤ ᠠᠪᠤᠭᠰᠠᠨ ᠬᠠᠨ ᠣᠪᠣᠭᠲᠤ ᠬᠡᠷᠡᠭᠯᠡᠭᠴᠢ᠂ 《ᠪᠠᠯᠠᠢ ᠬᠠᠶ᠋ᠢᠷᠴᠠᠭ》᠎ᠢ ᠵᠠᠳᠠᠯᠤᠭᠰᠠᠨ᠎ᠤ ᠳᠠᠷᠠᠭ᠎ᠠ ᠪᠠᠰᠠ 《ᠪᠠᠯᠠᠢ ᠬᠠᠶ᠋ᠢᠷᠴᠠᠭ》᠎ᠢ ᠵᠠᠳᠠᠯᠤᠭᠰᠠᠨ ᠦᠭᠡᠢ ᠪᠠᠶ᠋ᠢᠳᠠᠯ᠎ᠤᠨ ᠳᠣᠣᠷ᠎ᠠ 《ᠲᠤᠯᠤᠭ᠋ᠠᠨ ᠡᠳᠦᠷ᠎ᠲᠤ ᠤᠴᠢᠷ ᠰᠢᠯᠲᠠᠭ᠋ᠠᠨ ᠦᠭᠡᠢ᠎ᠪᠠᠷ ᠲᠠᠸᠠᠷ᠎ᠢ ᠪᠤᠴᠠᠭ᠋ᠠᠬᠤ》 ᠵᠢ ᠭᠤᠶᠤᠴᠢᠯᠠᠭᠰᠠᠨ ᠪᠣᠯᠪᠠᠴᠤ ᠵᠥᠪᠰᠢᠶᠡᠷᠡᠭᠳᠡᠭᠰᠡᠨ ᠦᠭᠡᠢ᠃
ᠰᠢᠭᠦᠬᠦ ᠬᠤᠷᠢᠶ᠎ᠠ ᠰᠢᠭᠦᠨ ᠰᠢᠢ᠍ᠳᠪᠦᠷᠢᠯᠡᠭᠰᠡᠨ᠎ᠤ ᠳᠠᠷᠠᠭ᠎ᠠ᠂ ᠲᠠᠸᠠᠷ᠎ᠤᠨ ᠵᠠᠬᠢᠶᠠᠯᠠᠭ᠎ᠠ ᠵᠢᠨ ᠨᠠᠷᠢᠨ ᠪᠠᠶ᠋ᠢᠳᠠᠯ᠎ᠤᠨ ᠬᠠᠭᠤᠳᠠᠰᠤ᠎ᠳᠤ 《ᠲᠠᠸᠠᠷ ᠪᠣᠯ ᠣᠨᠴᠠᠭ᠋ᠠᠶ ᠲᠥᠷᠥᠯ ᠵᠦᠢ᠍ᠯ᠎ᠤᠨ ᠲᠠᠸᠠᠷ᠂ ᠪᠤᠶᠠᠨ᠎ᠤ ᠤᠭᠤᠲᠠ ᠵᠢ ᠵᠠᠳᠠᠯᠤᠭᠰᠠᠨ᠎ᠤ ᠳᠠᠷᠠᠭ᠎ᠠ ᠲᠤᠯᠤᠭ᠋ᠠᠨ ᠡᠳᠦᠷ᠎ᠲᠤ ᠤᠴᠢᠷ ᠰᠢᠯᠲᠠᠭ᠋ᠠᠨ ᠦᠭᠡᠢ᠎ᠪᠠᠷ ᠲᠠᠸᠠᠷ᠎ᠢ ᠪᠤᠴᠠᠭ᠋ᠠᠬᠤ ᠵᠢ ᠳᠡᠮᠵᠢᠬᠦ ᠦᠭᠡᠢ》 ᠭᠡᠵᠦ ᠲᠣᠳᠣᠷᠬᠠᠶ ᠪᠢᠴᠢᠵᠦ᠂ ᠬᠡᠷᠡᠭ᠎ᠲᠤ ᠬᠤᠯᠪᠣᠭᠳᠠᠬᠤ ᠪᠤᠶᠠᠨ᠎ᠤ ᠤᠭᠤᠲᠠ ᠵᠢᠨ ᠲᠠᠸᠠᠷ᠎ᠤᠨ ᠣᠨᠴᠠᠭ᠋ᠠᠶ ᠰᠢᠨᠵᠢ ᠴᠢᠨᠠᠷ᠎ᠢ ᠪᠣᠳᠣᠯᠬᠢᠯᠠᠨ᠂ ᠵᠠᠭ᠋ᠠᠯᠳᠤᠭᠴᠢ ᠵᠢᠨ ᠬᠤᠳᠠᠯᠳᠤᠨ ᠠᠪᠤᠭᠰᠠᠨ 《ᠪᠠᠯᠠᠶ ᠬᠠᠶ᠋ᠢᠷᠴᠠᠭ》᠎ᠤᠨ ᠲᠠᠸᠠᠷ᠎ᠢ ᠨᠢᠭᠡᠨᠲᠡ ᠰᠦᠯᠵᠢᠶᠡᠨ ᠳᠡᠭᠡᠷ᠎ᠡ 《ᠵᠠᠳᠠᠯᠤᠭᠰᠠᠨ》᠂ ᠠᠭᠤᠯᠭ᠎ᠠ᠎ᠨᠢ ᠨᠢᠭᠡᠨᠲᠡ ᠪᠡᠶᠡᠯᠡᠭᠳᠡᠭᠰᠡᠨ ᠪᠠᠶ᠋ᠢᠳᠠᠯ ᠳᠣᠤᠷ᠎ᠠ᠂ ᠲᠡᠭᠦᠨ᠎ᠤ ᠲᠠᠸᠠᠷ᠎ᠤᠨ ᠥᠷᠲᠡᠭ᠎ᠨᠢ ᠨᠢᠭᠡᠨᠲᠡ ᠪᠡᠶᠡᠯᠡᠭᠳᠡᠵᠦ᠂ ᠡᠨᠡ ᠦᠶ᠎ᠡ᠎ᠳᠤ 《ᠪᠠᠯᠠᠢ ᠬᠠᠶ᠋ᠢᠷᠴᠠᠭ》᠎ᠤᠨ ᠡᠵᠡᠩᠨᠡᠭᠴᠢ 《ᠲᠤᠯᠤᠭ᠋ᠠᠨ ᠡᠳᠦᠷ᠎ᠲᠤ ᠤᠴᠢᠷ ᠰᠢᠯᠲᠠᠭ᠋ᠠᠨ ᠦᠭᠡᠢ᠎ᠪᠠᠷ ᠲᠠᠸᠠᠷ᠎ᠢ ᠪᠤᠴᠠᠭ᠋ᠠᠬᠤ》 ᠵᠢ ᠭᠥᠯᠢᠶᠡᠨ ᠠᠪᠤᠪᠠᠯ 《ᠪᠠᠯᠠᠢ ᠬᠠᠶ᠋ᠢᠷᠴᠠᠭ》᠎ᠤᠨ ᠪᠣᠷᠣᠯᠠᠭᠤᠯᠤᠯᠲᠠ ᠵᠢ ᠨᠥᠯᠥᠭᠡᠯᠡᠬᠦ ᠶᠤᠮ᠃ ᠬᠡᠷᠡᠭ᠎ᠲᠤ ᠬᠤᠯᠪᠣᠭᠳᠠᠭᠰᠠᠨ 《ᠰᠣᠬᠤᠷ ᠬᠠᠶ᠋ᠢᠷᠴᠠᠭ》᠎ᠤᠨ ᠪᠤᠶᠠᠨ᠎ᠤ ᠤᠭᠤᠲᠠ ᠵᠢᠨ ᠲᠠᠸᠠᠷ᠎ᠨᠢ ᠬᠡᠷᠡᠭᠯᠡᠭᠴᠢᠳ᠎ᠤᠨ ᠡᠷᠬᠡ ᠠᠰᠢᠭ᠎ᠢ ᠬᠠᠮᠠᠭ᠋ᠠᠯᠠᠬᠤ ᠬᠠᠤᠯᠢ ᠵᠢᠨ ᠬᠤᠷᠢᠨ ᠲᠠᠪᠤᠳᠤᠭ᠋ᠠᠷ ᠵᠦᠢ᠍ᠯ᠎ᠳᠤ ᠲᠣᠭᠲᠠᠭ᠋ᠠᠭᠰᠠᠨ᠂ ᠪᠤᠰᠤᠳ ᠲᠠᠸᠠᠷ᠎ᠤᠨ ᠰᠢᠨᠵᠢ ᠴᠢᠨᠠᠷ᠎ᠢ ᠦᠨᠳᠦᠰᠦᠯᠡᠨ ᠬᠡᠷᠡᠭᠯᠡᠭᠴᠢᠳ ᠬᠤᠳᠠᠯᠳᠤᠨ ᠠᠪᠬᠤ ᠦᠶ᠎ᠡ᠎ᠳᠤ ᠲᠠᠸᠠᠷ᠎ᠢ ᠪᠤᠴᠠᠭ᠋ᠠᠬᠤ ᠲᠣᠬᠢᠷᠠᠮᠵᠢ ᠦᠭᠡᠢ ᠭᠡᠵᠦ ᠨᠤᠲᠠᠯᠠᠭᠰᠠᠨ ᠲᠠᠸᠠᠷ᠎ᠲᠤ ᠬᠠᠷᠢᠶᠠᠯᠠᠭᠳᠠᠨ᠎ᠠ᠃ ᠬᠠᠮᠤᠭ ᠡᠴᠦᠰ᠎ᠲᠤ ᠰᠢᠭᠦᠬᠦ ᠬᠣᠷᠢᠶ᠎ᠠ ᠬᠠᠨ ᠣᠪᠣᠭᠲᠤ ᠵᠢᠨ ᠲᠠᠸᠠᠷ᠎ᠢ ᠪᠤᠴᠠᠭ᠋ᠠᠬᠤ ᠵᠠᠷᠭᠤ ᠵᠢᠨ ᠭᠤᠶᠤᠴᠢᠯᠠᠯ᠎ᠢ ᠨᠢᠴᠤᠭ᠋ᠠᠪᠠ᠃
ᠢᠳᠡᠪᠬᠢᠵᠢᠭᠦᠯᠦᠭᠳᠡᠭᠰᠡᠨᠤ ᠳᠠᠷᠠᠭ᠋ᠠᠬᠢ ᠡᠯᠧᠺᠲᠷᠣᠨ ᠦᠢ᠍ᠯᠡᠳᠬᠦᠨ᠎ᠨᠢ 《ᠲᠤᠯᠤᠭ᠋ᠠᠨ ᠡᠳᠦᠷ᠎ᠲᠤ ᠤᠴᠢᠷ ᠰᠢᠯᠲᠠᠭ᠋ᠠᠨ ᠦᠭᠡᠢ᠎ᠪᠠᠷ ᠲᠠᠸᠠᠷ᠎ᠢ ᠪᠤᠴᠠᠭ᠋ᠠᠬᠤ》 ᠳᠦᠷᠢᠮ᠎ᠳᠤ ᠲᠣᠬᠢᠷᠠᠬᠤ ᠦᠭᠡᠢ᠂ᠢᠳᠡᠪᠬᠢᠵᠢᠭᠦᠯᠦᠭᠳᠡᠨ ᠬᠡᠷᠡᠭᠯᠡᠭᠳᠡᠭᠰᠡᠨ ᠭᠠᠷ ᠤᠲᠠᠰᠤᠨ᠎ᠤ ᠲᠦᠷᠦᠯ᠎ᠤᠨ ᠡᠯᠧᠺᠲᠷᠣᠨ ᠦᠢ᠍ᠯᠡᠳᠬᠦᠨ᠎ᠨᠢ 《ᠲᠤᠯᠤᠭ᠋ᠠᠨ ᠡᠳᠦᠷ᠎ᠲᠤ ᠤᠴᠢᠷ ᠰᠢᠯᠲᠠᠭ᠋ᠠᠨ ᠦᠭᠡᠢ᠎ᠪᠠᠷ ᠲᠠᠸᠠᠷ᠎ᠢ ᠪᠤᠴᠠᠭ᠋ᠠᠬᠤ》 ᠳᠦᠷᠢᠮ᠎ᠳᠤ ᠲᠣᠬᠢᠷᠠᠬᠤ ᠦᠭᠡᠢ᠃ ᠰᠢᠭᠦᠭᠴᠢ ᠵᠢᠨ ᠲᠠᠨᠢᠯᠴᠠᠭᠤᠯᠤᠭᠰᠠᠨ ᠵᠶ᠋ᠠᠷ᠂ ᠭᠠᠷ ᠤᠲᠠᠰᠤᠨ᠎ᠤ ᠲᠦᠷᠦᠯ᠎ᠤᠨ ᠡᠯᠧᠺᠲᠷᠣᠨ ᠦᠢ᠍ᠯᠡᠳᠬᠦᠨ᠎ᠤ ᠳᠠᠩ ᠭᠠᠭᠴᠠ ᠪᠣᠭᠤᠳᠠᠯ ᠪᠠᠭᠯᠠᠭ᠎ᠠ ᠵᠢ ᠵᠠᠳᠠᠯᠤᠭᠰᠠᠨ᠎ᠨᠢ ᠬᠡᠳᠦᠢ᠌ᠪᠡᠷ ᠬᠤᠳᠠᠯᠳᠤᠭ᠋ᠠᠴᠢᠨ᠎ᠤ 《ᠲᠤᠯᠤᠭ᠋ᠠᠨ ᠡᠳᠦᠷ᠎ᠲᠤ ᠤᠴᠢᠷ ᠰᠢᠯᠲᠠᠭ᠋ᠠᠨ ᠦᠭᠡᠢ᠎ᠪᠠᠷ ᠲᠠᠸᠠᠷ᠎ᠢ ᠪᠤᠴᠠᠭ᠋ᠠᠬᠤ》 ᠲᠣᠭᠲᠠᠭ᠋ᠠᠯ ᠵᠢ ᠬᠡᠷᠡᠭᠯᠡᠬᠦ ᠦᠭᠡᠢ ᠰᠢᠯᠲᠠᠭ᠋ᠠᠨ ᠪᠣᠯᠵᠤ ᠪᠣᠯᠬᠤ ᠦᠭᠡᠢ ᠪᠣᠯᠪᠠᠴᠤ ᠭᠠᠷ ᠤᠲᠠᠰᠤ᠎ᠨᠢ ᠬᠡᠷᠡᠭᠯᠡᠭᠴᠢᠳ᠎ᠲᠤ ᠢᠳᠡᠪᠬᠢᠵᠢᠭᠦᠯᠦᠭᠳᠡᠨ ᠬᠡᠷᠡᠭᠯᠡᠭᠳᠡᠭᠰᠡᠨ ᠪᠠᠢ᠌ᠪᠠᠯ ᠳ᠋ᠠᠢ᠌ᠲ᠋ᠠ ᠵᠢᠨ ᠲᠥᠷᠥᠯ᠎ᠤᠨ ᠬᠡᠷᠡᠭᠯᠡᠯᠲᠡ ᠵᠢᠨ ᠤᠯᠠ ᠮᠥᠷ ᠡᠭᠦᠰᠴᠦ᠂ ᠣᠯᠠᠨ ᠨᠡᠶ᠋ᠢᠲᠡ ᠵᠢᠨ ᠡᠩ᠎ᠤᠨ ᠲᠠᠨᠢᠯᠲᠠ᠎ᠪᠠᠷ ᠬᠤᠳᠠᠯᠳᠤᠭ᠋ᠠᠴᠢᠨ ᠳᠠᠬᠢᠵᠤ ᠰᠢᠨ᠎ᠡ ᠮᠠᠰᠢᠨ ᠵᠶ᠋ᠠᠷ ᠪᠣᠷᠣᠯᠠᠭᠤᠯᠵᠤ ᠪᠣᠯᠬᠤ ᠦᠭᠡᠢ᠂ ᠥᠷᠲᠡᠭ᠎ᠤᠨ ᠬᠣᠷᠣᠭᠳᠠᠯ ᠨᠡᠯᠢᠶᠡᠳ ᠶᠡᠭᠡ ᠪᠠᠢ᠌ᠳᠠᠭ᠂ ᠡᠢ᠌ᠮᠦ ᠪᠠᠶ᠋ᠢᠳᠠᠯ ᠳᠣᠣᠷ᠎ᠠ᠂ 《ᠲᠤᠯᠤᠭ᠋ᠠᠨ ᠡᠳᠦᠷ᠎ᠲᠤ ᠤᠴᠢᠷ ᠰᠢᠯᠲᠠᠭ᠋ᠠᠨ ᠦᠭᠡᠢ᠎ᠪᠠᠷ ᠲᠠᠸᠠᠷ᠎ᠢ ᠪᠤᠴᠠᠭ᠋ᠠᠬᠤ》 ᠳᠦᠷᠢᠮ᠎ᠳᠤ ᠲᠣᠬᠢᠷᠠᠬᠤ ᠦᠭᠡᠢ ᠪᠣᠯᠳᠠᠭ᠃
03 ᠠᠩᠬᠠᠷ! ᠳᠣᠯᠣᠭ᠋ᠠᠨ ᠡᠳᠦᠷ᠎ᠲᠤ 《ᠤᠴᠢᠷ ᠰᠢᠯᠲᠠᠭ᠋ᠠᠨ ᠦᠭᠡᠢ》 ᠭᠡᠳᠡᠭ᠎ᠨᠢ 《ᠨᠥᠬᠥᠴᠡᠯ ᠦᠭᠡᠢ》 ᠲᠠᠸᠠᠷ᠎ᠢ ᠪᠤᠴᠠᠭ᠋ᠠᠬᠤ ᠪᠢᠰᠢ
ᠳᠣᠯᠣᠭ᠋ᠠᠨ ᠡᠳᠦᠷ᠎ᠲᠤ 《ᠤᠴᠢᠷ ᠰᠢᠯᠲᠠᠭ᠋ᠠᠨ ᠦᠭᠡᠢ》 ᠭᠡᠳᠡᠭ᠎ᠨᠢ 《ᠨᠥᠬᠥᠴᠡᠯ ᠦᠭᠡᠢ》 ᠲᠠᠸᠠᠷ᠎ᠢ ᠪᠤᠴᠠᠭ᠋ᠠᠬᠤ ᠪᠢᠰᠢ᠃
ᠬᠡᠷᠡᠭᠯᠡᠭᠴᠢ ᠲᠤᠰ ᠡᠷᠬᠡ᠎ᠪᠠᠨ ᠬᠡᠷᠡᠭᠵᠢᠭᠦᠯᠬᠦ᠎ᠳᠤ ᠲᠠᠸᠠᠷ᠎ᠤᠨ 《ᠪᠦᠷᠢᠨ ᠪᠦᠲᠦᠨ》᠎ᠢ ᠪᠠᠲᠤᠯᠠᠬᠤ ᠬᠡᠷᠡᠭᠲᠡᠢ᠃ ᠡᠷᠬᠡ᠎ᠪᠠᠨ ᠠᠰᠢᠭᠯᠠᠵᠤ ᠳᠤᠷ᠎ᠠ᠎ᠪᠠᠷ ᠵᠶ᠋ᠠᠨ ᠮᠠᠭᠤ ᠰᠠᠨᠠᠭ᠎ᠠ᠎ᠲᠠᠢ᠎ᠪᠠᠷ ᠲᠠᠸᠠᠷ ᠵᠶ᠋ᠠᠨ ᠪᠤᠴᠠᠭ᠋ᠠᠵᠤ ᠪᠣᠯᠬᠤ ᠦᠭᠡᠢ᠃ ᠲᠠᠸᠠᠷ᠎ᠤᠨ ᠠᠰᠠᠭᠤᠳᠠᠯ ᠲᠤᠯᠭ᠋ᠠᠷᠠᠪᠠᠯ᠂ ᠬᠠᠮᠤᠭ ᠲᠡᠷᠢᠭᠦᠨ᠎ᠳᠤ ᠰᠡᠭᠦᠳᠡᠷ ᠲᠠᠲᠠᠬᠤ ᠪᠤᠶᠤ ᠸᠢᠳᠢᠤ᠋᠎ᠪᠠᠷ ᠭᠡᠷᠡᠴᠢ ᠦᠯᠡᠳᠡᠭᠡᠵᠦ ᠡᠷᠬᠡ᠎ᠪᠠᠨ ᠬᠠᠮᠠᠭ᠋ᠠᠯᠠᠬᠤ ᠵᠢ ᠰᠠᠨᠠᠭᠤᠯᠤᠶ᠎ᠠ᠃ ᠡᠵᠡᠩᠨᠡᠭᠴᠢ᠎ᠳᠤ ᠠᠪᠴᠤ ᠬᠡᠯᠡᠪᠡᠯ ᠰᠠᠨᠠᠭᠤᠯᠤᠮᠵᠢ ᠵᠢᠨ ᠡᠭᠦᠷᠭᠡ᠎ᠪᠠᠨ ᠭᠦᠢ᠍ᠴᠡᠳ ᠭᠦᠢ᠍ᠴᠡᠳᠬᠡᠬᠦ᠎ᠠᠴᠠ ᠭᠠᠳᠠᠨ᠎ᠠ ᠡᠯᠧᠺᠲᠷᠣᠨ ᠬᠤᠳᠠᠯᠳᠤᠭ᠋ᠠᠨ᠎ᠤ ᠲᠠᠪᠴᠠᠩ ᠪᠠᠰᠠ ᠬᠠᠷᠢᠭᠤᠴᠠᠯᠭ᠎ᠠ᠎ᠪᠠᠨ ᠢᠳᠡᠪᠬᠢᠲᠡᠶ ᠭᠦᠢ᠍ᠴᠡᠳᠭᠡᠵᠦ 《ᠲᠤᠯᠤᠭ᠋ᠠᠨ ᠡᠳᠦᠷ᠎ᠲᠤ ᠤᠴᠢᠷ ᠰᠢᠯᠲᠠᠭ᠋ᠠᠨ ᠦᠭᠡᠢ᠎ᠪᠠᠷ ᠲᠠᠸᠠᠷ᠎ᠢ ᠪᠤᠴᠠᠭ᠋ᠠᠬᠤ》 ᠭᠤᠮᠣᠳᠠᠯ ᠲᠣᠭ᠋ᠠᠴᠢᠯᠲᠠ᠂ ᠵᠠᠭ᠋ᠠᠯᠳᠤᠯᠭ᠎ᠠ ᠵᠢᠨ ᠶᠠᠪᠤᠴᠠ ᠵᠢ ᠲᠡᠭᠦᠯᠳᠡᠷᠵᠢᠭᠦᠯᠵᠦ᠂ ᠴᠠᠭ ᠲᠤᠬᠠᠶ᠎ᠳᠤᠨᠢ ᠣᠷᠣᠯᠴᠠᠵᠤ᠂ ᠵᠢᠭᠤᠷᠠᠯᠳᠤᠭ᠋ᠠᠨ᠎ᠢ ᠰᠢᠢ᠍ᠳᠪᠦᠷᠢᠯᠡᠵᠦ ᠬᠡᠷᠡᠭᠯᠡᠭᠴᠢᠳ᠎ᠤᠨ ᠬᠠᠤᠯᠢ ᠶᠣᠰᠣᠨ᠎ᠤ ᠡᠷᠬᠡ ᠠᠰᠢᠭ᠎ᠢ ᠬᠠᠮᠲᠤ᠎ᠪᠠᠷ ᠬᠠᠮᠠᠭ᠋ᠠᠯᠠᠪᠠᠯ ᠵᠣᠬᠢᠨ᠎ᠠ᠃