ᠠᠯᠮᠤᠷᠠᠳ ᠳᠣᠩ᠎ᠤᠨ ᠢᠳᠡᠭᠡᠨ᠎ᠤ ᠠᠶᠤᠯᠭᠦᠢ ᠬᠡᠷᠡᠭᠯᠡᠭᠡ ᠵᠢᠨ ᠰᠠᠨᠠᠭᠤᠯᠤᠮᠵᠢ
2024-07-26

     ᠣᠢ᠌ᠷ᠎ᠠ ᠵᠢᠨ ᠬᠤᠭᠤᠴᠠᠭ᠋ᠠᠨ᠎ᠳᠤ᠂ ᠤᠯᠤᠰ᠎ᠤᠨ ᠳᠣᠲᠣᠭ᠋ᠠᠳᠤ ᠵᠢᠨ ᠵᠠᠷᠢᠮ ᠭᠠᠵᠠᠷ ᠣᠷᠣᠨ᠎ᠳᠤ ᠠᠯᠮᠤᠷᠠᠳ ᠳᠣᠩ᠎ᠤᠨ ᠮᠢᠬ᠎ᠠ ᠵᠢ ᠬᠠᠪᠲᠠᠰᠤᠨ᠎ᠠᠴᠠ᠎ᠨᠢ ᠠᠷᠢᠯᠭ᠋ᠠᠭ᠋ᠠᠳ 《ᠬᠠᠭᠤᠷᠮᠠᠭ》 ᠡᠮᠡᠭᠡᠨ ᠬᠢᠮᠤᠰᠤ ᠵᠢᠨ ᠮᠢᠬ᠎ᠠ ᠪᠣᠯᠭ᠋ᠠᠨ ᠵᠠᠬ᠎ᠠ᠎ᠳᠤ ᠣᠷᠣᠭᠤᠯᠤᠭᠰᠠᠨ ᠲᠤᠬᠠᠢ ᠮᠡᠳᠡᠭᠡᠯᠡᠯ ᠣᠯᠠᠨ᠎ᠤ ᠠᠩᠬᠠᠷᠤᠯ᠎ᠢ ᠲᠠᠲᠠᠭᠰᠠᠨ ᠪᠠᠢ᠌ᠨ᠎ᠠ᠂ ᠠᠷᠠᠳ ᠣᠯᠠᠨ᠎ᠤ 《ᠢᠳᠡᠭᠡᠨ ᠤᠮᠳᠠᠭ᠋ᠠᠨ᠎ᠤ ᠠᠮᠤᠷ ᠲᠦᠪᠰᠢᠨ》᠎ᠢ ᠦᠨᠡᠨ ᠬᠦ᠌ ᠪᠠᠲᠤᠯᠠᠵᠤ᠂ ᠬᠡᠷᠡᠭᠯᠡᠭᠴᠢᠳ᠎ᠤᠨ ᠠᠯᠮᠤᠷᠠᠳ ᠳᠤᠩ᠎ᠢ ᠪᠤᠷᠤᠭᠤ ᠰᠣᠩᠭᠣᠵᠤ ᠬᠤᠳᠠᠯᠳᠤᠨ ᠠᠪᠬᠤ᠂ ᠠᠯᠮᠤᠷᠠᠳ ᠳᠤᠩ᠎ᠢ ᠢᠳᠡᠭᠰᠡᠨ ᠎ᠠᠴᠠ ᠪᠣᠯᠤᠭᠰᠠᠨ ᠢᠳᠡᠭᠡᠨ᠎ᠤ ᠠᠮᠤᠷ ᠲᠦᠪᠰᠢᠨ᠎ᠤ ᠲᠦᠭᠰᠢᠭᠦᠷᠢ ᠵᠢ ᠰᠡᠷᠭᠡᠢ᠌ᠯᠡᠬᠦ ᠵᠢᠨ ᠲᠤᠰᠠᠳᠠ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ ᠎ᠠᠴᠠ ᠥᠷᠭᠡᠨ ᠣᠯᠠᠨ ᠬᠡᠷᠡᠭᠯᠡᠭᠴᠢᠳ᠎ᠲᠤ ᠳᠤᠩ᠎ᠤᠨ ᠮᠢᠬ᠎ᠠ ᠵᠢ ᠪᠣᠯᠭᠣᠮᠵᠢᠲᠠᠢ  ᠢᠳᠡᠬᠦ ᠵᠢᠨ ᠬᠡᠷᠡᠭᠯᠡᠭᠡ ᠵᠢᠨ ᠰᠠᠨᠠᠭᠤᠯᠤᠮᠵᠢ ᠵᠢ ᠣᠨᠴᠠᠭ᠋ᠠᠢ᠌ᠯᠠᠨ ᠨᠡᠢ᠌ᠲᠡᠯᠡᠪᠡ᠃

     ᠠᠯᠮᠤᠷᠠᠳ ᠳᠤᠩ  ᠪᠠ ᠡᠮᠡᠭᠡᠨ ᠬᠢᠮᠤᠰᠤ ᠵᠢ ᠬᠡᠷᠬᠢᠨ ᠢᠯᠭ᠋ᠠᠬᠤ ᠪᠤᠢ?

     ᠠᠯᠮᠤᠷᠠᠳ ᠳᠤᠩ ᠪᠠ ᠡᠮᠡᠭᠡᠨ ᠬᠢᠮᠤᠰᠤ᠎ᠨᠢ ᠮᠠᠰᠢ ᠶᠡᠬᠡ ᠢᠯᠭ᠋ᠠᠭ᠎ᠠ᠎ᠲᠠᠢ ᠪᠠᠢ᠌ᠳᠠᠭ᠃

     ᠶᠡᠬᠡ ᠪᠠᠭ᠎ᠠ ᠎ᠠᠴᠠ᠎ᠨᠢ ᠦᠵᠡᠬᠦ᠎ᠳᠤ ᠂  ᠨᠠᠰᠤ ᠭᠦᠢ᠍ᠴᠡᠭᠰᠡᠨ ᠠᠯᠮᠤᠷᠠᠳ ᠳᠤᠩ᠎ᠤᠨ  ᠪᠡᠶ᠎ᠡ᠎ᠨᠢ ᠡᠮᠡᠭᠡᠨ ᠬᠢᠮᠤᠰᠤ ᠎ᠠᠴᠠ ᠬᠣᠯᠠ ᠶᠡᠬᠡ᠂ ᠥᠩᠭᠡ ᠎ᠠᠴᠠ᠎ᠨᠢ ᠦᠵᠡᠬᠦ᠎ᠳᠤ ᠂  ᠠᠯᠮᠤᠷᠠᠳ ᠳᠤᠩ᠎ᠨᠢ ᠰᠢᠷᠠᠪᠲᠤᠷ ᠥᠩᠭᠡ᠎ᠲᠠᠢ ᠪᠠᠢ᠌ᠵᠤ ᠂ ᠡᠮᠡᠭᠡᠨ ᠬᠢᠮᠤᠰᠤ᠎ᠨᠢ ᠬᠠᠷ᠎ᠠ ᠬᠦᠷᠡᠩᠭᠡᠪᠲᠦᠷ ᠥᠩᠭᠡ᠎ᠲᠠᠢ ᠪᠠᠢ᠌ᠳᠠᠭ ᠃ ᠶᠡᠬᠡ ᠪᠠᠭ᠎ᠠ᠎ᠨᠢ ᠠᠳᠠᠯᠢᠬᠠᠨ ᠠᠯᠮᠤᠷᠠᠳ ᠳᠤᠩ ᠪᠠ ᠡᠮᠡᠭᠡᠨ ᠬᠢᠮᠤᠰᠤ ᠪᠠᠢ᠌ᠭᠰᠠᠨ ᠴᠤ᠌ ᠪᠦᠲᠦᠴᠡ ᠵᠢᠨ ᠲᠠᠯ᠎ᠠ᠎ᠪᠠᠷ ᠵᠶ᠋ᠠᠨ ᠮᠠᠰᠢ ᠶᠡᠬᠡ ᠢᠯᠭ᠋ᠠᠭ᠎ᠠ᠎ᠲᠠᠢ ᠪᠠᠢ᠌ᠳᠠᠭ᠃

     ᠠᠯᠮᠤᠷᠠᠳ ᠳᠤᠩ ᠄ ᠰᠡᠭᠦᠯ᠎ᠨᠢ ᠮᠠᠰᠢ ᠣᠬᠣᠷ ᠂ ᠪᠦᠬᠦᠯᠢ ᠴᠣᠭᠴᠠ᠎ᠳᠤ᠎ᠪᠠᠨ  ᠳᠤᠭᠤᠷᠠᠭ  ᠬᠡᠯᠪᠡᠷᠢ᠎ᠲᠠᠢ᠂ ᠭᠠᠳᠠᠷ ᠬᠠᠪᠲᠠᠰᠤ᠎ᠨᠢ ᠨᠢᠮᠭᠡᠨ ᠮᠥᠷᠲᠡᠭᠡᠨ ᠬᠡᠪᠡᠷᠡᠭ ᠂ ᠬᠠᠪᠲᠠᠰᠤ᠎ᠨᠢ ᠬᠠᠪᠲᠠᠭ᠋ᠠᠢ ᠰᠢᠤᠬᠠᠨ ᠪᠠᠢ᠌ᠳᠠᠭ᠃

     ᠡᠮᠡᠭᠡᠨ ᠬᠢᠮᠤᠰᠤ ᠄ ᠰᠡᠬᠦᠯ᠎ᠤᠨ ᠬᠡᠰᠡᠭ ᠵᠶ᠋ᠠᠷ ᠵᠶ᠋ᠠᠨ ᠱᠤᠪᠤᠭᠤᠷ ᠬᠡᠯᠪᠡᠷᠢᠳᠠᠢ ᠨᠡᠯᠢᠶᠡᠳ ᠤᠷᠳᠤ ᠪᠦᠭᠡᠳ ᠱᠣᠷᠤᠯᠢᠭ᠂ ᠭᠠᠳᠠᠷ ᠬᠠᠪᠲᠠᠰᠤ᠎ᠨᠢ ᠬᠠᠳᠠᠭᠤ ᠪᠠᠬᠢᠯᠢᠭ᠌ ᠂ ᠬᠠᠪᠲᠠᠰᠤ᠎ᠨᠢ ᠳᠤᠭᠤᠷᠠᠭ ᠰᠢᠤᠬᠠᠨ ᠪᠠᠢ᠌ᠳᠠᠭ᠃

     ᠢᠳᠡᠭᠡᠨ ᠤᠮᠳᠠᠭ᠋ᠠᠨ᠎ᠤ ᠦᠢ᠍ᠯᠡᠴᠢᠯᠡᠭᠡ ᠬᠠᠩᠭ᠋ᠠᠭᠴᠢ ᠬᠡᠷᠬᠢᠨ  ᠬᠢᠪᠡᠯ ᠵᠣᠬᠢᠬᠤ ᠪᠤᠢ?

     ᠢᠳᠡᠭᠡᠨ ᠤᠮᠳᠠᠭ᠋ᠠᠨ᠎ᠤ ᠦᠢ᠍ᠯᠡᠴᠢᠯᠡᠭᠡ ᠬᠠᠩᠭ᠋ᠠᠭᠴᠢ ᠪᠠᠷᠠᠭ᠎ᠠ ᠤᠷᠤᠭᠤᠯᠬᠤ ᠵᠢ ᠪᠠᠶ᠋ᠢᠴᠠᠭ᠋ᠠᠨ ᠰᠢᠯᠭ᠋ᠠᠬᠤ ᠪᠠ ᠭᠡᠷᠡᠴᠢ ᠪᠠᠷᠢᠮᠲᠠ ᠠᠪᠬᠤ ᠳᠦᠷᠢᠮ᠎ᠢ ᠴᠢᠩᠭ᠎ᠠ ᠨᠠᠶ᠋ᠢᠳᠠᠪᠤᠷᠢᠵᠢᠭᠤᠯᠵᠤ᠂ ᠢᠷᠡᠯᠲᠡ᠎ᠨᠢ ᠲᠣᠳᠤᠷᠬᠠᠢ ᠦᠭᠡᠢ ᠳᠤᠩ᠎ᠤᠨ ᠲᠦᠷᠦᠯ᠎ᠤᠨ ᠦᠢ᠍ᠯᠡᠳᠭᠦᠨ᠎ᠢ ᠬᠤᠳᠠᠯᠳᠤᠨ ᠠᠪᠬᠤ ᠦᠭᠡᠢ ᠃

     ᠢᠳᠡᠭᠡᠨ ᠤᠮᠳᠠᠭ᠋ᠠᠨ᠎ᠢ ᠪᠣᠯᠪᠠᠰᠤᠷᠠᠭᠤᠯᠬᠤ ᠶᠠᠪᠤᠴᠠ᠎ᠳᠤ ᠡᠷᠬᠡᠪᠰᠢ ᠢᠯᠵᠠᠷᠠᠳᠠᠯ᠎ᠠ᠎ᠨᠢ  ᠴᠢᠨᠠᠵᠤ᠂ ᠲᠦᠭᠦᠬᠡᠢ ᠂  ᠪᠣᠯᠭᠤᠭᠰᠠᠨ  ᠢᠳᠡᠭᠡᠨ ᠪᠣᠯᠪᠠᠰᠤᠷᠠᠭᠤᠯᠬᠤ ᠪᠠᠭ᠋ᠠᠵᠢ ᠬᠡᠷᠡᠭᠰᠡᠯ᠂ ᠰᠠᠪᠠ ᠵᠢ ᠰᠠᠯᠭ᠋ᠠᠨ ᠬᠡᠷᠡᠭᠯᠡᠵᠦ᠂ ᠴᠠᠭ ᠲᠤᠬᠠᠢ᠎ᠳᠤ᠎ᠨᠢ ᠭᠠᠷ᠎ᠤᠨ ᠬᠡᠰᠡᠭ ᠪᠠ ᠠᠵᠢᠯᠯᠠᠬᠤ ᠲᠣᠭᠤᠷᠢᠭ᠎ᠢ ᠴᠡᠪᠡᠷᠯᠡᠵᠦ᠂  ᠠᠷᠢᠭᠤᠳᠬᠠᠨ᠂ ᠬᠤᠳᠠᠯ ᠬᠠᠭᠤᠷᠮᠠᠭ ᠤᠬᠠᠭᠤᠯᠭ᠎ᠠ ᠬᠢᠵᠦ ᠪᠣᠯᠬᠤ ᠦᠭᠡᠢ᠃

     ᠥᠷᠭᠡᠨ ᠣᠯᠠᠨ ᠬᠤᠲᠠ ᠵᠢᠨ ᠠᠷᠠᠳ ᠬᠡᠷᠬᠢᠨ ᠬᠢᠪᠡᠯ ᠵᠣᠬᠢᠬᠤ ᠪᠤᠢ?

     ᠥᠷᠭᠡᠨ ᠣᠯᠠᠨ ᠬᠣᠲᠠ ᠵᠢᠨ ᠠᠷᠠᠳ  ᠬᠣᠭᠣᠯᠠ ᠤᠮᠳᠠ ᠵᠢᠨ  ᠰᠠᠶ᠋ᠢᠨ ᠰᠠᠶ᠋ᠢᠬᠠᠨ ᠳᠠᠳᠬᠠᠯ᠎ᠲᠠᠢ ᠪᠣᠯᠬᠤ ᠬᠡᠷᠡᠭᠲᠡᠢ᠃

ᠢᠳᠡᠭᠡᠨ ᠡᠵᠡᠩᠨᠡᠬᠦ ᠵᠥᠪᠰᠢᠶᠡᠷᠡᠯ᠎ᠤᠨ ᠦᠨᠡᠮᠯᠡᠯ ᠪᠤᠶᠤ  ᠢᠳᠡᠭᠡᠨ  ᠤᠮᠳᠠᠭ᠋ᠠᠨ᠎ᠤ ᠳᠠᠩᠰᠠᠯᠠᠭᠤᠯᠤᠭᠰᠠᠨ ᠦᠨᠡᠮᠯᠡᠯ᠎ᠲᠠᠢ  ᠢᠳᠡᠭᠡᠨ ᠤᠮᠳᠠᠭ᠋ᠠᠨ᠎ᠤ  ᠵᠢᠵᠢᠭ ᠨᠢᠭᠡᠴᠢ  ᠵᠢ ᠰᠣᠩᠭᠣᠨ ᠬᠣᠭᠤᠯᠠᠯᠠᠨ᠎ᠠ᠃

     ᠥᠨᠳᠥᠷ  ᠳᠤᠯᠠᠭ᠋ᠠᠴᠠ᠎ᠪᠠᠷ  ᠴᠢᠨᠠᠵᠤ ᠪᠣᠯᠭᠣᠨ ᠂ ᠲᠥᠭᠦᠬᠡᠢ᠎ᠪᠠᠷ ᠢᠳᠡᠬᠦ ᠪᠤᠶᠤ ᠪᠦᠷᠢᠮᠦᠰᠦᠨ ᠪᠣᠯᠭᠣᠭᠰᠠᠨ ᠦᠭᠡᠢ  ᠳᠤᠩ᠎ᠢ ᠢᠳᠡᠬᠦ᠎ᠠᠴᠠ ᠵᠠᠢ᠌ᠯᠠᠰᠬᠢᠨ᠎ᠠ᠃

     ᠦᠯᠦ ᠲᠠᠨᠢᠬᠤ  ᠳᠤᠩ᠎ᠤᠨ ᠲᠥᠷᠥᠯ᠎ᠢ ᠬᠤᠳᠠᠯᠳᠤᠨ ᠠᠪᠬᠤ ᠦᠭᠡᠢ ᠂ ᠢᠳᠡᠬᠦ ᠦᠭᠡᠢ ᠪᠠᠢ᠌ᠪᠠᠯ ᠵᠣᠬᠢᠨ᠎ᠠ ᠃

 

ᠢᠷᠡᠯᠲᠡ᠄ ᠢᠳᠡᠭᠡᠨ ᠤᠮᠳᠠᠭ᠋ᠠᠨ᠎ᠤ ᠬᠢᠨᠠᠯᠲᠠ ᠬᠠᠮᠢᠶᠠᠷᠤᠯᠲᠠ ᠵᠢᠨ ᠭᠠᠵᠠᠷ᠂ ᠰᠣᠨᠢᠨ ᠮᠡᠳᠡᠭᠡᠨ᠎ᠤ ᠤᠬᠠᠭᠤᠯᠭ᠎ᠠ ᠵᠢᠨ ᠭᠠᠵᠠᠷ