ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠣᠨᠴᠠᠯᠢᠭᠲᠤ᠌ ᠳᠠᠪᠴᠠᠩ
ᠰᠣᠨᠢᠨ ᠮᠡᠳᠡᠭᠡ   -   ᠰᠣᠨᠢᠨ ᠮᠡᠳᠡᠭᠡ
ᠸᠠᠩ ᠸᠧᠢ ᠵᠦᠩ ᠤᠯᠠᠭᠠᠨᠴᠠᠪ ᠬᠤᠳᠠ᠎ᠳᠤ ᠪᠠᠢᠴᠠᠭᠠᠨ ᠰᠤᠳᠤᠯᠤᠯᠲᠠ ᠬᠢᠬᠦ᠎ᠳᠡᠭᠡᠨ ᠴᠢᠬᠤᠯᠠᠴᠢᠯᠠᠭᠰᠠᠨ ᠨᠢ ᠡᠬᠢ ᠪᠠᠶᠠᠯᠢᠭ᠋᠎ᠤᠨ ᠲᠥᠷᠥᠯᠬᠢ ᠣᠨᠴᠠᠯᠢᠭ᠋᠎ᠲᠤ ᠰᠠᠭᠤᠷᠢᠯᠠᠨ ᠳᠠᠪᠠᠭᠤᠯᠢᠭ᠋ ᠣᠨᠴᠠᠯᠢᠭ᠍ᠲᠤ ᠠᠵᠤ ᠦᠢᠯᠡᠰ᠎ᠢ ᠪᠤᠵᠠᠭᠠᠢᠷᠠᠭᠤᠯᠵᠤ ᠴᠢᠨᠠᠷ ᠰᠠᠢᠲᠠᠢ ᠬᠥᠭᠵᠢᠯᠲᠡ᠎ᠶᠢ ᠠᠬᠢᠭᠤᠯᠵᠤ ᠰᠢᠨ᠎ᠡ ᠳᠡᠭᠲᠡᠷ᠎ᠲᠦ ᠭᠠᠷᠭᠠᠬᠤ ᠬᠡᠷᠡᠭᠲᠡᠢ
ᠨᠡᠶ᠋ᠢᠲᠡᠯᠡᠭᠰᠡᠨ ᠴᠠᠭ᠄ 2025-12-16

      12 ᠳ᠋ᠤᠭᠠᠷ ᠰᠠᠷ᠎ᠠ᠎ᠶᠢᠨ 1᠎ᠦ ᠡᠳᠦᠷ᠎ᠡᠴᠡ 2᠎ᠤᠨ ᠡᠳᠦᠷ ᠪᠣᠯᠲᠠᠯ᠎ᠠ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠱᠦᠵᠢ ᠸᠠᠩ ᠸᠧᠢ ᠵᠥᠩ ᠤᠯᠠᠭᠠᠨᠴᠠᠪ ᠬᠣᠲᠠ᠎ᠳᠤ ᠬᠦᠷᠴᠦ᠂ ᠠᠮᠢ ᠠᠬᠤᠢ᠎ᠶᠢᠨ ᠵᠠᠰᠠᠯᠲᠠ᠂ ᠠᠵᠤ ᠦᠢᠯᠡᠰ᠎ᠦᠨ ᠬᠥᠭᠵᠢᠯᠲᠡ᠂ ᠦᠨᠳᠦᠰᠦᠨ ᠱᠠᠲᠤᠨ᠎ᠤ ᠵᠠᠰᠠᠯᠲᠠ ᠵᠡᠷᠭᠡ ᠪᠠᠢᠳᠠᠯ᠎ᠢ ᠪᠠᠢᠴᠠᠭᠠᠨ ᠰᠤᠳᠤᠯᠪᠠ᠃ ᠲᠡᠷᠡ᠂ ᠨᠠᠮ᠎ᠤᠨ ᠬᠣᠷᠢᠳᠤᠭᠠᠷ ᠬᠤᠭᠤᠴᠠᠭᠠᠨ᠎ᠤ ᠲᠥᠪ ᠬᠣᠷᠢᠶᠠᠨ᠎ᠤ ᠳᠥᠷᠪᠡᠳᠦᠭᠡᠷ ᠪᠦᠬᠦᠳᠠ ᠬᠤᠷᠠᠯ᠎ᠤᠨ ᠵᠣᠷᠢᠭ᠋ ᠰᠠᠨᠠᠭ᠎ᠠ᠎ᠶᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ᠂ ᠶᠡᠷᠦᠩᠬᠡᠢ ᠱᠦᠵᠢ ᠰᠢ᠎ᠶᠢᠨ ᠫᠢᠩ᠎ᠤᠨ ᠥᠪᠥᠷ ᠮᠣᠩᠭᠣᠯ᠎ᠳᠤ ᠲᠠᠯᠪᠢᠭ᠍ᠰᠠᠨ ᠰᠢᠷᠢᠰ ᠴᠢᠬᠤᠯᠠ ᠶᠠᠷᠢᠶ᠎ᠠ ᠴᠢᠬᠤᠯᠠ ᠵᠢᠭᠠᠪᠤᠷᠢ᠎ᠶᠢᠨ ᠵᠣᠷᠢᠭ᠋ ᠰᠠᠨᠠᠭ᠎ᠠ᠎ᠶᠢ ᠭᠦᠨᠵᠡᠭᠡᠢ ᠲᠤᠭᠤᠰᠢᠯᠠᠭᠤᠯᠤᠨ ᠨᠠᠢᠳᠠᠪᠤᠷᠢᠵᠢᠭᠤᠯᠵᠤ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠠᠷᠪᠠᠨ ᠨᠢᠭᠡᠳᠦᠭᠡᠷ ᠬᠤᠭᠤᠴᠠᠭᠠᠨ᠎ᠤ ᠠᠷᠪᠠᠳᠤᠭᠠᠷ ᠪᠦᠬᠦᠳᠠ ᠬᠤᠷᠠᠯ᠎ᠤᠨ ᠪᠠᠢᠷᠢᠯᠠᠭᠤᠯᠤᠯᠲᠠ ᠱᠠᠭᠠᠷᠳᠠᠯᠭ᠎ᠠ᠎ᠶᠢ ᠨᠠᠷᠢᠨ ᠬᠢᠨᠠᠮᠠᠭᠠᠢ ᠨᠠᠢᠳᠠᠪᠤᠷᠢᠵᠢᠭᠤᠯᠵᠤ᠂ ᠡᠬᠢ ᠪᠠᠶᠠᠯᠢᠭ᠋᠎ᠤᠨ ᠲᠥᠷᠥᠯᠬᠢ ᠣᠨᠴᠠᠯᠢᠭ᠋᠎ᠲᠤ ᠰᠠᠭᠤᠷᠢᠯᠠᠵᠤ᠂ ᠳᠠᠪᠠᠭᠤᠯᠢᠭ᠋ ᠣᠨᠴᠠᠯᠢᠭ᠍ᠲᠤ ᠠᠵᠤ ᠦᠢᠯᠡᠰ᠎ᠢ ᠪᠤᠵᠠᠭᠠᠢᠷᠠᠭᠤᠯᠵᠤ᠂ ᠴᠢᠨᠠᠷ ᠰᠠᠢᠲᠠᠢ ᠬᠥᠭᠵᠢᠯᠲᠡ᠎ᠶᠢᠨ ᠰᠢᠨ᠎ᠡ ᠳᠡᠭᠲᠡᠷ᠎ᠲᠦ ᠭᠠᠷᠬᠤ᠎ᠶᠢ ᠠᠬᠢᠭᠤᠯᠬᠤ ᠬᠡᠷᠡᠭᠲᠡᠢ ᠭᠡᠵᠦ ᠴᠢᠬᠤᠯᠠᠴᠢᠯᠠᠪᠠ᠃
      12 ᠳ᠋ᠤᠭᠠᠷ ᠰᠠᠷ᠎ᠠ᠎ᠶᠢᠨ 1᠎ᠦ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠱᠦᠵᠢ ᠸᠠᠩ ᠸᠧᠢ ᠵᠥᠩ ᠯᠢᠶᠡᠩᠴᠧᠩ ᠰᠢᠶᠠᠨ᠎ᠳᠤ ᠬᠦᠷᠴᠦ᠂ ᠲᠠᠭ᠎ᠠ᠎ᠶᠢᠨ ᠨᠠᠭᠤᠷ᠎ᠤᠨ ᠠᠮᠢ ᠠᠬᠤᠢ᠎ᠶᠢᠨ ᠶᠡᠷᠦᠩᠬᠡᠢᠯᠡᠭᠰᠡᠨ ᠵᠠᠰᠠᠯᠲᠠ᠎ᠶᠢᠨ ᠪᠠᠢᠳᠠᠯ᠎ᠢ ᠲᠤᠬᠠᠢ᠎ᠶᠢᠨ ᠭᠠᠵᠠᠷ ᠲᠤᠨᠢ ᠪᠠᠢᠴᠠᠭᠠᠨ ᠦᠵᠡᠪᠡ᠃ ᠰᠤᠷᠪᠤᠯᠵᠢᠯᠠᠭ᠍ᠴᠢ ᠮᠠ ᠵᠢᠶᠠᠨ ᠪᠢᠩ ᠰᠡᠭᠦᠳᠡᠷᠯᠡᠪᠡ
      ᠸᠠᠩ ᠸᠧᠢ ᠵᠦᠩ ᠡᠩ ᠲᠡᠷᠢᠭᠦᠨ᠎ᠳᠦ ᠯᠢᠶᠡᠩᠴᠧᠩ ᠰᠢᠶᠠᠨ᠎ᠳᠤ ᠬᠦᠷᠴᠦ᠂ ᠲᠠᠭ᠎ᠠ᠎ᠶᠢᠨ ᠨᠠᠭᠤᠷ᠎ᠤᠨ ᠤᠰᠤᠨ᠎ᠤ ᠠᠮᠢ ᠠᠬᠤᠢ᠎ᠶᠢᠨ ᠶᠡᠷᠦᠩᠬᠡᠢᠯᠡᠭᠰᠡᠨ ᠵᠠᠰᠠᠯᠲᠠ᠎ᠶᠢᠨ ᠪᠠᠢᠳᠠᠯ᠎ᠢ ᠲᠤᠬᠠᠢ᠎ᠶᠢᠨ ᠭᠠᠵᠠᠷ ᠲᠤᠨᠢ ᠪᠠᠢᠴᠠᠭᠠᠨ ᠦᠵᠡᠵᠦ᠂ ᠤᠯᠠᠨ᠎ᠲᠠᠢ ᠬᠠᠮᠲᠤ᠎ᠪᠠᠷ ᠵᠠᠰᠠᠯᠲᠠ᠎ᠶᠢᠨ ᠠᠷᠭ᠎ᠠ ᠬᠡᠮᠵᠢᠶ᠎ᠡ᠎ᠶᠢ ᠰᠤᠳᠤᠯᠤᠨ ᠶᠠᠷᠢᠯᠴᠠᠪᠠ᠃ ᠲᠡᠷᠡ᠂ ᠰᠢ᠎ᠶᠢᠨ ᠫᠢᠩ᠎ᠤᠨ ᠠᠮᠢ ᠠᠬᠤᠢ᠎ᠶᠢᠨ ᠪᠣᠯᠪᠠᠰᠤᠨ᠎ᠤ ᠦᠵᠡᠯ ᠰᠠᠨᠠᠭ᠎ᠠ᠎ᠶᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ᠂ ᠲᠠᠭ᠎ᠠ᠎ᠶᠢᠨ ᠨᠠᠭᠤᠷ᠎ᠤᠨ ᠤᠰᠤᠨ᠎ᠤ ᠡᠬᠢ ᠪᠠᠶᠠᠯᠢᠭ᠋᠎ᠤᠨ ᠬᠠᠮᠠᠭᠠᠯᠠᠯᠲᠠ᠂ ᠤᠰᠤᠨ᠎ᠤ ᠣᠷᠴᠢᠨ ᠲᠣᠭᠣᠷᠢᠨ᠎ᠤ ᠵᠠᠰᠠᠯᠲᠠ᠂ ᠤᠰᠤᠨ᠎ᠤ ᠠᠮᠢ ᠠᠬᠤᠢ᠎ᠶᠢᠨ ᠰᠡᠷᠭᠦᠭᠡᠯᠲᠡ᠎ᠶᠢ ᠨᠢᠭᠡᠳᠦᠯᠲᠡᠢ ᠲᠥᠯᠥᠪᠵᠢᠭᠦᠯᠦᠨ ᠰᠠᠢᠲᠤᠷ ᠠᠳᠬᠤᠵᠤ᠂ ᠤᠰᠤᠨ ᠣᠷᠣᠨ᠎ᠤ ᠲᠠᠯᠠᠪᠠᠢ᠎ᠶᠢ ᠵᠣᠬᠢᠰᠲᠠᠢ ᠣᠷᠣᠨ ᠵᠠᠢ᠎ᠳᠤ ᠲᠣᠭᠲᠠᠪᠤᠷᠢᠵᠢᠭᠤᠯᠵᠤ᠂ ᠠᠮᠢ ᠠᠬᠤᠢ ᠣᠷᠴᠢᠨ ᠲᠣᠭᠣᠷᠢᠨ᠎ᠤ ᠦᠷᠭᠦᠯᠵᠢᠯᠡᠨ ᠰᠠᠢᠵᠢᠷᠠᠬᠤ᠂ ᠠᠮᠢᠳᠤ ᠪᠣᠳᠠᠰ᠎ᠤᠨ ᠤᠯᠠᠨ ᠶᠠᠩᠵᠤᠲᠤ ᠴᠢᠨᠠᠷ᠎ᠤᠨ ᠲᠣᠭᠲᠠᠭᠤᠨ᠎ᠢᠶᠠᠷ ᠳᠡᠭᠡᠭᠰᠢᠯᠡᠬᠦ᠎ᠶᠢ ᠠᠬᠢᠭᠤᠯᠵᠤ᠂ ᠮᠠᠨ᠎ᠤ ᠤᠯᠤᠰ᠎ᠤᠨ ᠤᠮᠠᠷᠠᠲᠤ᠎ᠶᠢᠨ ᠴᠢᠬᠤᠯᠠ ᠠᠮᠢ ᠠᠬᠤᠢ᠎ᠶᠢᠨ ᠠᠮᠤᠷ ᠲᠦᠪᠰᠢᠨ᠎ᠦ ᠬᠠᠯᠬᠠᠪᠴᠢ᠎ᠶᠢ ᠰᠠᠢᠲᠤᠷ ᠪᠦᠲᠦᠭᠡᠨ ᠪᠠᠶ᠋ᠢᠭᠤᠯᠬᠤ ᠬᠡᠷᠡᠭᠲᠡᠢ ᠭᠡᠵᠦ ᠴᠢᠬᠤᠯᠠᠴᠢᠯᠠᠪᠠ᠃
      12 ᠳ᠋ᠤᠭᠠᠷ ᠰᠠᠷ᠎ᠠ᠎ᠶᠢᠨ 2᠎ᠤᠨ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠱᠦᠵᠢ ᠸᠠᠩ ᠸᠧᠢ ᠵᠥᠩ ᠭᠤᠷᠪᠠᠨ ᠬᠠᠪᠴᠢᠯ᠎ᠤᠨ ᠣᠲᠣ᠌ ᠦᠶ᠎ᠡ᠎ᠶᠢᠨ ᠡᠨᠧᠷᠭᠢ᠎ᠶᠢᠨ ᠰᠢᠨ᠎ᠡ᠎ᠶᠢ ᠡᠭᠦᠳᠬᠦ ᠵᠢᠱ᠌ᠢᠶ᠎ᠡ ᠦᠵᠡᠭᠦᠯᠬᠦ ᠬᠦᠷᠢᠶᠡᠯᠡᠩ᠎ᠳᠦ ᠬᠦᠷᠴᠦ᠂ ᠰᠢᠨ᠎ᠡ ᠡᠨᠧᠷᠭᠢ᠎ᠶᠢ ᠨᠡᠭᠡᠭᠡᠨ ᠬᠥᠭᠵᠢᠭᠦᠯᠵᠦ ᠪᠦᠲᠦᠭᠡᠨ ᠪᠠᠢᠭᠤᠯᠵᠤ ᠡᠵᠡᠩᠨᠡᠬᠦ ᠪᠠ 《 ᠡᠬᠢ ᠰᠤᠷᠪᠤᠯᠵᠢ᠎ᠶᠢ ᠲᠣᠥᠷᠵᠢᠭᠤᠯᠤᠨ ᠨᠥᠭᠡᠴᠡᠯᠡᠬᠦ 》 ᠮᠡᠷᠭᠡᠵᠢᠯ᠎ᠢ ᠰᠤᠳᠤᠯᠤᠨ ᠨᠡᠭᠡᠭᠡᠵᠦ ᠬᠡᠷᠡᠭᠯᠡᠭᠰᠡᠨ ᠵᠡᠷᠭᠡ ᠪᠠᠢᠳᠠᠯ᠎ᠤᠨ ᠲᠤᠬᠠᠢ ᠲᠠᠨᠢᠯᠴᠠᠭᠤᠯᠭ᠎ᠠ᠎ᠶᠢ ᠰᠣᠨᠣᠰᠪᠠ᠃
      12 ᠳ᠋ᠤᠭᠠᠷ ᠰᠠᠷ᠎ᠠ᠎ᠶᠢᠨ 2᠎ᠤᠨ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠱᠦᠵᠢ ᠸᠠᠩ ᠸᠧᠢ ᠵᠥᠩ ᠡᠷᠡᠨ ᠵᠠᠭᠤᠨ᠎ᠤ ᠤᠯᠠᠭᠠᠨᠴᠠᠪ᠎ᠢ ᠬᠠᠷᠢᠯᠴᠠᠨ ᠬᠣᠯᠪᠣᠭᠰᠠᠨ ᠪᠣᠳᠣᠯᠭ᠎ᠠ᠎ᠶᠢᠨ ᠬᠦᠴᠦᠨ᠎ᠦ ᠰᠠᠭᠤᠷᠢᠨ ᠭᠠᠵᠠᠷ᠎ᠲᠤ ᠬᠦᠷᠴᠦ᠂ ᠪᠣᠳᠣᠯᠭ᠎ᠠ᠎ᠶᠢᠨ ᠬᠦᠴᠦᠨ᠎ᠦ ᠠᠵᠤ ᠦᠢᠯᠡᠰ᠎ᠦᠨ ᠬᠥᠭᠵᠢᠯᠲᠡ᠎ᠶᠢᠨ ᠪᠠᠢᠳᠠᠯ᠎ᠢ ᠨᠠᠷᠢᠨ ᠣᠢᠯᠠᠭᠠᠪᠠ᠃
      12 ᠳ᠋ᠤᠭᠠᠷ ᠰᠠᠷ᠎ᠠ᠎ᠶᠢᠨ 2᠎ᠤᠨ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠱᠦᠵᠢ ᠸᠠᠩ ᠸᠧᠢ ᠵᠥᠩ ᠨᠠᠨ ᠳᠠ ᠬᠡᠷᠡᠯ ᠴᠠᠬᠢᠯᠭᠠᠨ ( ᠤᠯᠠᠭᠠᠨᠴᠠᠪ )᠎ᠤ ᠬᠢᠵᠠᠭᠠᠷᠲᠤ ᠺᠣᠮᠫᠠᠨᠢ᠎ᠳᠤ ᠴᠤᠯᠤ ᠴᠡᠪᠡᠷ ᠡᠯᠧᠺᠲᠷᠣᠨ ᠲᠠᠰ᠎ᠤᠨ ᠭᠤᠷᠪᠠᠨ ᠹᠯᠣᠷᠲᠤ ᠠᠽᠣᠲ᠎ᠤᠨ ᠦᠢᠯᠡᠳᠪᠦᠷᠢᠯᠡᠯ᠎ᠦᠨ ᠪᠠᠢᠳᠠᠯ᠎ᠢ ᠪᠠᠢᠴᠠᠭᠠᠨ ᠦᠵᠡᠪᠡ᠃
      ᠭᠤᠷᠪᠠᠨ ᠬᠠᠪᠴᠢᠯ᠎ᠤᠨ ᠤᠳᠤ ᠦᠶ᠎ᠡ᠎ᠶᠢᠨ ᠡᠨᠧᠷᠭᠢ᠎ᠶᠢᠨ ᠰᠢᠨ᠎ᠡ᠎ᠶᠢ ᠡᠭᠦᠳᠬᠦ ᠵᠢᠱ᠌ᠢᠶ᠎ᠡ ᠦᠵᠡᠭᠦᠯᠬᠦ ᠬᠦᠷᠢᠶᠡᠯᠡᠩ᠎ᠳᠦ᠂ ᠸᠠᠩ ᠸᠧᠢ ᠵᠦᠩ ᠰᠢᠨ᠎ᠡ ᠡᠨᠧᠷᠭᠢ᠎ᠶᠢᠨ ᠨᠡᠭᠡᠭᠡᠨ ᠬᠥᠭᠵᠢᠭᠦᠯᠦᠯᠲᠡ ᠪᠦᠲᠦᠭᠡᠨ ᠪᠠᠢᠭᠤᠯᠤᠯᠲᠠ ᠡᠵᠡᠩᠨᠡᠯᠲᠡ ᠪᠣᠯᠣᠨ 《 ᠡᠬᠢ ᠰᠤᠷᠪᠤᠯᠵᠢ᠎ᠶᠢ ᠲᠣᠣᠷᠵᠢᠭᠤᠯᠤᠨ ᠨᠥᠭᠡᠴᠡᠯᠡᠬᠦ 》ᠮᠡᠷᠭᠡᠵᠢᠯ᠎ᠢ ᠰᠤᠳᠤᠯᠤᠨ ᠨᠡᠭᠡᠭᠡᠵᠦ ᠬᠡᠷᠡᠭᠯᠡᠭᠰᠡᠨ ᠵᠡᠷᠭᠡ ᠪᠠᠢᠳᠠᠯ᠎ᠤᠨ ᠲᠠᠨᠢᠯᠴᠠᠭᠤᠯᠭ᠎ᠠ᠎ᠶᠢ ᠰᠣᠨᠣᠰᠴᠠᠢ᠃ ᠲᠡᠷᠡ᠂ ᠡᠨᠧᠷᠭᠢ᠎ᠶᠢᠨ ᠮᠥᠨ ᠴᠢᠨᠠᠷ᠎ᠤᠨ ᠠᠮᠤᠷ ᠲᠦᠪᠰᠢᠨ᠎ᠳᠦ ᠰᠠᠭᠤᠷᠢᠯᠠᠵᠤ᠂ ᠰᠢᠨ᠎ᠡ ᠡᠨᠧᠷᠭᠢ᠎ᠶᠢᠨ ᠨᠡᠭᠡᠭᠡᠨ ᠬᠥᠭᠵᠢᠭᠦᠯᠦᠯᠲᠡ᠎ᠶᠢᠨ ᠲᠦᠪᠰᠢᠨ᠎ᠢ ᠳᠡᠭᠡᠭᠰᠢᠯᠡᠭᠦᠯᠵᠦ᠂ ᠤᠯᠠᠨ ᠵᠦᠢᠯ᠎ᠦᠨ ᠰᠢᠨ᠎ᠡ ᠬᠡᠯᠪᠡᠷᠢ᠎ᠶᠢᠨ ᠡᠨᠧᠷᠭᠢ ᠬᠠᠳᠠᠭᠠᠯᠠᠬᠤ ᠮᠡᠷᠭᠡᠵᠢᠯ᠎ᠦᠨ ᠨᠡᠭᠡᠭᠡᠨ ᠬᠥᠭᠵᠢᠭᠦᠯᠦᠯᠲᠡ ᠪᠠ ᠬᠡᠷᠡᠭᠯᠡᠭᠡᠨ᠎ᠦ ᠵᠢᠱ᠌ᠢᠶ᠎ᠡ ᠦᠵᠡᠭᠦᠯᠬᠦ᠎ᠶᠢ ᠶᠡᠬᠡ᠎ᠪᠡᠷ ᠠᠬᠢᠭᠤᠯᠵᠤ᠂ ᠡᠨᠧᠷᠭᠢ ᠬᠠᠳᠠᠭᠠᠯᠠᠬᠤ ᠠᠵᠤ ᠦᠢᠯᠡᠰ᠎ᠦᠨ ᠥᠪᠡᠷ᠎ᠦᠨ ᠦᠷᠳᠡᠭ᠎ᠢ ᠪᠠᠭᠤᠷᠠᠭᠤᠯᠤᠨ ᠦᠷ᠎ᠡ ᠠᠰᠢᠭ᠋᠎ᠢ ᠨᠡᠮᠡᠭᠳᠡᠭᠦᠯᠬᠦ᠎ᠶᠢ ᠠᠬᠢᠭᠤᠯᠵᠤ᠂ ᠪᠣᠬᠢᠷᠲᠤᠯ ᠦᠭᠡᠢ ᠬᠥᠭᠵᠢᠯᠲᠡ᠎ᠶᠢᠨ ᠳᠠᠪᠠᠭᠤᠯᠢᠭ᠋᠎ᠢ ᠲᠠᠰᠤᠷᠠᠯᠳᠡ ᠦᠭᠡᠢ ᠪᠤᠢ ᠪᠣᠯᠭᠠᠬᠤ ᠬᠡᠷᠡᠭᠲᠡᠢ ᠭᠡᠪᠡ᠃ ᠡᠷᠡᠨ ᠵᠠᠭᠤᠨ᠎ᠤ ᠤᠯᠠᠭᠠᠨᠴᠠᠪ᠎ᠤᠨ ᠪᠣᠳᠣᠯᠭ᠎ᠠ᠎ᠶᠢᠨ ᠬᠦᠴᠦᠨ᠎ᠦ ᠰᠠᠭᠤᠷᠢᠨ᠎ᠳᠤ᠂ ᠸᠠᠩ ᠸᠧᠢ ᠵᠦᠩ ᠪᠣᠳᠣᠯᠭ᠎ᠠ᠎ᠶᠢᠨ ᠬᠦᠴᠦᠨ᠎ᠦ ᠠᠵᠤ ᠦᠢᠯᠡᠰ᠎ᠦᠨ ᠬᠥᠭᠵᠢᠯᠲᠡ᠎ᠶᠢᠨ ᠪᠠᠢᠳᠠᠯ᠎ᠢ ᠨᠠᠷᠢᠨ ᠣᠢᠯᠠᠭᠠᠵᠤ᠂ ᠣᠶᠤᠨᠲᠤ ᠪᠣᠳᠣᠯᠭ᠎ᠠ᠎ᠶᠢᠨ ᠬᠦᠴᠦᠨ᠎ᠦ ᠬᠡᠪᠴᠢᠶ᠎ᠡ᠎ᠶᠢ ᠦᠷᠭᠦᠯᠵᠢᠯᠡᠨ ᠨᠡᠮᠡᠭᠳᠡᠭᠦᠯᠬᠦ᠂ ᠪᠣᠳᠣᠯᠭ᠎ᠠ᠎ᠶᠢᠨ ᠬᠦᠴᠦᠨ᠎ᠦ ᠠᠵᠤ ᠠᠬᠤᠢ᠎ᠶᠢ ᠬᠥᠭᠵᠢᠭᠦᠯᠦᠨ ᠪᠤᠵᠠᠭᠠᠢᠷᠠᠭᠤᠯᠬᠤ᠎ᠶᠢ ᠠᠬᠢᠭᠤᠯᠵᠤ᠂ ᠴᠠᠬᠢᠯᠭᠠᠨ ᠲᠣᠣᠷ᠎ᠤᠨ ᠲᠤᠭᠠᠴᠢᠯᠠᠯᠳᠠ ᠣᠶᠤᠨᠴᠢᠯᠠᠯᠲᠠ ᠵᠢᠨ ᠬᠡᠯᠪᠡᠷᠢ᠎ᠶᠢ ᠬᠤᠪᠢᠷᠠᠭᠤᠯᠬᠤ᠎ᠶᠢ ᠲᠦᠷᠭᠡᠳᠬᠡᠵᠦ᠂ ᠴᠠᠬᠢᠯᠭᠠᠨ ᠬᠦᠴᠦᠨ᠎ᠦ ᠪᠣᠳᠣᠯᠭ᠎ᠠ᠎ᠶᠢᠨ ᠬᠦᠴᠦᠨ᠎ᠦ ᠬᠠᠮᠵᠢᠯᠴᠠᠨ ᠬᠥᠭᠵᠢᠬᠦ᠎ᠶᠢ ᠠᠬᠢᠭᠤᠯᠬᠤ ᠬᠡᠷᠡᠭᠲᠡᠢ ᠭᠡᠵᠦ ᠴᠢᠬᠤᠯᠠᠴᠢᠯᠠᠪᠠ᠃ ᠨᠠᠨ ᠳᠠ ᠭᠡᠷᠡᠯ ᠴᠠᠬᠢᠯᠭᠠᠨ ( ᠤᠯᠠᠭᠠᠨᠴᠠᠪ )᠎ᠤ ᠬᠢᠵᠠᠭᠠᠷᠲᠤ ᠺᠣᠮᠫᠠᠨᠢ᠎ᠳᠤ᠂ ᠸᠠᠩ ᠸᠧᠢ ᠵᠦᠩ ᠳᠡᠭᠡᠳᠦ ᠴᠡᠪᠡᠷ ᠡᠯᠧᠺᠲᠷᠣᠨ᠎ᠤ ᠲᠡᠰ᠎ᠤᠨ ᠭᠤᠷᠪᠠᠨ ᠹᠯᠣᠷᠲᠤ ᠠᠽᠣᠲ᠎ᠤᠨ ᠦᠢᠯᠡᠳᠪᠦᠷᠢᠯᠡᠯ᠎ᠦᠨ ᠪᠠᠢᠳᠠᠯ᠎ᠢ ᠪᠠᠢᠴᠠᠭᠠᠨ ᠦᠵᠡᠵᠦ᠂ ᠠᠵᠤ ᠠᠬᠤᠢᠯᠠᠯ᠎ᠤᠨ ᠬᠢᠨ ᠰᠤᠳᠤᠯᠤᠨ ᠨᠡᠭᠡᠭᠡᠬᠦ ᠪᠡᠯᠡ ᠣᠷᠣᠭᠤᠯᠤᠯᠲᠠ᠎ᠶᠢᠨ ᠡᠷᠴᠢᠮ᠎ᠢᠶᠡᠨ ᠦᠷᠭᠦᠯᠵᠢᠯᠡᠨ ᠴᠢᠩᠭᠠᠷᠠᠭᠤᠯᠵᠤ᠂ ᠵᠠᠩᠭᠢᠯᠠᠭ᠎ᠠ᠎ᠶᠢᠨ ᠭᠣᠣᠯᠯᠠᠭ᠍ᠴᠢ ᠮᠡᠷᠭᠡᠵᠢᠯ᠎ᠦᠨ 《 ᠪᠣᠭᠣᠮᠢ 》᠎ᠶᠢᠨ ᠠᠰᠠᠭᠤᠳᠠᠯ᠎ᠢ ᠬᠦᠴᠦᠯᠡᠨ ᠰᠢᠢᠳᠪᠦᠷᠢᠯᠡᠵᠦ᠂ ᠥᠨᠳᠥᠷ ᠲᠦᠪᠰᠢᠨ ᠪᠦᠬᠦᠢ ᠰᠢᠨᠵᠢᠯᠡᠬᠦ ᠤᠬᠠᠭᠠᠨ ᠮᠡᠷᠭᠡᠵᠢᠯ᠎ᠦᠨ ᠪᠡᠶ᠎ᠡ᠎ᠪᠡᠨ ᠳᠠᠭᠠᠭᠠᠵᠤ ᠬᠦᠴᠦᠷᠬᠡᠭᠵᠢᠬᠦ᠎ᠳᠦ ᠬᠦᠴᠦᠨ ᠴᠢᠳᠠᠯ᠎ᠢᠶᠠᠨ ᠡᠷᠭᠦᠬᠦ᠎ᠶᠢ ᠬᠦᠰᠡᠪᠡ᠃
      12 ᠳ᠋ᠤᠭᠠᠷ ᠰᠠᠷ᠎ᠠ᠎ᠶᠢᠨ 1᠎ᠦ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠱᠦᠵᠢ ᠸᠠᠩ ᠸᠧᠢ ᠵᠥᠩ ᠬᠠᠢ ᠫᠧᠩ ᠢᠳᠡᠭᠡᠨ᠎ᠦ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ᠎ᠳᠤ ᠪᠠᠢᠴᠠᠭᠠᠨ ᠰᠤᠳᠤᠯᠤᠯᠲᠠ ᠬᠢᠵᠦ᠂ ᠦᠢᠯᠡᠳᠪᠦᠷᠢᠯᠡᠯ᠎ᠦᠨ ᠤᠷ᠎ᠠ ᠮᠡᠷᠭᠡᠵᠢᠯ᠎ᠦᠨ ᠰᠢᠨᠡᠴᠢᠯᠡᠯᠲᠡ᠂ ᠪᠣᠷᠤᠯᠠᠭᠤᠯᠭ᠎ᠠ᠎ᠶᠢᠨ ᠪᠠᠢᠷᠢᠰᠢᠭᠤᠯᠤᠯᠲᠠ᠂ ᠨᠠᠷᠠᠲᠤ ᠲᠥᠷᠥᠯ ᠲᠡᠮᠳᠡᠭ᠎ᠦᠨ ᠪᠠᠢᠭᠤᠯᠤᠯᠲᠠ ᠵᠡᠷᠭᠡ ᠪᠠᠢᠳᠠᠯ᠎ᠢ ᠯᠠᠪᠯᠠᠨ ᠠᠰᠠᠭᠤᠪᠠ᠃
      12 ᠳ᠋ᠤᠭᠠᠷ ᠰᠠᠷ᠎ᠠ᠎ᠶᠢᠨ 1᠎ᠦ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠱᠦᠵᠢ ᠸᠠᠩ ᠸᠧᠢ ᠵᠥᠩ ᠥᠪᠥᠷ ᠮᠣᠩᠭᠣᠯ᠎ᠤᠨ ᠱᠤ᠌ ᠳᠦ ᠺᠠᠢ ᠳᠠ ᠢᠳᠡᠭᠡᠨ᠎ᠦ ᠬᠢᠵᠠᠭᠠᠷᠲᠤ ᠺᠣᠮᠫᠠᠨᠢ᠎ᠳᠤ ᠬᠦᠷᠴᠦ ᠂ ᠲᠥᠮᠥᠰᠥ᠎ᠶᠢᠨ ᠡᠭᠦᠯᠳᠡᠷ ᠪᠣᠢᠵᠢᠭᠤᠯᠬᠤ᠂ ᠠᠵᠤ ᠦᠢᠯᠡᠰ᠎ᠦᠨ ᠬᠡᠯᠬᠢᠶ᠎ᠡ᠎ᠶᠢᠨ ᠬᠥᠭᠵᠢᠯᠲᠡ ᠪᠠ ᠠᠵᠤ ᠠᠬᠤᠢᠯᠠᠯ᠎ᠤᠨ ᠦᠢᠯᠡᠳᠪᠦᠷᠢᠯᠡᠯ ᠡᠵᠡᠩᠨᠡᠯᠲᠡ ᠵᠡᠷᠭᠡ ᠪᠠᠢᠳᠠᠯ᠎ᠢ ᠣᠢᠯᠠᠭᠠᠪᠠ ᠃
      ᠸᠠᠩ ᠸᠧᠢ ᠵᠥᠩ ᠤᠯᠠᠭᠠᠨᠴᠠᠪ ᠬᠣᠲᠠ᠎ᠶᠢᠨ ᠣᠨᠴᠠᠯᠢᠭ᠍ᠲᠤ ᠢᠳᠡᠭᠡᠨ᠎ᠦ ᠠᠵᠤ ᠦᠢᠯᠡᠰ᠎ᠦᠨ ᠬᠥᠭᠵᠢᠯᠲᠡ᠎ᠶᠢ ᠲᠤᠢᠯ᠎ᠢᠶᠠᠷ ᠠᠩᠬᠠᠷᠴᠤ ᠪᠠᠢᠨ᠎ᠠ᠃ ᠬᠠᠢ ᠫᠧᠩ ᠢᠳᠡᠭᠡᠨ᠎ᠦ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ᠎ᠳᠤ᠂ ᠸᠠᠩ ᠸᠧᠢ ᠵᠦᠩ ᠳᠡᠯᠭᠡᠨ ᠦᠵᠡᠭᠦᠯᠬᠦ ᠪᠦᠲᠦᠭᠡᠭᠳᠡᠬᠦᠨ᠎ᠢ ᠰᠣᠨᠢᠷᠬᠠᠵᠤ᠂ ᠦᠢᠯᠡᠳᠪᠦᠷᠢᠯᠡᠯ᠎ᠦᠨ ᠤᠷ᠎ᠠ ᠮᠡᠷᠭᠡᠵᠢᠯ᠎ᠦᠨ ᠰᠢᠨᠡᠴᠢᠯᠡᠯᠲᠡ᠂ ᠪᠣᠷᠤᠯᠠᠭᠤᠯᠭ᠎ᠠ᠎ᠶᠢᠨ ᠪᠠᠢᠷᠢᠰᠢᠭᠤᠯᠤᠯᠲᠠ᠂ ᠲᠦᠷᠦᠯ ᠲᠡᠮᠳᠡᠭ᠎ᠦᠨ ᠪᠠᠢᠭᠤᠯᠤᠯᠲᠠ ᠵᠡᠷᠭᠡ ᠪᠠᠢᠳᠠᠯ᠎ᠢ ᠠᠰᠠᠭᠤᠨ ᠯᠠᠪᠯᠠᠵᠤ᠂ ᠠᠵᠤ ᠠᠬᠤᠢᠯᠠᠯ᠎ᠤᠨ ᠬᠢᠨ᠎ᠢ ᠵᠠᠬ᠎ᠠ ᠳᠡᠯᠭᠡᠭᠦᠷ᠎ᠦᠨ ᠬᠡᠷᠡᠭᠴᠡᠭᠡ᠎ᠶᠢ ᠴᠢᠩᠭ᠎ᠠ ᠠᠩᠬᠠᠷᠴᠤ᠂ ᠪᠦᠲᠦᠭᠡᠭᠳᠡᠬᠦᠨ᠎ᠦ ᠲᠦᠷᠦᠯ ᠵᠦᠢᠯ᠎ᠢ ᠪᠠᠶᠠᠯᠢᠭ᠍ᠵᠢᠭᠤᠯᠵᠤ᠂ ᠪᠣᠷᠤᠯᠠᠭᠤᠯᠭ᠎ᠠ᠎ᠶᠢᠨ ᠠᠷᠭ᠎ᠠ ᠵᠠᠮ᠎ᠢ ᠥᠷᠭᠡᠳᠬᠡᠵᠦ᠂ ᠢᠳᠡᠭᠡᠨ᠎ᠦ ᠠᠮᠤᠷ ᠲᠦᠪᠰᠢᠨ᠎ᠢ ᠴᠢᠩᠭ᠎ᠠ ᠠᠳᠬᠤᠵᠤ᠂ ᠥᠷᠢᠰᠦᠯᠳᠦᠬᠦ ᠬᠦᠴᠦᠨ ᠪᠣᠯᠣᠨ ᠡᠵᠡᠩᠨᠡᠯᠲᠡ᠎ᠶᠢᠨ ᠦᠷ᠎ᠡ ᠠᠰᠢᠭ᠋᠎ᠢ ᠲᠠᠰᠤᠷᠠᠯᠳᠡ ᠦᠭᠡᠢ ᠳᠡᠭᠡᠭᠰᠢᠯᠡᠭᠦᠯᠬᠦ᠎ᠶᠢ ᠵᠣᠷᠢᠭ᠍ᠵᠢᠭᠤᠯᠪᠠ᠃ ᠥᠪᠥᠷ ᠮᠣᠩᠭᠣᠯ᠎ᠤᠨ ᠱᠤ᠌ ᠳᠦ ᠺᠠᠢ ᠳᠠ ᠢᠳᠡᠭᠡᠨ᠎ᠦ ᠬᠢᠵᠠᠭᠠᠷᠲᠤ ᠺᠣᠮᠫᠠᠨᠢ᠎ᠳᠤ᠂ ᠸᠠᠩ ᠸᠧᠢ ᠵᠦᠩ ᠲᠥᠮᠥᠰᠥ᠎ᠶᠢᠨ ᠦᠷ᠎ᠡ ᠪᠣᠢᠵᠢᠭᠤᠯᠤᠯᠲᠠ᠂ ᠠᠵᠤ ᠦᠢᠯᠡᠰ᠎ᠦᠨ ᠬᠡᠯᠬᠢᠶ᠎ᠡ᠎ᠶᠢᠨ ᠬᠥᠭᠵᠢᠯᠲᠡ ᠪᠣᠯᠣᠨ ᠠᠵᠤ ᠠᠬᠤᠢᠯᠠᠯ᠎ᠤᠨ ᠦᠢᠯᠡᠳᠪᠦᠷᠢᠯᠡᠯ ᠡᠵᠡᠩᠨᠡᠯᠲᠡ ᠵᠡᠷᠭᠡ ᠪᠠᠢᠳᠠᠯ᠎ᠢ ᠣᠢᠯᠠᠭᠠᠵᠤ᠂ ᠦᠷ᠎ᠡ᠎ᠶᠢᠨ ᠦᠢᠯᠡᠰ᠎ᠦᠨ ᠰᠤᠳᠤᠯᠤᠨ ᠨᠡᠭᠡᠭᠡᠬᠦ ᠴᠢᠳᠠᠪᠤᠷᠢ᠎ᠶᠢ ᠦᠷᠭᠦᠯᠵᠢᠯᠡᠨ ᠳᠡᠭᠡᠭᠰᠢᠯᠡᠭᠦᠯᠵᠦ᠂ ᠪᠡᠯᠡᠨ ᠲᠥᠮᠥᠰᠥ᠎ᠶᠢ ᠨᠠᠷᠢᠯᠢᠭ᠋ ᠪᠣᠯᠪᠠᠰᠤᠷᠠᠭᠤᠯᠬᠤ᠎ᠶᠢ ᠢᠳᠡᠪᠬᠢᠲᠡᠢ ᠬᠥᠭᠵᠢᠭᠦᠯᠵᠦ᠂ ᠲᠠᠷᠢᠶᠠᠯᠠᠩ ᠠᠵᠤ ᠠᠬᠤᠢᠯᠠᠯ᠎ᠤᠨ ᠠᠰᠢᠭ᠋ ᠲᠤᠰᠠ᠎ᠶᠢ ᠬᠣᠯᠪᠣᠬᠤ ᠲᠣᠭᠲᠠᠴᠠ᠎ᠶᠢ ᠪᠦᠷᠢᠨᠰᠢᠭᠦᠯᠵᠦ᠂ ᠠᠵᠤ ᠦᠢᠯᠡᠰ᠎ᠦᠨ ᠦᠷᠳᠡᠭ᠎ᠢ ᠨᠡᠮᠡᠭᠳᠡᠭᠦᠯᠬᠦ᠂ ᠠᠵᠤ ᠠᠬᠤᠢᠯᠠᠯ᠎ᠤᠨ ᠦᠷ᠎ᠡ ᠠᠰᠢᠭ᠋᠎ᠢ ᠨᠡᠮᠡᠭᠳᠡᠭᠦᠯᠬᠦ᠂ ᠤᠯᠠᠨ ᠲᠦᠮᠡᠨ᠎ᠦ ᠣᠷᠣᠯᠭ᠎ᠠ᠎ᠶᠢ ᠨᠡᠮᠡᠭᠳᠡᠭᠦᠯᠬᠦ᠎ᠶᠢ ᠠᠬᠢᠭᠤᠯᠬᠤ ᠬᠡᠷᠡᠭᠲᠡᠢ ᠭᠡᠵᠦ ᠴᠢᠬᠤᠯᠠᠴᠢᠯᠠᠪᠠ᠃
      12 ᠳ᠋ᠤᠭᠠᠷ ᠰᠠᠷ᠎ᠠ᠎ᠶᠢᠨ 1᠎ᠦ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠱᠦᠵᠢ ᠸᠠᠩ ᠸᠧᠢ ᠵᠥᠩ ᠹᠸᠩᠵᠸᠨ ᠬᠣᠲᠠ᠎ᠶᠢᠨ ᠰᠢᠨ᠎ᠡ ᠬᠣᠲᠠ ᠲᠣᠭᠣᠷᠢᠭ᠋᠎ᠤᠨ ᠵᠡᠭᠡᠯᠢ ᠭᠤᠳᠤᠮᠵᠢ᠎ᠶᠢᠨ ᠯᠢᠳᠦ᠋ ᠨᠡᠢᠭᠡᠮ ᠲᠣᠭᠣᠷᠢᠭ᠋᠎ᠲᠤ ᠬᠦᠷᠴᠦ᠂ ᠦᠨᠳᠦᠰᠦᠨ ᠱᠠᠲᠤᠨ᠎ᠤ ᠵᠣᠬᠢᠶᠠᠨ ᠪᠠᠢᠭᠤᠯᠤᠯᠲᠠ᠎ᠶᠢᠨ ᠪᠠᠢᠭᠤᠯᠤᠯᠲᠠ᠂ ᠲᠣᠣᠷᠵᠢᠯ᠎ᠤᠨ ᠲᠣᠬᠢᠷᠠᠭᠤᠯᠤᠯᠲᠠ᠂ ᠣᠯᠠᠨ ᠲᠦᠮᠡᠨ᠎ᠳᠦ ᠦᠢᠯᠡᠴᠢᠯᠡᠬᠦ ᠵᠡᠷᠭᠡ ᠪᠠᠢᠳᠠᠯ᠎ᠢ ᠣᠢᠯᠠᠭᠠᠪᠠ᠃
      ᠪᠠᠢᠴᠠᠭᠠᠨ ᠰᠤᠳᠤᠯᠤᠯᠲᠠ᠎ᠶᠢᠨ ᠳᠤᠮᠳᠠ᠂ ᠸᠠᠩ ᠸᠧᠢ ᠵᠦᠩ ᠪᠠᠰᠠ ᠹᠸᠩᠵᠸᠨ ᠬᠤᠲᠠ᠎ᠶᠢᠨ ᠰᠢᠨ᠎ᠡ ᠬᠤᠲᠠ ᠲᠣᠭᠣᠷᠢᠭ᠋᠎ᠤᠨ ᠵᠡᠭᠡᠯᠢ ᠭᠤᠳᠤᠮᠵᠢ᠎ᠶᠢᠨ ᠯᠢᠳᠦ᠋ ᠨᠡᠢᠭᠡᠮ ᠲᠣᠭᠣᠷᠢᠭ᠋᠎ᠲᠤ ᠬᠦᠷᠴᠦ᠂ ᠦᠨᠳᠦᠰᠦᠨ ᠱᠠᠲᠤᠨ᠎ᠤ ᠵᠣᠬᠢᠶᠠᠨ ᠪᠠᠢᠭᠤᠯᠤᠯᠲᠠ᠎ᠶᠢᠨ ᠪᠠᠢᠭᠤᠯᠤᠯᠲᠠ᠂ ᠲᠣᠣᠷᠵᠢᠯ᠎ᠤᠨ ᠪᠠᠢᠷᠢᠯᠠᠭᠤᠯᠤᠯᠲᠠ᠂ ᠤᠯᠠᠨ ᠲᠦᠮᠡᠨ᠎ᠳᠦ ᠦᠢᠯᠡᠴᠢᠯᠡᠬᠦ ᠵᠡᠷᠭᠡ ᠪᠠᠢᠳᠠᠯ᠎ᠢ ᠣᠢᠯᠠᠭᠠᠪᠠ᠃ ᠲᠡᠷᠡ ᠂ ᠨᠡᠢᠭᠡᠮ ᠲᠣᠭᠣᠷᠢᠭ᠋᠎ᠤᠨ ᠠᠵᠢᠯ ᠲᠦᠭ ᠲᠦᠮᠡᠨ ᠠᠢᠯ ᠡᠷᠦᠬᠡ᠎ᠲᠠᠢ ᠬᠣᠯᠪᠣᠯᠳᠤᠵᠤ ᠪᠠᠢᠳᠠᠭ᠂ ᠨᠠᠮ᠎ᠤᠨ ᠪᠠᠢᠭᠤᠯᠤᠯᠲᠠ᠎ᠪᠠᠷ ᠦᠨᠳᠦᠰᠦᠨ ᠱᠠᠲᠤᠨ᠎ᠤ ᠵᠠᠰᠠᠯᠲᠠ᠎ᠶᠢ ᠬᠥᠲᠥᠯᠥᠨ ᠳᠠᠭᠠᠭᠤᠯᠬᠤ᠎ᠶᠢ ᠪᠠᠷᠢᠮᠲᠠᠯᠠᠵᠤ᠂ ᠠᠷᠠᠳ᠎ᠤᠨ ᠠᠮᠢᠳᠤᠷᠠᠯ᠎ᠤᠨ ᠪᠣᠳᠠᠲᠤ ᠶᠠᠪᠤᠳᠠᠯ᠎ᠢ ᠰᠡᠳᠬᠢᠯ ᠲᠠᠯᠪᠢᠨ ᠬᠦᠴᠦ ᠣᠷᠣᠭᠤᠯᠤᠨ ᠰᠠᠢᠲᠤᠷ ᠬᠢᠵᠦ᠂ ᠦᠢᠯᠡᠴᠢᠯᠡᠭᠡ᠎ᠶᠢ ᠨᠠᠷᠢᠯᠢᠭ᠍ᠵᠢᠭᠤᠯᠬᠤ ᠬᠢᠷᠢ ᠲᠦᠪᠰᠢᠨ᠎ᠢ ᠳᠡᠭᠡᠭᠰᠢᠯᠡᠭᠦᠯᠵᠦ᠂ ᠨᠡᠢᠭᠡᠮ ᠲᠣᠭᠣᠷᠢᠭ᠋᠎ᠢ ᠠᠷᠠᠳ ᠣᠯᠠᠨ᠎ᠤ ᠵᠣᠯ ᠵᠢᠷᠭᠠᠯᠲᠤ ᠭᠡᠷ ᠣᠷᠣᠨ ᠪᠣᠯᠭᠠᠨ ᠪᠦᠲᠦᠭᠡᠨ ᠪᠠᠶ᠋ᠢᠭᠤᠯᠬᠤ᠎ᠪᠠᠷ ᠴᠢᠷᠮᠠᠢᠬᠤ ᠬᠡᠷᠡᠭᠲᠡᠢ᠃ ᠤᠷᠮᠠᠰᠢᠭᠤᠯᠬᠤ ᠲᠣᠭᠲᠠᠴᠠ᠎ᠶᠢ ᠪᠦᠷᠢᠨᠰᠢᠭᠦᠯᠵᠦ᠂ ᠬᠠᠯᠠᠮᠵᠢᠯᠠᠨ ᠬᠠᠢᠷᠠᠯᠠᠬᠤ᠎ᠶᠢ ᠴᠢᠩᠭᠠᠳᠬᠠᠵᠤ᠂ ᠬᠠᠯᠠᠭᠤᠨ ᠰᠡᠳᠬᠢᠯ᠎ᠢᠶᠡᠷ ᠦᠢᠯᠡᠴᠢᠯᠡᠬᠦ᠂ ᠦᠷᠭᠦᠯᠵᠢᠯᠡᠨ ᠲᠣᠭᠲᠠᠭᠤᠨ ᠪᠠᠢᠬᠤ ᠨᠡᠢᠭᠡᠮ ᠲᠣᠭᠣᠷᠢᠭ᠋᠎ᠤᠨ ᠠᠵᠢᠯᠲᠠᠨ᠎ᠤ ᠡᠩᠨᠡᠭᠡ᠎ᠶᠢ ᠪᠠᠶ᠋ᠢᠭᠤᠯᠬᠤ ᠬᠡᠷᠡᠭᠲᠡᠢ ᠭᠡᠪᠡ᠃
      ᠥᠪᠡᠷᠲᠡᠭᠡᠨ ᠵᠠᠰᠠᠬᠤ ᠣᠷᠣᠨ᠎ᠤ ᠤᠳᠤᠷᠢᠳᠤᠯᠭ᠎ᠠ ᠢᠦᠢ ᠯᠢ ᠰᠢᠨ ᠪᠠᠢᠴᠠᠭᠠᠨ ᠰᠤᠳᠤᠯᠤᠯᠲᠠ᠎ᠳᠤ ᠣᠷᠣᠯᠴᠠᠪᠠ᠃

ᠢᠷᠡᠯᠲᠡ᠄ ᠦᠪᠡᠷᠳᠡᠭᠡᠨ ᠵᠠᠰᠠᠬᠤ ᠤᠷᠤᠨ᠎ᠤ ᠤᠰᠤᠨ ᠠᠱᠢᠬ᠍ᠯᠠᠯᠳᠠ᠎ᠶ᠋ᠢᠨ ᠲᠢᠩᠬᠢᠮ
          
ᠬᠠᠮᠢᠶ᠎ᠡ ᠪᠦᠬᠦᠢ ᠰᠣᠨᠢᠨ
 
            