ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠬᠠᠣᠯᠢ᠎ᠪᠠᠷ ᠵᠠᠰᠠᠬᠤ
ᠦᠢᠯᠡᠴᠢᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠢᠯᠡ ᠵᠠᠰᠠᠭ   -   ᠪᠢᠴᠢᠭ ᠮᠠᠲ᠋ᠧᠷᠢᠶᠠᠯ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠠᠤᠯᠢ ᠴᠠᠭ᠋ᠠᠵᠠ ᠵᠢᠨ ᠲᠢᠩᠬᠢᠮ᠎ᠤᠨ 2025 ᠣᠨ᠎ᠤ ᠤᠯᠤᠰ᠎ᠤᠨ ᠨᠢᠭᠡᠳᠦᠯᠲᠡᠢ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ ᠵᠢᠨ ᠠᠯᠪᠠᠨ ᠵᠠᠷ᠎ᠤᠨ ᠬᠣᠯᠪᠣᠭᠳᠠᠯ ᠪᠦᠬᠦᠢ ᠠᠰᠠᠭᠤᠳᠠᠯ᠎ᠤᠨ ᠲᠤᠬᠠᠢ ᠲᠣᠳᠣᠷᠬᠠᠢ᠌ᠯᠠᠯᠲᠠ
ᠨᠡᠶ᠋ᠢᠲᠡᠯᠡᠭᠰᠡᠨ ᠴᠠᠭ᠄ 2025-06-06

      ᠨᠢᠭᠡ᠂ 2024 ᠣᠨ᠎ᠤ ᠪᠤᠰᠤᠳᠴᠢ ᠰᠡᠳᠦᠪ᠎ᠤᠨ ᠰᠢᠯᠭ᠋ᠠᠯᠲᠠ᠎ᠳᠤ ᠬᠦᠴᠦᠨ᠎ᠲᠠᠢ ᠬᠢᠷᠢ ᠪᠦᠲᠦᠮᠵᠢ᠎ᠪᠠᠨ ᠦᠯᠡᠳᠡᠭᠡᠭᠰᠡᠨ ᠬᠥᠮᠥᠰ᠂ 2025 ᠣᠨ᠎ᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠵᠦ ᠣᠷᠣᠯᠴᠠᠬᠤ᠎ᠳᠤ ᠶᠠᠮᠠᠷ ᠱᠠᠭ᠋ᠠᠷᠳᠠᠯᠭ᠎ᠠ᠎ᠲᠠᠢ ᠪᠤᠢ? 

      2024 ᠣᠨ᠎ᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠪᠤᠰᠤᠳᠴᠢ ᠰᠡᠳᠦᠪ᠎ᠤᠨ ᠰᠢᠯᠭ᠋ᠠᠯᠲᠠ᠎ᠳᠤ ᠬᠦᠴᠦᠨ᠎ᠲᠠᠢ ᠬᠢᠷᠢ ᠪᠦᠲᠦᠮᠵᠢ ᠵᠢ ᠦᠯᠡᠳᠡᠭᠡᠭᠰᠡᠨ ᠬᠥᠮᠥᠰ 2025 ᠣᠨ᠎ᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ᠎ᠳᠤ ᠣᠷᠣᠯᠴᠠᠬᠤ᠎ᠳᠤ ᠬᠣᠶᠠᠷ ᠵᠦᠢ᠍ᠯ᠎ᠤᠨ ᠪᠠᠢ᠌ᠳᠠᠯ ᠪᠣᠶ᠄ 

      ᠨᠢᠭᠡ᠎ᠳᠤ 2024 ᠣᠨ᠎ᠤ ᠪᠤᠰᠤᠳᠴᠢ ᠰᠡᠳᠦᠪ᠎ᠤᠨ ᠰᠢᠯᠭ᠋ᠠᠯᠲᠠ ᠵᠢᠨ ᠬᠢᠷᠢ ᠪᠦᠲᠦᠮᠵᠢ᠎ᠨᠢ ᠪᠥᠬᠥ ᠤᠯᠤᠰ᠎ᠤᠨ ᠨᠢᠭᠡᠳᠦᠯᠲᠡᠢ ᠬᠢᠷᠢ ᠲᠡᠩᠴᠡᠬᠦ ᠬᠤᠪᠢ (180 ᠬᠤᠪᠢ)᠎ᠳᠤ ᠭᠦᠷᠦᠭᠰᠡᠨ ᠪᠠᠢ᠌ᠪᠠᠯ᠂ 2025 ᠣᠨ᠎ᠤ ᠪᠤᠰᠤᠳᠴᠢ ᠰᠡᠳᠦᠪ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠵᠦ ᠣᠷᠣᠯᠴᠠᠬᠤ ᠦᠭᠡᠢ᠂ 《ᠠᠯᠪᠠᠨ ᠵᠠᠷ》᠎ᠳᠤ ᠲᠣᠭᠲᠠᠭ᠋ᠠᠭᠰᠠᠨ ᠴᠠᠭ᠎ᠤᠨ ᠳᠣᠲᠣᠷ᠎ᠠ 2025 ᠣᠨ᠎ᠤ ᠪᠡᠶᠡᠴᠢ ᠰᠡᠳᠦᠪ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠵᠦ  ᠣᠷᠣᠯᠴᠠᠵᠤ ᠪᠣᠯᠣᠨ᠎ᠠ᠃  ᠬᠣᠶᠠᠷ᠎ᠲᠤ 2024 ᠣᠨ᠎ᠤ ᠪᠤᠰᠤᠳᠴᠢ ᠰᠡᠳᠦᠪ᠎ᠤᠨ ᠰᠢᠯᠭ᠋ᠠᠯᠲᠠ ᠵᠢᠨ ᠬᠢᠷᠢ

ᠪᠦᠲᠦᠮᠵᠢ᠎ᠨᠢ  ᠠᠭᠤᠵᠢᠭᠤ ᠪᠣᠯᠭ᠋ᠠᠭᠰᠠᠨ  ᠬᠢᠷᠢ ᠲᠡᠩᠴᠡᠬᠦ ᠬᠤᠪᠢ᠎ᠳᠤ ᠬᠦᠷᠦᠭᠰᠡᠨ ᠪᠠᠢ᠌ᠪᠠᠯ᠂ 2025 ᠣᠨ᠎ᠤ ᠪᠤᠰᠤᠳᠴᠢ ᠰᠡᠳᠦᠪ᠎ᠤᠨ ᠰᠢᠯᠭ᠋ᠠᠯᠲᠠ ᠪᠠ ᠪᠡᠶᠡᠴᠢ ᠰᠡᠳᠦᠪ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠦᠨ ᠣᠷᠣᠯᠴᠠᠵᠤ ᠪᠣᠯᠣᠨ᠎ᠠ᠂  ᠰᠢᠯᠭ᠋ᠠᠯᠲᠠ᠎ᠳᠤ ᠣᠷᠣᠯᠴᠠᠬᠤ᠎ᠪᠠᠷ ᠭᠤᠶᠤᠴᠢᠯᠠᠬᠤ᠎ᠳᠤ ᠠᠭᠤᠵᠢᠭᠤ  ᠲᠥᠷᠥ ᠵᠢᠨ ᠪᠣᠳᠣᠯᠭ᠎ᠠ ᠵᠢ ᠭᠥᠷᠳᠡᠬᠦ᠎ᠳᠤ ᠨᠡᠢ᠌ᠴᠡᠪᠡᠯ᠂  ᠵᠥᠪᠬᠡᠨ 2025 ᠣᠨ᠎ᠤ ᠪᠡᠶᠡᠴᠢ ᠰᠡᠳᠦᠪ᠎ᠤᠨ ᠰᠢᠯᠭ᠋ᠠᠯᠲᠠ᠎ᠳᠤ ᠣᠷᠣᠯᠴᠠᠬᠤ᠎ᠪᠠᠷ ᠨᠡᠷ᠎ᠡ ᠮᠡᠳᠡᠭᠦᠯᠦᠨ  ᠣᠷᠣᠯᠴᠠᠵᠤ ᠪᠣᠯᠣᠨ᠎ᠠ᠃ 

      ᠬᠣᠶᠠᠷ᠂ 2024 ᠣᠨ᠎ᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ ᠵᠢᠨ ᠬᠢᠷᠢ ᠪᠦᠲᠦᠮᠵᠢ᠎ᠨᠢ ᠪᠥᠬᠥ ᠤᠯᠤᠰ᠎ᠤᠨ ᠨᠢᠭᠡᠳᠦᠯᠲᠡᠢ ᠬᠢᠷᠢ ᠲᠡᠩᠴᠡᠬᠦ ᠬᠤᠪᠢ ᠎ᠳᠤ ᠭᠦᠷᠦᠭᠰᠡᠨ ᠪᠤᠶᠤ ᠬᠢᠷᠢ ᠠᠭᠤᠵᠢᠭᠤ ᠪᠣᠯᠭ᠋ᠠᠭᠰᠠᠨ ᠲᠡᠩᠴᠡᠬᠦ ᠬᠤᠪᠢ᠎ᠳᠤ ᠬᠦᠷᠦᠭᠰᠡᠨ  ᠪᠣᠯᠪᠠᠴᠤ ᠨᠡᠷ᠎ᠡ ᠮᠡᠳᠡᠭᠦᠯᠬᠦ ᠨᠥᠬᠥᠴᠡᠯ ᠪᠤᠶᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ ᠣᠯᠭᠣᠬᠤ ᠨᠥᠬᠥᠴᠡᠯ᠎ᠳᠤ ᠨᠡᠢ᠌ᠴᠡᠬᠦ ᠦᠭᠡᠢ ᠪᠣᠯ ᠬᠢᠷᠢ ᠪᠦᠲᠦᠮᠵᠢ ᠵᠢ᠎ᠨᠢ ᠬᠡᠷᠬᠢᠨ ᠰᠢᠢ᠍ᠳᠪᠦᠷᠢᠯᠡᠬᠦ ᠪᠤᠢ? 2025 ᠣᠨ᠎ᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ᠎ᠳᠤ ᠳᠠᠭᠢᠵᠤ ᠨᠡᠷ᠎ᠡ ᠮᠡᠳᠡᠭᠦᠯᠵᠦ ᠪᠣᠯᠣᠨ᠎ᠠ ᠦᠦ ᠦᠭᠡᠢ ᠦᠦ? 

      《ᠤᠯᠤᠰ᠎ᠤᠨ ᠨᠢᠭᠡᠳᠦᠯᠲᠡᠢ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ ᠵᠢᠨ ᠬᠡᠷᠡᠭᠵᠢᠭᠦᠯᠬᠦ ᠠᠷᠭ᠎ᠠ》 (ᠳᠣᠷᠣᠭᠰᠢ 《ᠬᠡᠷᠡᠭᠵᠢᠭᠦᠯᠬᠦ ᠠᠷᠭ᠎ᠠ》  ᠭᠡᠵᠦ ᠲᠣᠪᠴᠢᠯᠠᠨ᠎ᠠ) ᠵᠢᠨ 《ᠤᠯᠤᠰ᠎ᠤᠨ ᠨᠢᠭᠡᠳᠦᠯᠲᠡᠢ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ ᠵᠢᠨ ᠰᠠᠬᠢᠯᠭ᠎ᠠ ᠪᠠᠲᠤ ᠵᠢ ᠵᠥᠷᠢᠴᠡᠭᠰᠡᠨ ᠦᠢᠯᠡ ᠠᠵᠢᠯᠯᠠᠭ᠎ᠠ ᠵᠢ ᠰᠢᠢ᠍ᠳᠪᠦᠷᠢᠯᠡᠬᠦ ᠠᠷᠭ᠎ᠠ》  ᠵᠢᠴᠢ 2024 ᠣᠨ᠎ᠤ ᠬᠠᠤᠯᠢ ᠴᠠᠭ᠋ᠠᠵᠠ ᠵᠢᠨ ᠶᠠᠮᠤᠨ᠎ᠤ ᠠᠯᠪᠠᠨ ᠵᠠᠷ (4  ᠳ᠋ᠦ᠍ᠭᠡᠷ ᠲᠣᠭ᠋ᠠᠲᠤ)᠎ᠢ ᠦᠨᠳᠦᠰᠦᠯᠡᠪᠡᠯ᠂  ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠬᠦ ᠨᠥᠬᠥᠴᠡᠯ᠎ᠳᠤ ᠨᠡᠢ᠌ᠴᠡᠬᠦ ᠦᠭᠡᠢ ᠬᠥᠮᠥᠰ ᠬᠤᠪᠢ ᠬᠥᠮᠥᠨ᠎ᠤ ᠮᠡᠳᠡᠭᠡ ᠵᠠᠩᠭᠢ᠎ᠪᠠᠨ ᠨᠢᠭᠤᠨ ᠳᠠᠯᠳᠠᠯᠠᠬᠤ᠂  ᠬᠤᠳᠠᠯ ᠬᠠᠭᠤᠷᠮᠠᠭ ᠵᠶ᠋ᠠᠷ ᠠᠮᠠᠯᠠᠬᠤ ᠵᠡᠷᠭᠡ ᠠᠷᠭ᠎ᠠ ᠮᠠᠶᠢᠭ ᠵᠶ᠋ᠠᠷ ᠨᠡᠷ᠎ᠡ ᠮᠡᠳᠡᠭᠦᠯᠬᠦ ᠬᠢᠷᠢ ᠬᠡᠮ ᠣᠯᠣᠭᠰᠠᠨ ᠪᠥᠭᠡᠳ ᠰᠢᠯᠭ᠋ᠠᠯᠲᠠ᠎ᠳᠤ ᠣᠷᠣᠯᠴᠠᠭᠰᠠᠨ᠂  ᠵᠢᠴᠢ ᠨᠡᠷ᠎ᠡ ᠮᠡᠳᠡᠭᠦᠯᠬᠦ ᠦᠶ᠎ᠡ᠎ᠳᠤ ᠰᠤᠷᠤᠯᠭ᠎ᠠ ᠵᠢᠨ ᠨᠠᠮᠲᠠᠷ ᠡᠷᠳᠡᠮ᠎ᠤᠨ ᠴᠣᠯᠠ ᠵᠢᠨ ᠦᠨᠡᠮᠯᠡᠯ ᠣᠯᠣᠭ᠋ᠠᠳᠤᠢ 2024 ᠣᠨ᠂ 2025 ᠣᠨ᠎ᠳᠤ ᠲᠣᠰ ᠬᠤᠭᠤᠴᠠᠭ᠋ᠠᠨ᠎ᠤ ᠲᠡᠭᠦᠰᠬᠦ ᠰᠤᠷᠤᠭᠴᠢᠳ ᠰᠦᠯᠵᠢᠶᠡᠨ ᠳᠡᠭᠡᠷ᠎ᠡ ᠨᠡᠷ᠎ᠡ ᠮᠡᠳᠡᠭᠦᠯᠬᠦ ᠦᠶ᠎ᠡ ᠵᠢᠨ ᠠᠮᠠᠯᠠᠯᠲᠠ ᠵᠢᠨ ᠱᠠᠭ᠋ᠠᠷᠳᠠᠯᠭ᠎ᠠ ᠶᠣᠰᠣᠭ᠋ᠠᠷ ᠵᠣᠬᠢᠬᠤ ᠰᠤᠷᠤᠯᠭ᠎ᠠ ᠵᠢᠨ ᠨᠠᠮᠲᠠᠷ ᠡᠷᠳᠡᠮ᠎ᠤᠨ ᠴᠣᠯᠠ ᠵᠢᠨ ᠦᠨᠡᠮᠯᠡᠯ᠎ᠢ ᠲᠣᠭᠲᠠᠭᠰᠠᠨ ᠬᠤᠭᠤᠴᠠᠭ᠋ᠠᠨ᠎ᠳᠠᠭᠠᠨ ᠣᠯᠵᠤ ᠳᠡᠢ᠌ᠯᠦᠭᠰᠡᠨ ᠦᠭᠡᠢ ᠪᠠᠢ᠌ᠪᠠᠯ᠂  ᠴᠥᠮ ᠰᠢᠯᠭ᠋ᠠᠯᠲᠠ᠎ᠳᠤ ᠨᠡᠷ᠎ᠡ ᠮᠡᠳᠡᠭᠦᠯᠬᠦ ᠨᠥᠬᠥᠴᠡᠯ᠎ᠳᠤ ᠨᠡᠢ᠌ᠴᠡᠬᠦ ᠦᠭᠡᠢ ᠪᠠᠢ᠌ᠳᠠᠯ᠎ᠳᠤ ᠲᠣᠭ᠋ᠠᠴᠠᠭᠳᠠᠨ᠎ᠠ᠂  ᠲᠡᠭᠦᠨ᠎ᠤ ᠰᠢᠯᠭ᠋ᠠᠯᠲᠠ ᠵᠢᠨ ᠬᠢᠷᠢ ᠪᠦᠲᠦᠮᠵᠢ᠎ᠨᠢ ᠬᠦᠴᠦᠨ ᠦᠭᠡᠢ ᠪᠣᠯᠣᠨ᠎ᠠ᠃ 

      ᠳᠡᠭᠡᠷ᠎ᠡ ᠳᠤᠷᠠᠳᠤᠭᠰᠠᠨ ᠬᠥᠮᠥᠰ ᠬᠡᠷᠪᠡ 2025 ᠣᠨ᠎ᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠬᠦ ᠦᠶ᠎ᠡ᠎ᠳᠤ ᠨᠡᠷ᠎ᠡ ᠮᠡᠳᠡᠭᠦᠯᠬᠦ ᠨᠥᠬᠥᠴᠡᠯ᠎ᠳᠤ ᠨᠡᠢ᠌ᠴᠡᠪᠡᠯ᠂  ᠨᠡᠷ᠎ᠡ ᠮᠡᠳᠡᠭᠦᠯᠦᠭᠰᠡᠨ ᠭᠠᠵᠠᠷ ᠣᠷᠣᠨ᠎ᠤ ᠠᠢ᠌ᠮᠠᠭ ᠬᠣᠲᠠ ᠵᠢᠨ ᠬᠠᠤᠯᠢ ᠴᠠᠭ᠋ᠠᠵᠠ ᠵᠢᠨ ᠲᠣᠪᠴᠢᠶ᠎ᠠ᠎ᠳᠤ ᠭᠤᠶᠤᠴᠢᠯᠠᠨ 2024 ᠣᠨ᠎ᠤ ᠰᠢᠯᠭ᠋ᠠᠯᠲᠠ ᠵᠢᠨ ᠬᠢᠷᠢ ᠪᠦᠲᠦᠮᠵᠢ ᠵᠢ ᠬᠦᠴᠦᠨ ᠦᠭᠡᠢ ᠪᠣᠯᠭ᠋ᠠᠭᠰᠠᠨ᠎ᠢ ᠨᠤᠳᠠᠯᠠᠭᠤᠯᠤᠭᠰᠠᠨ᠎ᠤ ᠳᠠᠷᠠᠭ᠎ᠠ ᠨᠡᠷ᠎ᠡ ᠮᠡᠳᠡᠭᠦᠯᠵᠦ ᠪᠣᠯᠣᠨ᠎ᠠ᠂  ᠪᠣᠳᠠᠲᠠᠢ᠎ᠪᠠᠷ ᠨᠡᠷ᠎ᠡ ᠮᠡᠳᠡᠭᠦᠯᠦᠭᠰᠡᠨ ᠭᠠᠵᠠᠷ ᠣᠷᠣᠨ᠎ᠤ ᠠᠢ᠌ᠮᠠᠭ ᠬᠣᠲᠠ ᠵᠢᠨ ᠬᠠᠤᠯᠢ ᠴᠠᠭ᠋ᠠᠵᠠ ᠵᠢᠨ ᠲᠣᠪᠴᠢᠶ᠎ᠠ᠎ᠠᠴᠠ ᠠᠰᠠᠭᠤᠨ ᠯᠠᠪᠯᠠᠵᠤ ᠪᠣᠯᠣᠨ᠎ᠠ᠃ 

      ᠭᠤᠷᠪᠠ᠂  ᠨᠢᠭᠡᠨᠲᠡ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ ᠣᠯᠣᠭᠰᠠᠨ ᠬᠥᠮᠥᠰ 2025 ᠣᠨ᠎ᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠵᠦ

ᠪᠣᠯᠣᠨ᠎ᠠ ᠦᠦ? 

      ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ (ᠬᠠᠤᠯᠢ ᠴᠠᠭ᠋ᠠᠵᠠ ᠵᠢᠨ

ᠰᠢᠯᠭ᠋ᠠᠯᠲᠠ)᠎ᠳᠤ ᠬᠢᠷᠢ ᠲᠡᠩᠴᠡᠵᠦ A ᠲᠥᠷᠥᠯ᠎ᠤᠨ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠦᠨᠡᠮᠯᠡᠯ ᠎ᠢ ᠨᠢᠭᠡᠨᠳᠡ ᠣᠯᠣᠭᠰᠠᠨ ᠬᠥᠮᠥᠰ 2025 ᠣᠨ᠎ᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠵᠦ ᠪᠣᠯᠬᠤ ᠦᠭᠡᠢ᠃  ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ (ᠬᠠᠤᠯᠢ ᠴᠠᠭ᠋ᠠᠵᠠ ᠵᠢᠨ ᠰᠢᠯᠭ᠋ᠠᠯᠲᠠ) ᠵᠢ ᠥᠩᠭᠡᠷᠡᠭᠡᠵᠦ B᠂ C ᠲᠥᠷᠥᠯ᠎ᠤᠨ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠢ ᠨᠢᠭᠡᠨᠲᠡ  ᠣᠯᠣᠭᠰᠠᠨ ᠬᠥᠮᠥᠰ ᠰᠢᠯᠭ᠋ᠠᠯᠲᠠ᠎ᠳᠤ ᠨᠡᠷ᠎ᠡ ᠮᠡᠳᠡᠭᠦᠯᠬᠦ ᠨᠥᠬᠥᠴᠡᠯ᠎ᠳᠤ ᠨᠡᠢ᠌ᠴᠡᠪᠡᠯ ᠰᠢᠯᠭ᠋ᠠᠯᠲᠠ᠎ᠳᠤ ᠨᠡᠷ᠎ᠡ ᠮᠡᠳᠡᠭᠦᠯᠵᠦ ᠪᠣᠯᠣᠨ᠎ᠠ᠂  ᠠᠭᠤᠵᠢᠭᠤ ᠲᠥᠷᠥ ᠵᠢᠨ ᠪᠣᠳᠣᠯᠭ᠎ᠠ ᠵᠢ ᠭᠥᠷᠳᠡᠬᠦ᠎ᠪᠠᠷ ᠭᠤᠶᠤᠴᠢᠯᠠᠵᠤ ᠪᠣᠯᠬᠤ ᠦᠭᠡᠢ (ᠣᠨᠴᠠᠭ᠋ᠠᠶ ᠪᠠᠢ᠌ᠳᠠᠯ᠄ 《ᠤᠯᠤᠰ᠎ᠤᠨ ᠨᠢᠭᠡᠳᠦᠯᠲᠡᠢ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ ᠵᠢᠨ ᠬᠡᠷᠡᠭᠵᠢᠭᠦᠯᠬᠦ ᠠᠷᠭ᠎ᠠ》 ᠵᠢᠨ ᠶᠢᠰᠦᠳᠦᠭᠡᠷ ᠵᠦᠢ᠍ᠯ᠎ᠤᠨ ᠲᠣᠭᠲᠠᠭ᠋ᠠᠯ᠎ᠢ ᠦᠨᠳᠦᠰᠦᠯᠡᠪᠡᠯ᠂ 《ᠰᠢᠨ᠎ᠡ ᠠᠷᠭ᠎ᠠ》 ᠵᠢ ᠬᠡᠷᠡᠭᠯᠡᠬᠦ᠎ᠳᠤ ᠳᠤᠬᠢᠷᠠᠬᠤ ᠪᠣᠯᠪᠠᠴᠤ ᠵᠣᠬᠢᠴᠠᠩᠭᠤᠢ ᠲᠤᠰᠬᠠᠢ ᠮᠡᠷᠭᠡᠵᠢᠯ᠎ᠤᠨ ᠰᠤᠷᠤᠯᠭ᠎ᠠ ᠵᠢᠨ ᠨᠠᠮᠲᠠᠷ᠎ᠤᠨ ᠨᠥᠬᠥᠴᠡᠯ᠎ᠢ ᠬᠠᠷᠠᠬᠠᠨ ᠣᠯᠣᠭ᠋ᠠᠳᠤᠢ᠂  ᠵᠥᠪᠬᠡᠨ C ᠲᠥᠷᠥᠯ᠎ᠤᠨ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠢ ᠣᠯᠣᠭᠰᠠᠨ ᠬᠥᠮᠥᠰ  ᠠᠭᠤᠵᠢᠭᠤ ᠲᠥᠷᠥ ᠵᠢᠨ ᠪᠣᠳᠣᠯᠭ᠎ᠠ ᠵᠢ ᠭᠥᠷᠳᠡᠬᠦ᠎ᠪᠠᠷ ᠭᠤᠶᠤᠴᠢᠯᠠᠵᠤ ᠪᠣᠯᠣᠨ᠎ᠠ)᠃ 

      ᠡᠭᠦᠨ᠎ᠠᠴᠠ ᠭᠠᠳᠠᠨ᠎ᠠ᠂ 《ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠬᠠᠮᠢᠶᠠᠷᠤᠯᠲᠠ ᠵᠢᠨ ᠠᠷᠭ᠎ᠠ》 ᠵᠢᠨ ᠠᠷᠪᠠᠨ ᠲᠠᠪᠤᠳᠤᠭ᠋ᠠᠷ ᠵᠦᠢ᠍ᠯ᠎ᠤᠨ ᠲᠣᠭᠲᠠᠭ᠋ᠠᠯ᠎ᠢ ᠦᠨᠳᠦᠰᠦᠯᠡᠪᠡᠯ᠂  ᠨᠢᠭᠡᠨᠲᠡ B ᠲᠥᠷᠥᠯ᠎ᠤᠨ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ ᠣᠯᠣᠭᠰᠠᠨ ᠬᠥᠮᠥᠰ 《ᠬᠡᠷᠡᠭᠵᠢᠭᠦᠯᠬᠦ ᠠᠷᠭ᠎ᠠ》 ᠵᠢᠨ ᠶᠢᠰᠦᠳᠦᠭᠡᠷ ᠵᠦᠢ᠍ᠯ᠎ᠳᠤ ᠲᠣᠭᠲᠠᠭ᠋ᠠᠭᠰᠠᠨ ᠲᠤᠰᠬᠠᠢ ᠮᠡᠷᠭᠡᠵᠢᠯ᠎ᠤᠨ ᠰᠤᠷᠤᠯᠭ᠎ᠠ ᠵᠢᠨ ᠨᠠᠮᠲᠠᠷ᠎ᠤᠨ ᠨᠥᠬᠥᠴᠡᠯ᠎ᠢ ᠣᠯᠣᠭᠰᠠᠨ᠎ᠤ ᠳᠠᠷᠠᠭ᠎ᠠ᠂  ᠲᠡᠭᠦᠨ᠎ᠤ B ᠲᠥᠷᠥᠯ᠎ᠤᠨ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠦᠨᠡᠮᠯᠡᠯ᠎ᠨᠢ ᠪᠥᠬᠥ ᠤᠯᠤᠰ᠎ᠤᠨ ᠬᠡᠪᠴᠢᠶᠡᠨ᠎ᠳᠤ ᠬᠦᠴᠦᠨ᠎ᠲᠠᠢ ᠪᠣᠯᠣᠨ᠎ᠠ᠃ 

      ᠳᠥᠷᠪᠡ᠂ 2025 ᠣᠨ᠎ᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ᠎ᠳᠤ ᠲᠤᠰᠬᠠᠢ ᠮᠡᠷᠭᠡᠵᠢᠯ᠎ᠤᠨ ᠰᠤᠷᠤᠯᠭ᠎ᠠ ᠵᠢᠨ ᠨᠠᠮᠲᠠᠷ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠬᠦ ᠨᠥᠬᠥᠴᠡᠯ᠎ᠤᠨ ᠲᠠᠯ᠎ᠠ᠎ᠪᠠᠷ 《ᠬᠠᠭᠤᠴᠢᠨ ᠠᠷᠭ᠎ᠠ》 ᠵᠢᠨ ᠲᠣᠭᠲᠠᠭ᠋ᠠᠯ᠎ᠢ ᠦᠷᠭᠦᠯᠵᠢᠯᠡᠨ ᠬᠡᠷᠡᠭᠵᠢᠭᠦᠯᠦᠨ᠎ᠡ ᠦᠦ ᠦᠭᠡᠢ ᠦᠦ? 

      《ᠬᠡᠷᠡᠭᠵᠢᠭᠦᠯᠬᠦ ᠠᠷᠭ᠎ᠠ》 ᠵᠢᠨ ᠬᠣᠷᠢᠨ ᠬᠣᠶᠠᠳᠤᠭ᠋ᠠᠷ ᠵᠦᠢ᠍ᠯ᠎ᠤᠨ ᠲᠣᠭᠲᠠᠭ᠋ᠠᠯ᠎ᠢ ᠦᠨᠳᠦᠰᠦᠯᠡᠪᠡᠯ᠂ 2018 ᠣᠨ᠎ᠤ 4 ᠰᠠᠷ᠎ᠠ ᠵᠢᠨ 28᠎ᠤ ᠡᠳᠦᠷ᠎ᠠᠴᠠ ᠡᠮᠦᠨ᠎ᠡ ᠨᠢᠭᠡᠨᠲᠡ ᠰᠤᠷᠭ᠋ᠠᠭᠤᠯᠢ ᠵᠢᠨ ᠬᠠᠷᠢᠶᠠᠯᠠᠯ (ᠰᠢᠯᠭ᠋ᠠᠯᠲᠠ ᠵᠢᠨ ᠬᠠᠷᠢᠶᠠᠯᠠᠯ)  ᠣᠯᠣᠭᠰᠠᠨ ᠪᠤᠶᠤ ᠨᠢᠭᠡᠨᠲᠡ ᠵᠣᠬᠢᠴᠠᠩᠭᠤᠢ ᠰᠤᠷᠤᠯᠭ᠎ᠠ ᠵᠢᠨ ᠨᠠᠮᠲᠠᠷ ᠣᠯᠣᠭᠰᠠᠨ ᠳᠡᠭᠡᠳᠦ ᠵᠡᠷᠭᠡ ᠵᠢᠨ ᠰᠤᠷᠭ᠋ᠠᠭᠤᠯᠢ ᠵᠢᠨ ᠵᠢᠩᠬᠢᠨᠢ ᠠᠩᠭᠢ᠎ᠠᠴᠠ ᠲᠡᠭᠦᠰᠦᠭᠰᠡᠨ ᠰᠤᠷᠤᠯᠭ᠎ᠠ ᠵᠢᠨ ᠨᠠᠮᠲᠠᠷ᠎ᠲᠠᠢ ᠬᠥᠮᠥᠰ ᠪᠣᠯ 《ᠬᠠᠭᠤᠴᠢᠨ ᠠᠷᠭ᠎ᠠ》 ᠵᠢᠨ ᠬᠡᠷᠡᠭᠯᠡᠬᠦ ᠬᠡᠪᠴᠢᠶᠡᠨ᠎ᠳᠤ ᠪᠠᠭᠲᠠᠨ᠎ᠠ᠂  ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ᠎ᠳᠤ ᠦᠷᠭᠦᠯᠵᠢᠯᠡᠨ ᠨᠡᠷ᠎ᠡ ᠮᠡᠳᠡᠭᠦᠯᠵᠦ ᠣᠷᠣᠯᠴᠠᠵᠤ ᠪᠣᠯᠣᠨ᠎ᠠ᠂  ᠰᠢᠯᠵᠢᠯᠲᠡ ᠵᠢᠨ ᠬᠤᠭᠤᠴᠠᠭ᠎ᠠ ᠭᠠᠷᠭ᠋ᠠᠬᠤ ᠦᠭᠡᠢ᠃ 

      ᠲᠠᠪᠤ᠂  ᠨᠡᠷ᠎ᠡ ᠮᠡᠳᠡᠭᠦᠯᠦᠭᠰᠡᠳ ᠬᠡᠵᠢᠶ᠎ᠡ ᠠᠭᠤᠵᠢᠭᠤ  ᠲᠥᠷᠥ ᠵᠢᠨ ᠪᠣᠳᠣᠯᠭ᠎ᠠ ᠵᠢ ᠭᠥᠷᠳᠡᠬᠦ᠎ᠪᠠᠷ ᠭᠤᠶᠤᠴᠢᠯᠠᠵᠤ ᠪᠣᠯᠬᠤ ᠪᠣᠶ? 

      ᠠᠭᠤᠵᠢᠭᠤ ᠲᠥᠷᠥ ᠵᠢᠨ ᠪᠣᠳᠣᠯᠭ᠎ᠠ᠎ᠳᠤ ᠨᠡᠢ᠌ᠴᠡᠬᠦ ᠰᠢᠯᠭ᠋ᠠᠯᠲᠠ᠎ᠳᠤ ᠨᠡᠷ᠎ᠡ ᠮᠡᠳᠡᠭᠦᠯᠦᠭᠰᠡᠳ 2025 ᠣᠨ᠎ᠤ ᠪᠤᠰᠤᠳᠴᠢ ᠰᠡᠳᠦᠪ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠬᠦ᠎ᠳᠡᠭᠡᠨ ᠠᠭᠤᠵᠢᠭᠤ  ᠲᠥᠷᠥ ᠵᠢᠨ ᠪᠣᠳᠣᠯᠭ᠎ᠠ ᠵᠢ ᠭᠥᠷᠳᠡᠬᠦ᠎ᠪᠠᠷ ᠭᠤᠶᠤᠴᠢᠯᠠᠵᠤ ᠪᠣᠯᠣᠨ᠎ᠠ;  ᠪᠤᠰᠤᠳᠴᠢ ᠰᠡᠳᠦᠪ᠎ᠤᠨ ᠰᠢᠯᠭ᠋ᠠᠯᠲᠠ ᠵᠢᠨ ᠬᠢᠷᠢ ᠪᠦᠲᠦᠮᠵᠢ᠎ᠨᠢ ᠪᠥᠬᠥ ᠤᠯᠤᠰ᠎ᠤᠨ ᠨᠢᠭᠡᠳᠦᠯᠲᠡᠢ ᠬᠢᠷᠢ ᠲᠡᠩᠴᠡᠬᠦ ᠬᠤᠪᠢ ᠎ᠳᠤ ᠭᠦᠷᠦᠭᠰᠡᠨ ᠪᠠᠢ᠌ᠪᠠᠯ᠂ 2025 ᠣᠨ᠎ᠤ ᠪᠡᠶᠡᠴᠢ ᠰᠡᠳᠦᠪ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠬᠦ ᠦᠶ᠎ᠡ᠎ᠳᠤ ᠠᠭᠤᠵᠢᠭᠤ  ᠲᠥᠷᠥ ᠵᠢᠨ ᠪᠣᠳᠣᠯᠭ᠎ᠠ ᠵᠢ ᠭᠥᠷᠳᠡᠬᠦ᠎ᠪᠠᠷ ᠭᠤᠶᠤᠴᠢᠯᠠᠵᠤ ᠪᠣᠯᠣᠨ᠎ᠠ᠃ 

      2024 ᠣᠨ᠎ᠤ ᠪᠤᠰᠤᠳᠴᠢ ᠰᠡᠳᠦᠪ᠎ᠤᠨ ᠰᠢᠯᠭ᠋ᠠᠯᠲᠠ᠎ᠳᠤ ᠪᠥᠬᠥ ᠤᠯᠤᠰ᠎ᠤᠨ ᠨᠢᠭᠡᠳᠦᠯᠲᠡᠢ ᠬᠢᠷᠢ ᠲᠡᠩᠴᠡᠬᠦ ᠬᠤᠪᠢ᠎ᠳᠤ ᠭᠦᠷᠦᠭᠰᠡᠨ ᠦᠭᠡᠢ ᠬᠦᠴᠦᠨ ᠪᠦᠬᠦᠢ ᠬᠢᠷᠢ ᠪᠦᠲᠦᠮᠵᠢ᠎ᠪᠠᠨ ᠦᠯᠡᠳᠡᠭᠡᠭᠰᠡᠨ ᠬᠥᠮᠥᠰ᠂  ᠠᠭᠤᠵᠢᠭᠤ  ᠲᠥᠷᠥ ᠵᠢᠨ ᠪᠣᠳᠣᠯᠭ᠎ᠠ᠎ᠳᠤ ᠨᠡᠢ᠌ᠴᠡᠪᠡᠯ᠂ 2025 ᠣᠨ᠎ᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ (ᠪᠤᠰᠤᠳᠴᠢ ᠰᠡᠳᠦᠪ᠎ᠤᠨ ᠰᠢᠯᠭ᠋ᠠᠯᠲᠠ ᠪᠠ ᠪᠡᠶᠡᠴᠢ ᠰᠡᠳᠦᠪ᠎ᠤᠨ ᠰᠢᠯᠭ᠋ᠠᠯᠲᠠ ᠪᠠᠭᠲᠠᠨ᠎ᠠ)᠎ᠳᠤ ᠨᠡᠷ᠎ᠡ ᠮᠡᠳᠡᠭᠦᠯᠬᠦ ᠦᠶ᠎ᠡ᠎ᠳᠤ ᠠᠭᠤᠵᠢᠭᠤ  ᠲᠥᠷᠥ ᠵᠢᠨ ᠪᠣᠳᠣᠯᠭ᠎ᠠ ᠵᠢ ᠭᠥᠷᠳᠡᠬᠦ᠎ᠪᠠᠷ ᠭᠤᠶᠤᠴᠢᠯᠠᠵᠤ ᠪᠣᠯᠣᠨ᠎ᠠ᠃ 

      ᠡᠩ᠎ᠤᠨ ᠳᠡᠭᠡᠳᠦ ᠰᠤᠷᠭ᠋ᠠᠭᠤᠯᠢ ᠵᠢᠨ ᠲᠤᠰ ᠬᠤᠭᠤᠴᠠᠭ᠋ᠠᠨ᠎ᠤ ᠶᠡᠬᠡ ᠰᠤᠷᠭ᠋ᠠᠭᠤᠯᠢ᠎ᠠᠴᠠ ᠲᠡᠭᠦᠰᠦᠭᠰᠡᠨ ᠣᠶᠤᠲᠠᠨ ᠤᠭ ᠨᠤᠲᠤᠭ᠎ᠲᠠᠭᠠᠨ ᠪᠤᠴᠠᠭᠰᠠᠨ᠂  ᠠᠯᠪᠠᠨ ᠴᠡᠷᠢᠭ ᠴᠡᠷᠢᠭ᠎ᠠᠴᠠ ᠬᠠᠯᠠᠭᠳᠠᠭᠰᠠᠨ᠂  ᠤᠷᠤᠭ᠎ᠤᠨ ᠬᠠᠷᠢᠴᠠᠭ᠎ᠠ᠂  ᠠᠵᠢᠯ ᠰᠢᠯᠵᠢᠭᠰᠡᠨ ᠵᠡᠷᠭᠡ ᠪᠠᠢ᠌ᠳᠠᠯ᠎ᠲᠠᠢ ᠪᠠᠢ᠌ᠪᠠᠯ᠂  ᠪᠡᠶᠡᠴᠢ ᠰᠡᠳᠦᠪ᠎ᠤᠨ ᠰᠢᠯᠭ᠋ᠠᠯᠲᠠ ᠵᠢᠨ ᠬᠢᠷᠢ ᠪᠦᠲᠦᠮᠵᠢ ᠵᠢ ᠨᠡᠢ᠌ᠲᠡᠯᠡᠬᠦ᠎ᠠᠴᠠ ᠡᠮᠦᠨ᠎ᠡ ᠡᠷᠦᠬᠡ ᠠᠮᠠ ᠵᠢᠨ ᠲᠠᠩᠰᠠ ᠵᠢ ᠨᠢᠭᠡᠨᠲᠡ ᠨᠡᠷ᠎ᠡ ᠮᠡᠳᠡᠭᠦᠯᠬᠦ ᠰᠤᠷᠤᠯᠭ᠎ᠠ ᠵᠢᠨ ᠨᠠᠮᠲᠠᠷ᠎ᠤᠨ ᠨᠥᠬᠥᠴᠡᠯ᠎ᠢ ᠠᠭᠤᠵᠢᠭᠤ ᠪᠣᠯᠭ᠋ᠠᠭᠰᠠᠨ ᠭᠠᠵᠠᠷ᠎ᠲᠤ ᠰᠢᠯᠵᠢᠭᠦᠯᠦᠨ ᠣᠷᠣᠭᠤᠯᠤᠭᠰᠠᠨ ᠪᠥᠭᠡᠳ ᠪᠡᠶᠡᠴᠢ ᠰᠡᠳᠦᠪ᠎ᠤᠨ ᠰᠢᠯᠭ᠋ᠠᠯᠲᠠ ᠵᠢᠨ ᠬᠢᠷᠢ ᠪᠦᠲᠦᠮᠵᠢ᠎ᠨᠢ ᠪᠠᠢ᠌ᠭ᠎ᠠ ᠭᠠᠵᠠᠷ᠎ᠤᠨ ᠠᠭᠤᠵᠢᠭᠤ ᠪᠣᠯᠭ᠋ᠠᠭᠰᠠᠨ  ᠬᠢᠷᠢ ᠲᠡᠩᠴᠡᠬᠦ ᠬᠤᠪᠢ ᠵᠢᠨ ᠱᠤᠭᠤᠮ᠎ᠳᠤ ᠬᠦᠷᠦᠭᠰᠡᠨ᠎ᠨᠢ᠂  ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ ᠣᠯᠭᠣᠬᠤ᠎ᠪᠠᠷ ᠭᠤᠶᠤᠴᠢᠯᠠᠬᠤ ᠦᠶ᠎ᠡ᠎ᠳᠤ ᠡᠷᠦᠬᠡ ᠠᠮᠠ ᠵᠢᠨ ᠲᠠᠩᠰᠠ ᠵᠢᠨ ᠪᠠᠢ᠌ᠭ᠎ᠠ ᠭᠠᠵᠠᠷ᠎ᠤᠨ ᠬᠣᠲᠠ ᠵᠢᠨ ᠱᠠᠲᠤᠨ᠎ᠤ ᠬᠠᠤᠯᠢ  ᠴᠠᠭ᠋ᠠᠵᠠ ᠵᠢᠨ ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠳᠤ ᠠᠭᠤᠵᠢᠭᠤ  ᠲᠥᠷᠥ ᠵᠢᠨ ᠪᠣᠳᠣᠯᠭ᠎ᠠ ᠵᠢ ᠭᠥᠷᠳᠡᠬᠦ᠎ᠪᠠᠷ ᠪᠢᠴᠢᠭ᠎ᠤᠨ ᠬᠡᠯᠪᠡᠷᠢ᠎ᠪᠠᠷ ᠭᠤᠶᠤᠴᠢᠯᠠᠵᠤ ᠪᠣᠯᠣᠨ᠎ᠠ᠃ 

      ᠡᠭᠦᠨ᠎ᠠᠴᠠ ᠭᠠᠳᠠᠨ᠎ᠠ᠂  ᠪᠦᠬᠦᠯᠢ ᠡᠳᠦᠷ᠎ᠤᠨ ᠳᠦᠷᠢᠮᠲᠦ ᠡᠩ᠎ᠤᠨ ᠳᠡᠭᠡᠳᠦ ᠵᠡᠷᠭᠡ ᠵᠢᠨ ᠰᠤᠷᠭ᠋ᠠᠭᠤᠯᠢ ᠵᠢᠨ ᠲᠣᠰ ᠬᠤᠭᠤᠴᠠᠭ᠋ᠠᠨ᠎ᠤ ᠵᠢᠩᠬᠢᠨᠢ ᠠᠩᠭᠢ ᠵᠢᠴᠢ ᠲᠡᠭᠦᠨ᠎ᠠᠴᠠ ᠳᠡᠭᠡᠭᠰᠢᠬᠢ ᠰᠤᠷᠤᠯᠭ᠎ᠠ ᠵᠢᠨ ᠨᠠᠮᠲᠠᠷ᠎ᠲᠠᠢ ᠲᠡᠭᠦᠰᠦᠭᠰᠡᠨ ᠰᠣᠷᠣᠭᠴᠢ ᠵᠢᠨ ᠰᠤᠷᠭ᠋ᠠᠭᠤᠯᠢ᠎ᠳᠤ ᠣᠷᠣᠬᠤ᠎ᠠᠴᠠ ᠡᠮᠦᠨᠡᠬᠢ ᠡᠷᠦᠬᠡ ᠠᠮᠠ ᠵᠢᠨ ᠲᠠᠩᠰᠠ᠎ᠨᠢ ᠨᠥᠬᠥᠴᠡᠯ᠎ᠢ ᠠᠭᠤᠵᠢᠭᠤ ᠪᠣᠯᠭ᠋ᠠᠭᠰᠠᠨ ᠭᠠᠵᠠᠷ᠎ᠲᠤ ᠪᠠᠢ᠌ᠬᠤ ᠮᠥᠷᠲᠡᠭᠡᠨ ᠲᠡᠭᠦᠰᠦᠭᠰᠡᠨ᠎ᠤ ᠳᠠᠷᠠᠭ᠎ᠠ ᠤᠭ ᠨᠤᠲᠤᠭ᠎ᠲᠠᠭᠠᠨ ᠪᠤᠴᠠᠬᠤ᠎ᠪᠠᠷ  ᠠᠮᠠᠯᠳᠠᠭᠰᠠᠨ  ᠪᠠᠢ᠌ᠪᠠᠯ᠂  ᠪᠤᠰᠤᠳᠴᠢ ᠰᠡᠳᠦᠪ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠬᠦ ᠦᠶ᠎ᠡ᠎ᠳᠤ ᠠᠭᠤᠵᠢᠭᠤ  ᠲᠥᠷᠥ ᠵᠢᠨ  ᠪᠣᠳᠣᠯᠭ᠎ᠠ ᠵᠢ ᠬᠦᠷᠲᠡᠵᠦ ᠪᠣᠯᠣᠨ᠎ᠠ᠃ 

      ᠵᠢᠷᠭᠤᠭ᠎ᠠ᠂  ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠥᠬᠥᠴᠡᠯ᠎ᠢ ᠠᠭᠤᠵᠢᠭᠤ ᠪᠣᠯᠭ᠋ᠠᠭᠰᠠᠨ ᠭᠠᠵᠠᠷ ᠣᠷᠣᠨ ᠎ᠨᠢ ᠠᠯᠢ ᠠᠯᠢ ᠪᠤᠢ? 

      ᠮᠠᠨ᠎ᠤ ᠣᠷᠣᠨ᠎ᠤ ᠨᠥᠬᠥᠴᠡᠯ᠎ᠢ ᠠᠭᠤᠵᠢᠭᠤ ᠪᠣᠯᠭ᠋ᠠᠭᠰᠠᠨ ᠭᠠᠵᠠᠷ ᠣᠷᠣᠨ᠄ 

      ᠬᠥᠬᠡᠬᠣᠲᠠ᠄ ᠦᠴᠤᠸᠠᠨ ᠰᠢᠶᠠᠨ᠂  ᠲᠦᠮᠡᠳ ᠵᠡᠭᠦᠨ ᠬᠣᠰᠢᠭᠤ᠂  ᠲᠣᠭᠲᠠᠬᠤ ᠰᠢᠶᠠᠨ᠂  ᠬᠣᠷᠢᠨᠭᠡᠷ ᠰᠢᠶᠠᠨ᠂  ᠴᠢᠩ ᠱᠦᠢ ᠾᠧ ᠰᠢᠶᠠᠨ

      ᠪᠤᠭᠤᠲᠤ ᠬᠣᠲᠠ᠄  ᠲᠦᠮᠡᠳ ᠪᠠᠷᠠᠭᠤᠨ ᠬᠣᠰᠢᠭᠤ᠂  ᠭᠦᠶᠠᠩ ᠰᠢᠶᠠᠨ᠂  ᠳᠠᠷᠬᠠᠨ ᠮᠤᠤᠮᠢᠩᠭ᠋ᠠᠨ ᠬᠣᠯᠪᠣᠭ᠋ᠠᠲᠤ ᠬᠣᠰᠢᠭᠤ᠂  ᠪᠠᠶᠠᠠᠤᠪᠤᠭ᠎ᠠ ᠠᠭᠤᠷᠬᠠᠢ ᠵᠢᠨ  ᠲᠣᠭᠣᠷᠢᠭ 

      ᠬᠥᠯᠥᠨ ᠪᠤᠢ᠍ᠢ᠍ᠷ ᠬᠤᠳᠠ᠄  ᠶᠠᠭᠰᠢ ᠬᠤᠳᠠ᠂  ᠵᠠᠯᠠᠨ ᠠᠢ᠌ᠯ ᠬᠤᠳᠠ᠂  ᠡᠷᠭᠦᠨ᠎ᠡ ᠬᠤᠳᠠ᠂  ᠭᠡᠭᠡᠨ ᠭᠣᠣᠯ ᠬᠤᠳᠠ᠂  ᠠᠷᠤᠨ ᠬᠣᠰᠢᠭᠤ᠂  ᠮᠣᠷᠢᠨᠳᠠᠪᠠᠭ᠎ᠠ ᠳᠠᠭᠤᠷ ᠦᠨᠳᠦᠰᠦᠲᠡᠨ᠎ᠤ ᠥᠪᠡᠷᠲᠡᠭᠡᠨ ᠵᠠᠰᠠᠬᠤ ᠬᠣᠰᠢᠭᠤ᠂  ᠣᠷᠴᠣᠨ᠎ᠤ ᠥᠪᠡᠷᠲᠡᠭᠡᠨ ᠵᠠᠰᠠᠬᠤ ᠬᠣᠰᠢᠭᠤ᠂  ᠡᠸᠡᠩᠬᠢ ᠦᠨᠳᠦᠰᠦᠲᠡᠨ᠎ᠤ ᠥᠪᠡᠷᠲᠡᠭᠡᠨ ᠵᠠᠰᠠᠬᠤ ᠬᠣᠰᠢᠭᠤ᠂  ᠬᠠᠭᠤᠴᠢᠨ ᠪᠠᠷᠭᠤ ᠬᠣᠰᠢᠭᠤ᠂  ᠰᠢᠨ᠎ᠡ ᠪᠠᠷᠭᠤ ᠵᠡᠭᠦᠨ ᠬᠣᠰᠢᠭᠤ᠂  ᠰᠢᠨ᠎ᠡ ᠪᠠᠷᠭᠤ ᠪᠠᠷᠠᠭᠤᠨ ᠬᠣᠰᠢᠭᠤ

      ᠬᠢᠩᠭ᠋ᠠᠨ ᠠᠢ᠌ᠮᠠᠭ᠄  ᠷᠠᠰᠢᠶᠠᠨ ᠬᠣᠲᠠ᠂  ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤ᠂  ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤ᠂  ᠵᠠᠯᠠᠢ᠌ᠳ ᠬᠣᠰᠢᠭᠤ᠂  ᠲᠦᠴᠢᠦᠸᠠᠨ ᠰᠢᠶᠠᠨ

ᠲᠦᠩᠯᠢᠶᠣᠣ ᠬᠣᠲᠠ᠄  ᠬᠣᠷᠴᠢᠨ ᠵᠡᠭᠦᠨ ᠭᠠᠷᠤᠨ ᠳᠤᠮᠳᠠᠳᠤ ᠬᠣᠰᠢᠭᠤ᠂  ᠬᠣᠷᠴᠢᠨ ᠵᠡᠭᠦᠨ ᠭᠠᠷᠤᠨ ᠬᠣᠢ᠌ᠲᠤ ᠬᠣᠰᠢᠭᠤ᠂  ᠬᠦᠷᠢᠶ᠎ᠡ ᠬᠣᠰᠢᠭᠤ᠂  ᠨᠠᠢ᠍ᠮᠠᠨ ᠬᠣᠰᠢᠭᠤ᠂  ᠺᠠᠢ᠌ᠯᠤ ᠰᠢᠶᠠᠨ᠂  ᠵᠠᠷᠤᠳ ᠬᠣᠰᠢᠭᠤ

      ᠤᠯᠠᠭ᠋ᠠᠨᠬᠠᠳᠠ ᠬᠣᠲᠠ᠄  ᠠᠷᠤ ᠬᠣᠷᠴᠢᠨ ᠬᠣᠰᠢᠭᠤ᠂  ᠪᠠᠭ᠋ᠠᠷᠢᠨ ᠵᠡᠭᠦᠨ ᠬᠣᠰᠢᠭᠤ᠂  ᠪᠠᠭ᠋ᠠᠷᠢᠨ ᠪᠠᠷᠠᠭᠤᠨ ᠬᠣᠰᠢᠭᠤ᠂  ᠯᠢᠨᠰᠢ ᠰᠢᠶᠠᠨ᠂  ᠬᠡᠰᠢᠭᠲᠡᠨ ᠬᠣᠰᠢᠭᠤ᠂  ᠣᠩᠨᠢᠭᠤᠳ ᠬᠣᠰᠢᠭᠤ᠂  ᠬᠠᠷᠠᠴᠢᠨ ᠬᠣᠰᠢᠭᠤ᠂  ᠨᠢᠩᠴᠧᠩ ᠰᠢᠶᠠᠨ᠂  ᠠᠤᠬᠠᠨ ᠬᠣᠰᠢᠭᠤ

      ᠰᠢᠯᠢ ᠵᠢᠨ ᠭᠣᠣᠯ ᠠᠢ᠌ᠮᠠᠭ᠄  ᠠᠪᠠᠭ᠎ᠠ ᠬᠣᠰᠢᠭᠤ᠂  ᠰᠥᠨᠢᠳ ᠵᠡᠭᠦᠨ ᠬᠣᠰᠢᠭᠤ᠂  ᠰᠥᠨᠢᠳ ᠪᠠᠷᠠᠭᠤᠨ ᠬᠣᠰᠢᠭᠤ᠂  ᠵᠡᠭᠦᠨ ᠦᠵᠦᠮᠦᠴᠢᠨ ᠬᠣᠰᠢᠭᠤ᠂  ᠪᠠᠷᠠᠭᠤᠨ ᠦᠵᠦᠮᠦᠴᠢᠨ ᠬᠣᠰᠢᠭᠤ᠂  ᠲᠠᠢ᠌ᠫᠤᠰᠧ ᠬᠣᠰᠢᠭᠤ᠂  ᠬᠥᠪᠡᠭᠡᠲᠦ ᠰᠢᠷ᠎ᠠ ᠬᠣᠰᠢᠭᠤ᠂  ᠰᠢᠯᠤᠭᠤᠨ ᠬᠥᠪᠡᠭᠡᠲᠦ ᠴᠠᠭ᠋ᠠᠨ ᠬᠣᠰᠢᠭᠤ᠂  ᠰᠢᠯᠤᠭᠤᠨ ᠬᠥᠬᠡ ᠬᠣᠰᠢᠭᠤ᠂  ᠳᠣᠯᠣᠨ ᠨᠠᠭᠤᠷ ᠰᠢᠶᠠᠨ

      ᠤᠯᠠᠭ᠋ᠠᠨᠴᠠᠪ ᠬᠣᠲᠠ᠄  ᠴᠠᠬᠠᠷ ᠪᠠᠷᠠᠭᠤᠨ ᠭᠠᠷᠤᠨ ᠡᠮᠦᠨᠡᠲᠦ ᠬᠣᠰᠢᠭᠤ᠂  ᠴᠠᠬᠠᠷ ᠪᠠᠷᠠᠭᠤᠨ ᠭᠠᠷᠤᠨ ᠳᠤᠮᠳᠠᠳᠤ ᠬᠣᠰᠢᠭᠤ᠂  ᠴᠠᠬᠠᠷ ᠪᠠᠷᠠᠭᠤᠨ ᠭᠠᠷᠤᠨ ᠬᠣᠢ᠌ᠲᠤ ᠬᠣᠰᠢᠭᠤ᠂  ᠳᠥᠷᠪᠡᠳ ᠬᠣᠰᠢᠭᠤ᠂  ᠵᠦᠸᠧᠽᠢ ᠰᠢᠶᠠᠨ᠂  ᠯᠢᠶᠡᠩᠴᠧᠩ ᠰᠢᠶᠠᠨ᠂  ᠰᠢᠩ ᠾᠧ ᠰᠢᠶᠠᠨ᠂  ᠱᠠᠩᠳᠤ ᠰᠢᠶᠠᠨ᠂ ᠬᠤᠸᠠᠳ᠋ᠸ ᠰᠢᠶᠠᠨ

ᠣᠷᠳᠣᠰ ᠬᠣᠲᠠ᠄  ᠳᠠᠯᠠᠳ ᠬᠣᠰᠢᠭᠤ᠂  ᠵᠡᠭᠦᠨᠭ᠋ᠠᠷ ᠬᠣᠰᠢᠭᠤ᠂  ᠡᠵᠡᠨ ᠬᠣᠷᠣᠭ᠎ᠠ ᠬᠣᠰᠢᠭᠤ᠂  ᠦᠦᠰᠢᠨ ᠬᠣᠰᠢᠭᠤ᠂  ᠬᠠᠩᠭᠢᠨ ᠬᠣᠰᠢᠭᠤ᠂  ᠣᠲᠣᠭ ᠬᠣᠰᠢᠭᠤ᠂  ᠣᠲᠣᠭ᠎ᠤᠨ ᠡᠮᠦᠨᠡᠲᠦ ᠬᠣᠰᠢᠭᠤ

      ᠪᠠᠶᠠᠨᠨᠠᠭᠤᠷ ᠬᠣᠲᠠ᠄ ᠦᠶᠤᠸᠠᠨ ᠰᠢᠶᠠᠨ᠂  ᠳ᠋ᠸᠩᠺᠸᠤ ᠰᠢᠶᠠᠨ᠂  ᠤᠷᠠᠳ᠎ᠤᠨ ᠡᠮᠦᠨᠡᠲᠦ ᠬᠣᠰᠢᠭᠤ᠂  ᠤᠷᠠᠳ᠎ᠤᠨ ᠳᠤᠮᠳᠠᠳᠤ ᠬᠣᠰᠢᠭᠤ᠂  ᠤᠷᠠᠳ᠎ᠤᠨ ᠬᠣᠢ᠌ᠲᠤ ᠬᠣᠰᠢᠭᠤ᠂  ᠬᠠᠩᠭᠢᠨ ᠬᠣᠢ᠌ᠲᠤ ᠬᠣᠰᠢᠭᠤ

      ᠠᠯᠠᠱ᠌ᠠ ᠠᠢ᠌ᠮᠠᠭ᠄  ᠠᠯᠠᠱ᠌ᠠ ᠵᠡᠭᠦᠨ ᠬᠣᠰᠢᠭᠤ᠂  ᠠᠯᠠᠱ᠌ᠠ ᠪᠠᠷᠠᠭᠤᠨ ᠬᠣᠰᠢᠭᠤ᠂  ᠡᠵᠡᠨ᠎ᠡ ᠬᠣᠰᠢᠭᠤ

      ᠳᠣᠯᠣᠭ᠎ᠠ᠂  ᠨᠡᠷ᠎ᠡ ᠮᠡᠳᠡᠭᠦᠯᠬᠦ ᠲᠤᠰᠬᠠᠢ ᠮᠡᠷᠭᠡᠵᠢᠯ᠎ᠤᠨ ᠰᠤᠷᠤᠯᠭ᠎ᠠ ᠵᠢᠨ ᠨᠠᠮᠲᠠᠷ᠎ᠤᠨ ᠨᠥᠬᠥᠴᠡᠯ᠎ᠳᠠᠬᠢ 《ᠬᠠᠤᠯᠢ ᠵᠢᠨ ᠤᠬᠠᠭ᠋ᠠᠨ᠎ᠤ ᠲᠥᠷᠥᠯ》᠎ᠢ ᠬᠡᠷᠬᠢᠨ ᠣᠢ᠌ᠯᠠᠭ᠋ᠠᠬᠤ ᠪᠣᠶ? 

      ᠰᠤᠷᠭ᠋ᠠᠨ ᠬᠥᠮᠦᠵᠢᠯ᠎ᠤᠨ ᠶᠠᠮᠤᠨ᠎ᠤ ᠨᠡᠢ᠌ᠲᠡᠯᠡᠭᠰᠡᠨ 《ᠡᠩ᠎ᠤᠨ ᠳᠡᠭᠡᠳᠦ ᠰᠤᠷᠭ᠋ᠠᠭᠤᠯᠢ ᠵᠢᠨ ᠵᠢᠩᠬᠢᠨᠢ ᠠᠩᠭᠢ ᠵᠢᠨ ᠲᠤᠰᠬᠠᠢ ᠮᠡᠷᠭᠡᠵᠢᠯ᠎ᠤᠨ ᠭᠠᠷᠴᠠᠭ (2025 ᠣᠨ)》᠎ᠢ ᠦᠨᠳᠦᠰᠦᠯᠡᠪᠡᠯ᠂ 《ᠬᠠᠤᠯᠢ ᠵᠢᠨ ᠤᠬᠠᠭ᠋ᠠᠨ᠎ᠤ ᠲᠥᠷᠥᠯ》  ᠭᠡᠳᠡᠭ᠎ᠨᠢ ᠡᠩ᠎ᠤᠨ ᠳᠡᠭᠡᠳᠦ ᠵᠡᠷᠭᠡ ᠵᠢᠨ ᠰᠤᠷᠭ᠋ᠠᠭᠤᠯᠢ ᠵᠢᠨ ᠵᠢᠩᠬᠢᠨᠢ ᠠᠩᠭᠢ ᠵᠢᠨ ᠲᠤᠰᠬᠠᠢ ᠮᠡᠷᠭᠡᠵᠢᠯ᠎ᠤᠨ ᠬᠠᠤᠯᠢ ᠵᠢᠨ ᠤᠬᠠᠭ᠋ᠠᠨ᠎ᠤ ᠲᠥᠷᠥᠯ ᠳᠣᠣᠷᠠᠬᠢ 《ᠬᠠᠤᠯᠢ ᠵᠢᠨ ᠤᠬᠠᠭ᠋ᠠᠨ᠎ᠤ ᠲᠥᠷᠥᠯ》᠎ᠢ ᠵᠢᠭ᠋ᠠᠵᠤ ᠪᠣᠶ᠂  ᠰᠢᠨᠵᠢᠯᠡᠭᠡᠨ᠎ᠤ ᠣᠷᠣᠯᠠᠬᠤ ᠨᠣᠮᠧᠷ᠎ᠨᠢ 0301 ᠪᠣᠯᠣᠨ᠎ᠠ᠂  ᠪᠣᠳᠠᠲᠠᠢ᠎ᠪᠠᠷ ᠬᠡᠯᠡᠪᠡᠯ ᠬᠠᠤᠯᠢ ᠵᠢᠨ ᠤᠬᠠᠭ᠋ᠠᠨ᠂  ᠮᠡᠳᠡᠯᠭᠡ ᠵᠢᠨ  ᠥᠮᠴᠢᠯᠡᠯ᠎ᠤᠨ ᠡᠷᠬᠡ᠂  ᠭᠢᠨᠳᠠᠨ᠎ᠤ ᠤᠬᠠᠭ᠋ᠠᠨ᠂  ᠢᠲᠡᠭᠡᠮᠵᠢ ᠵᠢᠨ ᠲᠦᠭᠰᠢᠭᠦᠷᠢ ᠵᠢᠨ ᠬᠠᠮᠢᠶᠠᠷᠤᠯᠲᠠ ᠬᠢᠭᠡᠳ ᠬᠠᠤᠯᠢ ᠴᠠᠭ᠋ᠠᠵᠠ ᠵᠢᠨ ᠰᠡᠷᠭᠡᠢ᠌ᠯᠡᠯᠲᠡ ᠡᠵᠡᠮᠳᠡᠯ᠂  ᠣᠯᠠᠨ ᠤᠯᠤᠰ᠎ᠤᠨ ᠠᠵᠤ ᠠᠬᠤᠢ ᠠᠷᠠᠯᠵᠢᠶᠠᠨ᠎ᠤ ᠳᠦᠷᠢᠮ᠂ ᠬᠠᠤᠯᠢ ᠴᠠᠭ᠋ᠠᠵᠠ ᠵᠢᠨ ᠴᠠᠭᠳᠠᠭ᠎ᠠ ᠵᠢᠨ ᠤᠬᠠᠭ᠋ᠠᠨ᠂  ᠨᠡᠢ᠌ᠭᠡᠮ ᠲᠣᠭᠣᠷᠢᠭ᠎ᠤᠨ ᠵᠠᠰᠠᠯᠲᠠ᠂  ᠰᠠᠬᠢᠯᠭ᠎ᠠ ᠪᠠᠲᠤ ᠪᠠᠢ᠌ᠴᠠᠭ᠋ᠠᠬᠤ ᠬᠢᠨᠠᠨ ᠪᠠᠢ᠌ᠴᠠᠭ᠋ᠠᠬᠤ᠂  ᠣᠯᠠᠨ ᠤᠯᠤᠰ᠎ᠤᠨ ᠬᠠᠤᠯᠢ᠂  ᠬᠠᠤᠯᠢ ᠴᠠᠭ᠋ᠠᠵᠠ ᠵᠢᠨ ᠬᠢᠨᠠᠨ ᠲᠣᠭᠲᠠᠭ᠋ᠠᠯᠲᠠ ᠵᠢᠨ ᠤᠬᠠᠭ᠋ᠠᠨ᠂  ᠤᠯᠤᠰ᠎ᠤᠨ ᠠᠮᠤᠷ ᠲᠦᠪᠰᠢᠨ᠎ᠤ ᠤᠬᠠᠭ᠋ᠠᠨ᠂  ᠭᠠᠳᠠᠭ᠋ᠠᠳᠤ᠎ᠳᠠᠬᠢ ᠠᠰᠢᠭ ᠲᠤᠰᠠ ᠵᠢᠨ ᠠᠮᠤᠷ ᠲᠦᠪᠰᠢᠨ ᠵᠡᠷᠭᠡ ᠨᠡᠶ᠋ᠢᠲᠡ 12 ᠲᠤᠰᠬᠠᠢ ᠮᠡᠷᠭᠡᠵᠢᠯ ᠪᠠᠭᠲᠠᠨ᠎ᠠ᠃ 

      ᠨᠠᠢ᠍ᠮᠠ᠂  ᠨᠡᠷ᠎ᠡ ᠮᠡᠳᠡᠭᠦᠯᠬᠦ ᠲᠤᠰᠬᠠᠢ ᠮᠡᠷᠭᠡᠵᠢᠯ᠎ᠤᠨ ᠰᠤᠷᠤᠯᠭ᠎ᠠ ᠵᠢᠨ ᠨᠠᠮᠲᠠᠷ᠎ᠤᠨ ᠨᠥᠬᠥᠴᠡᠯ᠎ᠳᠠᠬᠢ 《ᠬᠠᠤᠯᠢ ᠵᠢᠨ ᠤᠬᠠᠭ᠋ᠠᠨ᠎ᠤ ᠮᠠᠰᠲ᠋ᠧᠷ》᠎ᠢ ᠬᠡᠷᠬᠢᠨ ᠣᠢ᠌ᠯᠠᠭ᠋ᠠᠬᠤ ᠪᠣᠶ? 

      ᠰᠤᠷᠭ᠋ᠠᠨ ᠬᠥᠮᠦᠵᠢᠯ᠎ᠤᠨ ᠶᠠᠮᠤᠨ᠎ᠤ ᠨᠡᠢ᠌ᠲᠡᠯᠡᠭᠰᠡᠨ 《ᠠᠰᠫᠢᠷᠠᠨᠲ᠎ᠤᠨ ᠰᠤᠷᠭ᠋ᠠᠨ ᠬᠥᠮᠦᠵᠢᠯ᠎ᠤᠨ ᠰᠢᠨᠵᠢᠯᠡᠭᠡᠨ᠎ᠤ ᠰᠠᠯᠠᠭ᠎ᠠ ᠵᠢᠨ ᠲᠤᠰᠬᠠᠢ ᠮᠡᠷᠭᠡᠵᠢᠯ᠎ᠤᠨ ᠭᠠᠷᠴᠠᠭ (2022 ᠣᠨ)》᠎ᠢ ᠦᠨᠳᠦᠰᠦᠯᠡᠪᠡᠯ᠂ 《ᠬᠠᠤᠯᠢ ᠵᠢᠨ ᠤᠬᠠᠭ᠋ᠠᠨ᠎ᠤ ᠮᠠᠰᠲ᠋ᠧᠷ》  ᠭᠡᠳᠡᠭ᠎ᠨᠢ ᠠᠰᠫᠢᠷᠠᠨᠲ᠎ᠤᠨ ᠰᠤᠷᠭ᠋ᠠᠨ ᠬᠥᠮᠦᠵᠢᠯ᠎ᠤᠨ ᠰᠢᠨᠵᠢᠯᠡᠭᠡᠨ᠎ᠤ ᠰᠠᠯᠠᠭ᠎ᠠ ᠵᠢᠨ ᠲᠤᠰᠬᠠᠢ ᠮᠡᠷᠭᠡᠵᠢᠯ᠎ᠤᠨ ᠬᠠᠤᠯᠢ ᠵᠢᠨ ᠤᠬᠠᠭ᠋ᠠᠨ᠎ᠤ ᠲᠥᠷᠥᠯ᠎ᠤᠨ ᠳᠣᠣᠷᠠᠬᠢ ᠨᠢᠭᠡᠳᠦᠭᠡᠷ ᠳᠡᠰ᠎ᠤᠨ ᠰᠢᠨᠵᠢᠯᠡᠭᠡᠨ᠎ᠤ ᠰᠠᠯᠠᠭ᠎ᠠ ᠵᠢᠨ 《ᠬᠠᠤᠯᠢ ᠵᠢᠨ ᠤᠬᠠᠭ᠋ᠠᠨ᠎ᠤ ᠲᠥᠷᠥᠯ》 (ᠰᠢᠨᠵᠢᠯᠡᠭᠡᠨ᠎ᠤ ᠰᠠᠯᠠᠭ᠎ᠠ ᠵᠢᠨ ᠣᠷᠣᠯᠠᠬᠤ ᠨᠣᠮᠧᠷ᠎ᠨᠢ 0301)᠎ᠳᠤ ᠬᠣᠯᠪᠣᠭᠳᠠᠭᠰᠠᠨ ᠲᠤᠰᠬᠠᠢ ᠮᠡᠷᠭᠡᠵᠢᠯ᠎ᠤᠨ 《ᠬᠠᠤᠯᠢ ᠵᠢᠨ ᠤᠬᠠᠭ᠋ᠠᠨ᠎ᠤ ᠮᠠᠰᠲ᠋ᠧᠷ》᠎ᠢ ᠵᠢᠭ᠋ᠠᠵᠤ ᠪᠣᠶ᠃ 

      ᠶᠢᠰᠦ᠂ 《ᠠᠯᠪᠠᠨ ᠵᠠᠷ》 ᠎ᠲᠠᠬᠢ  ᠨᠡᠷ᠎ᠡ ᠮᠡᠳᠡᠭᠦᠯᠦᠭᠰᠡᠨ ᠲᠤᠰᠬᠠᠢ ᠮᠡᠷᠭᠡᠵᠢᠯ᠎ᠤᠨ ᠰᠤᠷᠤᠯᠭ᠎ᠠ ᠵᠢᠨ ᠨᠠᠮᠲᠠᠷ᠎ᠤᠨ ᠨᠥᠬᠥᠴᠡᠯ᠎ᠳᠠᠬᠢ 《ᠬᠠᠤᠯᠢ ᠴᠠᠭ᠋ᠠᠵᠠ ᠵᠢᠨ ᠠᠵᠢᠯ᠎ᠢ ᠪᠦᠬᠦᠯᠢ ᠭᠤᠷᠪᠠᠨ ᠵᠢᠯ ᠬᠢᠭᠰᠡᠨ》  ᠪᠠᠢ᠌ᠳᠠᠯ᠎ᠤᠨ ᠲᠤᠬᠠᠢ ᠬᠡᠷᠬᠢᠨ ᠣᠢ᠌ᠯᠠᠭ᠋ᠠᠬᠤ ᠪᠣᠶ? 

      ᠬᠣᠯᠪᠣᠭᠳᠠᠯ ᠪᠦᠬᠦᠢ ᠲᠣᠭᠲᠠᠭ᠋ᠠᠯ᠎ᠢ ᠦᠨᠳᠦᠰᠦᠯᠡᠪᠡᠯ᠂ 《ᠬᠠᠤᠯᠢ ᠴᠠᠭ᠋ᠠᠵᠠ ᠵᠢᠨ ᠠᠵᠢᠯ᠎ᠢ ᠬᠢᠬᠦ》  ᠭᠡᠳᠡᠭ᠎ᠨᠢ ᠭᠣᠣᠯᠳᠠᠭᠤ ᠤᠯᠤᠰ ᠪᠤᠶᠤ ᠣᠷᠣᠨ ᠨᠤᠲᠤᠭ᠎ᠤᠨ ᠬᠠᠤᠯᠢ ᠲᠣᠭᠲᠠᠭ᠋ᠠᠬᠤ ᠠᠵᠢᠯ᠂  ᠰᠢᠭᠦᠨ ᠲᠠᠰᠤᠯᠬᠤ᠂  ᠪᠠᠢ᠌ᠴᠠᠭ᠋ᠠᠬᠤ ᠠᠵᠢᠯ᠂  ᠳᠣᠲᠣᠭ᠋ᠠᠳᠤ ᠵᠢ ᠬᠠᠮᠠᠭ᠋ᠠᠯᠠᠬᠤ᠂  ᠤᠯᠤᠰ᠎ᠤᠨ ᠠᠮᠤᠷ ᠲᠦᠪᠰᠢᠨ᠂  ᠬᠠᠤᠯᠢ ᠴᠠᠭ᠋ᠠᠵᠠ ᠵᠢᠨ ᠵᠠᠰᠠᠭ ᠵᠠᠬᠢᠷᠭ᠋ᠠᠨ᠎ᠤ ᠠᠵᠢᠯ᠂  ᠬᠠᠤᠯᠢᠴᠢ ᠵᠢᠨ ᠠᠵᠢᠯ᠂  ᠬᠠᠤᠯᠢ ᠵᠢᠨ ᠤᠬᠠᠭ᠋ᠠᠨ᠎ᠤ ᠵᠢᠭ᠋ᠠᠨ ᠰᠤᠷᠭ᠋ᠠᠯᠲᠠ ᠪᠠ ᠰᠤᠳᠤᠯᠭ᠋ᠠᠨ᠎ᠤ ᠠᠵᠢᠯ᠂  ᠨᠠᠮ᠎ᠤᠨ ᠤᠯᠤᠰ ᠲᠦᠷᠦ ᠬᠠᠤᠯᠢ ᠴᠠᠭ᠋ᠠᠵᠠ ᠵᠢᠨ ᠬᠣᠷᠢᠶ᠎ᠠ ᠵᠢᠴᠢ ᠵᠠᠰᠠᠭ᠎ᠤᠨ ᠣᠷᠳᠣᠨ᠎ᠤ ᠰᠠᠯᠠᠭ᠎ᠠ ᠮᠥᠴᠢᠷ᠎ᠲᠠᠬᠢ ᠬᠠᠤᠯᠢ ᠳᠦᠷᠢᠮ᠎ᠤᠨ ᠠᠵᠢᠯ ᠵᠢᠴᠢ ᠤᠯᠤᠰ᠎ᠤᠨ ᠬᠣᠯᠪᠣᠭᠳᠠᠯ ᠪᠦᠬᠦᠢ ᠲᠣᠭᠲᠠᠭ᠋ᠠᠯ ᠶᠣᠰᠣᠭ᠋ᠠᠷ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ ᠣᠯᠬᠤ ᠶᠣᠰᠣᠲᠠᠢ ᠪᠤᠰᠤᠳ ᠠᠵᠢᠯ᠎ᠢ ᠬᠢᠬᠦ ᠵᠢ ᠵᠢᠭ᠋ᠠᠵᠤ ᠪᠠᠢ᠌ᠨ᠎ᠠ᠃ 

      《ᠬᠠᠤᠯᠢ ᠴᠠᠭ᠋ᠠᠵᠠ ᠵᠢᠨ ᠠᠵᠢᠯ ᠬᠢᠭᠡᠳ ᠪᠦᠬᠦᠯᠢ ᠭᠤᠷᠪᠠᠨ ᠵᠢᠯ ᠪᠣᠯᠤᠭᠰᠠᠨ》  ᠰᠢᠯᠭ᠋ᠠᠯᠲᠠ᠎ᠳᠤ ᠨᠡᠷ᠎ᠡ ᠮᠡᠳᠡᠭᠦᠯᠦᠭᠰᠡᠳ 2025 ᠣᠨ᠎ᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠬᠦ ᠬᠤᠭᠤᠴᠠᠭ᠎ᠠ ᠳᠠᠭᠤᠰᠬᠤ ᠦᠶ᠎ᠡ᠎ᠳᠤ᠂  ᠬᠠᠤᠯᠢ ᠴᠠᠭ᠋ᠠᠵᠠ ᠵᠢᠨ ᠠᠵᠢᠯ᠎ᠤᠨ ᠵᠢᠯ ᠬᠤᠭᠤᠴᠠᠭ᠎ᠠ ᠎ᠨᠢ ᠵᠠᠷᠴᠢᠮ ᠳᠡᠭᠡᠷ᠎ᠡ᠎ᠪᠠᠨ ᠪᠦᠬᠦᠯᠢ ᠭᠤᠷᠪᠠᠨ ᠵᠢᠯ ᠪᠠᠢ᠌ᠬᠤ ᠬᠡᠷᠡᠭᠲᠡᠢ᠃  ᠬᠠᠤᠯᠢ ᠴᠠᠭ᠋ᠠᠵᠠ ᠵᠢᠨ ᠠᠵᠢᠯ᠎ᠤᠨ ᠵᠢᠯ ᠬᠤᠭᠤᠴᠠᠭ᠎ᠠ ᠵᠢᠨ ᠡᠬᠢᠯᠡᠵᠦ ᠪᠤᠳᠤᠬᠤ ᠴᠠᠭ᠎ᠨᠢ ᠪᠦᠬᠦᠯᠢ ᠡᠳᠦᠷ᠎ᠤᠨ ᠳᠦᠷᠢᠮᠲᠦ ᠡ᠊ᠩ᠎ᠤᠨ ᠳᠡᠭᠡᠳᠦ ᠰᠤᠷᠭ᠋ᠠᠭᠤᠯᠢ ᠵᠢᠨ  ᠬᠠᠤᠯᠢ ᠵᠢᠨ  ᠤᠬᠠᠭ᠋ᠠᠨ ᠪᠤᠰᠤ  ᠲᠦᠷᠦᠯ᠎ᠤᠨ ᠵᠢᠩᠬᠢᠨᠢ ᠠᠩᠭᠢ ᠵᠢᠴᠢ ᠲᠡᠭᠦᠨ᠎ᠠᠴᠠ ᠳᠡᠭᠡᠭᠰᠢᠬᠢ ᠰᠤᠷᠤᠯᠭ᠎ᠠ ᠵᠢᠨ ᠨᠠᠮᠲᠠᠷ ᠪᠠ ᠡᠷᠳᠡᠮ᠎ᠤᠨ ᠴᠣᠯᠠ ᠵᠢ ᠣᠯᠣᠭᠰᠠᠨ᠎ᠤ ᠲᠠᠷᠠᠭ᠎ᠠ᠂  ᠵᠢᠩᠬᠢᠨᠢ᠎ᠪᠠᠷ ᠠᠵᠢᠯ᠎ᠳᠤ ᠣᠷᠣᠵᠤ ᠨᠡᠷ᠎ᠡ ᠮᠡᠳᠡᠭᠦᠯᠬᠦ ᠪᠤᠶᠤ ᠬᠥᠳᠡᠯᠮᠦᠷᠢ ᠵᠢᠨ ᠭᠡᠷ᠎ᠡ᠎ᠳᠤ ᠪᠣᠯᠵᠣᠨ ᠲᠣᠭᠲᠠᠭᠰᠠᠨ ᠬᠦᠴᠦᠨ᠎ᠲᠠᠢ ᠪᠣᠯᠬᠤ ᠴᠠᠭ ᠬᠤᠭᠤᠴᠠᠭ᠎ᠠ ᠪᠣᠯᠣᠨ᠎ᠠ᠂  ᠬᠠᠤᠯᠢ ᠴᠠᠭ᠋ᠠᠵᠠ ᠵᠢᠨ ᠠᠵᠢᠯ᠎ᠤᠨ ᠵᠢᠯ ᠬᠤᠭᠤᠴᠠᠭ᠎ᠠ ᠵᠢ ᠪᠤᠳᠤᠵᠤ  ᠳᠠᠭᠤᠰᠬᠤ ᠴᠠᠭ᠎ᠢ 2025 ᠣᠨ᠎ᠤ 8 ᠰᠠᠷ᠎ᠠ ᠵᠢᠨ 31᠎ᠤ ᠡᠳᠦᠷ ᠬᠦᠷᠲᠡᠯ᠎ᠡ ᠤᠷᠲᠤᠳᠬᠠᠵᠤ ᠪᠣᠯᠣᠨ᠎ᠠ᠃ 

      ᠠᠷᠪᠠ᠂ 《ᠬᠠᠤᠯᠢ ᠴᠠᠭ᠋ᠠᠵᠠ ᠵᠢᠨ ᠠᠵᠢᠯ ᠬᠢᠭᠡᠳ ᠪᠦᠬᠦᠯᠢ ᠭᠤᠷᠪᠠᠨ ᠵᠢᠯ ᠪᠣᠯᠤᠭᠰᠠᠨ》  ᠨᠥᠬᠥᠴᠡᠯ᠎ᠳᠤ ᠨᠡᠢ᠌ᠴᠡᠬᠦ ᠠᠵᠢᠯᠲᠠᠨ 2025 ᠣᠨ᠎ᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠬᠦ᠎ᠳᠤ ᠶᠠᠮᠠᠷ ᠶᠠᠮᠠᠷ ᠮᠠᠲ᠋ᠧᠷᠢᠶᠠᠯ ᠬᠠᠩᠭ᠋ᠠᠬᠤ ᠴᠢᠬᠤᠯᠠᠲᠠᠢ ᠪᠣᠶ? 

      ᠨᠠᠮ ᠵᠠᠰᠠᠭ᠎ᠤᠨ ᠪᠠᠢ᠌ᠭᠤᠯᠭ᠎ᠠ᠂  ᠠᠵᠢᠯ ᠦᠢ᠍ᠯᠡᠰ᠎ᠤᠨ ᠨᠢᠭᠡᠴᠡ᠎ᠳᠤ ᠬᠠᠤᠯᠢ ᠴᠠᠭ᠋ᠠᠵᠠ ᠵᠢᠨ ᠠᠵᠢᠯ ᠬᠢᠵᠦ ᠪᠠᠢ᠌ᠭ᠎ᠠ ᠬᠥᠮᠥᠰ᠎ᠲᠤ ᠨᠢᠭᠡᠴᠡ ᠵᠢᠨ ᠵᠣᠬᠢᠶᠠᠨ ᠪᠠᠶ᠋ᠢᠭᠤᠯᠬᠤ ᠠᠵᠢᠯᠲᠠᠨ᠎ᠤ ᠶᠠᠪᠤᠳᠠᠯ᠎ᠤᠨ ᠰᠠᠯᠠᠭ᠎ᠠ ᠮᠥᠴᠢᠷ᠎ᠤᠨ ᠲᠠᠮᠠᠭ᠎ᠠ ᠳᠠᠷᠤᠭᠰᠠᠨ ᠠᠵᠢᠯ᠎ᠤᠨ ᠥᠩᠭᠡᠷᠡᠯᠲᠡ ᠵᠢᠨ ᠭᠡᠷᠡᠴᠢ ᠭᠠᠷᠭ᠋ᠠᠵᠤ ᠥᠭᠬᠦ ᠴᠢᠬᠤᠯᠠᠲᠠᠢ (ᠵᠠᠭᠪᠤᠷ᠎ᠤᠨ ᠭᠡᠷᠡᠴᠢ ᠵᠢ ᠨᠡᠷ᠎ᠡ ᠮᠡᠳᠡᠭᠦᠯᠬᠦ ᠰᠢᠰᠲ᠋ᠧᠮ᠎ᠤᠨ ᠲᠦᠷᠦᠭᠦᠦ ᠨᠢᠭᠤᠷ᠎ᠤᠨ 《ᠴᠢᠬᠤᠯᠠ ᠵᠦᠢ᠍ᠯ》᠎ᠤᠨ ᠬᠡᠰᠡᠭ᠎ᠲᠤ ᠪᠠᠭᠤᠯᠭ᠋ᠠᠨ ᠳᠠᠷᠤᠮᠠᠯᠯᠠᠵᠤ ᠪᠣᠯᠣᠨ᠎ᠠ)᠂  ᠵᠢᠴᠢ ᠨᠡᠢ᠌ᠭᠡᠮ᠎ᠤᠨ ᠳᠠᠭ᠋ᠠᠳᠬᠠᠯ᠎ᠤᠨ ᠬᠠᠮᠢᠶᠠᠷᠤᠯᠲᠠ ᠵᠢᠨ ᠪᠠᠢ᠌ᠭᠤᠯᠤᠮᠵᠢ ᠵᠢᠨ ᠭᠠᠷᠭ᠋ᠠᠭᠰᠠᠨ ᠨᠠᠰᠤᠵᠢᠯ᠎ᠤᠨ ᠠᠰᠠᠷᠠᠮᠵᠢ ᠵᠢᠨ ᠳᠠᠭ᠋ᠠᠳᠬᠠᠯ᠎ᠤᠨ ᠲᠤᠰᠢᠶᠠᠭᠰᠠᠨ ᠭᠡᠷᠡᠴᠢ (ᠲᠤᠰᠢᠶᠠᠭᠰᠠᠨ  ᠨᠢᠭᠡᠴᠡ ᠵᠢᠨ ᠨᠡᠷᠡᠢ᠌ᠳᠦᠯ ᠵᠢᠴᠢ ᠲᠤᠰᠢᠶᠠᠭᠰᠠᠨ ᠴᠠᠭ ᠬᠤᠭᠤᠴᠠᠭ᠎ᠠ  ᠪᠠᠢ᠌ᠬᠤ ᠬᠡᠷᠡᠭᠲᠡᠢ᠂  ᠳᠣᠷᠣᠭᠰᠢ ᠠᠳᠠᠯᠢ)᠂  ᠨᠠᠰᠤᠵᠢᠯ᠎ᠤᠨ ᠠᠰᠠᠷᠠᠮᠵᠢ ᠵᠢᠨ ᠳᠠᠭ᠋ᠠᠳᠬᠠᠯ᠎ᠤᠨ ᠲᠤᠰᠢᠶᠠᠭᠰᠠᠨ ᠭᠡᠷᠡᠴᠢ ᠭᠠᠷᠭ᠋ᠠᠵᠤ ᠳᠡᠶ᠋ᠢᠯᠬᠦ ᠦᠭᠡᠢ ᠪᠣᠯ ᠬᠠᠤᠯᠢ ᠴᠠᠭ᠋ᠠᠵᠠ ᠵᠢᠨ ᠠᠵᠢᠯ ᠡᠷᠭᠢᠯᠡᠵᠦ ᠪᠠᠢ᠌ᠭ᠎ᠠ ᠠᠵᠢᠯ᠎ᠤᠨ ᠦᠨᠡᠮᠯᠡᠯ᠎ᠢ ᠭᠠᠷᠭ᠋ᠠᠵᠤ ᠥᠭᠴᠦ ᠪᠣᠯᠣᠨ᠎ᠠ;  ᠬᠠᠤᠯᠢᠴᠢ ᠵᠢᠨ ᠬᠡᠷᠡᠭ ᠡᠷᠬᠢᠯᠡᠬᠦ ᠭᠠᠵᠠᠷ ᠵᠢᠴᠢ ᠪᠤᠰᠤᠳ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ᠎ᠳᠤ ᠬᠠᠤᠯᠢ ᠴᠠᠭ᠋ᠠᠵᠠ ᠵᠢᠨ ᠠᠵᠢᠯ ᠬᠢᠵᠦ ᠪᠠᠢ᠌ᠭ᠎ᠠ ᠬᠥᠮᠥᠰ᠎ᠲᠤ ᠵᠣᠬᠢᠴᠠᠩᠭᠤᠢ ᠬᠥᠳᠡᠯᠮᠦᠷᠢ ᠵᠢᠨ ᠤᠷᠢᠨ ᠬᠡᠷᠡᠭᠯᠡᠬᠦ ᠭᠡᠷ᠎ᠡ ᠵᠢᠴᠢ ᠨᠠᠰᠤᠵᠢᠯ᠎ᠤᠨ ᠠᠰᠠᠷᠠᠮᠵᠢ ᠵᠢᠨ ᠳᠠᠭ᠋ᠠᠳᠬᠠᠯ᠎ᠤᠨ ᠲᠤᠰᠢᠶᠠᠭᠰᠠᠨ ᠭᠡᠷᠡᠴᠢ ᠵᠢ ᠭᠠᠷᠭ᠋ᠠᠵᠤ ᠥᠭᠬᠦ ᠬᠡᠷᠡᠭᠲᠡᠢ᠃ 

      ᠨᠡᠷ᠎ᠡ ᠮᠡᠳᠡᠭᠦᠯᠦᠭᠰᠡᠳ ᠰᠦᠯᠵᠢᠶᠡᠨ ᠳᠡᠭᠡᠷ᠎ᠡ ᠨᠡᠷ᠎ᠡ ᠮᠡᠳᠡᠭᠦᠯᠬᠦ᠎ᠳᠡᠭᠡᠨ ᠱᠠᠭ᠋ᠠᠷᠳᠠᠯᠭ᠎ᠠ ᠶᠣᠰᠣᠭ᠋ᠠᠷ ᠭᠡᠷᠡᠴᠢᠯᠡᠬᠦ ᠮᠠᠲ᠋ᠧᠷᠢᠶᠠᠯ᠎ᠢ ᠳᠡᠭᠡᠭᠰᠢ ᠳᠠᠮᠵᠢᠭᠤᠯᠬᠤ ᠵᠢᠨ ᠬᠠᠮᠲᠤ 《ᠬᠠᠤᠯᠢ ᠴᠠᠭ᠋ᠠᠵᠠ ᠵᠢᠨ ᠠᠵᠢᠯ᠎ᠢ ᠪᠦᠬᠦᠯᠢ ᠭᠤᠷᠪᠠᠨ ᠵᠢᠯ ᠬᠢᠭᠰᠡᠨ ᠠᠮᠠᠯᠠᠯᠲᠠ ᠵᠢᠨ ᠪᠢᠴᠢᠭ》᠎ᠲᠤ ᠭᠠᠷ᠎ᠤᠨ ᠦᠰᠦᠭ ᠵᠢᠷᠤᠬᠤ ᠬᠡᠷᠡᠭᠲᠡᠢ᠃  ᠰᠢᠯᠭ᠋ᠠᠯᠲᠠ᠎ᠳᠤ ᠬᠢᠷᠢ ᠲᠡᠩᠴᠡᠭᠰᠡᠨ᠎ᠤ ᠲᠠᠷᠠᠭ᠎ᠠ᠂  ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ ᠣᠯᠭᠣᠬᠤ᠎ᠪᠠᠷ ᠭᠤᠶᠤᠴᠢᠯᠠᠬᠤ ᠱᠠᠲᠤᠨ᠎ᠳᠤ ᠱᠠᠭ᠋ᠠᠷᠳᠠᠯᠭ᠎ᠠ ᠶᠣᠰᠣᠭ᠋ᠠᠷ ᠵᠣᠬᠢᠴᠠᠩᠭᠤᠢ ᠪᠢᠴᠢᠭ᠎ᠤᠨ ᠮᠠᠲ᠋ᠧᠷᠢᠶᠠᠯ᠎ᠢ ᠭᠠᠷᠭ᠋ᠠᠵᠤ ᠥᠭᠭᠦᠨ᠎ᠡ᠃ 

      ᠠᠷᠪᠠᠨ ᠨᠢᠭᠡ᠂  ᠪᠦᠬᠦᠯᠢ ᠡᠳᠦᠷ᠎ᠤᠨ ᠳᠦᠷᠢᠮᠲᠦ ᠡᠩ᠎ᠤᠨ ᠳᠡᠭᠡᠳᠦ ᠰᠤᠷᠭ᠋ᠠᠭᠤᠯᠢ᠂  ᠴᠡᠷᠢᠭ᠎ᠤᠨ ᠳᠡᠭᠡᠳᠦ ᠰᠤᠷᠭ᠋ᠠᠭᠤᠯᠢ ᠵᠢᠨ 2026 ᠣᠨ᠎ᠤ ᠲᠣᠰ ᠬᠤᠭᠤᠴᠠᠭ᠋ᠠᠨ᠎ᠤ ᠵᠢᠩᠬᠢᠨᠢ ᠠᠩᠭᠢ᠂  ᠮᠠᠰᠲ᠋ᠧᠷ ᠵᠢᠴᠢ ᠲᠡᠭᠦᠨ᠎ᠠᠴᠠ ᠳᠡᠭᠡᠭᠰᠢᠬᠢ ᠰᠤᠷᠤᠯᠭ᠎ᠠ ᠵᠢᠨ ᠨᠠᠮᠲᠠᠷ᠎ᠲᠠᠢ ᠲᠡᠭᠦᠰᠬᠦ ᠰᠣᠷᠣᠭᠴᠢ 2025 ᠣᠨ᠎ᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠬᠦ᠎ᠳᠤ ᠲᠤᠰᠬᠠᠢ ᠮᠡᠷᠭᠡᠵᠢᠯ᠎ᠤᠨ ᠰᠤᠷᠤᠯᠭ᠎ᠠ ᠵᠢᠨ ᠨᠠᠮᠲᠠᠷ᠎ᠤᠨ ᠲᠠᠯ᠎ᠠ᠎ᠪᠠᠷ ᠶᠠᠮᠠᠷ ᠶᠠᠮᠠᠷ ᠱᠠᠭ᠋ᠠᠷᠳᠠᠯᠭ᠎ᠠ᠎ᠲᠠᠢ ᠪᠣᠶ? 

      ᠪᠦᠬᠦᠯᠢ ᠡᠳᠦᠷ᠎ᠤᠨ ᠳᠦᠷᠢᠮᠲᠦ ᠡᠩ᠎ᠤᠨ ᠳᠡᠭᠡᠳᠦ ᠰᠤᠷᠭ᠋ᠠᠭᠤᠯᠢ᠂  ᠴᠡᠷᠢᠭ᠎ᠤᠨ ᠳᠡᠭᠡᠳᠦ ᠰᠤᠷᠭ᠋ᠠᠭᠤᠯᠢ ᠵᠢᠨ 2026 ᠣᠨ᠎ᠤ ᠲᠣᠰ ᠬᠤᠭᠤᠴᠠᠭ᠋ᠠᠨ᠎ᠤ ᠵᠢᠩᠬᠢᠨᠢ ᠠᠩᠭᠢ᠂  ᠮᠠᠰᠲ᠋ᠧᠷ ᠵᠢᠴᠢ ᠲᠡᠭᠦᠨ᠎ᠠᠴᠠ ᠳᠡᠭᠡᠭᠰᠢᠬᠢ ᠰᠤᠷᠤᠯᠭ᠎ᠠ ᠵᠢᠨ ᠨᠠᠮᠲᠠᠷ᠎ᠲᠠᠢ ᠲᠡᠭᠦᠰᠬᠦ ᠰᠣᠷᠣᠭᠴᠢ (ᠲᠤᠰᠬᠠᠢ ᠮᠡᠷᠭᠡᠵᠢᠯ᠎ᠠᠴᠠ ᠵᠢᠩᠬᠢᠨᠢ ᠠᠩᠭᠢ᠎ᠳᠤ ᠳᠡᠪᠰᠢᠬᠦ᠂  ᠬᠣᠶᠠᠳᠤᠭ᠋ᠠᠷ ᠣᠶᠤᠲᠠᠨ᠎ᠤ ᠴᠣᠯᠠ᠂  ᠲᠤᠰᠬᠠᠢ ᠮᠡᠷᠭᠡᠵᠢᠯ᠎ᠠᠴᠠ ᠰᠤᠳᠤᠯᠬᠤ ᠰᠣᠷᠣᠭᠴᠢ᠎ᠳᠤ ᠳᠡᠪᠰᠢᠬᠦ ᠪᠠᠭᠲᠠᠨ᠎ᠠ) 2025 ᠣᠨ᠎ᠤ ᠤᠯᠤᠰ᠎ᠤᠨ ᠨᠢᠭᠡᠳᠦᠯᠲᠡᠢ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠵᠦ ᠣᠷᠣᠯᠴᠠᠵᠤ ᠪᠣᠯᠣᠨ᠎ᠠ᠃  ᠡᠭᠦᠨ᠎ᠤ ᠳᠣᠲᠣᠷ᠎ᠠ᠄ 

      《ᠬᠡᠷᠡᠭᠵᠢᠭᠦᠯᠬᠦ ᠠᠷᠭ᠎ᠠ》 ᠵᠢᠨ ᠬᠣᠷᠢᠨ ᠬᠣᠶᠠᠳᠤᠭ᠋ᠠᠷ ᠵᠦᠢ᠍ᠯ᠂  ᠬᠣᠷᠢᠨ ᠭᠤᠷᠪᠠᠳᠤᠭ᠋ᠠᠷ ᠵᠦᠢ᠍ᠯ᠎ᠤᠨ ᠲᠣᠭᠲᠠᠭ᠋ᠠᠯ᠎ᠢ ᠦᠨᠳᠦᠰᠦᠯᠡᠪᠡᠯ᠂ 《ᠬᠠᠭᠤᠴᠢᠨ ᠠᠷᠭ᠎ᠠ》 ᠵᠢᠨ ᠲᠤᠰᠬᠠᠢ ᠮᠡᠷᠭᠡᠵᠢᠯ᠎ᠤᠨ ᠰᠤᠷᠤᠯᠭ᠎ᠠ ᠵᠢᠨ ᠨᠠᠮᠲᠠᠷ᠎ᠤᠨ ᠨᠥᠬᠥᠴᠡᠯ᠎ᠳᠤ ᠲᠣᠬᠢᠷᠠᠬᠤ ᠪᠤᠶᠤ ᠠᠭᠤᠵᠢᠭᠤ  ᠲᠥᠷᠥ ᠵᠢᠨ ᠪᠣᠳᠣᠯᠭ᠎ᠠ ᠵᠢ ᠭᠥᠷᠳᠡᠬᠦ᠎ᠪᠠᠷ ᠭᠤᠶᠤᠴᠢᠯᠠᠭᠰᠠᠨ 2026 ᠣᠨ᠎ᠤ ᠲᠣᠰ ᠬᠤᠭᠤᠴᠠᠭ᠋ᠠᠨ᠎ᠤ ᠲᠡᠭᠦᠰᠬᠦ ᠰᠤᠷᠤᠭᠴᠢᠳ ᠪᠦᠬᠦᠯᠢ ᠡᠳᠦᠷ᠎ᠤᠨ ᠳᠦᠷᠢᠮᠲᠦ ᠡᠩ᠎ᠤᠨ ᠳᠡᠭᠡᠳᠦ ᠰᠤᠷᠭ᠋ᠠᠭᠤᠯᠢ᠂  ᠴᠡᠷᠢᠭ᠎ᠤᠨ ᠳᠡᠭᠡᠳᠦ ᠰᠤᠷᠭ᠋ᠠᠭᠤᠯᠢ ᠵᠢᠨ ᠵᠢᠩᠬᠢᠨᠢ ᠠᠩᠭᠢ᠂  ᠮᠠᠰᠲ᠋ᠧᠷ ᠵᠢᠴᠢ ᠲᠡᠭᠦᠨ᠎ᠠᠴᠠ ᠳᠡᠭᠡᠭᠰᠢᠬᠢ ᠰᠤᠷᠤᠯᠭ᠎ᠠ ᠵᠢᠨ ᠨᠠᠮᠲᠠᠷ᠎ᠲᠠᠢ ᠪᠠᠢ᠌ᠬᠤ ᠬᠡᠷᠡᠭᠲᠡᠢ᠃ 

      《ᠬᠡᠷᠡᠭᠵᠢᠭᠦᠯᠬᠦ ᠠᠷᠭ᠎ᠠ》 ᠵᠢᠨ ᠶᠢᠰᠦᠳᠦᠭᠡᠷ ᠵᠦᠢ᠍ᠯ᠎ᠤᠨ ᠲᠣᠭᠲᠠᠭ᠋ᠠᠯ᠎ᠢ ᠦᠨᠳᠦᠰᠦᠯᠡᠪᠡᠯ᠂ 《ᠰᠢᠨ᠎ᠡ

ᠠᠷᠭ᠎ᠠ》 ᠵᠢᠨ ᠲᠤᠰᠬᠠᠢ ᠮᠡᠷᠭᠡᠵᠢᠯ᠎ᠤᠨ ᠰᠤᠷᠤᠯᠭ᠎ᠠ ᠵᠢᠨ ᠨᠠᠮᠲᠠᠷ᠎ᠤᠨ ᠨᠥᠬᠥᠴᠡᠯ᠎ᠳᠤ ᠲᠣᠬᠢᠷᠠᠬᠤ 2026 ᠣᠨ᠎ᠤ ᠲᠣᠰ ᠬᠤᠭᠤᠴᠠᠭ᠋ᠠᠨ᠎ᠤ ᠲᠡᠭᠦᠰᠬᠦ ᠰᠤᠷᠤᠭᠴᠢᠳ ᠪᠦᠬᠦᠯᠢ ᠡᠳᠦᠷ᠎ᠤᠨ ᠳᠦᠷᠢᠮᠲᠦ ᠡᠩ᠎ᠤᠨ ᠳᠡᠭᠡᠳᠦ ᠵᠡᠷᠭᠡ ᠵᠢᠨ ᠰᠤᠷᠭ᠋ᠠᠭᠤᠯᠢ ᠵᠢᠨ ᠬᠠᠤᠯᠢ ᠵᠢᠨ ᠤᠬᠠᠭ᠋ᠠᠨ᠎ᠤ ᠲᠥᠷᠥᠯ᠎ᠤᠨ ᠵᠢᠩᠬᠢᠨᠢ ᠠᠩᠭᠢ᠎ᠠᠴᠠ ᠲᠡᠭᠦᠰᠦᠭᠰᠡᠨ ᠰᠤᠷᠤᠯᠭ᠎ᠠ ᠵᠢᠨ ᠨᠠᠮᠲᠠᠷ ᠪᠠ ᠡᠷᠳᠡᠮ᠎ᠤᠨ ᠴᠣᠯᠠ ᠪᠤᠶᠤ ᠬᠠᠤᠯᠢ ᠴᠠᠭ᠋ᠠᠵᠠ ᠵᠢᠨ ᠮᠠᠰᠲ᠋ᠧᠷ᠂  ᠬᠠᠤᠯᠢ ᠵᠢᠨ ᠤᠬᠠᠭ᠋ᠠᠨ᠎ᠤ ᠮᠠᠰᠲ᠋ᠧᠷ ᠵᠢᠴᠢ ᠲᠡᠭᠦᠨ᠎ᠠᠴᠠ ᠳᠡᠭᠡᠭᠰᠢᠬᠢ ᠰᠤᠷᠤᠯᠭ᠎ᠠ ᠵᠢᠨ ᠨᠠᠮᠲᠠᠷ ᠪᠠ ᠡᠷᠳᠡᠮ᠎ᠤᠨ ᠴᠣᠯᠠ ᠵᠢ ᠣᠯᠬᠤ ᠬᠡᠷᠡᠭᠲᠡᠢ᠃ 

      《ᠬᠡᠷᠡᠭᠵᠢᠭᠦᠯᠬᠦ ᠠᠷᠭ᠎ᠠ》 ᠵᠢ ᠬᠡᠷᠡᠭᠵᠢᠭᠦᠯᠦᠭᠰᠡᠨ᠎ᠤ ᠳᠠᠷᠠᠭ᠎ᠠ ᠰᠤᠷᠭ᠋ᠠᠭᠤᠯᠢ ᠵᠢᠨ ᠬᠠᠷᠢᠶ᠎ᠠ ᠣᠯᠣᠭᠰᠠᠨ ᠴᠡᠷᠢᠭ᠎ᠤᠨ ᠳᠡᠭᠡᠳᠦ ᠰᠤᠷᠭ᠋ᠠᠭᠤᠯᠢ ᠵᠢᠨ 2026 ᠣᠨ᠎ᠤ ᠲᠣᠰ ᠬᠤᠭᠤᠴᠠᠭ᠋ᠠᠨ᠎ᠤ ᠲᠡᠭᠦᠰᠬᠦ ᠰᠤᠷᠤᠭᠴᠢᠳ ᠴᠡᠷᠢᠭ᠎ᠤᠨ ᠳᠡᠭᠡᠳᠦ ᠰᠤᠷᠭ᠋ᠠᠭᠤᠯᠢ ᠵᠢᠨ ᠪᠦᠬᠦᠯᠢ ᠡᠳᠦᠷ᠎ᠤᠨ ᠳᠦᠷᠢᠮᠲᠦ ᠵᠢᠩᠬᠢᠨᠢ ᠠᠩᠭᠢ ᠵᠢᠴᠢ ᠲᠡᠭᠦᠨ᠎ᠠᠴᠠ ᠳᠡᠭᠡᠭᠰᠢᠬᠢ ᠰᠤᠷᠤᠯᠭ᠎ᠠ ᠲᠡᠭᠦᠰᠦᠭᠰᠡᠨ ᠰᠤᠷᠤᠯᠭ᠎ᠠ ᠵᠢᠨ ᠨᠠᠮᠲᠠᠷ ᠪᠠ ᠡᠷᠳᠡᠮ᠎ᠤᠨ ᠴᠣᠯᠠ ᠵᠢ ᠣᠯᠣᠭᠰᠠᠨ ᠪᠠᠢ᠌ᠬᠤ ᠬᠡᠷᠡᠭᠲᠡᠢ᠃ 

      ᠠᠷᠪᠠᠨ ᠬᠣᠶᠠᠷ᠂  ᠵᠢᠩᠬᠢᠨᠢ ᠠᠩᠭᠢ᠎ᠨᠢ  ᠬᠠᠤᠯᠢ ᠵᠢᠨ ᠤᠬᠠᠭ᠋ᠠᠨ ᠪᠤᠰᠤ  ᠲᠥᠷᠥᠯ᠎ᠤᠨ ᠲᠤᠰᠬᠠᠢ ᠮᠡᠷᠭᠡᠵᠢᠯ ᠪᠤᠶᠤ ᠪᠦᠬᠦᠯᠢ ᠡᠳᠦᠷ᠎ᠤᠨ ᠳᠦᠷᠢᠮᠲᠦ ᠪᠤᠰᠤ ᠰᠤᠷᠤᠯᠭ᠎ᠠ ᠵᠢᠨ ᠨᠠᠮᠲᠠᠷ᠎ᠲᠠᠢ 2026 ᠣᠨ᠎ᠤ ᠲᠣᠰ ᠬᠤᠭᠤᠴᠠᠭ᠋ᠠᠨ᠎ᠤ ᠬᠠᠤᠯᠢ ᠵᠢᠨ ᠤᠬᠠᠭ᠋ᠠᠨ᠎ᠤ ᠮᠠᠰᠲ᠋ᠧᠷ᠂  ᠬᠠᠤᠯᠢ ᠴᠠᠭ᠋ᠠᠵᠠ ᠵᠢᠨ ᠮᠠᠰᠲ᠋ᠧᠷ  ᠲᠡᠬᠦᠰᠬᠦ ᠰᠣᠷᠣᠭᠴᠢ 2025 ᠣᠨ᠎ᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠵᠦ ᠪᠣᠯᠣᠨ᠎ᠠ ᠦᠦ ᠦᠭᠡᠢ ᠦᠦ? 

      ᠪᠣᠳᠠᠲᠠᠢ᠎ᠪᠠᠷ ᠬᠡᠯᠡᠪᠡᠯ ᠭᠤᠷᠪᠠᠨ ᠵᠦᠢ᠍ᠯ᠎ᠤᠨ ᠪᠠᠢ᠌ᠳᠠᠯ᠎ᠳᠤ ᠬᠤᠪᠢᠶᠠᠨ᠎ᠠ᠄ 

      ᠨᠢᠭᠡ᠎ᠳᠤ᠂ 《ᠬᠡᠷᠡᠭᠵᠢᠭᠦᠯᠬᠦ ᠠᠷᠭ᠎ᠠ》 ᠵᠢᠨ ᠬᠣᠷᠢᠨ ᠬᠣᠶᠠᠳᠤᠭ᠋ᠠᠷ ᠵᠦᠢ᠍ᠯ᠎ᠤᠨ ᠲᠣᠭᠲᠠᠭ᠋ᠠᠯ᠎ᠢ ᠦᠨᠳᠦᠰᠦᠯᠡᠪᠡᠯ᠂ 《ᠬᠠᠭᠤᠴᠢᠨ ᠠᠷᠭ᠎ᠠ》᠎ᠳᠤ ᠲᠣᠭᠲᠠᠭ᠋ᠠᠭᠰᠠᠨ ᠲᠤᠰᠬᠠᠢ ᠮᠡᠷᠭᠡᠵᠢᠯ᠎ᠤᠨ ᠰᠤᠷᠤᠯᠭ᠎ᠠ ᠵᠢᠨ ᠨᠠᠮᠲᠠᠷ᠎ᠲᠠᠢ ᠬᠥᠮᠥᠰ ᠳᠡᠭᠡᠳᠦ ᠵᠡᠷᠭᠡ ᠵᠢᠨ ᠰᠤᠷᠭ᠋ᠠᠨ ᠬᠥᠮᠦᠵᠢᠯ᠎ᠤᠨ ᠵᠢᠩᠬᠢᠨᠢ ᠠᠩᠭᠢ ᠲᠡᠭᠦᠰᠦᠭᠰᠡᠨ ᠰᠤᠷᠤᠯᠭ᠎ᠠ ᠵᠢᠨ ᠨᠠᠮᠲᠠᠷ ᠵᠶ᠋ᠡᠷ ᠵᠶ᠋ᠡᠨ 2025 ᠣᠨ᠎ᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠵᠦ ᠪᠣᠯᠣᠨ᠎ᠠ᠃  ᠬᠣᠶᠠᠷ᠎ᠲᠤ᠂ 《ᠬᠡᠷᠡᠭᠵᠢᠭᠦᠯᠬᠦ ᠠᠷᠭ᠎ᠠ》 ᠵᠢᠨ ᠶᠢᠰᠦᠳᠦᠭᠡᠷ ᠵᠦᠢ᠍ᠯ᠎ᠤᠨ ᠲᠣᠭᠲᠠᠭ᠋ᠠᠯ᠎ᠢ ᠦᠨᠳᠦᠰᠦᠯᠡᠪᠡᠯ᠂ 《ᠰᠢᠨ᠎ᠡ ᠠᠷᠭ᠎ᠠ》᠎ᠳᠤ ᠲᠣᠭᠲᠠᠭ᠋ᠠᠭᠰᠠᠨ  ᠲᠤᠰᠬᠠᠢ ᠮᠡᠷᠭᠡᠵᠢᠯ᠎ᠤᠨ ᠰᠤᠷᠤᠯᠭ᠎ᠠ ᠵᠢᠨ ᠨᠠᠮᠲᠠᠷ᠎ᠲᠠᠢ ᠬᠥᠮᠥᠰ ᠵᠣᠬᠢᠬᠤ ᠰᠤᠷᠤᠯᠭ᠎ᠠ ᠵᠢᠨ ᠨᠠᠮᠲᠠᠷ ᠡᠷᠳᠡᠮ᠎ᠤᠨ ᠴᠣᠯᠠ ᠵᠢᠨ ᠦᠨᠡᠮᠯᠡᠯ᠎ᠢ ᠲᠣᠭᠲᠠᠭᠰᠠᠨ ᠬᠤᠭᠤᠴᠠᠭ᠋ᠠᠨ᠎ᠳᠤ ᠣᠯᠵᠤ ᠳᠡᠶ᠋ᠢᠯᠬᠦ᠎ᠪᠠᠷ ᠠᠮᠠᠯᠠᠭᠰᠠᠨ᠎ᠤ ᠳᠠᠷᠠᠭ᠎ᠠ᠂  ᠪᠦᠬᠦᠯᠢ ᠡᠳᠦᠷ᠎ᠤᠨ ᠳᠦᠷᠢᠮᠲᠦ ᠡᠩ᠎ᠤᠨ ᠳᠡᠭᠡᠳᠦ ᠰᠤᠷᠭ᠋ᠠᠭᠤᠯᠢ ᠵᠢᠨ 2026 ᠣᠨ᠎ᠳᠤ ᠲᠣᠰ ᠬᠤᠭᠤᠴᠠᠭ᠋ᠠᠨ᠎ᠤ ᠠᠰᠫᠢᠷᠠᠨᠲ ᠲᠡᠭᠦᠰᠦᠭᠰᠡᠨ  ᠰᠣᠷᠣᠭᠴᠢ ᠵᠢᠨ  ᠬᠤᠪᠢ᠎ᠪᠠᠷ  ᠰᠢᠯᠭ᠋ᠠᠯᠲᠠ᠎ᠳᠤ ᠨᠡᠷ᠎ᠡ ᠮᠡᠳᠡᠭᠦᠯᠵᠦ ᠪᠣᠯᠣᠨ᠎ᠠ᠃  ᠭᠤᠷᠪᠠ᠎ᠳᠤ᠂ 《ᠬᠡᠷᠡᠭᠵᠢᠭᠦᠯᠬᠦ ᠠᠷᠭ᠎ᠠ》 ᠵᠢᠨ ᠶᠢᠰᠦᠳᠦᠭᠡᠷ ᠵᠦᠢ᠍ᠯ᠂  ᠬᠣᠷᠢᠨ ᠭᠤᠷᠪᠠᠳᠤᠭ᠋ᠠᠷ ᠵᠦᠢ᠍ᠯ᠎ᠤᠨ ᠲᠣᠭᠲᠠᠭ᠋ᠠᠯ᠎ᠢ ᠦᠨᠳᠦᠰᠦᠯᠡᠪᠡᠯ᠂ 《ᠰᠢᠨ᠎ᠡ ᠠᠷᠭ᠎ᠠ》 ᠵᠢᠨ ᠲᠤᠰᠬᠠᠢ ᠮᠡᠷᠭᠡᠵᠢᠯ᠎ᠤᠨ ᠰᠤᠷᠤᠯᠭ᠎ᠠ ᠵᠢᠨ ᠨᠠᠮᠲᠠᠷ᠎ᠲᠠᠢ ᠬᠥᠮᠥᠰ᠎ᠤᠨ ᠡᠷᠦᠬᠡ ᠠᠮᠠ ᠵᠢᠨ ᠲᠠᠩᠰᠠ ᠵᠢ ᠠᠭᠤᠵᠢᠭᠤ ᠲᠠᠯᠪᠢᠭᠰᠠᠨ ᠭᠠᠵᠠᠷ ᠣᠷᠣᠨ᠎ᠳᠤ ᠪᠠᠢ᠌ᠬᠤ ᠮᠥᠷᠲᠡᠭᠡᠨ ᠠᠭᠤᠵᠢᠭᠤ  ᠲᠥᠷᠥ ᠵᠢᠨ ᠪᠣᠳᠣᠯᠭ᠎ᠠ ᠵᠢ ᠭᠥᠷᠳᠡᠬᠦ᠎ᠪᠠᠷ ᠭᠤᠶᠤᠴᠢᠯᠠᠪᠠᠯ᠂  ᠳᠡᠭᠡᠳᠦ ᠵᠡᠷᠭᠡ ᠵᠢᠨ ᠰᠤᠷᠭ᠋ᠠᠨ ᠬᠥᠮᠦᠵᠢᠯ᠎ᠤᠨ ᠵᠢᠩᠬᠢᠨᠢ ᠠᠩᠭᠢ ᠲᠡᠭᠦᠰᠬᠦ ᠰᠤᠷᠤᠯᠭ᠎ᠠ ᠵᠢᠨ ᠨᠠᠮᠲᠠᠷ ᠵᠶ᠋ᠠᠷ ᠨᠡᠷ᠎ᠡ ᠮᠡᠳᠡᠭᠦᠯᠵᠦ ᠪᠣᠯᠣᠨ᠎ᠠ᠂  ᠭᠡᠪᠡᠴᠦ ᠰᠢᠯᠭ᠋ᠠᠯᠲᠠ᠎ᠳᠤ ᠬᠢᠷᠢ ᠲᠡᠩᠴᠡᠭᠰᠡᠨ᠎ᠤ ᠳᠠᠷᠠᠭ᠎ᠠ ᠵᠥᠪᠬᠡᠨ B᠂ C ᠲᠥᠷᠥᠯ᠎ᠤᠨ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠢ ᠣᠯᠵᠤ ᠪᠣᠯᠣᠨ᠎ᠠ᠃ 

      ᠠᠷᠪᠠᠨ ᠭᠤᠷᠪᠠ᠂  ᠠᠯᠪᠠᠨ ᠴᠡᠷᠢᠭ 2025 ᠣᠨ᠎ᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠬᠦ᠎ᠳᠤ ᠶᠠᠮᠠᠷ ᠶᠠᠮᠠᠷ ᠲᠥᠷᠥ ᠵᠢᠨ ᠪᠣᠳᠣᠯᠭ᠎ᠠ ᠵᠢᠨ ᠱᠠᠭ᠋ᠠᠷᠳᠠᠯᠭ᠎ᠠ

ᠪᠠᠢ᠌ᠬᠤ ᠪᠣᠶ? 

      ᠡᠭᠦᠨ᠎ᠳᠤ ᠭᠤᠷᠪᠠᠨ ᠲᠠᠯ᠎ᠠ᠎ᠪᠠᠷ ᠢᠯᠡᠷᠡᠵᠦ ᠪᠠᠢ᠌ᠨ᠎ᠠ᠄ 

      ᠨᠢᠭᠡ᠎ᠳᠤ 《ᠬᠡᠷᠡᠭᠵᠢᠭᠦᠯᠬᠦ ᠠᠷᠭ᠎ᠠ》 ᠵᠢ ᠬᠡᠷᠡᠭᠵᠢᠭᠦᠯᠦᠭᠰᠡᠨ᠎ᠤ ᠳᠠᠷᠠᠭ᠎ᠠ  ᠤᠯᠤᠭᠰᠠᠨ ᠳᠡᠭᠡᠳᠦ ᠵᠡᠷᠭᠡ ᠵᠢᠨ ᠰᠤᠷᠭ᠋ᠠᠨ ᠬᠥᠮᠦᠵᠢᠯ᠎ᠤᠨ  ᠰᠤᠷᠭ᠋ᠠᠭᠤᠯᠢ ᠵᠢᠨ ᠳᠠᠩᠰᠠ᠎ᠲᠠᠢ  ᠠᠯᠪᠠᠨ ᠴᠡᠷᠢᠭ᠂  ᠡᠩ᠎ᠤᠨ ᠳᠡᠭᠡᠳᠦ ᠰᠤᠷᠭ᠋ᠠᠭᠤᠯᠢ ᠪᠤᠶᠤ ᠴᠡᠷᠢᠭ᠎ᠤᠨ ᠶᠡᠬᠡ ᠳᠡᠭᠡᠳᠦ ᠰᠤᠷᠭ᠋ᠠᠭᠤᠯᠢ ᠵᠢᠨ ᠪᠦᠬᠦᠯᠢ ᠡᠳᠦᠷ᠎ᠤᠨ ᠳᠦᠷᠢᠮᠲᠦ ᠬᠠᠤᠯᠢ ᠵᠢᠨ ᠤᠬᠠᠭ᠋ᠠᠨ᠎ᠤ ᠪᠤᠰᠤ ᠲᠥᠷᠥᠯ᠎ᠤᠨ ᠲᠤᠰᠬᠠᠢ ᠮᠡᠷᠭᠡᠵᠢᠯ᠎ᠤᠨ ᠵᠢᠩᠬᠢᠨᠢ ᠠᠩᠭᠢ ᠵᠢᠴᠢ ᠲᠡᠭᠦᠨ᠎ᠠᠴᠠ ᠳᠡᠭᠡᠭᠰᠢ ᠰᠤᠷᠤᠯᠭ᠎ᠠ ᠵᠢᠨ ᠨᠠᠮᠲᠠᠷ᠎ᠲᠠᠢ ᠪᠥᠭᠡᠳ ᠵᠣᠬᠢᠴᠠᠩᠭᠤᠢ ᠡᠷᠳᠡᠮ᠎ᠤᠨ ᠴᠣᠯᠠ ᠣᠯᠣᠭᠰᠠᠨ ᠪᠠᠢ᠌ᠪᠠᠯ᠂  ᠰᠢᠯᠭ᠋ᠠᠯᠲᠠ᠎ᠳᠤ ᠨᠡᠷ᠎ᠡ ᠮᠡᠳᠡᠭᠦᠯᠵᠦ ᠪᠣᠯᠣᠨ᠎ᠠ᠃  ᠬᠣᠶᠠᠷ᠎ᠲᠤ 《ᠪᠥᠬᠥᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠴᠡᠷᠢᠭ᠎ᠤᠨ ᠬᠥᠮᠥᠨ᠎ᠤ ᠪᠠᠢ᠌ᠷᠢ ᠰᠠᠭᠤᠷᠢ ᠪᠠ ᠡᠷᠬᠡ ᠠᠰᠢᠭ᠎ᠢ ᠪᠠᠲᠤᠯᠠᠬᠤ ᠬᠠᠤᠯᠢ》  ᠵᠡᠷᠭᠡ ᠵᠢᠨ ᠲᠣᠭᠲᠠᠭ᠋ᠠᠯ᠎ᠢ ᠦᠨᠳᠦᠰᠦᠯᠡᠪᠡᠯ᠂  ᠠᠯᠪᠠᠨ ᠴᠡᠷᠢᠭ ᠴᠡᠷᠢᠭ᠎ᠲᠤ ᠣᠷᠣᠬᠤ᠎ᠳᠠᠭᠠᠨ ᠤᠤᠯ᠎ᠤᠨ ᠡᠷᠦᠭᠡ ᠠᠮᠠ ᠵᠢᠨ ᠲᠠᠨᠭ᠌ᠰᠠ᠎ᠪᠠᠨ ᠦᠯᠡᠳᠡᠭᠡᠭᠰᠡᠨ ᠪᠥᠭᠡᠳ ᠠᠭᠤᠵᠢᠭᠤ ᠲᠠᠯᠪᠢᠭᠰᠠᠨ ᠭᠠᠵᠠᠷ ᠣᠷᠣᠨ᠎ᠳᠤ ᠲᠣᠭ᠋ᠠᠴᠠᠭᠳᠠᠪᠠᠯ᠂  ᠨᠡᠷ᠎ᠡ ᠮᠡᠳᠡᠭᠦᠯᠬᠦ ᠦᠶ᠎ᠡ᠎ᠳᠤ ᠠᠭᠤᠵᠢᠭᠤ  ᠲᠦᠷᠦ ᠵᠢᠨ ᠪᠣᠳᠣᠯᠭ᠎ᠠ ᠵᠢ 

ᠬᠦᠷᠲᠡᠬᠦ᠎ᠪᠠᠷ ᠭᠤᠶᠤᠴᠢᠯᠠᠵᠤ ᠪᠣᠯᠣᠨ᠎ᠠ᠃  ᠭᠤᠷᠪᠠ᠎ᠳᠤ ᠠᠯᠪᠠᠨ ᠴᠡᠷᠢᠭ᠎ᠨᠢ ᠬᠠᠤᠯᠢ ᠴᠠᠭ᠋ᠠᠵᠠ ᠵᠢᠨ ᠶᠠᠮᠤᠨ᠎ᠤ ᠠᠯᠪᠠᠨ᠎ᠤ ᠰᠦᠯᠵᠢᠶ᠎ᠡ᠎ᠪᠠᠷ ᠳᠠᠮᠵᠢᠭᠤᠯᠤᠨ ᠰᠦᠯᠵᠢᠶᠡᠨ ᠳᠡᠭᠡᠷ᠎ᠡ ᠨᠡᠷ᠎ᠡ ᠮᠡᠳᠡᠭᠦᠯᠬᠦ᠂  ᠰᠦᠢ᠍ᠳᠬᠡᠯ ᠲᠤᠰᠢᠶᠠᠬᠤ ᠪᠠ ᠰᠢᠯᠭ᠋ᠠᠭᠤᠯᠬᠤ ᠵᠥᠪᠰᠢᠶᠡᠷᠡᠯ᠎ᠤᠨ ᠦᠨᠡᠮᠯᠡᠯ᠎ᠢ ᠳᠠᠷᠤᠮᠠᠯᠯᠠᠬᠤ ᠵᠢᠨ ᠬᠠᠮᠲᠤ ᠣᠷᠣᠨ ᠨᠤᠲᠤᠭ᠎ᠤᠨ ᠬᠠᠤᠯᠢ ᠴᠠᠭ᠋ᠠᠵᠠ ᠵᠢᠨ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠲᠣᠬᠢᠷᠠᠭᠤᠯᠤᠭᠰᠠᠨ ᠰᠢᠯᠭ᠋ᠠᠯᠲᠠ ᠵᠢᠨ ᠲᠣᠭᠣᠷᠢᠭ᠎ᠲᠤ ᠬᠦᠷᠴᠦ ᠰᠢᠯᠭ᠋ᠠᠯᠲᠠ᠎ᠳᠤ ᠣᠷᠣᠯᠴᠠᠬᠤ ᠬᠡᠷᠡᠭᠲᠡᠢ᠃ 

      ᠠᠷᠪᠠᠨ ᠳᠥᠷᠪᠡ᠂  ᠰᠢᠶᠠᠩᠭ᠋ᠠᠩ ᠣᠣᠮᠧᠨ ᠲᠠᠢ᠌ᠸᠠᠨ ᠪᠤᠶᠤ ᠭᠠᠳᠠᠭ᠋ᠠᠳᠤ ᠵᠢᠨ ᠳᠡᠭᠡᠳᠦ ᠵᠡᠷᠭᠡ ᠵᠢᠨ ᠰᠤᠷᠭ᠋ᠠᠭᠤᠯᠢ ᠵᠢᠨ ᠰᠤᠷᠤᠯᠭ᠎ᠠ ᠵᠢᠨ ᠨᠠᠮᠲᠠᠷ ᠡᠷᠳᠡᠮ᠎ᠤᠨ ᠴᠣᠯᠠ᠎ᠲᠠᠢ ᠬᠥᠮᠥᠰ ᠰᠢᠯᠭ᠋ᠠᠯᠲᠠ᠎ᠳᠤ ᠨᠡᠷ᠎ᠡ ᠮᠡᠳᠡᠭᠦᠯᠬᠦ᠎ᠳᠤ ᠶᠠᠮᠠᠷ ᠶᠠᠮᠠᠷ ᠱᠠᠭ᠋ᠠᠷᠳᠠᠯᠭ᠎ᠠ᠎ᠲᠠᠢ ᠪᠣᠶ? 

      ᠰᠢᠶᠠᠩᠭ᠋ᠠᠩ ᠣᠣᠮᠧᠨ ᠲᠠᠢ᠌ᠸᠠᠨ ᠪᠤᠶᠤ ᠭᠠᠳᠠᠭ᠋ᠠᠳᠤ ᠵᠢᠨ ᠳᠡᠭᠡᠳᠦ ᠵᠡᠷᠭᠡ ᠵᠢᠨ ᠰᠤᠷᠭ᠋ᠠᠭᠤᠯᠢ ᠵᠢᠨ ᠵᠢᠩᠬᠢᠨᠢ ᠠᠩᠭᠢ ᠵᠢᠴᠢ ᠲᠡᠭᠦᠨ᠎ᠠᠴᠠ ᠳᠡᠭᠡᠭᠰᠢᠬᠢ ᠰᠤᠷᠤᠯᠭ᠎ᠠ ᠵᠢᠨ ᠨᠠᠮᠲᠠᠷ ᠡᠷᠳᠡᠮ᠎ᠤᠨ ᠴᠣᠯᠠ᠎ᠲᠠᠢ ᠬᠥᠮᠥᠰ᠎ᠤᠨ ᠰᠤᠷᠤᠯᠭ᠎ᠠ ᠵᠢᠨ ᠨᠠᠮᠲᠠᠷ ᠡᠷᠳᠡᠮ᠎ᠤᠨ ᠴᠣᠯᠠ ᠵᠢᠨ ᠦᠨᠡᠮᠯᠡᠯ᠎ᠢ ᠰᠤᠷᠭ᠋ᠠᠨ ᠬᠥᠮᠦᠵᠢᠯ᠎ᠤᠨ ᠶᠠᠮᠤᠨ᠎ᠤ ᠭᠠᠳᠠᠭ᠋ᠠᠳᠤ᠎ᠳᠤ ᠰᠤᠷᠤᠯᠴᠠᠬᠤ ᠦᠢ᠍ᠯᠡᠴᠢᠯᠡᠭᠡᠨ᠎ᠤ ᠲᠥᠪ ᠵᠶ᠋ᠡᠷ ᠭᠡᠷᠡᠴᠢᠯᠡᠭᠦᠯᠦᠭᠰᠡᠨ᠎ᠤ ᠳᠠᠷᠠᠭ᠎ᠠ ᠡᠭᠦᠨ᠎ᠳᠤ᠂  ᠲᠥᠷᠥ ᠵᠢᠨ ᠪᠣᠳᠣᠯᠭ᠎ᠠ ᠵᠢ ᠠᠭᠤᠵᠢᠭᠤ ᠲᠠᠯᠪᠢᠬᠤ᠎ᠪᠠᠷ ᠭᠤᠶᠤᠴᠢᠯᠠᠭᠰᠠᠳ᠎ᠠᠴᠠ ᠭᠠᠳᠠᠨ᠎ᠠ᠂ 《ᠬᠡᠷᠡᠭᠵᠢᠭᠦᠯᠬᠦ ᠠᠷᠭ᠎ᠠ》 ᠵᠢ ᠬᠡᠷᠡᠭᠵᠢᠭᠦᠯᠦᠭᠰᠡᠨ᠎ᠤ ᠳᠠᠷᠠᠭ᠎ᠠ ᠰᠤᠷᠭ᠋ᠠᠭᠤᠯᠢ ᠵᠢᠨ ᠬᠠᠷᠢᠶ᠎ᠠ ᠣᠯᠣᠭᠰᠠᠨ ᠰᠢᠶᠠᠩᠭ᠋ᠠᠩ ᠣᠣᠮᠧᠨ ᠲᠠᠢ᠌ᠸᠠᠨ ᠪᠤᠶᠤ ᠭᠠᠳᠠᠭ᠋ᠠᠳᠤ ᠵᠢᠨ ᠰᠤᠷᠤᠯᠭ᠎ᠠ ᠵᠢᠨ ᠨᠠᠮᠲᠠᠷ ᠡᠷᠳᠡᠮ᠎ᠤᠨ ᠴᠣᠯᠠ ᠣᠯᠣᠭᠰᠠᠨ ᠬᠥᠮᠥᠰ ᠡᠷᠬᠡᠪᠰᠢ ᠰᠤᠷᠭ᠋ᠠᠨ ᠬᠥᠮᠦᠵᠢᠯ᠎ᠤᠨ ᠶᠠᠮᠤᠨ᠎ᠤ ᠭᠠᠳᠠᠭ᠋ᠠᠳᠤ᠎ᠳᠤ ᠰᠤᠷᠤᠯᠴᠠᠬᠤ ᠦᠢ᠍ᠯᠡᠴᠢᠯᠡᠭᠡᠨ᠎ᠤ ᠲᠥᠪ ᠵᠶ᠋ᠡᠷ ᠭᠡᠷᠡᠴᠢᠯᠡᠭᠦᠯᠦᠭᠰᠡᠨ ᠬᠠᠤᠯᠢ ᠵᠢᠨ ᠤᠬᠠᠭ᠋ᠠᠨ (ᠬᠠᠤᠯᠢ ᠴᠠᠭ᠋ᠠᠵᠠ)᠎ᠤ ᠲᠥᠷᠥᠯ᠎ᠤᠨ ᠵᠢᠩᠬᠢᠨᠢ ᠠᠩᠭᠢ ᠵᠢᠴᠢ ᠲᠡᠭᠦᠨ᠎ᠠᠴᠠ ᠳᠡᠭᠡᠭᠰᠢᠬᠢ ᠰᠤᠷᠤᠯᠭ᠎ᠠ ᠵᠢᠨ ᠨᠠᠮᠲᠠᠷ ᠡᠷᠳᠡᠮ᠎ᠤᠨ ᠴᠣᠯᠠ ᠣᠯᠣᠭᠰᠠᠨ ᠪᠠᠢ᠌ᠬᠤ ᠬᠡᠷᠡᠭᠲᠡᠢ᠃ 

      ᠠᠷᠪᠠᠨ ᠲᠠᠪᠤ᠂  ᠰᠢᠯᠭ᠋ᠠᠭᠤᠯᠤᠭᠴᠢ ᠣᠨᠳᠣᠣ ᠭᠠᠵᠠᠷ᠎ᠲᠤ ᠨᠡᠷ᠎ᠡ ᠮᠡᠳᠡᠭᠦᠯᠵᠦ ᠪᠣᠯᠣᠨ᠎ᠠ ᠦᠦ ᠦᠭᠡᠢ ᠦᠦ? 

      2025 ᠣᠨ᠎ᠳᠤ ᠤᠯᠤᠰ᠎ᠤᠨ ᠨᠢᠭᠡᠳᠦᠯᠲᠡᠢ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠪᠤᠰᠤᠳᠴᠢ ᠰᠡᠳᠦᠪ᠎ᠤᠨ ᠰᠢᠯᠭ᠋ᠠᠯᠲᠠ᠎ᠳᠤ ᠨᠡᠷ᠎ᠡ ᠮᠡᠳᠡᠭᠦᠯᠦᠭᠰᠡᠳ ᠥᠪᠡᠷ ᠵᠶ᠋ᠡᠨ ᠰᠢᠯᠭ᠋ᠠᠯᠲᠠ ᠵᠢᠨ ᠲᠣᠭᠣᠷᠢᠭ᠎ᠢ ᠰᠣᠩᠭᠣᠵᠤ ᠨᠡᠷ᠎ᠡ ᠮᠡᠳᠡᠭᠦᠯᠵᠦ ᠪᠣᠯᠣᠨ᠎ᠠ᠂  ᠡᠭᠦᠨ᠎ᠳᠤ ᠠᠵᠢᠯᠯᠠᠬᠤ᠂  ᠰᠤᠷᠤᠯᠴᠠᠬᠤ ᠪᠤᠶᠤ ᠡᠷᠦᠬᠡ ᠠᠮᠠ ᠵᠢᠨ ᠲᠠᠩᠰᠠ ᠪᠠᠢ᠌ᠭ᠎ᠠ ᠭᠠᠵᠠᠷ᠎ᠲᠤ ᠬᠢᠵᠠᠭ᠋ᠠᠷᠯᠠᠭᠳᠠᠬᠤ ᠦᠭᠡᠢ᠃ 

      2024 ᠣᠨ᠎ᠤ ᠪᠤᠰᠤᠳᠴᠢ ᠰᠡᠳᠦᠪ᠎ᠤᠨ ᠰᠢᠯᠭ᠋ᠠᠯᠲᠠ᠎ᠳᠤ ᠬᠦᠴᠦᠨ ᠪᠦᠬᠦᠢ ᠬᠢᠷᠢ ᠪᠦᠲᠦᠮᠵᠢ ᠵᠢ ᠦᠯᠡᠳᠡᠭᠡᠭᠰᠡᠨ ᠬᠥᠮᠥᠰ᠂ 2025 ᠣᠨ᠎ᠤ ᠪᠤᠰᠤᠳᠴᠢ ᠰᠡᠳᠦᠪ᠎ᠤᠨ ᠰᠢᠯᠭ᠋ᠠᠯᠲᠠ᠎ᠳᠤ ᠬᠢᠷᠢ ᠲᠡᠩᠴᠡᠭᠰᠡᠨ ᠬᠥᠮᠥᠰ ᠪᠠᠰᠠ ᠠᠢ᠌ᠮᠠᠭ ᠬᠣᠲᠠ ᠵᠢᠨ ᠬᠠᠤᠯᠢ ᠴᠠᠭ᠋ᠠᠵᠠ ᠵᠢᠨ ᠲᠣᠪᠴᠢᠶ᠎ᠠ ᠵᠢᠨ ᠲᠣᠬᠢᠷᠠᠭᠤᠯᠤᠭᠰᠠᠨ ᠰᠢᠯᠭ᠋ᠠᠯᠲᠠ ᠵᠢᠨ ᠲᠣᠭᠣᠷᠢᠭ᠎ᠢ  ᠦᠪᠡᠷᠲᠡᠭᠡᠨ  ᠰᠣᠩᠭᠣᠵᠤ ᠪᠡᠶᠡᠴᠢ ᠰᠡᠳᠦᠪ᠎ᠤᠨ ᠰᠢᠯᠭ᠋ᠠᠯᠲᠠ᠎ᠳᠤ ᠣᠷᠣᠯᠴᠠᠵᠤ ᠪᠣᠯᠣᠨ᠎ᠠ᠃ 

      ᠠᠷᠪᠠᠨ ᠵᠢᠷᠭᠤᠭ᠎ᠠ᠂  ᠮᠠᠨ᠎ᠤ ᠣᠷᠣᠨ ᠰᠢᠯᠭ᠋ᠠᠯᠲᠠ ᠵᠢᠨ ᠲᠣᠭᠣᠷᠢᠭ᠎ᠢ ᠬᠡᠷᠬᠢᠨ ᠲᠤᠬᠢᠷᠠᠭᠤᠯᠬᠤ  ᠪᠣᠶ? 

      2025 ᠣᠨ᠎ᠤ ᠤᠯᠤᠰ᠎ᠤᠨ ᠨᠢᠭᠡᠳᠦᠯᠲᠡᠢ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ ᠵᠢᠨ ᠪᠤᠰᠤᠳᠴᠢ ᠰᠡᠳᠦᠪ᠎ᠤᠨ ᠰᠢᠯᠭ᠋ᠠᠯᠲᠠ᠂  ᠪᠡᠶᠡᠴᠢ ᠰᠡᠳᠦᠪ᠎ᠤᠨ ᠰᠢᠯᠭ᠋ᠠᠯᠲᠠ ᠵᠢ ᠪᠦᠬᠦ ᠤᠷᠤᠨ᠎ᠤ 12 ᠠᠢ᠌ᠮᠠᠭ ᠬᠣᠲᠠ᠎ᠳᠤ ᠴᠥᠮ ᠲᠤᠰᠠᠭ᠋ᠠᠷ ᠰᠢᠯᠭ᠋ᠠᠯᠲᠠ ᠵᠢᠨ ᠲᠣᠭᠣᠷᠢᠭ ᠭᠠᠷᠭ᠋ᠠᠪᠠ᠂  ᠲᠤᠬᠠᠢ᠌ᠯᠠᠪᠠᠯ ᠬᠥᠬᠡᠬᠣᠲᠠ ᠵᠢᠨ ᠰᠢᠯᠭ᠋ᠠᠯᠲᠠ ᠵᠢᠨ ᠲᠣᠭᠣᠷᠢᠭ᠂  ᠪᠤᠭᠤᠲᠤ ᠵᠢᠨ ᠰᠢᠯᠭ᠋ᠠᠯᠲᠠ ᠵᠢᠨ ᠲᠣᠭᠣᠷᠢᠭ᠂  ᠬᠥᠯᠥᠨ ᠪᠣᠶ᠋ᠢᠷ᠎ᠤᠨ ᠰᠢᠯᠭ᠋ᠠᠯᠲᠠ ᠵᠢᠨ ᠲᠣᠭᠣᠷᠢᠭ᠂  ᠬᠢᠩᠭ᠋ᠠᠨ ᠰᠢᠯᠭ᠋ᠠᠯᠲᠠ ᠵᠢᠨ ᠲᠣᠭᠣᠷᠢᠭ᠂  ᠲᠦᠩᠯᠢᠶᠣᠣ ᠵᠢᠨ ᠰᠢᠯᠭ᠋ᠠᠯᠲᠠ ᠵᠢᠨ ᠲᠣᠭᠣᠷᠢᠭ᠂  ᠤᠯᠠᠭ᠋ᠠᠨᠬᠠᠳᠠ ᠵᠢᠨ ᠰᠢᠯᠭ᠋ᠠᠯᠲᠠ ᠵᠢᠨ ᠲᠣᠭᠣᠷᠢᠭ᠂  ᠰᠢᠯᠢ ᠵᠢᠨ ᠭᠣᠣᠯ᠎ᠤᠨ ᠰᠢᠯᠭ᠋ᠠᠯᠲᠠ ᠵᠢᠨ ᠲᠣᠭᠣᠷᠢᠭ᠂ ᠤᠯᠠᠭ᠋ᠠᠨᠴᠠᠪ᠎ᠤᠨ ᠰᠢᠯᠭ᠋ᠠᠯᠲᠠ ᠵᠢᠨ ᠲᠣᠭᠣᠷᠢᠭ᠂  ᠣᠷᠳᠣᠰ᠎ᠤᠨ ᠰᠢᠯᠭ᠋ᠠᠯᠲᠠ ᠵᠢᠨ ᠲᠣᠭᠣᠷᠢᠭ᠂  ᠪᠠᠶᠠᠨᠨᠠᠭᠤᠷ᠎ᠤᠨ ᠰᠢᠯᠭ᠋ᠠᠯᠲᠠ ᠵᠢᠨ ᠲᠣᠭᠣᠷᠢᠭ᠂  ᠦᠬᠠᠢ ᠵᠢᠨ ᠰᠢᠯᠭ᠋ᠠᠯᠳᠠ ᠵᠢᠨ ᠲᠤᠭᠤᠷᠢᠭ᠂ ᠠᠯᠠᠱ᠌ᠠ ᠵᠢᠨ ᠰᠢᠯᠭ᠋ᠠᠯᠲᠠ ᠵᠢᠨ ᠲᠣᠭᠣᠷᠢᠭ ᠪᠣᠯᠣᠨ᠎ᠠ᠃ 

      ᠮᠠᠨ᠎ᠤ ᠣᠷᠣᠨ᠎ᠤ ᠡᠯ᠎ᠡ ᠰᠢᠯᠭ᠋ᠠᠯᠲᠠ ᠵᠢᠨ ᠲᠣᠭᠣᠷᠢᠭ᠎ᠲᠤ ᠴᠥᠮ ᠮᠣᠩᠭᠣᠯ ᠬᠡᠯᠡᠨ᠎ᠤ ᠰᠢᠯᠭ᠋ᠠᠯᠲᠠ ᠵᠢᠨ ᠴᠡᠭ᠎ᠤᠨ ᠰᠢᠯᠭ᠋ᠠᠯᠲᠠ ᠵᠢᠨ ᠲᠠᠯᠠᠪᠤᠷ ᠭᠠᠷᠭ᠋ᠠᠨ᠎ᠠ᠃ 

      ᠰᠢᠯᠭ᠋ᠠᠯᠲᠠ᠎ᠳᠤ ᠣᠷᠣᠯᠴᠠᠭᠰᠠᠳ ᠥᠪᠡᠷ ᠵᠶ᠋ᠡᠨ ᠰᠢᠯᠭ᠋ᠠᠯᠲᠠ ᠵᠢᠨ ᠲᠣᠭᠣᠷᠢᠭ ᠵᠶ᠋ᠠᠨ ᠰᠣᠩᠭᠣᠵᠤ ᠰᠢᠯᠭ᠋ᠠᠯᠲᠠ᠎ᠳᠤ ᠣᠷᠣᠯᠴᠠᠵᠤ ᠪᠣᠯᠣᠨ᠎ᠠ᠃ 

      ᠪᠡᠶᠡᠴᠢ ᠰᠡᠳᠦᠪ᠎ᠤᠨ ᠰᠢᠯᠭ᠋ᠠᠯᠲᠠ ᠵᠢᠨ ᠪᠥᠬᠥ ᠣᠷᠣᠨ᠎ᠤ ᠡᠯ᠎ᠡ ᠰᠢᠯᠭ᠋ᠠᠯᠲᠠ ᠵᠢᠨ ᠲᠣᠭᠣᠷᠢᠭ᠎ᠲᠤ ᠴᠥᠮ ᠪᠢᠷ ᠴᠠᠭ᠋ᠠᠰᠤᠨ᠎ᠤ ᠰᠢᠯᠭ᠋ᠠᠯᠲᠠ ᠵᠢᠨ ᠰᠢᠯᠭ᠋ᠠᠯᠲᠠ ᠵᠢᠨ ᠴᠡᠭ ᠰᠢᠯᠭ᠋ᠠᠯᠲᠠ ᠵᠢᠨ ᠲᠠᠯᠠᠪᠤᠷ ᠲᠣᠬᠢᠷᠠᠭᠤᠯᠤᠨ᠎ᠠ᠃ 

      ᠠᠷᠪᠠᠨ ᠳᠣᠯᠣᠭ᠎ᠠ᠂  ᠰᠢᠯᠭ᠋ᠠᠯᠲᠠ᠎ᠳᠤ ᠣᠷᠣᠯᠴᠠᠭᠰᠠᠳ ᠮᠣᠩᠭᠣᠯ ᠬᠡᠯᠡ᠎ᠪᠠᠷ ᠰᠢᠯᠭ᠋ᠠᠯᠲᠠ᠎ᠳᠤ ᠣᠷᠣᠯᠴᠠᠬᠤ ᠲᠠᠯ᠎ᠠ᠎ᠪᠠᠷ ᠶᠠᠮᠠᠷ ᠶᠠᠮᠠᠷ ᠲᠣᠭᠲᠠᠭ᠋ᠠᠯ᠎ᠲᠠᠢ ᠪᠣᠶ? 

      《ᠠᠯᠪᠠᠨ ᠵᠠᠷ》᠎ᠲᠤ  ᠲᠣᠳᠣᠷᠬᠠᠢ ᠲᠣᠭᠲᠠᠭ᠋ᠠᠭᠰᠠᠨ ᠵᠶ᠋ᠠᠷ᠂  ᠰᠢᠯᠭ᠋ᠠᠯᠲᠠ᠎ᠳᠤ ᠣᠷᠣᠯᠴᠠᠭᠰᠠᠳ ᠮᠣᠩᠭᠣᠯ ᠬᠡᠯᠡ ᠵᠢ ᠰᠣᠩᠭᠣᠨ ᠬᠡᠷᠡᠭᠯᠡᠵᠦ᠂ 2025 ᠣᠨ᠎ᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ᠎ᠳᠤ ᠣᠷᠣᠯᠴᠠᠵᠤ ᠪᠣᠯᠣᠨ᠎ᠠ᠂  ᠭᠡᠬᠦ᠎ᠳᠡᠭᠡᠨ ᠪᠤᠰᠤᠳᠴᠢ ᠰᠡᠳᠦᠪ᠂  ᠪᠡᠶᠡᠴᠢ ᠰᠡᠳᠦᠪ᠎ᠤᠨ ᠰᠢᠯᠭ᠋ᠠᠯᠲᠠ᠎ᠳᠤ ᠣᠷᠣᠯᠴᠠᠬᠤ᠎ᠳᠤ ᠴᠥᠮ ᠮᠣᠩᠭᠣᠯ ᠬᠡᠯᠡ ᠵᠢ ᠬᠡᠷᠡᠭᠯᠡᠬᠦ ᠬᠡᠷᠡᠭᠲᠡᠢ᠃ 

      ᠮᠣᠩᠭᠣᠯ ᠬᠡᠯᠡ᠎ᠪᠠᠷ ᠰᠢᠯᠭ᠋ᠠᠯᠲᠠ᠎ᠳᠤ ᠣᠷᠣᠯᠴᠠᠭᠰᠠᠨ ᠪᠠᠢ᠌ᠪᠠᠯ᠂  ᠪᠤᠰᠤᠳᠴᠢ ᠰᠡᠳᠦᠪ᠎ᠤᠨ ᠰᠢᠯᠭ᠋ᠠᠯᠲᠠ᠂  ᠪᠡᠶᠡᠴᠢ ᠰᠡᠳᠦᠪ᠎ᠤᠨ ᠰᠢᠯᠭ᠋ᠠᠯᠲᠠ ᠵᠢᠨ ᠱᠠᠲᠤᠨ᠎ᠳᠤ ᠬᠢᠲᠠᠳ ᠬᠡᠯᠡᠨ᠎ᠤ ᠰᠢᠯᠭ᠋ᠠᠯᠲᠠ ᠵᠢᠨ ᠬᠠᠭᠤᠳᠠᠰᠤ ᠵᠢ ᠦᠵᠡᠨ  ᠯᠠᠪᠯᠠᠯᠲᠠ ᠪᠣᠯᠭ᠋ᠠᠵᠤ᠂  ᠪᠡᠶᠡᠴᠢ ᠰᠡᠳᠦᠪ᠎ᠤᠨ ᠰᠢᠯᠭ᠋ᠠᠯᠲᠠ᠎ᠳᠤ ᠮᠣᠩᠭᠣᠯ ᠬᠡᠯᠡ᠎ᠪᠠᠷ ᠬᠠᠷᠢᠭᠤᠯᠲᠠ ᠥᠭᠬᠦ ᠵᠢ ᠰᠣᠩᠭᠣᠵᠤ᠂  ᠠᠳᠠᠯᠢᠬᠠᠨ ᠮᠣᠩᠭᠣᠯ ᠬᠡᠯᠡᠨ᠎ᠤ ᠬᠢᠷᠢ ᠲᠡᠩᠴᠡᠬᠦ ᠬᠤᠪᠢ ᠵᠢᠨ ᠲᠥᠷᠥ ᠵᠢᠨ ᠪᠣᠳᠣᠯᠭ᠎ᠠ ᠵᠢ ᠬᠡᠷᠡᠭᠵᠢᠭᠦᠯᠦᠨ᠎ᠡ᠃ 

      ᠮᠣᠩᠭᠣᠯ ᠬᠡᠯᠡ ᠵᠢ ᠰᠣᠩᠭᠣᠨ ᠬᠡᠷᠡᠭᠯᠡᠵᠦ ᠰᠢᠯᠭ᠋ᠠᠯᠲᠠ᠎ᠳᠤ ᠣᠷᠣᠯᠴᠠᠭᠰᠠᠨ ᠪᠠᠢ᠌ᠪᠠᠯ᠂  ᠪᠤᠰᠤᠳᠴᠢ ᠰᠡᠳᠦᠪ᠎ᠤᠨ ᠰᠢᠯᠭ᠋ᠠᠯᠲᠠ᠎ᠳᠤ ᠺᠣᠮᠫᠢᠦ᠋ᠲ᠋ᠧᠷᠴᠢᠯᠡᠭᠰᠡᠨ ᠰᠢᠯᠭ᠋ᠠᠯᠲᠠ ᠵᠢᠨ ᠠᠷᠭ᠎ᠠ ᠮᠠᠶᠢᠭ᠎ᠢ ᠬᠡᠷᠡᠭᠵᠢᠭᠦᠯᠵᠦ᠂  ᠪᠡᠶᠡᠴᠢ ᠰᠡᠳᠦᠪ᠎ᠤᠨ ᠰᠢᠯᠭ᠋ᠠᠯᠲᠠ᠎ᠳᠤ ᠪᠢᠷ ᠴᠠᠭ᠋ᠠᠰᠤ᠎ᠪᠠᠷ ᠰᠢᠯᠭ᠋ᠠᠬᠤ ᠠᠷᠭ᠎ᠠ ᠮᠠᠶᠢᠭ᠎ᠢ ᠬᠡᠷᠡᠭᠵᠢᠭᠦᠯᠦᠨ᠎ᠡ᠃ 

      ᠠᠷᠪᠠᠨ ᠨᠠᠢ᠍ᠮᠠ᠂  ᠲᠣᠰ ᠬᠥᠮᠥᠨ᠎ᠤ ᠨᠡᠷ᠎ᠡ ᠮᠡᠳᠡᠭᠦᠯᠦᠭᠰᠡᠨ ᠮᠡᠳᠡᠭᠡ ᠵᠠᠩᠭᠢ᠎ᠳᠤ ᠬᠡᠷᠬᠢᠨ ᠵᠠᠰᠠᠪᠤᠷᠢ ᠣᠷᠣᠭᠤᠯᠬᠤ ᠪᠣᠶ? 

      ᠨᠡᠷ᠎ᠡ ᠮᠡᠳᠡᠭᠦᠯᠦᠭᠴᠢ ᠰᠦᠢ᠍ᠳᠬᠡᠯ ᠲᠤᠰᠢᠶᠠᠬᠤ ᠎ᠠᠴᠠ ᠡᠮᠦᠨ᠎ᠡ ᠲᠠᠭᠯᠠᠭᠰᠠᠨ ᠬᠤᠪᠢ ᠬᠥᠮᠥᠨ᠎ᠤ ᠨᠡᠷ᠎ᠡ ᠮᠡᠳᠡᠭᠦᠯᠦᠭᠰᠡᠨ ᠮᠡᠳᠡᠭᠡ ᠵᠠᠩᠭᠢ᠎ᠳᠤ ᠪᠤᠷᠤᠭᠤ᠎ᠲᠠᠢ ᠪᠠᠢ᠌ᠬᠤ ᠵᠢ ᠣᠯᠵᠤ ᠮᠡᠳᠡᠪᠡᠯ᠂  ᠨᠡᠷ᠎ᠡ ᠮᠡᠳᠡᠭᠦᠯᠦᠭᠰᠡᠨ ᠮᠡᠳᠡᠭᠡ ᠵᠠᠩᠭᠢ᠎ᠳᠠᠭᠠᠨ ᠵᠠᠰᠠᠪᠤᠷᠢ ᠣᠷᠣᠭᠤᠯᠵᠤ ᠪᠣᠯᠣᠨ᠎ᠠ᠃  ᠰᠦᠢ᠍ᠳᠬᠡᠯ ᠲᠤᠰᠢᠶᠠᠭᠰᠠᠨ᠎ᠤ ᠳᠠᠷᠠᠭ᠎ᠠ᠂  ᠣᠪᠣᠭ ᠨᠡᠷ᠎ᠡ᠂  ᠪᠡᠶ᠎ᠡ ᠵᠢᠨ ᠦᠨᠡᠮᠯᠡᠯ᠎ᠤᠨ ᠨᠣᠮᠧᠷ᠂  ᠰᠤᠷᠤᠯᠭ᠎ᠠ ᠵᠢᠨ ᠨᠠᠮᠲᠠᠷ ᠵᠢᠴᠢ ᠨᠡᠷ᠎ᠡ ᠮᠡᠳᠡᠭᠦᠯᠦᠭᠰᠡᠨ ᠭᠠᠵᠠᠷ ᠵᠡᠷᠭᠡ ᠭᠣᠣᠯ ᠪᠣᠯᠬᠤ ᠮᠡᠳᠡᠭᠡ ᠵᠠᠩᠭᠢ᠎ᠳᠤ ᠵᠠᠰᠠᠪᠤᠷᠢ ᠣᠷᠣᠭᠤᠯᠵᠤ ᠪᠣᠯᠬᠤ ᠦᠭᠡᠢ᠂  ᠦᠨᠡᠬᠡᠷ ᠪᠤᠷᠤᠭᠤ᠎ᠲᠠᠢ ᠪᠣᠯ ᠨᠡᠷ᠎ᠡ ᠮᠡᠳᠡᠭᠦᠯᠦᠭᠰᠡᠨ ᠭᠠᠵᠠᠷ᠎ᠤᠨ ᠬᠠᠤᠯᠢ ᠴᠠᠭ᠋ᠠᠵᠠ ᠵᠢᠨ ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠲᠠᠢ ᠬᠠᠷᠢᠯᠴᠠᠬᠤ ᠬᠡᠷᠡᠭᠲᠡᠢ᠃ 

      2024 ᠣᠨ᠎ᠤ ᠪᠤᠰᠤᠳᠴᠢ ᠰᠡᠳᠦᠪ᠎ᠤᠨ ᠰᠢᠯᠭ᠋ᠠᠯᠲᠠ᠎ᠳᠤ ᠪᠦᠲᠦᠮᠵᠢᠲᠡᠶ ᠬᠢᠷᠢ ᠪᠦᠲᠦᠮᠵᠢ ᠦᠯᠡᠳᠡᠭᠡᠭᠰᠡᠨ ᠬᠥᠮᠥᠰ 2025 ᠣᠨ᠎ᠤ ᠪᠡᠶᠡᠴᠢ ᠰᠡᠳᠦᠪ᠎ᠤᠨ ᠰᠢᠯᠭ᠋ᠠᠯᠲᠠ᠎ᠳᠤ ᠣᠷᠣᠯᠴᠠᠬᠤ᠎ᠪᠠᠷ ᠨᠡᠷ᠎ᠡ ᠮᠡᠳᠡᠭᠦᠯᠬᠦ ᠦᠶ᠎ᠡ᠎ᠳᠤ᠂  ᠲᠥᠷᠥ ᠵᠢᠨ ᠪᠣᠳᠣᠯᠭ᠎ᠠ ᠵᠢ ᠠᠭᠤᠵᠢᠭᠤ ᠲᠠᠯᠪᠢᠬᠤ᠂  ᠰᠢᠯᠭ᠋ᠠᠯᠲᠠ ᠵᠢᠨ ᠲᠣᠭᠣᠷᠢᠭ᠎ᠢ ᠬᠤᠪᠢᠷᠠᠭᠤᠯᠬᠤ᠎ᠪᠠᠷ ᠭᠤᠶᠤᠴᠢᠯᠠᠬᠤ ᠵᠢᠴᠢ ᠬᠤᠪᠢ ᠬᠥᠮᠥᠨ᠎ᠤ ᠣᠪᠣᠭ ᠨᠡᠷ᠎ᠡ᠂  ᠪᠡᠶ᠎ᠡ ᠵᠢᠨ ᠦᠨᠡᠮᠯᠡᠯ᠎ᠤᠨ ᠮᠡᠳᠡᠭᠡ ᠵᠠᠩᠭᠢ ᠵᠢ ᠪᠤᠷᠤᠭᠤ ᠰᠣᠩᠭᠣᠬᠤ᠎ᠠᠴᠠ ᠪᠣᠯᠵᠤ ᠵᠠᠰᠠᠪᠤᠷᠢ ᠣᠷᠣᠭᠤᠯᠬᠤ ᠴᠢᠬᠤᠯᠠᠲᠠᠢ ᠪᠠᠢ᠌ᠬᠤ ᠵᠢ ᠭᠠᠷᠭ᠋ᠠᠪᠠᠯ᠂  ᠪᠤᠰᠤᠳ ᠨᠡᠷ᠎ᠡ ᠮᠡᠳᠡᠭᠦᠯᠦᠭᠰᠡᠨ ᠮᠡᠳᠡᠭᠡ ᠵᠠᠩᠭᠢ᠎ᠳᠤ ᠵᠠᠰᠠᠪᠤᠷᠢ ᠣᠷᠣᠭᠤᠯᠵᠤ ᠪᠣᠯᠬᠤ ᠦᠭᠡᠢ᠃ 

      ᠠᠷᠪᠠ ᠶᠢᠰᠦ᠂  ᠪᠡᠶᠡᠴᠢ ᠰᠡᠳᠦᠪ᠎ᠢ ᠺᠣᠮᠫᠢᠦ᠋ᠲ᠋ᠧᠷᠴᠢᠯᠡᠬᠦ ᠰᠢᠯᠭ᠋ᠠᠯᠲᠠ᠎ᠳᠤ ᠶᠠᠮᠠᠷ ᠣᠷᠣᠭᠤᠯᠬᠤ ᠠᠷᠭ᠎ᠠ ᠵᠢ ᠬᠡᠷᠡᠭᠯᠡᠬᠦ ᠪᠣᠶ? 

      2025 ᠣᠨ᠎ᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ ᠵᠢᠨ ᠪᠡᠶᠡᠴᠢ ᠰᠡᠳᠦᠪ᠎ᠤᠨ ᠰᠢᠯᠭ᠋ᠠᠯᠲᠠ ᠵᠢᠨ ᠰᠢᠰᠲ᠋ᠧᠮ᠎ᠨᠢ 5 ᠵᠦᠢ᠍ᠯ᠎ᠤᠨ  ᠦᠰᠦᠭ ᠣᠷᠣᠭᠤᠯᠬᠤ ᠠᠷᠭ᠎ᠠ ᠵᠢ ᠳᠡᠮᠵᠢᠨ᠎ᠡ᠃  ᠪᠣᠳᠠᠲᠠᠢ᠎ᠪᠠᠷ ᠬᠡᠯᠡᠪᠡᠯ᠄ ᠰᠸᠦ ᠭ᠋ᠸᠦ ᠪᠦᠬᠦᠯᠢ ᠠᠪᠢᠶ᠎ᠠ ᠵᠢᠨ ᠦᠰᠦᠭ ᠣᠷᠣᠭᠤᠯᠬᠤ ᠠᠷᠭ᠎ᠠ᠂ QQ  ᠪᠦᠬᠦᠯᠢ ᠠᠪᠢᠶ᠎ᠠ ᠵᠢᠨ ᠦᠰᠦᠭ ᠣᠷᠣᠭᠤᠯᠬᠤ ᠠᠷᠭ᠎ᠠ᠂  ᠬᠥ᠋ ᠭᠧ  ᠬᠣᠶᠠᠷ᠎ᠢ ᠨᠡᠢ᠌ᠯᠡᠭᠦᠯᠬᠦ ᠦᠰᠦᠭ ᠣᠷᠣᠭᠤᠯᠬᠤ ᠠᠷᠭ᠎ᠠ (ᠪᠢᠴᠢᠯ ᠵᠥᠭᠡᠯᠡᠨ ᠲᠣᠨᠣᠭ᠎ᠢ ᠬᠣᠶᠠᠷ᠎ᠢ ᠨᠡᠢ᠌ᠯᠡᠭᠦᠯᠵᠦ ᠣᠷᠣᠭᠤᠯᠬᠤ ᠲᠥᠰᠥᠯ)᠂  ᠰᠸᠦ ᠭ᠋ᠸᠦ ᠲᠠᠪᠤᠨ  ᠪᠢᠴᠢᠯᠭᠡ᠎ᠪᠠᠷ ᠦᠰᠦᠭ ᠣᠷᠣᠭᠤᠯᠬᠤ ᠠᠷᠭ᠎ᠠ (86 ᠳ᠋ᠤᠭ᠋ᠠᠷ ᠨᠢᠭᠤᠷ)᠂  ᠣᠬᠢ ᠪᠦᠲᠦᠭᠡᠭᠳᠡᠬᠦᠨ ᠲᠠᠪᠤᠨ ᠪᠢᠷ ᠵᠶ᠋ᠡᠷ  ᠦᠰᠦᠭ ᠣᠷᠣᠭᠤᠯᠬᠤ ᠠᠷᠭ᠎ᠠ (86 ᠳ᠋ᠤᠭ᠋ᠠᠷ ᠨᠢᠭᠤᠷ)᠂  ᠰᠢᠯᠭ᠋ᠠᠯᠲᠠ᠎ᠳᠤ ᠣᠷᠣᠯᠴᠠᠭᠰᠠᠳ ᠳᠡᠭᠡᠷᠡᠬᠢ  ᠦᠰᠦᠭ ᠣᠷᠣᠭᠤᠯᠬᠤ ᠠᠷᠭ᠎ᠠ᠎ᠪᠠᠷ ᠬᠠᠷᠢᠭᠤᠯᠲᠠ ᠥᠭᠭᠦᠨ᠎ᠡ᠃  ᠰᠢᠶᠠᠩᠭ᠋ᠠᠩ ᠣᠣᠮᠧᠨ᠎ᠤ ᠰᠢᠯᠭ᠋ᠠᠯᠲᠠ ᠵᠢᠨ ᠲᠣᠭᠣᠷᠢᠭ᠎ᠤᠨ ᠰᠢᠯᠭ᠋ᠠᠯᠲᠠ᠎ᠳᠤ ᠣᠷᠣᠯᠴᠠᠭᠰᠠᠳ ᠪᠠᠰᠠ  ᠼᠠᠩ ᠵᠢᠶᠸ ᠦᠰᠦᠭ ᠣᠷᠣᠭᠤᠯᠬᠤ ᠠᠷᠭ᠎ᠠ ᠪᠠ  ᠰᠦ᠍ ᠴᠸᠩ ᠦᠰᠦᠭ ᠣᠷᠣᠭᠤᠯᠬᠤ ᠠᠷᠭ᠎ᠠ ᠵᠢ ᠰᠣᠩᠭᠣᠨ ᠬᠡᠷᠡᠭᠯᠡᠵᠦ ᠪᠣᠯᠣᠨ᠎ᠠ᠃  ᠰᠢᠯᠭ᠋ᠠᠯᠲᠠ ᠵᠢᠨ ᠰᠢᠰᠲ᠋ᠧᠮ᠎ᠨᠢ ᠭᠠᠷ ᠵᠶ᠋ᠠᠷ ᠪᠢᠴᠢᠬᠦ ᠰᠠᠮᠪᠠᠷ᠎ᠠ᠂  ᠠᠪᠢᠶ᠎ᠠ ᠵᠡᠷᠭᠡ ᠲᠤᠰᠠᠯᠠᠬᠤ ᠲᠥᠬᠦᠭᠡᠷᠦᠮᠵᠢ ᠪᠣᠯᠣᠨ ᠵᠥᠭᠡᠯᠡᠨ ᠳᠤᠨᠤᠭ᠎ᠢ ᠳᠡᠮᠵᠢᠬᠦ ᠦᠭᠡᠢ᠃  ᠰᠢᠯᠭ᠋ᠠᠯᠲᠠ᠎ᠳᠤ ᠣᠷᠣᠯᠴᠠᠭᠰᠠᠳ ᠳᠡᠭᠡᠷᠡᠬᠢ  ᠦᠰᠦᠭ  ᠣᠷᠣᠭᠤᠯᠬᠤ ᠠᠷᠭ᠎ᠠ ᠵᠢ ᠤᠷᠢᠳᠴᠢᠯᠠᠨ  ᠣᠢ᠌ᠯᠠᠭ᠋ᠠᠵᠤ  ᠬᠡᠷᠡᠭᠯᠡᠵᠦ ᠪᠣᠯᠣᠨ᠎ᠠ᠃ 

      ᠬᠣᠷᠢ᠂ 2025 ᠣᠨ᠎ᠤ ᠤᠯᠤᠰ᠎ᠤᠨ ᠨᠢᠭᠡᠳᠦᠯᠲᠡᠢ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ ᠵᠢᠨ ᠨᠡᠷ᠎ᠡ ᠮᠡᠳᠡᠭᠦᠯᠬᠦ ᠪᠠ ᠰᠢᠯᠭ᠋ᠠᠯᠲᠠ ᠵᠢᠨ ᠪᠣᠳᠠᠲᠠᠢ ᠲᠣᠬᠢᠷᠠᠭᠤᠯᠤᠯᠲᠠ ᠎ᠨᠢ ᠶᠠᠮᠠᠷ ᠪᠣᠢ? 

      ᠬᠣᠶᠠᠷ ᠱᠠᠲᠤᠨ᠎ᠤ ᠰᠢᠯᠭ᠋ᠠᠯᠲᠠ ᠵᠢᠨ ᠪᠣᠳᠠᠲᠠᠢ ᠲᠣᠬᠢᠷᠠᠭᠤᠯᠤᠯᠲᠠ᠎ᠨᠢ᠄ 

      ᠪᠤᠰᠤᠳᠴᠢ ᠰᠡᠳᠦᠪ᠎ᠤᠨ ᠰᠢᠯᠭ᠋ᠠᠯᠲᠠ᠄ 

      ᠰᠦᠯᠵᠢᠶᠡᠨ ᠳᠡᠭᠡᠷ᠎ᠡ ᠨᠡᠷ᠎ᠡ ᠮᠡᠳᠡᠭᠦᠯᠬᠦ ᠴᠠᠭ᠎ᠨᠢ 6 ᠰᠠᠷ᠎ᠠ ᠵᠢᠨ 16᠎ᠤ ᠡᠳᠦᠷ᠎ᠤᠨ 0 ᠴᠠᠭ᠎ᠠᠴᠠ 6 ᠰᠠᠷ᠎ᠠ ᠵᠢᠨ 30᠎ᠤ ᠡᠳᠦᠷ᠎ᠤᠨ 18 ᠴᠠᠭ  ᠪᠣᠯᠲᠠᠯ᠎ᠠ᠂  ᠰᠦᠢ᠍ᠳᠬᠡᠯ ᠲᠤᠰᠢᠶᠠᠬᠤ ᠴᠠᠭ᠎ᠨᠢ 7 ᠰᠠᠷ᠎ᠠ ᠵᠢᠨ 5᠎ᠤ ᠡᠳᠦᠷ᠎ᠤᠨ 18 ᠴᠠᠭ  ᠪᠣᠯᠲᠠᠯ᠎ᠠ; 

      ᠰᠢᠯᠭ᠋ᠠᠭᠤᠯᠬᠤ ᠦᠨᠡᠮᠯᠡᠯ᠎ᠢ ᠪᠠᠭᠤᠯᠭ᠋ᠠᠨ ᠳᠠᠷᠤᠮᠠᠯᠯᠠᠬᠤ ᠴᠠᠭ᠎ᠨᠢ 9 ᠰᠠᠷ᠎ᠠ ᠵᠢᠨ 3᠎ᠤ ᠡᠳᠦᠷ᠎ᠠᠴᠠ 9 ᠰᠠᠷ᠎ᠠ ᠵᠢᠨ 12᠎ᠤᠨ ᠡᠳᠦᠷ  ᠪᠣᠯᠲᠠᠯ᠎ᠠ; 

      ᠰᠢᠯᠭ᠋ᠠᠯᠲᠠ ᠵᠢᠨ ᠴᠠᠭ᠎ᠨᠢ 9 ᠰᠠᠷ᠎ᠠ ᠵᠢᠨ 13᠎ᠤ ᠡᠳᠦᠷ᠂ 14᠎ᠤ ᠡᠳᠦᠷ  ᠬᠣᠶᠠᠷ ᠪᠦᠯᠦᠭ ᠤᠳᠠᠭ᠎ᠠ; 

      ᠰᠢᠯᠭ᠋ᠠᠯᠲᠠ ᠵᠢᠨ ᠬᠢᠷᠢ ᠪᠦᠲᠦᠮᠵᠢ ᠵᠢᠴᠢ ᠬᠢᠷᠢ ᠲᠡᠩᠴᠡᠬᠦ ᠬᠤᠪᠢ ᠵᠢ ᠨᠡᠢ᠌ᠲᠡᠯᠡᠬᠦ ᠴᠠᠭ᠎ᠨᠢ 9 ᠰᠠᠷ᠎ᠠ ᠵᠢᠨ 19᠎ᠤ ᠡᠳᠦᠷ ᠪᠣᠯᠣᠨ᠎ᠠ᠃ 

      ᠪᠡᠶᠡᠴᠢ ᠰᠡᠳᠦᠪ᠎ᠤᠨ ᠰᠢᠯᠭ᠋ᠠᠯᠲᠠ᠄ 

      ᠨᠡᠷ᠎ᠡ ᠮᠡᠳᠡᠭᠦᠯᠬᠦ ᠪᠠ ᠰᠦᠢ᠍ᠳᠬᠡᠯ ᠲᠤᠰᠢᠶᠠᠬᠤ ᠴᠠᠭ᠎ᠨᠢ 9 ᠰᠠᠷ᠎ᠠ ᠵᠢᠨ 19᠎ᠤ ᠡᠳᠦᠷ᠎ᠤᠨ 8 ᠴᠠᠭ ᠎ᠠᠴᠠ 9 ᠰᠠᠷ᠎ᠠ ᠵᠢᠨ 23᠎ᠤ ᠡᠳᠦᠷ᠎ᠤᠨ 18 ᠴᠠᠭ ᠪᠣᠯᠲᠠᠯ᠎ᠠ; 

      ᠰᠢᠯᠭ᠋ᠠᠭᠤᠯᠬᠤ ᠦᠨᠡᠮᠯᠡᠯ᠎ᠢ ᠪᠠᠭᠤᠯᠭ᠋ᠠᠵᠤ ᠳᠠᠷᠤᠮᠠᠯᠯᠠᠬᠤ ᠴᠠᠭ᠎ᠨᠢ 10 ᠰᠠᠷ᠎ᠠ ᠵᠢᠨ 7᠎ᠤ ᠡᠳᠦᠷ᠎ᠠᠴᠠ 10 ᠰᠠᠷ᠎ᠠ ᠵᠢᠨ 11᠎ᠤ ᠡᠳᠦᠷ ᠪᠣᠯᠲᠠᠯ᠎ᠠ; 

      ᠰᠢᠯᠭ᠋ᠠᠬᠤ ᠴᠠᠭ᠎ᠨᠢ 10 ᠰᠠᠷ᠎ᠠ ᠵᠢᠨ 12᠎ᠤᠨ ᠡᠳᠦᠷ᠃ 

      ᠬᠣᠷᠢᠨ ᠨᠢᠭᠡ᠂  ᠨᠡᠷ᠎ᠡ ᠮᠡᠳᠡᠭᠦᠯᠬᠦ ᠦᠶ᠎ᠡ᠎ᠳᠤ ᠡᠯᠧᠺᠲᠷᠣᠨ ᠭᠡᠷᠡᠴᠢ ᠲᠡᠮᠳᠡᠭ᠎ᠤᠨ ᠬᠡᠷᠡᠯ ᠵᠢᠷᠤᠭ᠎ᠲᠤ ᠶᠠᠮᠠᠷ ᠪᠣᠳᠠᠲᠠᠢ ᠱᠠᠭ᠋ᠠᠷᠳᠠᠯᠭ᠎ᠠ᠎ᠲᠠᠢ ᠪᠣᠶ? 

      ᠨᠡᠷ᠎ᠡ ᠮᠡᠳᠡᠭᠦᠯᠦᠭᠰᠡᠳ᠎ᠨᠢ ᠲᠣᠭᠲᠠᠭ᠋ᠠᠭᠰᠠᠨ ᠵᠠᠭᠪᠤᠷ (ᠥᠷᠭᠡᠨ᠎ᠨᠢ 413 ᠳᠦᠷᠰᠦ ᠵᠢᠨ ᠡᠯᠧᠮᠧᠨ᠋ᠲ × ᠥᠨᠳᠥᠷ᠎ᠨᠢ 626 ᠳᠦᠷᠰᠦ ᠵᠢᠨ ᠡᠯᠧᠮᠧᠨ᠋ᠲ)᠎ᠤᠨ ᠱᠠᠭ᠋ᠠᠷᠳᠠᠯᠭ᠎ᠠ᠎ᠳᠤ ᠨᠡᠢ᠌ᠴᠡᠭᠰᠡᠨ ᠲᠣᠰ ᠬᠥᠮᠥᠨ᠎ᠤ ᠣᠢ᠌ᠷ᠎ᠠ ᠵᠢᠨ ᠭᠤᠷᠪᠠᠨ ᠰᠠᠷ᠎ᠠ ᠵᠢᠨ ᠳᠣᠲᠣᠷ᠎ᠠ ᠪᠤᠳᠤᠭᠲᠤ (ᠤᠯᠠᠭ᠋ᠠᠨ᠂  ᠬᠥᠬᠡ᠂  ᠴᠠᠭ᠋ᠠᠨ ᠳᠡᠪᠢᠰᠬᠡᠷ ᠥᠩᠭᠡ ᠪᠦᠷ ᠪᠣᠯᠣᠨ᠎ᠠ) ᠵᠢᠨ ᠮᠠᠯᠠᠭ᠋ᠠᠢ ᠦᠭᠡᠢ ᠡᠯᠧᠺᠲᠷᠣᠨ ᠦᠨᠡᠮᠯᠡᠯ᠎ᠤᠨ ᠨᠢᠭᠤᠷ᠎ᠤᠨ ᠬᠡᠷᠡᠯ ᠵᠢᠷᠤᠭ᠎ᠢ ᠬᠠᠩᠭ᠋ᠠᠬᠤ ᠬᠡᠷᠡᠭᠲᠡᠢ᠃  ᠲᠣᠰ ᠬᠡᠷᠡᠯ ᠵᠢᠷᠤᠭ᠎ᠢ ᠲᠣᠰ ᠬᠥᠮᠥᠨ᠎ᠤ ᠰᠢᠯᠭ᠋ᠠᠭᠤᠯᠬᠤ ᠵᠥᠪᠰᠢᠶᠡᠷᠡᠯ᠎ᠤᠨ ᠦᠨᠡᠮᠯᠡᠯ᠂  ᠰᠢᠯᠭ᠋ᠠᠯᠲᠠ ᠵᠢᠨ ᠬᠢᠷᠢ ᠪᠦᠲᠦᠮᠵᠢ ᠵᠢᠨ ᠮᠡᠳᠡᠭᠳᠡᠯ᠎ᠤᠨ ᠬᠠᠭᠤᠳᠠᠰᠤ᠂  ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠦᠨᠡᠮᠯᠡᠯ᠎ᠤᠨ ᠴᠣᠷ᠎ᠤᠨ ᠭᠠᠭᠴᠠ ᠬᠡᠷᠡᠭᠯᠡᠬᠦ ᠬᠡᠷᠡᠯ ᠵᠢᠷᠤᠭ ᠪᠣᠯᠭ᠋ᠠᠨ᠎ᠠ᠃


W020250606570852020819.png


      ᠨᠡᠷ᠎ᠡ ᠮᠡᠳᠡᠭᠦᠯᠬᠦ ᠵᠢ ᠤᠷᠤᠭᠰᠢᠲᠠᠢ ᠪᠡᠶᠡᠯᠡᠭᠦᠯᠬᠦ ᠵᠢᠨ ᠲᠥᠯᠥᠭᠡ᠂  ᠥᠯᠢᠭᠡᠷ ᠹᠢᠯᠢᠮ ᠵᠶ᠋ᠡᠷ ᠯᠠᠪᠯᠠᠯᠲᠠ ᠪᠣᠯᠭ᠋ᠠᠨ ᠬᠡᠷᠡᠯ ᠵᠢᠷᠤᠭ᠎ᠢ ᠳᠠᠮᠵᠢᠭᠤᠯᠤᠭ᠋ᠠᠷᠠᠢ᠃  ᠬᠡᠷᠡᠯ ᠵᠢᠷᠤᠭ᠎ᠨᠢ ᠡᠷᠬᠡᠪᠰᠢ ᠲᠣᠳᠣᠷᠬᠠᠢ ᠪᠥᠭᠡᠳ ᠪᠦᠷᠢᠨ ᠪᠦᠲᠦᠨ ᠪᠠᠢ᠌ᠬᠤ ᠬᠡᠷᠡᠭᠲᠡᠢ᠂  ᠬᠣᠶᠠᠷ ᠮᠥᠷᠥ᠂  ᠬᠣᠶᠠᠷ ᠴᠢᠬᠢ᠎ᠪᠠᠨ ᠦᠵᠡᠭᠦᠯᠵᠦ᠂  ᠬᠥᠮᠥᠰᠬᠡ᠎ᠪᠠᠨ ᠢᠯᠡ ᠭᠠᠷᠭ᠋ᠠᠬᠤ ᠬᠡᠷᠡᠭᠲᠡᠢ᠂  ᠪᠦᠳᠦᠭᠦᠨ ᠬᠦᠷᠢᠶᠡᠲᠦ ᠨᠢᠳᠦᠨ ᠰᠢᠯ ᠵᠡᠭᠦᠭᠰᠡᠨ᠂  ᠵᠠᠰᠠᠯ ᠵᠢᠮᠰᠡᠭ ᠵᠡᠭᠦᠭᠰᠡᠨ᠂  ᠴᠡᠷᠢᠭ᠎ᠤᠨ ᠬᠤᠪᠴᠠᠰᠤ ᠡᠮᠦᠰᠦᠭᠰᠡᠨ ᠬᠡᠷᠡᠯ ᠵᠢᠷᠤᠭ᠎ᠢ ᠳᠡᠭᠡᠭᠰᠢ ᠳᠠᠮᠵᠢᠭᠤᠯᠵᠤ ᠪᠣᠯᠬᠤ ᠦᠭᠡᠢ;  ᠳᠡᠪᠢᠰᠬᠡᠷ ᠥᠩᠭᠡ᠎ᠨᠢ ᠱᠠᠭ᠋ᠠᠷᠳᠠᠯᠭ᠎ᠠ᠎ᠳᠤ ᠨᠡᠢ᠌ᠴᠡᠬᠦ ᠦᠭᠡᠢ᠂  ᠲᠣᠯᠣᠭ᠋ᠠᠢ ᠵᠢᠨ ᠵᠢᠷᠤᠭ᠎ᠤᠨ ᠬᠠᠷᠢᠴᠠᠯ᠎ᠨᠢ ᠬᠡᠲᠦ ᠶᠡᠬᠡ ᠪᠤᠶᠤ ᠬᠡᠲᠦ ᠪᠠᠭ᠎ᠠ ᠬᠡᠷᠡᠯ ᠵᠢᠷᠤᠭ᠎ᠢ ᠳᠠᠮᠵᠢᠭᠤᠯᠵᠤ ᠪᠣᠯᠬᠤ ᠦᠭᠡᠢ;  ᠪᠥᠬᠥ ᠪᠡᠶ᠎ᠡ ᠵᠢᠨ ᠬᠡᠷᠡᠯ ᠵᠢᠷᠤᠭ᠂  ᠦᠵᠡᠮᠵᠢ ᠵᠢᠨ ᠬᠡᠷᠡᠯ ᠵᠢᠷᠤᠭ᠂  ᠠᠮᠢᠳᠤᠷᠠᠯ᠎ᠤᠨ ᠬᠡᠷᠡᠯ ᠵᠢᠷᠤᠭ᠂ ᠮᠥᠷᠥᠪᠴᠢ᠎ᠲᠠᠢ (ᠨᠠᠷᠢᠨ ᠮᠥᠷᠥᠪᠴᠢ)  ᠬᠠᠨᠲᠠᠭ᠋ᠠᠰᠤᠨ᠎ᠤ ᠬᠡᠷᠡᠯ ᠵᠢᠷᠤᠭ᠂  ᠤᠷᠠᠯᠢᠭ᠎ᠤᠨ ᠬᠡᠷᠡᠯ ᠵᠢᠷᠤᠭ᠂  ᠬᠠᠵᠠᠭᠤ ᠲᠠᠯ᠎ᠠ ᠵᠢᠨ ᠬᠡᠷᠡᠯ ᠵᠢᠷᠤᠭ᠂  ᠥᠪᠡᠷ ᠵᠶ᠋ᠠᠨ ᠰᠡᠭᠦᠳᠡᠷᠯᠡᠭᠰᠡᠨ ᠬᠡᠷᠡᠯ ᠵᠢᠷᠤᠭ ᠵᠡᠷᠭᠡ ᠵᠢ ᠳᠠᠮᠵᠢᠭᠤᠯᠵᠤ ᠪᠣᠯᠬᠤ ᠦᠭᠡᠢ;  ᠲᠠᠲᠠᠵᠤ ᠰᠤᠩᠭ᠋ᠠᠬᠤ᠂  ᠭᠣᠶᠣᠯᠠᠬᠤ ᠵᠡᠷᠭᠡ PS ᠠᠵᠢᠯᠯᠠᠭ᠋ᠠᠨ᠎ᠤ ᠬᠡᠷᠡᠯ ᠵᠢᠷᠤᠭ᠎ᠢ ᠳᠠᠮᠵᠢᠭᠤᠯᠵᠤ ᠪᠣᠯᠬᠤ ᠦᠭᠡᠢ᠃ 

      ᠡᠯᠧᠺᠲᠷᠣᠨ ᠭᠡᠷᠡᠯ ᠵᠢᠷᠤᠭ᠎ᠢ ᠳᠠᠮᠵᠢᠭᠤᠯᠬᠤ ᠴᠠᠭ᠎ᠨᠢ 7 ᠰᠠᠷ᠎ᠠ ᠵᠢᠨ 4᠎ᠤ ᠡᠳᠦᠷ᠎ᠤᠨ 18 ᠴᠠᠭ᠎ᠲᠤ ᠳᠠᠭᠤᠰᠤᠨ᠎ᠠ᠃ 

      ᠬᠣᠷᠢᠨ ᠬᠣᠶᠠᠷ᠂  ᠰᠢᠯᠭ᠋ᠠᠯᠲᠠ᠎ᠳᠤ ᠨᠡᠷ᠎ᠡ ᠮᠡᠳᠡᠭᠦᠯᠦᠭᠰᠡᠳ᠎ᠤᠨ ᠰᠦᠯᠵᠢᠶᠡᠨ ᠳᠡᠭᠡᠷ᠎ᠡ ᠨᠡᠷ᠎ᠡ ᠮᠡᠳᠡᠭᠦᠯᠬᠦ ᠵᠢᠴᠢ ᠰᠤᠷᠤᠯᠭ᠎ᠠ ᠵᠢᠨ ᠨᠠᠮᠲᠠᠷ᠎ᠢ ᠪᠠᠢ᠌ᠴᠠᠭ᠋ᠠᠨ ᠯᠠᠪᠯᠠᠬᠤ᠂  ᠭᠡᠷᠡᠴᠢᠯᠡᠬᠦ᠎ᠳᠤ ᠭᠣᠣᠯᠳᠠᠭᠤ ᠶᠠᠮᠠᠷ ᠶᠠᠮᠠᠷ ᠰᠦᠯᠵᠢᠶᠡᠨ ᠥᠷᠲᠡᠭᠡ ᠪᠠᠢ᠌ᠬᠤ ᠪᠣᠶ? 

      ᠰᠢᠯᠭ᠋ᠠᠯᠲᠠ᠎ᠳᠤ ᠨᠡᠷ᠎ᠡ ᠮᠡᠳᠡᠭᠦᠯᠦᠭᠰᠡᠳ᠎ᠤᠨ ᠰᠦᠯᠵᠢᠶᠡᠨ ᠳᠡᠭᠡᠷ᠎ᠡ ᠨᠡᠷ᠎ᠡ ᠮᠡᠳᠡᠭᠦᠯᠬᠦ᠂  ᠰᠦᠢ᠍ᠳᠬᠡᠯ ᠲᠤᠰᠢᠶᠠᠬᠤ᠂  ᠰᠢᠯᠭ᠋ᠠᠭᠤᠯᠬᠤ ᠵᠥᠪᠰᠢᠶᠡᠷᠡᠯ᠎ᠤᠨ ᠦᠨᠡᠮᠯᠡᠯ ᠵᠢᠴᠢ ᠬᠢᠷᠢ ᠪᠦᠲᠦᠮᠵᠢ ᠵᠢᠨ ᠬᠠᠭᠤᠳᠠᠰᠤ ᠵᠢ ᠳᠠᠷᠤᠮᠠᠯᠯᠠᠬᠤ ᠬᠠᠤᠯᠢ ᠴᠠᠭ᠋ᠠᠵᠠ ᠵᠢᠨ ᠶᠠᠮᠤᠨ᠎ᠤ ᠠᠯᠪᠠᠨ᠎ᠤ ᠰᠦᠯᠵᠢᠶ᠎ᠡ᠄ (http://www.moj.gov.cn); 

      ᠳᠣᠲᠣᠷ ᠭᠠᠵᠠᠷ᠎ᠤᠨ ᠰᠤᠷᠤᠯᠭ᠎ᠠ ᠵᠢᠨ ᠨᠠᠮᠲᠠᠷ ᠡᠷᠳᠡᠮ᠎ᠤᠨ ᠴᠣᠯᠠ ᠵᠢ ᠪᠠᠢ᠌ᠴᠠᠭ᠋ᠠᠨ ᠯᠠᠪᠯᠠᠬᠤ ᠰᠦᠯᠵᠢᠶ᠎ᠡ᠄  ᠳᠤᠮᠳᠠᠳᠤ ᠤᠯᠤᠰ᠎ᠤᠨ ᠳᠡᠭᠡᠳᠦ ᠵᠡᠷᠭᠡ ᠵᠢᠨ ᠰᠤᠷᠭ᠋ᠠᠨ ᠬᠥᠮᠦᠵᠢᠯ᠎ᠤᠨ ᠰᠣᠷᠣᠭᠴᠢ ᠵᠢᠨ ᠮᠡᠳᠡᠭᠡ ᠵᠠᠩᠭᠢ ᠵᠢᠨ ᠰᠦᠯᠵᠢᠶ᠎ᠡ (ᠰᠤᠷᠤᠯᠭ᠎ᠠ ᠵᠢᠨ ᠮᠡᠳᠡᠭᠡ ᠵᠠᠩᠭᠢ ᠵᠢᠨ ᠰᠦᠯᠵᠢᠶ᠎ᠡ) (http://www.chsi.com.cn); 

      ᠤᠯᠤᠰ (ᠬᠢᠯᠢ)᠎ᠤᠨ ᠭᠠᠳᠠᠨᠠᠬᠢ ᠰᠤᠷᠤᠯᠭ᠎ᠠ ᠵᠢᠨ ᠨᠠᠮᠲᠠᠷ ᠡᠷᠳᠡᠮ᠎ᠤᠨ ᠴᠣᠯᠠ ᠵᠢᠨ ᠭᠡᠷᠡᠴᠢᠯᠡᠯ᠎ᠤᠨ ᠰᠦᠯᠵᠢᠶ᠎ᠡ᠄  ᠰᠤᠷᠭ᠋ᠠᠨ ᠬᠥᠮᠦᠵᠢᠯ᠎ᠤᠨ ᠶᠠᠮᠤᠨ᠎ᠤ ᠭᠠᠳᠠᠭ᠋ᠠᠳᠤ᠎ᠳᠤ ᠰᠤᠷᠤᠯᠴᠠᠬᠤ ᠦᠢ᠍ᠯᠡᠴᠢᠯᠡᠭᠡᠨ᠎ᠤ ᠲᠥᠪ᠎ᠤᠨ ᠤᠯᠤᠰ (ᠬᠢᠯᠢ)᠎ᠤᠨ ᠭᠠᠳᠠᠨᠠᠬᠢ ᠰᠤᠷᠤᠯᠭ᠎ᠠ ᠵᠢᠨ ᠨᠠᠮᠲᠠᠷ ᠡᠷᠳᠡᠮ᠎ᠤᠨ ᠴᠣᠯᠠ ᠵᠢᠨ ᠭᠡᠷᠡᠴᠢᠯᠡᠯ᠎ᠤᠨ ᠰᠦᠯᠵᠢᠶ᠎ᠡ (http://zwfw.cscse.edu.cn)᠃ 

      ᠬᠣᠷᠢᠨ ᠭᠤᠷᠪᠠ᠂  ᠨᠠᠩ ᠣᠯᠠᠨ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ ᠵᠢᠨ ᠬᠣᠯᠪᠣᠭᠳᠠᠯ ᠪᠦᠬᠦᠢ ᠲᠣᠭᠲᠠᠭ᠋ᠠᠯ᠎ᠢ ᠬᠡᠷᠬᠢᠨ ᠣᠢ᠌ᠯᠠᠭ᠋ᠠᠬᠤ ᠪᠣᠶ? 

      2025 ᠣᠨ᠎ᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ ᠵᠢᠨ ᠪᠣᠳᠠᠲᠠᠢ ᠵᠦᠢ᠍ᠯᠡᠰ᠎ᠢ ᠥᠪᠡᠷᠲᠡᠭᠡᠨ ᠵᠠᠰᠠᠬᠤ ᠣᠷᠣᠨ᠎ᠤ ᠬᠠᠤᠯᠢ ᠴᠠᠭ᠋ᠠᠵᠠ ᠵᠢᠨ ᠲᠢᠩᠬᠢᠮ᠂  ᠠᠢ᠌ᠮᠠᠭ ᠬᠣᠲᠠ ᠵᠢᠨ ᠬᠠᠤᠯᠢ ᠴᠠᠭ᠋ᠠᠵᠠ ᠵᠢᠨ ᠲᠣᠪᠴᠢᠶ᠎ᠠ᠎ᠠᠴᠠ ᠨᠡᠢ᠌ᠭᠡᠮ᠎ᠳᠤ ᠵᠠᠷᠯᠠᠨ ᠨᠡᠢ᠌ᠲᠡᠯᠡᠨ᠎ᠡ᠃  ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ ᠵᠢᠨ ᠪᠤᠰᠤᠳ ᠲᠣᠭᠲᠠᠭ᠋ᠠᠯ᠎ᠤᠨ ᠲᠤᠬᠠᠢ᠂ 2025 ᠣᠨ᠎ᠤ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ ᠵᠢᠨ ᠬᠠᠤᠯᠢ ᠴᠠᠭ᠋ᠠᠵᠠ ᠵᠢᠨ ᠶᠠᠮᠤᠨ᠎ᠤ ᠠᠯᠪᠠᠨ ᠵᠠᠷ ᠵᠡᠷᠭᠡ ᠲᠣᠭᠲᠠᠭ᠋ᠠᠯ᠎ᠢ ᠪᠠᠢ᠌ᠴᠠᠭ᠋ᠠᠨ ᠦᠵᠡᠵᠦ ᠪᠣᠯᠣᠨ᠎ᠠ᠂  ᠪᠠᠰᠠ 2018 ᠣᠨ᠎ᠠᠴᠠ ᠨᠠᠰᠢᠬᠢ ᠬᠠᠤᠯᠢ ᠴᠠᠭ᠋ᠠᠵᠠ ᠵᠢᠨ ᠠᠵᠢᠯ ᠮᠡᠷᠭᠡᠵᠢᠯ᠎ᠤᠨ ᠬᠢᠷᠢ ᠬᠡᠮ᠎ᠤᠨ ᠰᠢᠯᠭ᠋ᠠᠯᠲᠠ ᠵᠢᠨ ᠲᠥᠷᠥ ᠵᠢᠨ ᠪᠣᠳᠣᠯᠭ᠎ᠠ ᠵᠢᠨ ᠲᠣᠭᠲᠠᠭ᠋ᠠᠯ ᠵᠶ᠋ᠠᠷ ᠯᠠᠪᠯᠠᠯᠲᠠ ᠪᠣᠯᠭ᠋ᠠᠵᠤ ᠠᠰᠠᠭᠤᠯᠲᠠ ᠬᠠᠷᠢᠭᠤᠯᠲᠠ ᠥᠭᠴᠦ ᠪᠣᠯᠣᠨ᠎ᠠ᠃ 

ᠢᠷᠡᠯᠲᠡ᠄ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠬᠠᠤᠯᠢ ᠴᠠᠭ᠋ᠠᠵᠠ ᠵᠢᠨ ᠲᠢᠩᠬᠢᠮ
          
ᠬᠠᠮᠢᠶ᠎ᠡ ᠪᠦᠬᠦᠢ ᠰᠣᠨᠢᠨ
 
            