ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ᠎ᠶᠢᠨ ᠶᠡᠷᠦᠩᠬᠡᠢ ᠲᠣᠪᠴᠢᠶ᠎ᠠ᠂ ᠳᠤᠮᠳᠠᠳᠤ ᠤᠯᠤᠰ᠎ᠤᠨ ᠬᠡᠷᠡᠭᠯᠡᠭᠴᠢᠳ᠎ᠤᠨ ᠨᠡᠢᠭᠡᠮᠯᠢᠭ᠎ᠤᠨ ᠰᠠᠨᠠᠭᠤᠯᠤᠮᠵᠢ᠄ ᠡᠩ᠎ᠤᠨ ᠢᠳᠡᠭᠡᠨ᠎ᠤ 《ᠡᠷᠡᠭᠦᠯ ᠮᠡᠨᠳᠦ᠎ᠶᠢ ᠬᠠᠮᠠᠭᠠᠯᠠᠬᠤ》᠂ 《ᠡᠪᠡᠳᠴᠢᠨ ᠵᠠᠰᠠᠬᠤ》 ᠤᠬᠠᠭᠤᠯᠭ᠎ᠠ᠎ᠶᠢ ᠢᠲᠡᠭᠡᠵᠦ ᠪᠤᠯᠬᠤ ᠦᠭᠡᠢ
2025-08-11

ᠣᠢᠷ᠎ᠠ᠎ᠳᠤ ᠂ ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠎ᠶᠢᠨ ᠶᠡᠷᠦᠩᠬᠡᠢ ᠲᠣᠪᠴᠢᠶ᠎ᠠ ᠂ ᠳᠤᠮᠳᠠᠳᠤ ᠤᠯᠤᠰ᠎ᠤᠨ ᠬᠡᠷᠡᠭᠯᠡᠭᠴᠢᠳ᠎ᠦᠨ ᠨᠡᠢᠭᠡᠮᠯᠢᠭ ᠎ᠠᠴᠠ ᠬᠠᠮᠲᠤᠷᠠᠨ ᠂ ᠥᠷᠭᠡᠨ ᠣᠯᠠᠨ ᠬᠡᠷᠡᠭᠯᠡᠭᠴᠢᠳ᠎ᠲᠦ ᠡᠩ᠎ᠦᠨ ᠢᠳᠡᠭᠡᠨ ᠡᠷᠡᠭᠦᠯ ᠮᠡᠨᠳᠦ᠎ᠶᠢ ᠬᠠᠮᠠᠭᠠᠯᠠᠬᠤ ᠴᠢᠳᠠᠮᠵᠢ᠎ᠶᠢ ᠨᠡᠢᠲᠡᠯᠡᠵᠦ ᠪᠤᠯᠬᠤ ᠦᠭᠡᠢ ᠂ ᠡᠪᠡᠳᠴᠢᠨ ᠡᠮᠭᠡᠭ᠎ᠢ ᠤᠷᠢᠳᠴᠢᠯᠠᠨ ᠰᠡᠷᠭᠡᠢᠯᠡᠵᠦ ᠡᠮᠨᠡᠨ ᠵᠠᠰᠠᠬᠤ ᠦᠢᠯᠡᠳᠦᠯ᠎ᠲᠠᠢ ᠬᠣᠯᠪᠣᠭᠳᠠᠬᠤ ᠦᠭᠡᠢ ᠂ ᠡᠨᠡ ᠲᠥᠷᠥᠯ᠎ᠦᠨ ᠤᠬᠠᠭᠤᠯᠭ᠎ᠠ᠎ᠶᠢ ᠰᠣᠬᠣᠷ ᠪᠠᠯᠠᠢ᠎ᠪᠠᠷ ᠢᠲᠡᠭᠡᠵᠦ ᠪᠤᠯᠬᠤ ᠦᠭᠡᠢ ᠭᠡᠵᠦ ᠰᠠᠨᠠᠭᠤᠯᠵᠤ ᠪᠠᠢᠨ᠎ᠠ ᠃

ᠣᠢᠷ᠎ᠠ᠎ᠶᠢᠨ ᠬᠤᠭᠤᠴᠠᠭᠠᠨ᠎ᠳᠤ ᠂ ᠵᠠᠷᠢᠮ ᠰᠦᠯᠵᠢᠶᠡᠨ ᠳᠡᠭᠡᠷ᠎ᠡ᠎ᠡᠴᠡ ᠬᠤᠳᠠᠯᠳᠤᠨ ᠠᠪᠬᠤ ᠲᠠᠪᠴᠠᠩ ᠨᠢ ᠬᠠᠤᠯᠢ ᠪᠤᠰᠤ ᠬᠤᠳᠠᠯᠳᠤᠭᠠᠴᠢᠨ ᠡᠩ᠎ᠦᠨ ᠢᠳᠡᠭᠡᠨ᠎ᠢ 《ᠡᠷᠡᠭᠦᠯᠵᠢᠯ᠎ᠦᠨ ᠠᠷᠢᠬᠢ》 《 ᠪᠡᠶ᠎ᠡ ᠥᠨᠳᠥᠷᠵᠢᠬᠦ ᠨᠤᠨᠳᠠᠭ》 《ᠮᠠᠷᠢᠶ᠎ᠠ ᠰᠢᠭᠤᠷᠠᠭᠤᠯᠬᠤ ᠺᠣᠹᠧ》 ᠪᠣᠯᠭᠠᠨ  ᠪᠠᠭᠤᠳᠠᠯᠯᠠᠵᠤ ᠂ ᠴᠢᠨᠠᠭᠰᠢᠯᠠᠪᠠᠯ ᠵᠢᠭᠠᠰᠤᠨ ᠲᠣᠰᠣ᠌ ᠂ ᠴᠠᠢ ᠂ ᠨᠠᠷᠰᠤ᠂  ᠰᠢᠪᠲᠦᠷᠲᠦ ᠰᠢᠬᠢᠷ᠎ᠦᠨ ᠮᠥᠭᠡᠷᠰᠦᠨ ᠡᠳ᠋ ᠂ ᠤᠯᠠᠭᠠᠨ ᠬᠥᠷᠥᠩᠭᠡ ᠬᠤᠮᠵᠢᠶ᠎ᠠ ᠵᠡᠷᠭᠡ ᠪᠦᠲᠦᠭᠡᠭᠳᠡᠬᠦᠨ ᠨᠢ ᠡᠪᠡᠳᠴᠢᠨ ᠡᠮᠭᠡᠭ᠎ᠢ ᠰᠡᠷᠭᠡᠢᠯᠡᠨ ᠵᠠᠰᠠᠬᠤ ᠦᠢᠯᠡᠳᠦᠯ᠎ᠲᠠᠢ ᠭᠡᠵᠦ ᠬᠡᠯᠡᠪᠡ ᠃ ᠣᠨᠴᠠ ᠵᠠᠷᠢᠮ ᠨᠡᠷᠡᠲᠦ ᠲᠡᠮᠳᠡᠭᠲᠦ ᠨᠢ 《ᠰᠢᠮ᠎ᠡ ᠲᠡᠵᠢᠭᠡᠯ ᠎ᠦᠨ ᠮᠡᠷᠭᠡᠵᠢᠯᠲᠡᠨ》 《ᠨᠠᠷᠠᠲᠤ ᠲᠤᠰᠬᠠᠢ ᠮᠡᠷᠭᠡᠵᠢᠯᠲᠡᠨ》᠎ᠤ ᠲᠤᠭ᠎ᠢ ᠡᠷᠭᠦᠵᠦ ᠡᠷᠡᠭᠦᠯᠵᠢᠯ᠎ᠤᠨ ᠡᠳ᠋ ᠪᠣᠷᠣᠯᠠᠭᠤᠯᠵᠤ᠂ ᠬᠡᠷᠡᠭᠯᠡᠭᠴᠢᠳ᠎ᠢ ᠥᠨᠳᠥᠷ ᠦᠨ᠎ᠡ᠎ᠪᠠᠷ ᠬᠤᠳᠠᠯᠳᠤᠨ ᠠᠪᠤᠭᠤᠯᠵᠠᠢ᠃

ᠮᠠᠨ᠎ᠤ ᠤᠯᠤᠰ᠎ᠤᠨ ᠬᠠᠤᠯᠢ ᠴᠠᠭᠠᠵᠠ ᠬᠠᠤᠯᠢ ᠲᠣᠭᠲᠠᠭᠠᠯ᠎ᠢ ᠦᠨᠳᠦᠰᠦᠯᠡᠪᠡᠯ ᠂ ᠡᠩ᠎ᠦᠨ ᠢᠳᠡᠭᠡᠨ ᠪᠣᠯᠣᠨ ᠡᠷᠡᠭᠦᠯᠵᠢᠯ᠎ᠦᠨ ᠢᠳᠡᠭᠡᠨ ᠂ ᠡᠮ᠎ᠦᠨ ᠵᠦᠢᠯ᠎ᠢ ᠴᠢᠩᠭ᠎ᠠ ᠢᠯᠭᠠᠨ ᠰᠠᠯᠭᠠᠨ᠎ᠠ ᠃ ᠢᠳᠡᠭᠡᠨ ᠪᠠ ᠢᠳᠡᠭᠡᠨ᠎ᠦ ᠨᠡᠮᠡᠯᠲᠡ ᠡᠳ᠋᠎ᠦᠨ ᠲᠡᠮᠳᠡᠭ ᠂ ᠲᠣᠳᠣᠷᠬᠠᠢᠯᠠᠯᠲᠠ᠎ᠶᠢᠨ ᠪᠢᠴᠢᠭ ᠎ᠲᠤ ᠬᠤᠳᠠᠯ ᠬᠠᠭᠤᠷᠮᠠᠭ ᠠᠭᠤᠯᠭ᠎ᠠ᠎ᠶᠢ ᠪᠠᠭᠲᠠᠭᠠᠵᠤ ᠪᠤᠯᠬᠤ ᠦᠭᠡᠢ ᠂ ᠡᠪᠡᠳᠴᠢᠨ ᠡᠮᠭᠡᠭ᠎ᠢ ᠰᠡᠷᠭᠡᠢᠯᠡᠬᠦ ᠂ ᠡᠮᠨᠡᠨ ᠵᠠᠰᠠᠬᠤ ᠴᠢᠳᠠᠪᠤᠷᠢ᠎ᠳᠤ ᠬᠣᠯᠪᠣᠭᠳᠠᠬᠤ ᠦᠭᠡᠢ ᠃ ᠡᠷᠡᠭᠦᠯ ᠮᠡᠨᠳᠦ᠎ᠶᠢ ᠬᠠᠮᠠᠭᠠᠯᠠᠬᠤ ᠢᠳᠡᠭᠡᠨ ᠨᠢ ᠡᠮ ᠪᠢᠰᠢ ᠂ ᠡᠮ᠎ᠢ ᠣᠷᠣᠯᠠᠵᠤ ᠡᠪᠡᠳᠴᠢᠨ᠎ᠢ ᠵᠠᠰᠠᠵᠤ ᠪᠤᠯᠬᠤ ᠦᠭᠡᠢ ᠃ ᠡᠭᠦᠨ᠎ᠦ ᠬᠠᠮᠲᠤ ᠂ 《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠵᠦᠢ ᠪᠤᠰᠤ ᠥᠷᠢᠰᠦᠯᠳᠦᠭᠡᠨ᠎ᠢ ᠡᠰᠡᠷᠭᠦᠴᠡᠬᠦ ᠬᠠᠤᠯᠢ》᠂ 《 ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠵᠠᠷ ᠮᠡᠳᠡᠭᠡᠨ᠎ᠦ ᠬᠠᠤᠯᠢ》 ᠂ 《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠬᠡᠷᠡᠭᠯᠡᠭᠴᠢᠳ᠎ᠦᠨ ᠡᠷᠬᠡ ᠠᠰᠢᠭ᠋᠎ᠢ ᠬᠠᠮᠠᠭᠠᠯᠠᠬᠤ ᠬᠠᠤᠯᠢ》 ᠵᠡᠷᠭᠡ ᠬᠠᠤᠯᠢ ᠴᠠᠭᠠᠵᠠ ᠬᠠᠤᠯᠢ ᠲᠣᠭᠲᠠᠭᠠᠯ᠎ᠳᠤ ᠴᠤ᠌ ᠢᠳᠡᠭᠡᠨ᠎ᠳᠦ ᠬᠤᠳᠠᠯ ᠬᠠᠭᠤᠷᠮᠠᠭ ᠪᠤᠶᠤ ᠪᠤᠰᠤᠳ᠎ᠢ ᠡᠨᠳᠡᠭᠦᠷᠡᠭᠦᠯᠬᠦ ᠬᠤᠳᠠᠯᠳᠤᠭᠠᠨ᠎ᠤ ᠤᠬᠠᠭᠤᠯᠭ᠎ᠠ ᠬᠢᠬᠦ᠎ᠶᠢ ᠴᠢᠩᠭ᠎ᠠ ᠴᠠᠭᠠᠵᠠᠯᠠᠪᠠ ᠃ ᠬᠡᠷᠡᠭᠯᠡᠭᠴᠢᠳ ᠡᠩ᠎ᠦᠨ ᠢᠳᠡᠭᠡᠨ ᠡᠷᠡᠭᠦᠯ ᠮᠡᠨᠳᠦ᠎ᠶᠢ ᠬᠠᠮᠠᠭᠠᠯᠠᠬᠤ ᠢᠳᠡᠭᠡᠨ᠎ᠢᠶᠡᠷ ᠣᠪᠯᠠᠬᠤ᠎ᠶᠢ ᠰᠡᠷᠭᠡᠢᠯᠡᠬᠦ ᠮᠥᠷᠲᠡᠭᠡᠨ ᠪᠠᠰᠠ ᠢᠳᠡᠭᠡᠨ᠎ᠢᠶᠡᠷ ᠡᠮ᠎ᠦᠨ ᠵᠦᠢᠯ ᠪᠤᠯᠭᠠᠬᠤ᠎ᠠᠴᠠ ᠰᠡᠷᠭᠡᠢᠯᠡᠬᠦ ᠬᠡᠷᠡᠭᠲᠡᠢ᠃ ᠨᠢᠭᠡ ᠲᠠᠯ᠎ᠠ᠎ᠪᠠᠷ᠂ ᠬᠠᠤᠯᠢ ᠪᠤᠰᠤ ᠬᠤᠳᠠᠯᠳᠤᠭᠠᠴᠢᠳ ᠡᠩ᠎ᠤᠨ ᠢᠳᠡᠭᠡᠨ᠎ᠢ ᠬᠤᠳᠠᠯᠳᠤᠬᠤ᠎ᠶᠢᠨ ᠲᠥᠯᠥᠭᠡ᠂ ᠡᠩ᠎ᠤᠨ ᠢᠳᠡᠭᠡᠨ ᠪᠠ ᠡᠷᠡᠭᠦᠯᠵᠢᠯ᠎ᠤᠨ ᠢᠳᠡᠭᠡᠨ᠂ ᠡᠮ᠎ᠤᠨ ᠵᠦᠢᠯ᠎ᠤᠨ ᠵᠠᠭᠠᠭ ᠬᠢᠵᠠᠭᠠᠷ᠎ᠢ ᠵᠣᠷᠢᠭᠤᠳᠠ ᠪᠠᠯᠠᠷᠬᠠᠢ ᠪᠤᠯᠭᠠᠵᠤ᠂ ᠡᠩ᠎ᠤᠨ ᠢᠳᠡᠭᠡᠨ᠎ᠤ ᠡᠷᠡᠭᠦᠯᠵᠢᠯ᠎ᠤᠨ ᠦᠢᠯᠡᠳᠦᠯ ᠪᠤᠶᠤ ᠦᠢᠯᠡᠳᠦᠯ ᠦᠵᠡᠭᠦᠯᠭᠦ ᠭᠡᠳᠡᠭ᠎ᠢ ᠢᠯᠡ ᠨᠡᠢᠲᠡᠯᠡᠬᠦ ᠪᠤᠶᠤ ᠳᠠᠯᠳᠠᠭᠤᠷ ᠮᠡᠳᠡᠭᠳᠡᠨ᠎ᠡ᠃ ᠵᠢᠱ᠌ᠢᠶᠡᠯᠡᠪᠡᠯ᠂ ᠵᠠᠬ᠎ᠠ ᠳᠡᠯᠭᠡᠭᠦᠷ᠎ᠤᠨ ᠡᠵᠡᠩᠨᠡᠨ ᠪᠣᠷᠣᠯᠠᠭᠤᠯᠬᠤ ᠭᠣᠭᠴᠣᠭ᠎ᠠ᠎ᠳᠤ  ᠠᠮᠠᠨ ᠤᠬᠠᠭᠤᠯᠭ᠎ᠠ ᠬᠢᠬᠦ᠂ ᠸᠢᠴᠠᠲ᠎ ᠴᠤᠭ᠍ᠯᠠᠷᠠᠯ᠂ ᠤᠬᠠᠭᠤᠯᠭ᠎ᠠ᠎ᠶᠢᠨ ᠳᠡᠪᠲᠡᠷ᠂ ᠰᠢᠭᠤᠳ ᠨᠡᠪᠲᠡᠷᠡᠭᠦᠯᠭᠡ᠎ᠶᠢᠨ ᠲᠠᠰᠤᠭ᠎ᠤᠨ ᠶᠠᠷᠢᠶᠠᠨ ᠎ᠤ ᠮᠡᠷᠭᠡᠵᠢᠯ ᠵᠡᠷᠭᠡ ᠲᠠᠯ᠎ᠠ᠎ᠪᠠᠷ ᠦᠢᠯᠡᠳᠦᠯ ᠦᠵᠡᠭᠦᠯᠵᠦ᠂ 《ᠪᠡᠶ᠎ᠡ ᠰᠤᠪᠢᠯᠠᠯᠲᠠ》᠂ 《ᠪᠠᠢᠭᠠᠯᠢᠯᠢᠭ᠋》᠂ 《ᠵᠣᠬᠢᠴᠠᠭᠤᠯᠬᠤ》᠂ 《ᠮᠠᠷᠢᠶ᠎ᠠ ᠰᠢᠭᠤᠷᠠᠭᠤᠯᠬᠤ》 ᠵᠡᠷᠭᠡ ᠤᠬᠠᠭᠳᠠᠬᠤᠨ᠎ᠢ ᠰᠤᠷᠲᠠᠯᠴᠢᠯᠠᠨ ᠤᠬᠠᠭᠤᠯᠵᠤ ᠪᠠᠢᠨ᠎ᠠ᠃ ᠨᠥᠭᠦᠭᠡ ᠲᠠᠯ᠎ᠠ᠎ᠪᠠᠷ᠂ ᠬᠠᠤᠯᠢ ᠪᠤᠰᠤ ᠬᠤᠳᠠᠯᠳᠤᠭᠠᠴᠢᠨ ᠡᠷᠡᠭᠦᠯᠵᠢᠯ᠎ᠤᠨ ᠢᠳᠡᠭᠡᠨ᠎ᠤ ᠵᠦᠢᠯ᠎ᠢ ᠬᠤᠳᠠᠯᠳᠤᠬᠤ᠎ᠶᠢᠨ ᠲᠥᠯᠥᠭᠡ᠂ ᠬᠤᠳᠠᠯ᠎ᠢᠶᠠᠷ ᠰᠢᠨᠵᠢᠯᠡᠬᠦ ᠤᠬᠠᠭᠠᠨ᠎ᠤ ᠲᠤᠷᠰᠢᠯᠲᠠ᠂ ᠰᠢᠮ᠎ᠡ ᠲᠡᠵᠢᠭᠡᠯ᠎ᠤᠨ ᠵᠢᠯᠣᠭᠣᠳᠤᠯᠭ᠎ᠠ᠂ ᠲᠤᠰᠬᠠᠢ ᠮᠡᠷᠭᠡᠵᠢᠯᠲᠡᠨ 《ᠲᠠᠢᠯᠪᠤᠷᠢ ᠬᠢᠬᠦ᠌》 ᠵᠡᠷᠭᠡ ᠠᠷᠭ᠎ᠠ ᠮᠠᠶᠢᠭ᠋᠎ᠢᠶᠠᠷ ᠳᠠᠮᠵᠢᠭᠤᠯᠤᠨ᠂ ᠦᠢᠯᠡᠳᠦᠯ᠎ᠢ ᠶᠡᠬᠡᠰᠬᠡᠬᠦ ᠪᠤᠶᠤ 《ᠴᠢᠰᠤᠨ ᠳᠠᠷᠤᠯᠲᠠ᠎ᠶᠢ ᠪᠠᠭᠤᠷᠠᠭᠤᠯᠬᠤ》᠂ 《ᠥᠮᠡᠨ ᠡᠰᠡᠷᠭᠦᠴᠡᠬᠦ》 ᠵᠡᠷᠭᠡ ᠡᠪᠡᠳᠴᠢᠨ ᠡᠮᠭᠡᠭ᠎ᠢ ᠰᠡᠷᠭᠡᠢᠯᠡᠬᠦ ᠪᠤᠶᠤ ᠡᠮᠨᠡᠨ ᠵᠠᠰᠠᠬᠤ ᠦᠢᠯᠡᠳᠦᠯ᠎ᠲᠠᠢ ᠪᠠᠢᠬᠤ᠎ᠶᠢ ᠤᠬᠠᠭᠤᠯᠪᠠ᠃

ᠡᠷᠡᠭᠦᠯ ᠮᠡᠨᠳᠦ᠎ᠶᠢᠨ ᠦᠢᠯᠡᠳᠦᠯ ᠪᠠ ᠡᠷᠡᠭᠦᠯᠵᠢᠯ᠎ᠤᠨ ᠦᠢᠯᠡᠳᠦᠯ ᠪᠦᠬᠦᠢ ᠢᠳᠡᠭᠡᠨ᠎ᠢ ᠬᠤᠳᠠᠯᠳᠤᠨ ᠠᠪᠬᠤ᠎ᠳᠤ᠎ᠪᠠᠨ ᠦᠢᠯᠡᠳᠬᠦᠨ᠎ᠤ ᠪᠣᠭᠣᠳᠠᠯ᠎ᠤᠨ ᠲᠡᠮᠳᠡᠭ ᠨᠢ ᠡᠩ᠎ᠤᠨ ᠢᠳᠡᠭᠡᠨ᠂ ᠡᠷᠡᠭᠦᠯᠵᠢᠯ᠎ᠤᠨ ᠢᠳᠡᠭᠡᠨ ᠪᠤᠶᠤ ᠡᠮ᠎ᠤᠨ ᠵᠦᠢᠯ ᠭᠡᠳᠡᠭ᠎ᠢ ᠲᠣᠳᠣᠷᠬᠠᠢ ᠲᠠᠨᠢᠬᠤ ᠬᠡᠷᠡᠭᠲᠡᠢ᠃ ᠡᠷᠡᠭᠦᠯ ᠮᠡᠨᠳᠦ᠎ᠶᠢ ᠬᠠᠮᠠᠭᠠᠯᠠᠬᠤ ᠢᠳᠡᠭᠡᠨ᠎ᠢ ᠬᠤᠳᠠᠯᠳᠤᠨ ᠠᠪᠬᠤ᠎ᠳᠤ 《ᠬᠥᠬᠡ ᠮᠠᠯᠠᠭᠠᠢ》᠎ᠶᠢᠨ ᠲᠡᠮᠳᠡᠭ᠎ᠢ ᠲᠣᠳᠣᠷᠬᠠᠢ ᠲᠠᠨᠢᠵᠤ᠂ ᠡᠷᠡᠭᠦᠯᠵᠢᠯ᠎ᠤᠨ ᠴᠢᠳᠠᠮᠵᠢ ᠪᠠ ᠲᠣᠬᠢᠷᠠᠮᠵᠢᠲᠠᠢ ᠬᠥᠮᠥᠰ᠎ᠢ ᠰᠢᠨᠵᠢᠯᠡᠬᠦ ᠤᠬᠠᠭᠠᠨᠴᠢ᠎ᠪᠠᠷ ᠰᠣᠩᠭᠣᠨ ᠬᠡᠷᠡᠭᠯᠡᠬᠦ᠎ᠶᠢᠨ ᠬᠠᠮᠲᠤ ᠲᠡᠮᠳᠡᠭ᠂ ᠲᠣᠳᠣᠷᠬᠠᠢᠯᠠᠯᠲᠠ᠎ᠶᠢᠨ ᠪᠢᠴᠢᠭ᠎ᠤᠨ ᠱᠠᠭᠠᠷᠳᠠᠯᠭ᠎ᠠ ᠶᠣᠰᠣᠭᠠᠷ ᠬᠡᠷᠡᠭᠯᠡᠬᠦ ᠬᠡᠷᠡᠭᠲᠡᠢ᠃ ᠡᠷᠡᠭᠦᠯᠵᠢᠯ᠎ᠦᠨ ᠢᠳᠡᠭᠡᠨ᠎ᠦ ᠦᠢᠯᠡᠳᠬᠦᠨ᠎ᠦ ᠳᠠᠩᠰᠠᠯᠠᠯ᠎ᠤᠨ ᠮᠡᠳᠡᠭᠡ ᠵᠠᠩᠭᠢ᠎ᠶᠢ ᠤᠯᠤᠰ᠎ᠤᠨ ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠎ᠶᠢᠨ ᠶᠡᠷᠦᠩᠬᠡᠢ ᠲᠣᠪᠴᠢᠶᠠᠨ᠎ᠤ ᠰᠦᠯᠵᠢᠶᠡᠨ ᠥᠷᠲᠡᠭᠡ᠎ᠡᠴᠡ ᠪᠠᠢᠴᠠᠭᠠᠨ ᠯᠠᠪᠯᠠᠵᠤ ᠪᠣᠯᠣᠨ᠎ᠠ᠃ ᠡᠷᠡᠭᠦᠯ ᠮᠡᠨᠳᠦ᠎ᠶᠢ ᠬᠠᠮᠠᠭᠠᠯᠠᠬᠤ ᠢᠳᠡᠭᠡᠨ᠎ᠢ ᠰᠦᠯᠵᠢᠶᠡᠨ ᠳᠡᠭᠡᠷ᠎ᠡ ᠰᠣᠩᠭᠣᠨ ᠠᠪᠬᠤ᠎ᠳᠤ ᠵᠢᠩᠬᠢᠨᠢ ᠡᠯᠧᠺᠲᠷᠣᠨ ᠬᠤᠳᠠᠯᠳᠤᠭᠠᠨ᠎ᠤ ᠲᠠᠪᠴᠠᠩ᠎ᠢᠶᠠᠷ ᠳᠠᠮᠵᠢᠭᠤᠯᠤᠨ᠂ ᠢᠷᠡᠯᠲᠡ ᠨᠢ ᠲᠣᠳᠣᠷᠬᠠᠢ ᠦᠭᠡᠢ ᠨᠠᠢᠵᠠ ᠎ᠶ᠋ᠢᠨ ᠲᠣᠭᠣᠷᠢᠭ᠋᠂ ᠸᠢᠴᠠᠲ ᠴᠤᠭ᠍ᠯᠠᠷᠠᠯ᠂ ᠵᠢᠵᠢᠭ ᠫᠷᠣᠭ᠌ᠷᠠᠮ ᠵᠡᠷᠭᠡ ᠪᠣᠷᠣᠯᠠᠭᠤᠯᠬᠤ ᠮᠡᠳᠡᠭᠡ ᠵᠠᠩᠭᠢ᠎ᠶᠢ ᠶᠠᠭᠠᠬᠢᠭ᠍ᠰᠠᠨ ᠴᠤ᠌ ᠠᠮᠠᠷᠬᠠᠨ ᠢᠲᠡᠭᠡᠵᠦ ᠪᠤᠯᠬᠤ ᠦᠭᠡᠢ᠃ ᠡᠷᠡᠭᠦᠯᠵᠢᠯ᠎ᠤᠨ ᠢᠳᠡᠭᠡᠨ᠎ᠢ ᠰᠦᠯᠵᠢᠶᠡᠨ᠎ᠠᠴᠠ ᠭᠠᠳᠠᠭᠤᠷ ᠰᠣᠩᠭᠣᠨ ᠬᠤᠳᠠᠯᠳᠤᠨ ᠠᠪᠬᠤ᠎ᠳᠦ ᠪᠡᠨ ᠬᠡᠪ᠎ᠤᠨ ᠬᠤᠳᠠᠯᠳᠤᠭᠠᠨ᠎ᠤ ᠲᠠᠯᠠᠪᠤᠷ᠂ ᠭᠡᠲᠦ ᠳᠡᠯᠭᠡᠭᠦᠷ᠂ ᠡᠮ᠎ᠤᠨ ᠳᠡᠯᠭᠡᠭᠦᠷ ᠵᠡᠷᠭᠡ ᠡᠵᠡᠩᠨᠡᠯᠲᠡ᠎ᠶᠢᠨ ᠨᠢᠭᠡᠴᠢ᠎ᠠᠴᠠ ᠬᠤᠳᠠᠯᠳᠤᠨ ᠠᠪᠬᠤ᠎ᠶᠢᠨ ᠬᠠᠮᠲᠤ ᠪᠠᠷᠢᠮᠲᠠ ᠪᠤᠶᠤ ᠪᠣᠷᠤᠯᠠᠭᠤᠯᠭ᠎ᠠ᠎ᠶᠢᠨ ᠪᠠᠷᠢᠮᠲᠠ ᠠᠪᠬᠤ ᠬᠡᠷᠡᠭᠲᠡᠢ᠃

ᠢᠷᠡᠯᠲᠡ᠄ ᠬᠤᠲᠠ᠎ᠶᠢᠨ ᠰᠢᠨ᠎ᠡ ᠦᠭᠡ ᠭᠡᠯᠡ