ᠰᠢᠨ᠎ᠡ ᠲᠥᠮᠥᠰᠥ ᠭᠠᠷᠴᠤ ᠢᠷᠡᠯ᠎ᠡ! ᠡᠨᠡ ᠬᠦ᠌ ᠲᠦᠮᠦᠰᠦᠨ᠎ᠤ ᠬᠡᠷᠡᠭᠯᠡᠭᠡᠨ᠎ᠤ ᠰᠠᠨᠠᠭᠤᠯᠤᠮᠵᠢ ᠵᠢ ᠬᠤᠷᠢᠶᠠᠵᠤ ᠠᠪᠤᠭ᠋ᠠᠷᠠᠢ!
2024-06-28

    2024 ᠣᠨ᠎ᠤ ᠲᠥᠮᠥᠰᠥᠨ᠎ᠤ ᠬᠡᠷᠡᠭᠯᠡᠭᠡᠨ᠎ᠤ ᠰᠠᠨᠠᠭᠤᠯᠤᠮᠵᠢ

     ᠲᠥᠮᠥᠰᠥ ᠭᠡᠳᠡᠭ᠎ᠨᠢ ᠶᠠᠭᠤ ᠪᠤᠢ?

     ᠲᠦᠮᠦᠰᠦ ᠪᠣᠯ ᠬᠠᠰᠢ ᠵᠢᠨ ᠢᠵᠠᠭᠤᠷ ᠬᠠᠰᠢ ᠵᠢᠨ ᠲᠥᠷᠥᠯ᠎ᠤᠨ ᠡᠪᠡᠰᠦᠯᠢᠭ ᠤᠷᠭᠤᠮᠠᠯ ᠪᠣᠯᠣᠨ᠎ᠠ᠃ ᠲᠡᠷᠡ᠎ᠨᠢ ᠪᠦᠬᠦ ᠪᠥᠮᠪᠥᠷᠴᠡᠭ᠎ᠤᠨ ᠳᠥᠷᠪᠡᠳᠦᠭᠡᠷ ᠶᠡᠭᠡ ᠠᠮᠤ ᠪᠤᠳᠠᠭ᠋ᠠᠨ᠎ᠤ ᠲᠠᠷᠢᠮᠠᠯ ᠪᠠᠶ᠋ᠢᠵᠤ᠂ ᠵᠥᠪᠬᠡᠨ ᠪᠤᠭᠤᠳᠠᠢ᠂ ᠲᠤᠲᠤᠷᠭ᠎ᠠ ᠪᠠ ᠡᠷᠳᠡᠨᠢ ᠰᠢᠰᠢ ᠵᠢᠨ ᠳᠠᠷᠠᠭ᠎ᠠ ᠯᠠ ᠣᠷᠣᠳᠠᠭ᠃

     ᠳᠥᠮᠥᠰᠥᠨ᠎ᠤ ᠰᠢᠮ᠎ᠡ ᠲᠡᠵᠢᠭᠡᠯ

     ᠲᠥᠮᠥᠰᠥ᠎ᠳᠤ ᠶᠡᠬᠡ ᠬᠡᠮᠵᠢᠶᠡᠨ᠎ᠤ ᠴᠠᠷᠳᠠᠭᠤᠯ ᠠᠭᠤᠯᠵᠤ᠂ ᠬᠦᠮᠦᠨ᠎ᠤ ᠪᠡᠶ᠎ᠡ᠎ᠳᠤ ᠢᠯᠴᠢ ᠬᠠᠩᠭ᠋ᠠᠳᠠᠭ ᠪᠥᠭᠡᠳ ᠪᠠᠰᠠ ᠪᠠᠭ᠎ᠠ ᠬᠡᠮᠵᠢᠶᠡᠨ᠎ᠤ ᠤᠭᠤᠷᠠᠭ᠂ ᠰᠢᠪᠲᠤᠷᠲᠤ ᠬᠦᠴᠢᠯ ᠵᠢᠴᠢ ᠣᠯᠠᠨ ᠵᠦᠢ᠍ᠯ᠎ᠤᠨ ᠸᠢᠲ᠋ᠠᠮᠢᠨ᠂ ᠡᠷᠦᠳᠡᠰᠦᠨ ᠪᠣᠳᠠᠰ ᠪᠣᠯᠤᠨ ᠢᠳᠡᠭᠡᠨ᠎ᠤ ᠰᠢᠷᠬᠡᠭᠯᠢᠭ ᠡᠳ᠋ ᠠᠭᠤᠯᠤᠭᠳᠠᠳᠠᠭ᠃ ᠴᠠᠷᠳᠠᠭᠤᠯ᠎ᠤᠨ ᠬᠠᠮᠠᠭ᠋ᠠᠯᠠᠯᠲᠠ᠎ᠲᠠᠢ ᠪᠣᠯᠬᠣᠷ ᠲᠥᠮᠥᠰᠥᠨ ᠳᠣᠲᠣᠷᠠᠬᠢ ᠸᠢᠲ᠋ᠠᠮᠢᠨ C᠎ᠨᠢ ᠪᠣᠯᠭᠣᠭ᠋ᠠᠬᠤ ᠶᠠᠪᠤᠴᠠ᠎ᠳᠤ ᠠᠮᠠᠷᠬᠠᠨ ᠠᠯᠳᠠᠭᠳᠠᠬᠤ ᠦᠭᠡᠢ ᠪᠥᠭᠡᠳ ᠠᠰᠢᠭᠯᠠᠯᠲᠠ᠎ᠨᠢ ᠶᠡᠷᠦᠳᠡ ᠵᠢᠨ ᠢᠳᠡᠰᠢᠨ ᠨᠣᠭᠣᠭ᠋ᠠᠨ᠎ᠠᠴᠠ ᠥᠨᠳᠥᠷ ᠪᠠᠶ᠋ᠢᠳᠠᠭ᠃ ᠡᠭᠦᠨ᠎ᠤ ᠬᠠᠮᠲᠤ᠂ ᠲᠥᠮᠥᠰᠥ᠎ᠳᠤ ᠪᠠᠰᠠ ᠨᠡᠯᠢᠶᠡᠳ ᠣᠯᠠᠨ ᠺᠠᠯᠢ ᠪᠠ ᠮᠠᠭᠨᠢ ᠠᠭᠤᠯᠤᠭᠳᠠᠳᠠᠭ᠂ ᠡᠨᠡ ᠬᠤᠶᠠᠷ ᠵᠦᠢ᠍ᠯ᠎ᠤᠨ ᠰᠢᠮ᠎ᠡ ᠲᠡᠵᠢᠭᠡᠯ᠎ᠤᠨ ᠡᠳ᠋᠎ᠨᠢ ᠴᠢᠰᠤᠨ ᠳᠠᠷᠤᠯᠲᠠ ᠵᠢ ᠲᠣᠭᠲᠠᠪᠤᠷᠢᠵᠢᠭᠤᠯᠬᠤ ᠪᠠ ᠵᠢᠷᠦᠬᠡ ᠵᠢ ᠬᠠᠮᠠᠭ᠋ᠠᠯᠠᠬᠤ᠎ᠳᠤ ᠴᠥᠮ ᠴᠢᠬᠤᠯᠠ ᠦᠢ᠍ᠯᠡᠳᠦᠯ᠎ᠲᠠᠢ ᠪᠥᠭᠡᠳ ᠪᠠᠰᠠ ᠲᠦᠢ᠍ᠯ᠎ᠤᠨ ᠰᠠᠢ᠌ᠨ ᠺᠠᠯᠢ ᠶᠡᠬᠡ ᠨᠠᠲᠷᠢ ᠪᠠᠭ᠎ᠠ ᠠᠭᠤᠯᠤᠭᠳᠠᠬᠤ ᠢᠳᠡᠭᠡᠨ ᠪᠣᠯᠤᠨ᠎ᠠ᠃

     ᠲᠥᠮᠥᠰᠥ ᠵᠢ ᠬᠡᠷᠬᠢᠨ  ᠰᠣᠩᠭᠣᠬᠤ ᠪᠣᠢ?

     ᠲᠥᠮᠥᠰᠥ ᠬᠤᠳᠠᠯᠳᠤᠨ ᠠᠪᠬᠤ᠎ᠳᠤ ᠴᠢᠳᠠᠬᠤ ᠵᠢᠨ ᠳᠣᠲᠣᠷ᠎ᠠ ᠭᠥᠯᠢᠭᠡᠷ ᠪᠥᠮᠪᠥᠷᠢᠭᠡᠨ᠂ ᠥᠩᠭᠡ᠎ᠨᠢ ᠵᠢᠭᠳᠡ᠂ ᠨᠣᠭᠣᠭ᠋ᠠᠷᠠᠭᠰᠠᠨ ᠦᠭᠡᠢ ᠰᠢᠨ᠎ᠡ ᠰᠣᠷᠭᠣᠭ ᠲᠥᠮᠥᠰᠥ ᠵᠢ ᠰᠣᠩᠭᠣᠵᠤ᠂ ᠤᠷᠲᠤ ᠨᠢᠯᠬ᠎ᠠ ᠴᠢᠬᠢ᠎ᠲᠠᠢ᠂ ᠥᠩᠭᠡ᠎ᠨᠢ ᠭᠦᠨ ᠰᠠᠷᠠᠯ ᠥᠩᠭᠡ᠎ᠲᠠᠢ ᠪᠤᠶᠤ ᠬᠠᠷ᠎ᠠ ᠲᠣᠯᠪᠣ᠎ᠲᠠᠢ ᠬᠥᠯᠳᠡᠵᠦ ᠰᠢᠷᠬᠠᠲᠤᠭᠰᠠᠨ ᠪᠤᠶᠤ ᠢᠯᠵᠠᠷᠠᠭᠰᠠᠨ ᠲᠥᠮᠥᠰᠥ ᠵᠢ ᠪᠢᠲᠡᠭᠡᠢ ᠰᠣᠩᠭᠣᠭ᠋ᠠᠷᠠᠢ᠂ ᠡᠢ᠌ᠮᠦᠷᠬᠦᠦ ᠲᠥᠮᠥᠰᠥ ᠵᠢ ᠢᠳᠡᠪᠡᠯ ᠬᠣᠣᠷᠳᠠᠯ ᠡᠭᠦᠰᠴᠦ ᠮᠡᠳᠡᠨ᠎ᠡ᠃

     ᠲᠥᠮᠥᠰᠥ ᠬᠠᠳᠠᠭ᠋ᠠᠯᠠᠬᠤ

     ᠲᠥᠮᠥᠰᠥ ᠵᠢᠨ ᠤᠰᠤᠨ᠎ᠤ ᠠᠭᠤᠯᠤᠭᠳᠠᠴᠠ ᠥᠨᠳᠥᠷ᠂ ᠠᠮᠠᠷᠬᠠᠨ ᠢᠯᠵᠠᠷᠠᠳᠠᠭ ᠲᠤᠯᠠ᠂ ᠬᠠᠳᠠᠭ᠋ᠠᠯᠠᠬᠤ ᠣᠷᠴᠢᠨ ᠲᠣᠭᠤᠷᠢᠨ᠎ᠨᠢ ᠴᠡᠪᠡᠷ ᠴᠡᠮᠴᠡᠭᠡᠷ᠂ ᠬᠠᠭᠤᠷᠠᠶ᠂ ᠰᠠᠯᠬᠢ ᠨᠡᠪᠲᠡᠷᠡᠬᠦ᠂ ᠪᠣᠬᠢᠷᠲᠤᠯ ᠥᠬᠡᠶ ᠪᠠᠶ᠋ᠢᠬᠤ ᠵᠢ ᠱᠠᠭ᠋ᠠᠷᠳᠠᠨ᠎ᠠ᠃ 5 ᠭ᠋ᠷᠡᠳᠦ᠋ᠰ ᠣᠷᠴᠢᠮ᠎ᠤᠨ ᠰᠡᠷᠢᠭᠦᠬᠡᠨ ᠰᠠᠯᠬᠢ ᠨᠡᠪᠲᠡᠷᠡᠬᠦ ᠭᠠᠵᠠᠷ᠎ᠲᠤ ᠬᠠᠳᠠᠭ᠋ᠠᠯᠠᠬᠤ ᠬᠡᠷᠡᠭᠲᠡᠢ᠃ ᠳᠤᠯᠠᠭ᠋ᠠᠨ᠎ᠤ ᠬᠡᠮᠵᠢᠶ᠎ᠡ᠎ᠨᠢ ᠥᠨᠳᠥᠷ ᠪᠣᠯ ᠰᠣᠶᠣᠭ᠋ᠠᠯᠠᠬᠤ ᠪᠤᠶᠤ ᠢᠯᠵᠠᠷᠠᠵᠤ᠂ ᠳᠤᠯᠠᠭ᠋ᠠᠨ᠎ᠤ ᠬᠡᠮᠵᠢᠶ᠎ᠡ᠎ᠨᠢ ᠳᠣᠣᠷ᠎ᠠ ᠪᠣᠯ ᠬᠥᠯᠳᠡᠵᠦ᠂ ᠴᠢᠭᠢᠭ᠎ᠤᠨ ᠬᠡᠮᠵᠢᠶ᠎ᠡ᠎ᠨᠢ ᠶᠡᠬᠡ ᠪᠣᠯ ᠠᠮᠠᠷᠬᠠᠨ ᠢᠯᠵᠢᠷᠡᠨ᠎ᠡ᠃

     ᠢᠳᠡᠭᠡᠨ᠎ᠳᠤ ᠠᠩᠬᠠᠷᠬᠤ ᠵᠦᠢ᠍ᠯ

    1. ᠲᠥᠮᠥᠰᠥ ᠵᠢ ᠵᠣᠬᠢᠰ ᠦᠭᠡᠢ ᠬᠠᠳᠠᠭ᠋ᠠᠯᠠᠭᠰᠠᠨ᠎ᠠᠴᠠ ᠪᠣᠯᠵᠤ ᠨᠠᠬᠢᠶᠠᠯᠠᠭᠰᠠᠨ᠎ᠤ ᠳᠠᠷᠠᠭ᠎ᠠ᠂ ᠴᠢᠬᠢ ᠵᠢᠨ ᠬᠡᠰᠡᠭ᠎ᠨᠢ ᠬᠦᠷᠡᠩ ᠥᠩᠭᠡᠲᠡᠢ ᠪᠣᠯᠵᠤ᠂ ᠠᠭᠤᠯᠤᠭᠳᠠᠴᠠ᠎ᠪᠠᠷ ᠨᠡᠯᠢᠶᠡᠳ ᠥᠨᠳᠥᠷ ᠬᠤᠤᠷᠲᠤ ᠪᠣᠳᠠᠰ — ᠨᠣᠬᠠᠢ ᠦᠵᠦᠮ᠎ᠤᠨ ᠬᠤᠵᠢᠷ ᠡᠭᠦᠰᠳᠡᠭ᠂ ᠪᠠᠰᠠ ᠨᠣᠬᠠᠢ ᠦᠵᠦᠮ᠎ᠤᠨ ᠡᠳ᠋ ᠭᠡᠳᠡᠭ᠂ ᠰᠠᠨᠠᠮᠰᠠᠷ ᠦᠭᠡᠢ᠎ᠪᠠᠷ ᠶᠡᠭᠡ ᠬᠡᠮᠵᠢᠶ᠎ᠡ᠎ᠪᠠᠷ ᠢᠳᠡᠵᠦ ᠣᠷᠣᠭᠤᠯᠪᠠᠯ ᠠᠮᠠᠷᠬᠠᠨ ᠬᠣᠣᠷᠳᠠᠭᠳᠠᠨ᠎ᠠ᠃ ᠡᠩ᠎ᠤᠨ ᠲᠦᠮᠦᠰᠦ᠎ᠳᠠᠬᠢ ᠨᠣᠬᠠᠢ ᠦᠵᠦᠮ᠎ᠤᠨ ᠡᠳ᠋᠎ᠤᠨ ᠠᠭᠤᠯᠤᠭᠳᠠᠴᠠ᠎ᠨᠢ ᠶᠡᠷᠦ᠎ᠳᠤ᠎ᠪᠠᠨ 2 — 10mg/100g ᠪᠠᠶ᠋ᠢᠵᠤ᠂ ᠨᠠᠬᠢᠶᠠᠯᠠᠭᠰᠠᠨ᠂ ᠬᠠᠯᠢᠰᠤ᠎ᠨᠢ ᠨᠣᠭᠣᠭ᠋ᠠᠷᠠᠭᠰᠠᠨ ᠲᠥᠮᠥᠰᠥ᠎ᠳᠠᠬᠢ ᠠᠭᠤᠯᠤᠭᠳᠠᠴᠠ᠎ᠨᠢ 35 — 40mg/100g ᠪᠠᠶ᠋ᠢᠵᠤ᠂ ᠨᠢᠯᠬ᠎ᠠ ᠨᠠᠬᠢᠶ᠎ᠠ ᠵᠢᠴᠢ ᠨᠠᠬᠢᠶᠠᠨ ᠪᠠᠢ᠌ᠷᠢ ᠵᠢᠨ ᠬᠡᠰᠡᠭ᠎ᠤᠨ᠎ᠬᠢᠨ ᠠᠭᠤᠯᠤᠭᠳᠠᠴᠠ᠎ᠨᠢ ᠨᠡᠩ ᠥᠨᠳᠥᠷ ᠪᠠᠶ᠋ᠢᠳᠠᠭ᠃

    2. ᠬᠡᠷᠡᠭᠯᠡᠭᠴᠢᠳ ᠪᠣᠯᠪᠠᠰᠤᠷᠠᠭ᠎ᠠ ᠦᠭᠡᠢ ᠨᠣᠭᠣᠭ᠋ᠠᠷᠠᠭᠰᠠᠨ ᠬᠠᠯᠢᠰᠤᠲᠠᠢ ᠲᠥᠮᠥᠰᠥ ᠪᠤᠶᠤ ᠨᠠᠬᠢᠶᠠᠯᠠᠭᠰᠠᠨ ᠲᠥᠮᠥᠰᠥ ᠵᠢ ᠢᠳᠡᠵᠦ ᠪᠣᠯᠬᠤ ᠦᠭᠡᠢ᠃ ᠬᠡᠷᠪᠡ ᠨᠣᠭᠣᠭ᠋ᠠᠷᠠᠭᠰᠠᠨ ᠲᠠᠯᠠᠪᠠᠢ᠎ᠨᠢ ᠨᠡᠯᠢᠶᠡᠳ ᠪᠠᠭ᠎ᠠ᠂ ᠨᠠᠬᠢᠶᠠᠯᠠᠭᠰᠠᠨ ᠬᠡᠰᠡᠭ᠎ᠨᠢ ᠨᠡᠯᠢᠶᠡᠳ ᠪᠠᠭ᠎ᠠ ᠪᠣᠯ ᠨᠣᠭᠣᠭ᠋ᠠᠷᠠᠭᠰᠠᠨ ᠬᠡᠰᠡᠭ ᠪᠤᠶᠤ ᠨᠠᠬᠢᠶᠠᠨ ᠪᠠᠢ᠌ᠷᠢ ᠵᠢ᠎ᠨᠢ ᠲᠤᠶ᠋ᠢᠯᠪᠤᠷᠢᠲᠠᠶ ᠮᠠᠯᠲᠠᠬᠤ ᠵᠢᠨ ᠬᠠᠮᠲᠤ ᠡᠷᠭᠢᠨ ᠲᠣᠭᠣᠷᠢᠨ᠎ᠤ ᠬᠡᠰᠡᠭ᠎ᠢ᠎ᠨᠢ ᠠᠷᠢᠯᠭ᠋ᠠᠬᠤ ᠬᠡᠷᠡᠭᠲᠡᠶ᠃ ᠨᠣᠭᠣᠭ᠋ᠠᠷᠠᠭᠰᠠᠨ ᠲᠠᠯᠠᠪᠠᠢ᠎ᠨᠢ ᠨᠡᠯᠢᠶᠡᠳ ᠶᠡᠬᠡ᠂ ᠨᠠᠬᠢᠶᠠᠯᠠᠭᠰᠠᠨ ᠬᠡᠰᠡᠭ᠎ᠨᠢ ᠨᠡᠯᠢᠶᠡᠳ ᠠᠷᠪᠢᠨ ᠪᠣᠯ ᠢᠳᠡᠵᠦ ᠪᠣᠯᠬᠤ ᠦᠭᠡᠶ᠃

ᠳᠣᠲᠣᠨᠣ ᠰᠠᠨᠠᠭᠤᠯᠤᠮᠵᠢ

     ᠲᠠ ᠦᠢ᠍ᠯᠡᠳᠬᠦᠨ ᠬᠤᠳᠠᠯᠳᠤᠨ ᠠᠪᠬᠤ ᠪᠠ ᠢᠳᠡᠬᠦ ᠶᠠᠪᠤᠴᠠ᠎ᠳᠤ ᠶᠠᠰᠤ ᠴᠢᠨᠠᠷ᠎ᠤᠨ ᠠᠰᠠᠭᠤᠳᠠᠯ ᠪᠤᠶᠤ ᠬᠤᠯᠪᠣᠭᠳᠠᠯ ᠪᠥᠬᠦᠶ ᠪᠠᠷᠢᠮᠵᠢᠶ᠎ᠠ ᠵᠢᠨ ᠱᠠᠭ᠋ᠠᠷᠳᠠᠯᠭ᠎ᠠ᠎ᠳᠤ ᠨᠡᠶ᠋ᠢᠴᠡᠬᠦ ᠥᠬᠡᠶ ᠪᠠᠶ᠋ᠢᠳᠠᠯ᠎ᠢ ᠣᠯᠵᠤ ᠮᠡᠳᠡᠪᠡᠯ᠂ ᠴᠠᠭ ᠲᠤᠬᠠᠶ᠎ᠳᠤᠨᠢ 12345 ᠪᠤᠶᠤ 12315 ᠤᠲᠠᠰᠤ᠎ᠪᠠᠷ ᠵᠠᠭ᠋ᠠᠯᠳᠤᠵᠤ ᠢᠯᠡᠴᠢᠯᠡᠨ ᠮᠡᠳᠡᠭᠦᠯᠦᠭᠡᠷᠡᠢ᠃

 

ᠢᠷᠡᠯᠲᠡ᠄ ᠢᠳᠡᠭᠡᠨ᠎ᠤ ᠠᠮᠤᠷ ᠲᠦᠪᠰᠢᠨ᠎ᠢ ᠵᠣᠬᠢᠴᠠᠭᠤᠯᠬᠤ ᠬᠢᠭᠡᠳ ᠰᠤᠭᠤᠴᠢᠨ ᠪᠠᠶ᠋ᠢᠴᠠᠭ᠋ᠠᠵᠤ ᠬᠢᠨᠠᠨ ᠬᠡᠮᠵᠢᠬᠦ ᠭᠠᠵᠠᠷ