ᠠᠮᠲᠠᠲᠤ ᠵᠦᠷᠵᠢᠯᠢᠭ ᠨᠢᠭᠡᠨᠲᠡ ᠶᠡᠬᠡ ᠬᠡᠮᠵᠢᠶ᠎ᠡ᠎ᠪᠡᠷ ᠵᠠᠬ᠎ᠠ ᠳᠡᠯᠭᠡᠭᠦᠷ᠎ᠲᠦ᠍ ᠭᠠᠷᠴᠠᠢ᠂ ᠭᠡᠪᠡᠴᠦ᠍ ᠵᠦᠷᠵᠢᠯᠢᠭ ᠢᠳᠡᠬᠦ᠌ ᠳᠤ ᠪᠠᠰᠠ ᠮᠠᠰᠢ ᠠᠩᠬᠠᠷᠬᠤ ᠬᠡᠷᠡᠭ᠌ᠲᠡᠢ᠂ ᠴᠢ ᠮᠡᠳᠡᠨ᠎ᠡ ᠤᠤ ?
ᠨᠠᠮᠤᠷ ᠡᠪᠤᠯ ᠵᠦᠷᠵᠢᠯᠢᠭ ᠢᠳᠡᠪᠡᠯ ᠣᠯᠠᠨ ᠰᠠᠢᠨ ᠲᠠᠯ᠎ᠠ ᠲᠠᠢ᠂ ᠵᠦᠷᠵᠢᠯᠢᠭ ᠠᠮᠲᠠᠲᠠᠢ ᠮᠦᠷᠲᠡᠬᠡᠨ ᠨᠡᠩ ᠣᠯᠠᠨ ᠪᠡᠶ᠎ᠡ ᠰᠣᠪᠢᠯᠠᠬᠣ ᠦᠨ᠎ᠡ ᠥᠷᠳᠡᠭ ᠲᠠᠢ᠃

ᠵᠢᠷᠤᠬᠡ ᠰᠤᠳᠠᠯ᠎ᠢ ᠬᠠᠮᠠᠭᠠᠯᠠᠨ᠎ᠠ
ᠵᠦᠷᠵᠢᠯᠢᠭ᠎ᠲᠤ ᠵᠦᠷᠵᠢᠯᠢᠭ᠎ᠤᠨ ᠬᠠᠯᠢᠰᠤ ᠡᠯᠪᠡᠭ ᠠᠭᠤᠯᠤᠭ᠍ᠳᠠᠨᠠ᠂ ᠢᠰᠦᠯᠳᠦᠬᠦ᠌ᠶ᠋ᠢ ᠰᠡᠷᠭᠡᠢᠯᠡᠬᠦ᠂ ᠦᠷᠪᠢᠰᠦᠯ᠎ᠢ ᠡᠰᠡᠷᠭᠦᠴᠡᠬᠦ᠌ ᠦᠢᠯᠡᠳᠦᠯ᠎ᠲᠠᠢ᠂ ᠴᠢᠰᠤᠨ᠎ᠤ ᠡᠷᠭᠢᠯᠲᠡ᠎ᠶ᠋ᠢ ᠰᠠᠢᠵᠢᠷᠠᠭᠤᠯᠵᠤ᠂ ᠰᠦᠰᠦᠨᠦ ᠭᠤᠨᠠᠨ ᠠᠯᠺᠣᠣᠯ᠎ᠢ ᠪᠠᠭᠤᠷᠠᠭᠤᠯᠳᠠᠭ᠃ ᠲᠡᠭᠦᠨ᠎ᠳᠤ ᠠᠭᠤᠯᠤᠭ᠍ᠳᠠᠵᠤ ᠪᠠᠢᠭ᠎ᠠ ᠪᠤᠷᠴᠠᠭ᠍ᠲᠤ ᠡᠳ᠋᠎ᠤᠨ ᠲᠥᠷᠥᠯ᠎ᠤᠨ ᠨᠢᠭᠡᠳᠪᠦᠷᠢ ᠪᠣᠳᠠᠰ᠎ᠨᠢ ᠴᠢᠰᠤ ᠪᠦᠯᠤᠩᠲᠤᠬᠦ᠌ᠶ᠋ᠢ ᠡᠰᠡᠷᠭᠦᠴᠡᠬᠦ᠌ ᠴᠢᠳᠠᠪᠬᠢ᠎ᠲᠠᠢ ᠪᠠᠢᠵᠤ᠂ ᠴᠢᠰᠤᠨ᠎ᠤ ᠪᠦᠯᠦᠩ᠎ᠶ᠋ᠢ ᠰᠡᠷᠭᠡᠢᠯᠡᠬᠦ᠌᠎ᠳᠤ ᠲᠤᠰᠠᠯᠠᠳᠠᠭ᠃
ᠳᠠᠷᠣᠯᠲᠠ᠎ᠶ᠋ᠢ ᠬᠢᠵᠠᠭᠠᠷᠯᠠᠬᠤ ᠱᠢᠬᠢᠷ᠎ᠢ ᠬᠢᠵᠠᠭᠠᠷᠯᠠᠬᠤ᠎ᠶ᠋ᠢ ᠲᠤᠰᠠᠯᠠᠨ᠎ᠠ
ᠦᠨᠳᠦᠷ ᠺᠠᠯᠢ ᠳᠣᠣᠷ᠎ᠠ ᠨᠠᠲ᠋ᠷᠢ ᠵᠢᠮᠢᠰ ᠪᠣᠯᠣᠭ᠍ᠰᠠᠨ᠎ᠤ ᠬᠤᠪᠢ᠎ᠳᠤ᠂ ᠵᠦᠷᠵᠢᠯᠢᠭ ᠥᠨᠳᠥᠷ ᠴᠢᠰᠤᠨ ᠳᠠᠷᠤᠯᠲᠠ᠎ᠶᠢᠨ ᠡᠪᠡᠳᠴᠢᠲᠡᠨ᠎ᠤ ᠴᠢᠰᠤᠨ ᠳᠠᠷᠤᠯᠲᠠ᠎ᠶ᠋ᠢᠨ ᠲᠣᠭ᠍ᠲᠠᠪᠤᠷᠢ᠎ᠶᠢ ᠪᠠᠲᠤᠯᠠᠬᠤᠳ᠋ᠤ ᠲᠤᠰᠠᠲᠠᠢ᠃ ᠳᠣᠣᠷ᠎ᠠ GI ᠣᠨᠴᠠᠯᠢᠭ ᠨᠢ ᠡᠯᠪᠡᠭ ᠢᠳᠡᠭᠡᠨ᠎ᠦ᠌ ᠱᠢᠷᠬᠡᠭ᠎ᠡᠴᠡ ᠴᠢᠰᠤᠨ ᠱᠢᠬᠢᠷ ᠥᠰᠬᠦ᠌ᠶᠢ ᠣᠳᠠᠭᠠᠱᠢᠷᠠᠭᠤᠯᠵᠤ᠂ ᠱᠢᠬᠢᠷ ᠱᠢᠵᠢᠩ ᠡᠪᠡᠳᠴᠢᠲᠡᠨᠳ᠋ᠦ᠍ ᠲᠣᠬᠢᠷᠠᠨ᠎ᠠ᠃ ᠡᠳ᠋ᠦᠷ ᠪᠦᠷᠢ 200 - 350 ᠭᠷᠠᠮ ᠱᠢᠩᠭᠡᠭᠡᠨ ᠠᠪᠬᠤ᠎ᠶ᠋ᠢ ᠰᠠᠨᠠᠭᠤᠯᠤᠶ᠎ᠠ᠃
ᠵᠢᠰᠦ ᠭᠤᠶᠤᠯᠠᠵᠤ ᠬᠠᠯᠠᠭᠣᠨ᠎ᠢ ᠳᠠᠷᠤᠨ᠎ᠠ
ᠵᠦᠷᠵᠢᠯᠢᠭᠦ᠋ᠨ ᠠᠭᠤᠯᠤᠭ᠍ᠳᠠᠬᠤ ᠤᠰᠤᠨ᠎ᠤ᠋ ᠬᠡᠮᠵᠢᠶ᠎ᠡ 90%᠎ᠳ᠋ᠤ ᠬᠦᠷᠴᠦ᠍᠂ ᠸᠢᠲ᠋ᠠᠮᠢᠨ C ᠡᠯᠪᠡᠭ ᠠᠭᠤᠯᠤᠭ᠍ᠳᠠᠵᠤ᠂ ᠨᠠᠮᠤᠷ᠎ᠤ᠋ᠨ ᠭᠠᠩ ᠬᠠᠭᠤᠷᠠᠢ ᠴᠠᠩᠭᠠᠬᠤ᠎ᠶ᠋ᠢ ᠨᠠᠮᠳᠠᠭᠠᠬᠤ ᠪᠣᠯᠤᠨ᠎ᠠ᠃ ᠸᠢᠲ᠋ᠠᠮᠢᠨ C ᠨᠢ ᠪᠠᠰᠠ ᠬᠠᠷ᠎ᠠ ᠦᠩᠭᠡᠰᠦ ᠡᠭᠦᠰᠭᠦ᠎ᠶᠢ ᠬᠣᠷᠢᠭ᠍ᠯᠠᠵᠤ᠂ ᠴᠠᠪᠠᠤᠯᠢᠭ ᠤᠭᠤᠷᠠᠭ ᠨᠡᠢᠯᠡᠬᠦ᠌᠎ᠶᠢ ᠠᠬᠢᠭᠤᠯᠵᠤ᠂ ᠠᠷᠠᠰᠤᠨᠤ᠋ ᠥᠩᠭᠡ᠎ᠶᠢ ᠭᠣᠶᠣ ᠪᠣᠯᠭᠠᠵᠤ ᠂ ᠠᠷᠠᠰᠤᠨᠤ᠋ ᠤᠶᠠᠨ ᠬᠠᠷᠢᠮᠠᠬᠠᠢ ᠴᠢᠨᠠᠷ᠎ᠢ᠋ ᠪᠠᠲᠤᠯᠠᠳᠠᠭ᠃
ᠱᠢᠩᠭᠡᠭᠡᠯᠲᠡ᠎ᠶ᠋ᠢ ᠠᠬᠢᠭᠤᠯᠤᠨ᠎ᠠ
ᠵᠦᠷᠵᠢᠯᠢᠭ ᠦᠨᠦᠷ ᠨᠢ ᠬᠦᠴᠢᠯᠯᠢᠭ ᠴᠢᠨᠠᠷᠲᠠᠢ ᠬᠦᠢᠲᠡᠨ᠂ ᠢᠳᠡᠰᠢ ᠶ᠋ᠢ ᠱᠢᠩᠭᠡᠭᠡᠵᠦ᠍ ᠠᠷᠢᠬᠢ ᠶ᠋ᠢ ᠲᠠᠢᠯᠬᠤ ᠦᠢᠯᠡᠳᠦᠯ᠎ᠲᠡᠢ ᠪᠣᠯᠬᠣᠷ ᠨᠠᠮᠤᠷ᠎ᠤ᠋ᠨ ᠤᠯᠠᠷᠢᠯ᠎ᠤ᠋ᠨ ᠢᠳᠡᠱᠢᠨ᠎ᠳᠦ ᠱᠢᠷᠠᠲᠤᠵᠤ ᠴᠠᠳᠣᠭᠠᠳ ᠭᠡᠳᠡᠰᠦ ᠴᠢᠨᠣᠬᠦ᠌ ᠠᠰᠠᠭᠣᠳᠠᠯᠢ᠋ ᠨᠠᠮᠳᠠᠭᠤᠯᠤᠨ᠎ᠠ᠃ ᠵᠢᠷᠮᠦᠰᠦᠨᠦ ᠡᠬᠢᠨ᠎ᠦ ᠦᠶ᠎ᠡ᠎ᠶ᠋ᠢᠨ ᠡᠮᠡᠭ᠌ᠲᠡᠢᠴᠦᠳ᠎ᠤᠨ ᠵᠢᠷᠮᠣᠰᠣᠯᠡᠵᠤ ᠣᠭ᠍ᠰᠢᠭᠤᠯᠬᠤᠶ᠋ᠢ ᠰᠡᠷᠭᠡᠢᠯᠡᠬᠦ᠌ ᠣᠢᠯᠡᠳᠣᠯ ᠲᠡᠢ ᠪᠠᠢᠳᠠᠭ᠃
ᠪᠡᠶ᠎ᠡ᠎ᠶ᠋ᠢᠨ ᠬᠦᠨᠳᠦ᠍ ᠶ᠋ᠢ ᠬᠢᠵᠠᠭᠠᠷᠯᠠᠨ᠎ᠠ
100 ᠭᠷᠠᠮ ᠵᠦᠷᠵᠢᠯᠢᠭ ᠪᠦᠷᠢ ᠨᠢ ᠵᠥᠪᠬᠡᠨ 42 ᠺᠢᠯᠦᠭ᠌ᠷᠡᠮᠤᠨ ᠢᠯᠴᠢ ᠠᠭᠤᠯᠤᠭ᠍ᠳᠠᠵᠤ᠂ ᠢᠳᠡᠭᠡᠨ᠎ᠤ ᠱᠢᠷᠬᠡᠭ᠎ᠨᠢ ᠡᠯᠪᠡᠭ᠂ ᠭᠡᠳᠡᠰᠦ ᠴᠠᠳᠭᠤᠯᠠᠩ ᠲᠥᠷᠥᠭ᠌ᠳᠡᠯ᠎ᠢᠶᠡᠷ ᠴᠢᠩᠭ᠎ᠠ ᠪᠠᠢᠵᠤ᠂ ᠰᠠᠨᠠᠭᠠᠨ᠎ᠳᠤ ᠲᠠᠭᠠᠷᠠᠭ᠍ᠰᠠᠨ ᠳᠣᠣᠷ᠎ᠠ ᠺᠠᠯᠣᠷᠢ ᠡᠷᠡᠭᠦᠯ ᠵᠢᠮᠢᠰ ᠪᠣᠯᠤᠨ᠎ᠠ᠃
ᠢᠳᠡᠱᠢᠨᠦ ᠴᠡᠭᠡᠷᠯᠡᠯ
ᠵᠦᠷᠵᠢᠯᠢᠭ᠎ᠢ ᠲᠡᠳᠡᠨ᠎ᠲᠠᠢ ᠬᠠᠮᠳᠤ ᠢᠳᠡᠬᠦ᠌᠎ᠳᠦ ᠲᠣᠬᠢᠷᠠᠮᠵᠢ ᠦᠬᠡᠢ
① ᠨᠠᠢ᠍ᠮᠠᠯᠵᠢ ᠪᠠ ᠵᠦᠷᠵᠢᠯᠢᠭ ᠢ ᠬᠠᠮᠳᠤ ᠢᠳᠡᠬᠦ᠌᠎ᠨᠢ ᠬᠤᠳᠤᠭᠤᠳᠦ ᠬᠡᠳᠡᠰᠤ᠎ᠶ᠋ᠢ ᠰᠡᠲᠦᠵᠦ᠍᠂ ᠭᠡᠳᠡᠰᠤᠨ ᠡᠪᠡᠷᠱᠢᠶᠡᠬᠦ᠂ ᠳᠤᠷ᠎ᠠ ᠪᠣᠯᠭᠢᠬᠤ᠂ ᠪᠦᠭᠡᠯᠵᠢᠬᠦ᠌ ᠵᠡᠷᠭᠡ ᠢᠯᠡᠷᠡᠯ᠎ᠲᠠᠢ ᠪᠠᠢᠳᠠᠭ᠃
② ᠬᠤᠯᠤᠤᠪᠠᠩ᠂ ᠥᠷᠭᠡᠰᠦᠲᠦ ᠬᠡᠮᠬᠡ᠂ ᠯᠠᠩᠭᠤᠸᠠ ᠵᠡᠷᠭᠡ᠎ᠳᠤ ᠴᠥᠮ ᠶᠡᠭᠡ ᠬᠡᠮᠵᠢᠶᠡᠨ᠎ᠤ ᠸᠢᠲ᠋ᠠᠮᠢᠨ C ᠵᠠᠳᠠᠷᠠᠬᠤ ᠢᠰᠭᠡᠭᠦᠷ ᠠᠭᠤᠯᠤᠭ᠍ᠳᠠᠵᠤ ᠪᠠᠢᠨ᠎ᠠ᠂ ᠬᠡᠷᠪᠡ ᠵᠦᠷᠵᠢᠯᠢᠭ᠎ᠢ ᠳᠡᠭᠡᠷᠡᠬᠢ ᠢᠳᠡᠭᠡᠨ᠎ᠲᠠᠢ ᠵᠡᠷᠭᠡ᠎ᠪᠠᠷ ᠢᠳᠡᠪᠡᠯ ᠸᠢᠲ᠋ᠠᠮᠢᠨ C ᠤᠨ ᠱᠢᠮ᠎ᠡ ᠲᠡᠵᠢᠭᠡᠯ᠎ᠤᠨ ᠦᠨ᠎ᠡ ᠥᠷᠲᠡᠭ᠎ᠢ ᠡᠪᠳᠡᠬᠦ᠌ ᠪᠣᠯᠤᠨ᠎ᠠ᠃
ᠵᠦᠷᠵᠢᠯᠢᠭ᠎ᠢ ᠡᠳᠡᠭᠡᠷ ᠡᠮ ᠲᠠᠢ ᠬᠠᠮᠲᠦ ᠢᠳᠡᠬᠦ᠌᠎ᠳᠤ ᠲᠣᠬᠢᠷᠠᠬᠤ ᠦᠭᠡᠢ
ᠵᠦᠷᠵᠢᠯᠢᠭᠲᠦ᠍ ᠹᠦᠷᠠᠨ ᠠᠮᠲᠠᠲᠤ ᠪᠤᠷᠴᠠᠭ᠎ᠤ᠋ᠨ ᠡᠳ᠋ ᠠᠭᠤᠯᠤᠭ᠍ᠳᠠᠵᠤ ᠪᠠᠢᠳᠠᠭ᠂ ᠡᠢᠮᠦᠷᠬᠦᠦ ᠪᠣᠳᠠᠰ ᠨᠢ ᠡᠮ᠎ᠦ᠋ᠨ ᠰᠣᠯᠢᠯᠴᠠᠭ᠎ᠠ᠎ᠶᠢ ᠨᠥᠯᠥᠭᠡᠯᠡᠳᠡᠭ᠂ ᠤᠤᠯ ᠨᠢ ᠲᠣᠬᠢᠷᠠᠮᠵᠢᠲᠠᠢ ᠡᠮ᠎ᠦ᠋ᠨ ᠬᠡᠮᠵᠢᠶ᠎ᠡ ᠲᠡᠭᠦᠨ᠎ᠦ᠌ ᠣᠷᠣᠯᠴᠠᠭ᠍ᠰᠠᠨ᠎ᠠᠴᠠ ᠪᠣᠯᠵᠤ᠂ ᠡᠮ᠎ᠦ᠋ᠨ ᠬᠡᠮᠵᠢᠶ᠎ᠡ᠎ᠶᠢ ᠨᠡᠮᠡᠭ᠌ᠳᠡᠭᠦᠯᠦᠭ᠌ᠰᠡᠨ ᠲᠠᠢ ᠲᠡᠩᠴᠡᠵᠦ᠍᠂ ᠮᠠᠰᠢ ᠠᠶᠤᠯᠲᠠᠢ ᠪᠠᠢᠳᠠᠭ᠃
ᠡᠢᠮᠤ᠎ᠠᠴᠠ᠂ ᠡᠳᠡᠬᠡᠷ ᠡᠮ ᠢ ᠣᠣᠭᠣᠬᠣ ᠦᠶ᠎ᠡ᠎ᠳᠤ᠂ ᠵᠦᠷᠵᠢᠯᠢᠭ᠎ᠢ ᠪᠤᠤ ᠢᠳᠡ
① ᠥᠭᠡᠬᠦ᠌ ᠪᠠᠭᠤᠷᠠᠭᠤᠯᠬᠤ ᠡᠮ ( ᠲᠠ ᠲᠢᠩ ᠲᠥᠷᠥᠯ )᠄ ᠪᠤᠯᠴᠢᠩ᠎ᠤᠨ ᠡᠪᠡᠳᠬᠦ᠂ ᠬᠥᠨᠳᠡᠯᠡᠨ ᠪᠤᠯᠴᠢᠩ᠎ᠤᠨ ᠠᠭᠤᠰᠭᠤ ᠲᠦᠭ᠌ᠰᠢᠭᠦᠷᠢ᠎ᠶ᠋ᠢ ᠨᠡᠮᠡᠭ᠌ᠳᠡᠭᠦᠯᠦᠨ᠎ᠡ
② ᠴᠢᠰᠣᠨ ᠳᠠᠷᠤᠯᠲᠠ᠎ᠶ᠋ᠢ ᠪᠠᠭᠤᠷᠠᠭᠤᠯᠬᠤ ᠡᠮ ( ᠱᠢᠶᠤᠤ ᠪᠸᠨ ᠳ᠋ᠢ ᠫᠢᠩ ᠵᠡᠷᠭᠡ )᠄ ᠴᠢᠰᠤᠨ ᠳᠠᠷᠤᠯᠲᠠ᠎ᠶ᠋ᠢ ᠬᠡᠲᠦ ᠳᠣᠤᠷ᠎ᠠ ᠪᠣᠯᠭᠠᠵᠤ᠂ ᠵᠢᠷᠦᠬᠡᠨ ᠬᠡᠮᠨᠡᠯ᠎ᠢ ᠲᠡᠭ᠌ᠰᠢ ᠪᠤᠰᠤ ᠪᠣᠯᠭᠠᠵᠤ ᠮᠡᠳᠡᠨ᠎ᠡ᠃
③ ᠲᠣᠭ᠍ᠲᠠᠭᠣᠨ ᠤᠨᠲᠠᠭᠤᠯᠬᠤ ᠡᠮ ᠄ ᠲᠤᠯᠤᠭᠠᠢ ᠡᠷᠭᠢᠬᠦ᠂ ᠨᠣᠢᠷᠮᠣᠭ᠍ᠯᠠᠬᠤ ᠵᠡᠷᠭᠡ ᠨᠠᠵᠠᠭᠠᠢ ᠦᠢᠯᠡᠳᠦᠯ᠎ᠢ ᠬᠤᠷᠴᠠᠳᠭᠠᠨᠠ
④ ᠬᠠᠷᠱᠢᠬᠤ ᠶ᠋ᠢ ᠡᠰᠡᠷᠭᠦᠴᠡᠬᠦ᠌ ᠡᠮ᠄ ᠬᠠᠷᠱᠢᠬᠤ᠎ᠶ᠋ᠢ ᠡᠰᠡᠷᠭᠦᠴᠡᠬᠦ᠌ ᠵᠠᠷᠢᠮ ᠡᠮ᠎ᠢᠶᠠᠷ ( ᠵᠢᠱ᠌ᠢᠶᠡᠯᠡᠪᠡᠯ ᠲᠧ ᠹᠧᠢ ᠨᠠ ᠳ᠋ᠢᠩ ) ᠰᠣᠯᠢᠯᠴᠠᠭ᠎ᠠ᠎ᠶ᠋ᠢ ᠨᠦᠯᠦᠭᠡᠯᠡᠵᠦ᠍᠂ ᠡᠷᠡᠭᠦᠯ ᠪᠤᠰᠤ ᠲᠤᠰᠭᠠᠯ᠎ᠤᠨ ᠲᠦᠭ᠌ᠰᠢᠭᠦᠷᠢ᠎ᠶ᠋ᠢ ᠨᠡᠮᠡᠭ᠌ᠳᠡᠭᠦᠯᠦᠨ᠎ᠡ
⑤ ᠴᠠᠷᠣᠯᠲᠠ ᠶ᠋ᠢ ᠰᠠᠭᠠᠳᠠᠭᠠᠬᠤ ᠡᠳ᠋᠄ ᠴᠠᠭᠠᠷᠢᠭ ᠰᠫᠤᠷ ᠡᠳ᠋ ᠵᠡᠷᠭᠡ ᠴᠠᠷᠣᠯᠲᠠᠶ᠋ᠢ ᠰᠠᠭᠠᠳᠠᠭᠠᠬᠤ ᠡᠳ᠋᠎ᠦᠨ ᠴᠢᠰᠤᠨ᠎ᠤ ᠡᠮ᠎ᠦᠨ ᠥᠳᠭᠡᠴᠡ᠎ᠶ᠋ᠢ ᠨᠡᠮᠡᠭ᠌ᠳᠡᠭᠦᠯᠵᠦ᠍᠂ ᠡᠯᠢᠭᠡ ᠪᠥᠭᠡᠷᠡᠨ᠎ᠤ ᠬᠣᠣᠷᠲᠤ ᠴᠢᠨᠠᠷ᠎ᠢ ᠨᠡᠮᠡᠭ᠌ᠳᠡᠭᠦᠯᠵᠦ᠍ ᠮᠡᠳᠡᠨ᠎ᠡ᠃
ᠬᠡᠷᠬᠢᠨ ᠨᠢᠭᠡ ᠰᠠᠢᠨ ᠵᠦᠷᠵᠢᠯᠢᠭ᠎ᠢ ᠰᠣᠩᠭᠣᠵᠣ ᠠᠪᠬᠣ ᠪᠣᠢ
ᠬᠡᠯᠪᠡᠷᠢ ᠳᠦᠷᠰᠦ᠎ᠶ᠋ᠢ ᠨᠢ ᠦᠵᠡᠬᠦ᠌᠄ 《 ᠪᠠᠮᠪᠠᠷᠳᠣᠣ 》᠎ᠶ᠋ᠢᠨ ᠵᠠᠷᠴᠢᠮ
ᠨᠢᠭᠡ ᠪᠣᠯᠪᠠᠰᠣᠷᠠᠩᠭᠣᠢ᠂ ᠵᠢᠮᠢᠰ᠎ᠦ᠋ᠨ ᠮᠢᠬ᠎ᠠ ᠳᠦᠭᠦᠷᠡᠩ ᠵᠦᠷᠵᠢᠯᠢᠭ᠂ ᠭᠠᠳᠠᠷ ᠬᠡᠯᠪᠡᠷᠢ ᠨᠢ ᠳᠡᠭᠡᠷ᠎ᠡ ᠨᠢ ᠱᠣᠪᠣᠭᠣᠷ ᠳᠣᠣᠷ᠎ᠠ ᠨᠢ ᠥᠷᠭᠡᠨ ᠪᠠᠢᠵᠦ᠍ ᠂ ᠶᠠᠭ ᠨᠢᠭᠡ ᠵᠢᠭ᠌ᠳᠡ 《 ᠪᠠᠮᠪᠠᠷᠳᠣᠣ》 ᠱᠢᠭ᠋᠂ ᠬᠦᠵᠦᠭᠦᠨᠦ᠌ ᠬᠡᠰᠡᠭ ᠨᠢ ᠬᠡᠲᠦᠷᠬᠡᠢ ᠤᠷᠲᠤ ᠪᠠᠢᠵᠤ ᠪᠣᠯᠬᠤ ᠦᠭᠡᠢ᠂ ᠡᠰᠡ ᠲᠡᠭᠡᠪᠡᠯ ᠵᠢᠮᠢᠰ᠎ᠦ᠋ᠨ ᠮᠢᠬ᠎ᠠ ᠪᠠᠭ᠎ᠠ ᠪᠠᠢᠵᠤ ᠮᠡᠳᠡᠨ᠎ᠡ᠃
ᠭᠠᠳᠠᠷ ᠬᠠᠯᠢᠰᠤ ᠶ᠋ᠢ ᠨᠢ ᠲᠡᠮᠲᠡᠷᠢᠭᠦ᠌᠄ 《 ᠬᠦᠷᠦᠯᠴᠡᠬᠦ᠌ ᠮᠡᠳᠡᠷᠡᠮᠵᠢ 》 ᠶ᠋ᠢᠨ ᠨᠢᠭᠤᠴᠠ ᠲᠡᠮᠳᠡᠭ
ᠭᠠᠷ᠎ᠢᠶᠠᠷ᠎ᠢᠶᠠᠨ ᠵᠦᠷᠵᠢᠯᠢᠭ ᠦᠨ ᠬᠠᠯᠢᠰᠤ᠎ᠶᠢ ᠬᠥᠩᠭᠡᠬᠡᠨ ᠳᠠᠷᠤᠬᠤᠳ᠋ᠤ ᠴᠢᠩᠭ᠎ᠠ ᠂ ᠬᠠᠷᠢᠮᠠᠬᠠᠢ ᠴᠢᠨᠠᠷᠲᠠᠢ ᠪᠠᠢᠪᠠᠯ ᠰᠠᠢᠨ᠃ ᠬᠡᠷᠪᠡ ᠠᠷᠠᠰᠤ ᠵᠥᠭᠡᠯᠡᠨ᠂ ᠳᠣᠷᠣᠭ᠍ᠰᠢ ᠰᠠᠭᠤᠭ᠍ᠰᠠᠨ ᠪᠣᠯ ᠤᠰᠤ ᠠᠯᠳᠠᠭ᠍ᠰᠠᠨ ᠪᠤᠶᠤ ᠵᠢᠮᠢᠰ᠎ᠦᠨ ᠮᠢᠬ᠎ᠠ ᠨᠢᠭᠡᠨᠲᠡ ᠬᠠᠲᠠᠴᠢᠬᠠᠭ᠍ᠰᠠᠨ ᠪᠠᠢᠵᠤ ᠮᠡᠳᠡᠨ᠎ᠡ᠃
ᠭᠠᠳᠠᠷ᠎ᠨᠢ ᠭᠥᠯᠢᠭᠡᠷ᠂ ᠨᠠᠷᠢᠯᠢᠭ᠂ ᠲᠣᠰᠣᠯᠢᠭ ᠡᠰ ( ᠲᠡᠳᠡᠭᠡᠷ ᠵᠢᠵᠢᠭ ᠲᠣᠯᠪᠤ ) ᠤᠨ ᠲᠠᠷᠬᠠᠴᠠ᠎ᠨᠢ ᠵᠢᠭ᠌ᠳᠡ ᠪᠠᠢᠳᠠᠭ᠃ ᠠᠷᠠᠰᠤ ᠬᠡᠲᠦᠷᠬᠡᠢ ᠪᠦᠳᠦᠭᠦᠯᠢᠭ ᠪᠤᠶᠤ ᠬᠡᠲᠦᠷᠬᠡᠢ ᠵᠤᠵᠠᠭᠠᠨ ᠨᠢ ᠵᠢᠮᠢᠰ᠎ᠦ᠋ᠨ ᠮᠢᠬᠠᠨ᠎ᠤ᠋ ᠡᠵᠡᠯᠡᠬᠦ᠌ ᠬᠠᠷᠢᠴᠠᠯ ᠪᠠᠭ᠎ᠠ ᠪᠠᠢᠬᠤ᠎ᠶᠢ ᠬᠠᠷᠠᠭᠤᠯᠵᠤ ᠪᠠᠢᠨ᠎ᠠ ᠃
ᠬᠦᠨᠳᠦ᠍᠎ᠶ᠋ᠢᠨ ᠬᠡᠮᠵᠢᠶ᠎ᠡ᠎ᠶ᠋ᠢ ᠪᠠᠷᠤᠭ᠍ᠯᠠᠬᠤ᠄ 《 ᠬᠤᠪᠢ᠎ᠶ᠋ᠢᠨ ᠵᠢᠩ 》 ᠤᠨ ᠬᠠᠤᠯᠢ
ᠶᠡᠬᠡ ᠪᠠᠭ᠎ᠠ ᠨᠢ ᠣᠢᠷᠠᠯᠴᠠᠭ᠎ᠠ ᠵᠦᠷᠵᠢᠯᠢᠭ᠌ ᠳᠣᠲᠣᠷ᠎ᠠ᠂ ᠨᠡᠩ ᠬᠦᠨᠳᠦ ᠰᠡᠷᠡᠭ᠌ᠳᠡᠯ ᠲᠠᠢ ᠶ᠋ᠢ ᠨᠢ ᠰᠣᠩᠭᠣᠨ᠎ᠠ᠃ ᠡᠨᠡ᠎ᠨᠢ ᠭᠤᠣᠯᠳᠠᠭᠤ ᠲᠡᠭᠦᠨ᠎ᠤ ᠣᠰᠣᠨ᠎ᠤ ᠬᠡᠮᠵᠢᠶ᠎ᠡ ᠨᠡᠩ ᠭᠦᠢᠴᠡᠳ ᠪᠠᠢᠬᠤ᠎ᠶ᠋ᠢ ᠬᠠᠷᠠᠭᠤᠯᠵᠤ ᠪᠠᠢᠨ᠎ᠠ᠂ ᠵᠢᠮᠢᠰ᠎ᠤᠨ ᠮᠢᠬ᠎ᠠ ᠨᠡᠩ ᠡᠯᠪᠡᠭ ᠪᠠᠢᠳᠠᠭ᠃