ᠬᠠᠤᠯᠢᠵᠢᠯ᠎ᠤᠨ ᠪᠠᠢ᠌ᠭᠤᠯᠤᠯᠲᠠ ᠵᠢ ᠭᠦᠨᠵᠡᠭᠡᠢ ᠠᠬᠢᠭᠤᠯᠵᠤ ᠂ ᠪᠦᠬᠦ ᠲᠠᠯ᠎ᠠ᠎ᠪᠠᠷ ᠬᠠᠤᠯᠢ᠎ᠪᠠᠷ ᠬᠤᠳᠠ ᠵᠢ ᠵᠠᠰᠠᠬᠤ ᠠᠵᠢᠯ ᠰᠢᠨ᠎ᠡ ᠲᠠᠪᠰᠢᠯᠳᠠ᠎ᠲᠠᠢ ᠪᠣᠯᠬᠤ ᠵᠢ ᠬᠠᠮᠲᠤ᠎ᠪᠠᠷ ᠬᠥᠲᠥᠯᠥᠨ ᠳᠠᠭ᠋ᠠᠭᠤᠯᠬᠤ ᠪᠠ ᠳᠠᠢ᠌ᠴᠢᠯᠠᠬᠤ ᠵᠢᠨ ᠲᠥᠯᠥᠭᠡ ᠂ 9 ᠰᠠᠷ᠎ᠠ ᠵᠢᠨ 6 ᠤ ᠡᠳᠦᠷ᠎ᠠᠴᠠ 7 ᠤ ᠡᠳᠦᠷ ᠪᠣᠯᠲᠠᠯ᠎ᠠ ᠂ ᠬᠦ᠋ ᠶᠤᠸᠠᠨ ᠬᠤᠳᠠ ᠵᠢᠨ ᠠᠷᠠᠳ᠎ᠤᠨ ᠳᠤᠮᠳᠠ ᠵᠡᠷᠭᠡ ᠵᠢᠨ ᠰᠢᠭᠦᠬᠦ ᠬᠣᠷᠢᠶ᠎ᠠ ᠵᠢᠨ ᠳᠠᠷᠤᠭ᠎ᠠ ᠳ᠋ᠦᠩ ᠵᠢᠶᠦ᠋ᠨ ᠬᠦ᠋ ᠶᠤᠸᠠᠨ ᠬᠤᠳᠠ ᠵᠢᠨ ᠨᠠᠮ᠎ᠤᠨ ᠬᠣᠷᠢᠶ᠎ᠠ ᠵᠢᠨ ᠪᠦᠬᠦ ᠲᠠᠯ᠎ᠠ᠎ᠪᠠᠷ ᠬᠠᠤᠯᠢ᠎ᠪᠠᠷ ᠬᠤᠳᠠ ᠵᠢ ᠵᠠᠰᠠᠬᠤ ᠵᠥᠪᠯᠡᠯ᠎ᠤᠨ ᠠᠯᠪᠠᠨ ᠭᠡᠷ᠎ᠤᠨ 7 ᠬᠥᠮᠥᠨ᠎ᠢ ᠳᠠᠭ᠋ᠠᠭᠤᠯᠵᠤ ᠂ ᠲᠦᠩᠯᠢᠶᠣᠣ ᠬᠤᠳᠠ᠎ᠳᠤ ᠬᠦᠷᠴᠦ ᠪᠦᠬᠦ ᠲᠠᠯ᠎ᠠ᠎ᠪᠠᠷ ᠬᠠᠤᠯᠢ᠎ᠪᠠᠷ ᠬᠤᠳᠠ ᠵᠢ ᠵᠠᠰᠠᠬᠤ ᠲᠡᠷᠢᠭᠦᠨ᠎ᠤ ᠲᠤᠷᠰᠢᠯᠭ᠎ᠠ ᠵᠢ ᠰᠤᠷᠤᠯᠴᠠᠨ ᠰᠢᠨᠵᠢᠯᠡᠨ ᠪᠠᠢ᠌ᠴᠠᠭ᠋ᠠᠪᠠ ᠃ ᠲᠦᠩᠯᠢᠶᠣᠣ ᠬᠣᠲᠠ ᠵᠢᠨ ᠠᠷᠠᠳ᠎ᠤᠨ ᠳᠤᠮᠳᠠ ᠵᠡᠷᠭᠡ ᠵᠢᠨ ᠰᠢᠭᠦᠬᠦ ᠬᠣᠷᠢᠶᠠᠨ᠎ᠤ ᠳᠠᠷᠤᠭ᠎ᠠ ᠰᠥᠩ ᠵᠢᠶᠠᠨ ᠪᠥᠸᠧ᠂ ᠬᠣᠲᠠ ᠵᠢᠨ ᠨᠠᠮ᠎ᠤᠨ ᠬᠣᠷᠢᠶᠠᠨ᠎ᠤ ᠤᠯᠤᠰ ᠲᠥᠷᠥ ᠬᠠᠤᠯᠢ ᠴᠠᠭ᠋ᠠᠵᠠ ᠵᠢᠨ ᠬᠣᠷᠢᠶᠠᠨ᠎ᠤ ᠳᠡᠳ᠋ ᠱᠦᠵᠢ ᠹᠦ᠋ ᠴᠢᠶᠠᠩ᠂ ᠬᠣᠲᠠ ᠵᠢᠨ ᠨᠠᠮ᠎ᠤᠨ ᠬᠣᠷᠢᠶᠠᠨ᠎ᠤ ᠬᠠᠤᠯᠢ ᠶᠣᠰᠣᠭ᠋ᠠᠷ ᠬᠣᠲᠠ᠎ᠪᠠᠨ ᠵᠠᠰᠠᠬᠤ ᠠᠯᠪᠠᠨ ᠭᠡᠷ᠎ᠤᠨ ᠳᠡᠳ᠋ ᠡᠷᠬᠢᠯᠡᠭᠴᠢ᠂ ᠬᠣᠲᠠ ᠵᠢᠨ ᠬᠠᠤᠯᠢ ᠴᠠᠭ᠋ᠠᠵᠠ ᠵᠢᠨ ᠲᠣᠪᠴᠢᠶᠠᠨ᠎ᠤ ᠨᠠᠮ᠎ᠤᠨ ᠤᠳᠤᠷᠢᠳᠬᠤ ᠳᠤᠭᠤᠢ᠌ᠯᠠᠩ᠎ᠤᠨ ᠱᠦᠵᠢ᠂ ᠲᠣᠪᠴᠢᠶᠠᠨ ᠳᠠᠷᠤᠭ᠎ᠠ ᠢᠦᠢ ᠶᠦᠩ᠂ ᠬᠣᠲᠠ ᠵᠢᠨ ᠨᠠᠮ᠎ᠤᠨ ᠬᠣᠷᠢᠶᠠᠨ᠎ᠤ ᠬᠠᠤᠯᠢ᠎ᠪᠠᠷ ᠬᠣᠲᠠ᠎ᠪᠠᠨ ᠵᠠᠰᠠᠬᠤ ᠠᠯᠪᠠᠨ ᠭᠡᠷ᠎ᠤᠨ ᠬᠣᠯᠪᠣᠭᠳᠠᠯ ᠪᠦᠬᠦᠢ ᠪᠦᠷᠢᠯᠳᠦᠭᠦᠨ ᠨᠢᠭᠡᠴᠢ ᠵᠢᠨ ᠬᠠᠷᠢᠭᠤᠴᠠᠯᠭ᠋ᠠᠲᠠᠨ ᠨᠥᠬᠥᠳ ᠪᠠᠷ᠎ᠠ ᠪᠣᠯᠵᠤ ᠰᠢᠨᠵᠢᠯᠡᠨ ᠪᠠᠢ᠌ᠴᠠᠭ᠋ᠠᠵᠤ ᠶᠠᠷᠢᠯᠴᠠᠬᠤ ᠬᠤᠷᠠᠯ ᠬᠢᠪᠡ᠃
ᠰᠢᠨᠵᠢᠯᠡᠨ ᠪᠠᠢ᠌ᠴᠠᠭ᠋ᠠᠬᠤ ᠳᠤᠭᠤᠢ᠌ᠯᠠᠩ᠎ᠤᠨ᠎ᠬᠢᠨ ᠲᠦᠩᠯᠢᠶᠣᠣ ᠬᠣᠲᠠ ᠵᠢᠨ ᠨᠠᠮ᠎ᠤᠨ ᠬᠣᠷᠢᠶᠠᠨ᠎ᠤ ᠬᠠᠤᠯᠢ᠎ᠪᠠᠷ ᠬᠣᠲᠠ᠎ᠪᠠᠨ ᠵᠠᠰᠠᠬᠤ ᠠᠯᠪᠠᠨ ᠭᠡᠷ᠎ᠲᠠᠢ ᠰᠠᠨᠠᠯ ᠵᠶ᠋ᠠᠨ ᠰᠣᠯᠢᠯᠴᠠᠵᠤ ᠶᠠᠷᠢᠯᠴᠠᠬᠤ ᠬᠤᠷᠠᠯ ᠬᠢᠵᠦ᠂ ᠢᠦᠢ ᠶᠦᠩ ᠲᠦᠩᠯᠢᠶᠣᠣ ᠬᠣᠲᠠ ᠵᠢᠨ ᠪᠦᠬᠦ ᠲᠠᠯ᠎ᠠ ᠪᠠᠷ ᠬᠠᠤᠯᠢ᠎ᠪᠠᠷ ᠬᠣᠲᠠ᠎ᠪᠠᠨ ᠵᠠᠰᠠᠬᠤ ᠠᠵᠢᠯ᠎ᠤᠨ ᠪᠦᠬᠦ ᠲᠠᠯ᠎ᠠ ᠵᠢᠨ ᠪᠠᠢ᠌ᠳᠠᠯ᠎ᠢ ᠨᠠᠷᠢᠨ ᠲᠠᠨᠢᠯᠴᠠᠭᠤᠯᠵᠤ᠂ ᠬᠤᠷᠠᠯ᠎ᠳᠤ ᠣᠷᠣᠯᠴᠠᠭᠰᠠᠨ ᠰᠠᠯᠠᠭ᠎ᠠ ᠮᠥᠴᠢᠷ᠎ᠤᠨ ᠬᠠᠷᠢᠭᠤᠴᠠᠯᠭ᠋ᠠᠲᠠᠨ ᠨᠥᠬᠥᠳ ᠲᠤᠰ ᠲᠤᠰ ᠵᠠᠰᠠᠭ ᠵᠠᠬᠢᠷᠭ᠋ᠠᠨ᠎ᠤ ᠳᠠᠬᠢᠨ ᠵᠥᠪᠯᠡᠬᠦ ᠪᠠ ᠵᠠᠰᠠᠭ ᠵᠠᠬᠢᠷᠭ᠋ᠠᠨ᠎ᠤ ᠬᠠᠤᠯᠢ ᠬᠡᠷᠡᠭᠵᠢᠭᠦᠯᠬᠦ ᠵᠢ ᠵᠢᠷᠤᠮᠵᠢᠭᠤᠯᠬᠤ ᠪᠠᠢ᠌ᠭᠤᠯᠤᠯᠲᠠ᠂ ᠵᠠᠰᠠᠭ ᠵᠠᠬᠢᠷᠭ᠋ᠠᠨ᠎ᠤ ᠮᠠᠷᠭᠤᠯᠳᠤᠭ᠋ᠠᠨ᠎ᠢ ᠦᠨᠡᠨ ᠪᠣᠳᠠᠲᠠᠢ ᠰᠢᠢ᠍ᠳᠪᠦᠷᠢᠯᠡᠬᠦ᠂ ᠵᠠᠰᠠᠭ᠎ᠤᠨ ᠣᠷᠳᠣᠨ ᠪᠠ ᠬᠣᠷᠢᠶ᠎ᠠ ᠬᠠᠮᠲᠤᠷᠠᠨ ᠬᠥᠳᠡᠯᠦᠯᠴᠡᠬᠦ ᠲᠣᠭᠲᠠᠴᠠ᠂ ᠬᠠᠤᠯᠢ᠎ᠪᠠᠷ ᠵᠠᠰᠠᠭ ᠶᠠᠪᠤᠭᠤᠯᠬᠤ ᠰᠠᠭᠤᠷᠢ ᠵᠢ ᠪᠠᠲᠤᠳᠬᠠᠬᠤ ᠵᠡᠷᠭᠡ ᠬᠣᠯᠪᠣᠭᠳᠠᠯ ᠪᠦᠬᠦᠢ ᠠᠵᠢᠯ᠎ᠤᠨ ᠪᠠᠢ᠌ᠳᠠᠯ᠎ᠤᠨ ᠲᠣᠭᠣᠷᠢᠨ᠎ᠳᠤ ᠲᠤᠷᠰᠢᠯᠭ᠎ᠠ᠎ᠪᠠᠨ ᠰᠣᠯᠢᠯᠴᠠᠪᠠ᠃ ᠬᠣᠶᠠᠷ ᠲᠠᠯ᠎ᠠ᠎ᠪᠠᠷ ᠵᠶ᠋ᠠᠨ ᠵᠠᠰᠠᠭ ᠵᠠᠬᠢᠷᠭ᠋ᠠᠨ᠎ᠤ ᠬᠡᠷᠡᠭ᠎ᠤᠨ ᠵᠠᠷᠭᠤ ᠢᠯᠠᠭᠳᠠᠬᠤ ᠨᠤᠷᠮ᠎ᠠ ᠵᠢ ᠬᠡᠷᠬᠢᠨ ᠪᠠᠭᠤᠷᠠᠭᠤᠯᠬᠤ ᠂ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠬᠠᠷᠢᠭᠤᠴᠠᠯᠭ᠋ᠠᠲᠠᠨ᠎ᠤ ᠰᠢᠭᠦᠯᠲᠡ᠎ᠳᠤ ᠣᠷᠣᠯᠴᠠᠨ ᠵᠠᠷᠭᠤ ᠬᠦᠯᠢᠶᠡᠬᠦ ᠨᠤᠷᠮ᠎ᠠ ᠵᠢ ᠳᠡᠭᠡᠭᠰᠢᠯᠡᠭᠦᠯᠬᠦ ᠂ ᠵᠠᠰᠠᠭ ᠵᠠᠬᠢᠷᠭ᠋ᠠᠨ᠎ᠤ ᠮᠠᠷᠭᠤᠯᠳᠤᠭ᠋ᠠᠨ᠎ᠤ ᠬᠡᠷᠡᠭ᠎ᠤᠨ ᠪᠦᠬᠦ ᠶᠠᠪᠤᠴᠠ ᠵᠢᠨ ᠡᠶᠡᠳᠡᠭᠦᠯᠭᠡ ᠵᠢ ᠪᠡᠶᠡᠯᠡᠭᠦᠯᠬᠦ ᠵᠡᠷᠭᠡ ᠲᠠᠯ᠎ᠠ᠎ᠪᠠᠷ ᠭᠦᠨᠵᠡᠭᠡᠢ ᠰᠤᠳᠤᠯᠤᠨ ᠶᠠᠷᠢᠯᠴᠠᠪᠠ ᠃ ᠰᠢᠨᠵᠢᠯᠡᠨ ᠪᠠᠢ᠌ᠴᠠᠭ᠋ᠠᠬᠤ ᠳᠤᠭᠤᠢ᠌ᠯᠠᠩ᠎ᠤᠨ᠎ᠬᠢᠨ ᠲᠦᠩᠯᠢᠶᠣᠣ ᠬᠤᠳᠠ ᠵᠢᠨ ᠪᠦᠬᠦ ᠲᠠᠯ᠎ᠠ᠎ᠪᠠᠷ ᠬᠠᠤᠯᠢ᠎ᠪᠠᠷ ᠬᠤᠳᠠ᠎ᠪᠠᠨ ᠵᠠᠰᠠᠬᠤ ᠵᠢ ᠠᠬᠢᠭᠤᠯᠬᠤ ᠠᠵᠢᠯ᠎ᠤᠨ ᠳᠤᠮᠳᠠ ᠵᠣᠷᠢᠭᠲᠠᠢ᠎ᠪᠠᠷ ᠰᠢᠨ᠎ᠡ ᠵᠢ ᠡᠭᠦᠳᠴᠦ ᠂ ᠵᠣᠷᠢᠭᠲᠠᠢ᠎ᠪᠠᠷ ᠬᠠᠢ᠌ᠨ ᠰᠦᠪᠡᠭᠴᠢᠯᠡᠭᠰᠡᠨ ᠪᠣᠳᠠᠲᠠᠢ ᠵᠢ ᠡᠷᠬᠢᠮᠯᠡᠭᠰᠡᠨ ᠠᠷᠭ᠎ᠠ ᠬᠡᠮᠵᠢᠶ᠎ᠡ ᠵᠢ ᠳᠡᠭᠡᠳᠦ ᠬᠡᠮᠵᠢᠶ᠎ᠡ᠎ᠪᠠᠷ ᠦᠨᠡᠯᠡᠪᠡ ᠃ ᠢᠯᠠᠩᠭᠤᠶ᠎ᠠ ᠵᠠᠰᠠᠭ ᠵᠠᠬᠢᠷᠭ᠋ᠠᠨ ᠵᠶ᠋ᠠᠷ ᠳᠠᠬᠢᠨ ᠵᠥᠪᠯᠡᠭᠦᠯᠬᠦ ᠬᠡᠷᠡᠭ᠎ᠤᠨ ᠪᠤᠷᠤᠭᠤ ᠵᠢ ᠵᠠᠯᠠᠷᠠᠭᠤᠯᠬᠤ ᠨᠣᠷᠮ᠎ᠠ᠂ ᠵᠠᠰᠠᠭ ᠵᠠᠬᠢᠷᠭ᠋ᠠᠨ ᠵᠶ᠋ᠠᠷ ᠳᠠᠬᠢᠨ ᠵᠥᠪᠯᠡᠬᠦ ᠵᠢ ᠣᠷᠣᠯᠠᠨ ᠭᠦᠢ᠍ᠴᠡᠳᠬᠡᠬᠦ ᠴᠡᠭ᠂ ᠵᠠᠰᠠᠭ ᠵᠠᠬᠢᠷᠭ᠋ᠠᠨ᠎ᠤ ᠬᠠᠤᠯᠢ ᠬᠡᠷᠡᠭᠵᠢᠭᠦᠯᠦᠯᠲᠡ᠎ᠳᠤ ᠬᠢᠨᠠᠯᠲᠠ ᠲᠠᠯᠪᠢᠬᠤ ᠰᠢᠰᠲ᠋ᠧᠮᠵᠢ ᠵᠢᠨ ᠪᠠᠢ᠌ᠭᠤᠯᠤᠯᠲᠠ᠂ 《ᠰᠦᠯᠵᠢᠶᠡᠨ ᠳᠡᠭᠡᠷᠡᠬᠢ + ᠰᠦᠯᠵᠢᠶᠡᠨ ᠭᠠᠳᠠᠨᠠᠬᠢ 》 ᠵᠢᠨ ᠬᠣᠣᠰ ᠳᠦᠷᠢᠮ᠎ᠤᠨ ᠭᠥᠯᠢᠶᠡᠨ ᠠᠪᠴᠤ ᠰᠢᠢ᠍ᠳᠪᠦᠷᠢᠯᠡᠬᠦ ᠵᠠᠭᠪᠤᠷ ᠵᠡᠷᠭᠡ ᠲᠠᠯ᠎ᠠ ᠵᠢᠨ ᠲᠤᠷᠰᠢᠯᠭ᠎ᠠ ᠬᠢᠳᠡᠯ᠎ᠢ ᠰᠤᠷᠤᠯᠴᠠᠨ ᠯᠠᠪᠯᠠᠯᠲᠠ ᠪᠤᠯᠭ᠋ᠠᠭᠰᠠᠨ ᠪᠥᠭᠡᠳ ᠪᠣᠳᠠᠲᠤ ᠪᠠᠢ᠌ᠳᠠᠯ᠎ᠲᠠᠢ᠎ᠪᠠᠨ ᠤᠶᠠᠯᠳᠤᠭᠤᠯᠤᠨ᠂ 《ᠲᠦᠩᠯᠢᠶᠣᠣ ᠵᠢᠨ ᠲᠤᠷᠰᠢᠯᠭ᠎ᠠ》 ᠵᠢ ᠦᠨᠡᠨ ᠬᠦ᠌ 《ᠬᠥ᠋ ᠶᠤᠸᠠᠨ᠎ᠤ ᠦᠢ᠍ᠯᠡᠳᠦᠯᠭᠡ》 ᠪᠣᠯᠭ᠋ᠠᠨ ᠬᠤᠪᠢᠷᠠᠭᠤᠯᠵᠤ ᠳᠡᠯᠭᠡᠷᠡᠭᠦᠯᠦᠨ᠎ᠡ ᠭᠡᠵᠦ
ᠢᠯᠡᠷᠬᠡᠢ᠌ᠯᠡᠪᠡ᠃
ᠰᠢᠨᠵᠢᠯᠡᠨ ᠪᠠᠢ᠌ᠴᠠᠭ᠋ᠠᠬᠤ ᠳᠤᠭᠤᠢ᠌ᠯᠠᠩ᠎ᠤᠨ᠎ᠬᠢᠨ ᠪᠠᠰᠠ ᠲᠦᠩᠯᠢᠶᠣᠣ ᠬᠤᠳᠠ ᠵᠢᠨ ᠳᠤᠮᠳᠠ ᠵᠡᠷᠭᠡ ᠵᠢᠨ ᠠᠷᠠᠳ᠎ᠤᠨ ᠰᠢᠭᠦᠬᠦ ᠬᠣᠷᠢᠶ᠎ᠠ ᠵᠢᠨ ᠵᠠᠷᠭᠤ ᠵᠢᠨ ᠦᠢ᠍ᠯᠡᠴᠢᠯᠡᠭᠡᠨ᠎ᠤ ᠲᠥᠪ ᠂ ᠶᠡᠷᠦᠩᠬᠡᠢ᠌ᠯᠡᠭᠰᠡᠨ ᠪᠣᠯᠪᠠᠰᠤᠷᠠᠯ᠎ᠤᠨ ᠲᠥᠪ ᠂ ᠲᠣᠮᠣ ᠳ᠋ᠠᠢ᠌ᠲ᠋ᠠ ᠵᠢᠨ ᠦᠵᠡᠭᠦᠯᠦᠯᠭᠡ ᠵᠢᠨ ᠲᠥᠪ ᠵᠡᠷᠭᠡ ᠭᠠᠵᠠᠷ᠎ᠲᠤ ᠲᠣᠭᠣᠷᠢᠨ ᠦᠵᠡᠵᠦ ᠰᠤᠷᠤᠯᠴᠠᠪᠠ ᠃ ᠬᠠᠤᠯᠢ᠎ᠪᠠᠷ ᠵᠠᠰᠠᠭ ᠶᠠᠪᠤᠭᠤᠯᠬᠤ ᠵᠢ ᠲᠦᠯᠬᠢᠨ ᠠᠬᠢᠭᠤᠯᠬᠤ ᠂ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠬᠠᠷᠢᠭᠤᠴᠠᠯᠭ᠋ᠠᠲᠠᠨ᠎ᠢ ᠰᠢᠪᠠᠳᠠᠨ 《 ᠰᠢᠭᠦᠯᠲᠡ᠎ᠳᠤ ᠣᠷᠣᠯᠴᠠᠭᠤᠯᠤᠨ ᠠᠮᠵᠢᠯᠲᠠ ᠪᠦᠲᠦᠮᠵᠢ ᠭᠠᠷᠭ᠋ᠠᠬᠤ 》 ᠵᠡᠷᠭᠡ ᠬᠣᠯᠪᠣᠭᠳᠠᠯ ᠪᠦᠬᠦᠢ ᠠᠵᠢᠯ᠎ᠤᠨ ᠠᠭᠤᠯᠭ᠎ᠠ ᠵᠢ ᠭᠣᠣᠯᠳᠠᠯᠭ᠎ᠠ᠎ᠲᠠᠢ᠎ᠪᠠᠷ ᠣᠢ᠌ᠯᠠᠭ᠋ᠠᠭᠰᠠᠨ ᠪᠥᠭᠡᠳ ᠵᠠᠷᠭᠤ ᠵᠢᠨ ᠢᠷᠡᠯᠲᠡ ᠵᠢ ᠵᠠᠰᠠᠬᠤ ᠵᠢ ᠴᠢᠩᠭ᠋ᠠᠳᠬᠠᠬᠤ ᠂ ᠵᠠᠰᠠᠭ ᠵᠠᠬᠢᠷᠭ᠋ᠠᠨ᠎ᠤ ᠮᠠᠷᠭᠤᠯᠳᠤᠭ᠋ᠠᠨ᠎ᠢ ᠦᠨᠡᠨ ᠪᠣᠳᠠᠲᠠᠢ᠎ᠪᠠᠷ ᠰᠢᠢ᠍ᠳᠪᠦᠷᠢᠯᠡᠬᠦ ᠵᠢ ᠠᠬᠢᠭᠤᠯᠬᠤ ᠵᠡᠷᠭᠡ ᠲᠠᠯ᠎ᠠ ᠵᠢᠨ ᠲᠡᠷᠢᠭᠦᠨ᠎ᠤ ᠲᠤᠷᠰᠢᠯᠭ᠎ᠠ ᠂ ᠪᠣᠳᠠᠲᠠᠢ ᠠᠷᠭ᠎ᠠ ᠬᠢᠳᠡᠯ᠎ᠤᠨ ᠲᠤᠬᠠᠢ ᠭᠦᠢ᠍ᠴᠡᠳ ᠰᠣᠯᠢᠯᠴᠠᠪᠠ ᠃
ᠭᠦ᠋ ᠶᠤᠸᠠᠨ ᠂ ᠲᠦᠩᠯᠢᠶᠣᠣ ᠬᠣᠶᠠᠷ ᠭᠠᠵᠠᠷ᠎ᠤᠨ ᠬᠠᠤᠯᠢ᠎ᠪᠠᠷ ᠬᠤᠳᠠ ᠵᠢ ᠵᠠᠰᠠᠬᠤ ᠠᠯᠪᠠᠨ ᠭᠡᠷ ᠂ ᠲᠤᠰ ᠤᠳᠠᠭ᠎ᠠ ᠵᠢᠨ ᠰᠤᠷᠤᠯᠴᠠᠯᠭ᠎ᠠ ᠰᠢᠨᠵᠢᠯᠡᠨ ᠪᠠᠢ᠌ᠴᠠᠭ᠋ᠠᠯᠲᠠ᠎ᠪᠠᠷ ᠠᠵᠠ ᠲᠣᠬᠢᠶᠠᠯ ᠪᠣᠯᠭ᠋ᠠᠵᠤ ᠂ ᠣᠯᠣᠯᠴᠠᠭ᠎ᠠ ᠵᠣᠯᠭ᠋ᠠᠯᠴᠠᠭ᠎ᠠ ᠂ ᠬᠠᠷᠢᠯᠴᠠᠨ ᠰᠤᠷᠤᠯᠴᠠᠵᠦ ᠬᠠᠷᠢᠯᠴᠠᠨ ᠲᠣᠯᠢ ᠪᠣᠯᠭ᠋ᠠᠬᠤ ᠵᠢ ᠲᠠᠰᠤᠷᠠᠯᠲᠠ ᠦᠭᠡᠢ ᠴᠢᠩᠭ᠋ᠠᠳᠬᠠᠵᠤ ᠂ ᠤᠶᠤᠨ ᠤᠬᠠᠭ᠋ᠠᠨ ᠪᠠ ᠬᠦᠴᠦᠨ ᠴᠢᠳᠠᠯ᠎ᠢ ᠨᠢᠭᠲᠠᠷᠠᠭᠤᠯᠵᠤ ᠂ ᠪᠦᠬᠦ ᠲᠠᠯ᠎ᠠ᠎ᠪᠠᠷ ᠬᠠᠤᠯᠢ᠎ᠪᠠᠷ ᠬᠤᠳᠠ ᠵᠢ ᠵᠠᠰᠠᠬᠤ ᠪᠠ ᠬᠠᠤᠯᠢ ᠴᠠᠭ᠋ᠠᠵᠠ ᠵᠢᠨ ᠵᠠᠰᠠᠭ ᠵᠠᠬᠢᠷᠭ᠋ᠠᠨ᠎ᠤ ᠦᠢ᠍ᠯᠡᠰ᠎ᠤᠨ ᠦᠷᠭᠦᠯᠵᠢᠯᠡᠨ ᠴᠢᠨᠠᠷ ᠰᠠᠢ᠌ᠲᠠᠢ ᠬᠥᠭᠵᠢᠬᠦ ᠵᠢ ᠬᠠᠮᠲᠤ᠎ᠪᠠᠷ ᠠᠬᠢᠭᠤᠯᠤᠨ᠎ᠠ ᠭᠡᠵᠦ ᠢᠯᠡᠳᠬᠡᠪᠡ ᠃