12 ᠳ᠋ᠤᠭᠠᠷ ᠰᠠᠷ᠎ᠠ᠎ᠶᠢᠨ 4᠎ᠦ ᠡᠳᠦᠷ᠂ ᠠᠷᠪᠠᠨ ᠬᠣᠶᠠᠳᠤᠭᠠᠷ ᠤᠯᠤᠰ᠎ᠤᠨ ᠦᠨᠳᠦᠰᠦᠨ ᠬᠠᠤᠯᠢ᠎ᠶᠢᠨ ᠡᠳᠦᠷ ᠬᠦᠷᠴᠦ ᠢᠷᠡᠬᠦ ᠲᠠᠰᠢᠷᠠᠮ᠎ᠢᠶᠠᠷ᠂ ᠥᠪᠡᠷᠲᠡᠭᠡᠨ ᠵᠠᠰᠠᠬᠤ ᠣᠷᠣᠨ᠎ᠤ ᠤᠰᠤᠨ ᠠᠰᠢᠭ᠍ᠯᠠᠯᠲᠠ᠎ᠶᠢᠨ ᠲᠢᠩᠬᠢᠮ ᠦᠨᠳᠦᠰᠦᠨ ᠬᠠᠤᠯᠢ᠎ᠳᠤ ᠲᠠᠩᠭᠠᠷᠢᠭ᠍ᠯᠠᠬᠤ ᠶᠣᠰᠣᠯᠠᠯ ᠶᠠᠪᠤᠭᠤᠯᠪᠠ᠃ ᠨᠠᠮ᠎ᠤᠨ ᠤᠳᠤᠷᠢᠳᠬᠤ ᠳᠤᠭᠤᠢᠯᠠᠩ᠎ᠤᠨ ᠱᠦᠵᠢ᠂ ᠲᠢᠩᠬᠢᠮ᠎ᠦᠨ ᠳᠠᠷᠤᠭ᠎ᠠ ᠱᠧᠩ ᠰᠢᠶᠣᠣ ᠶᠢᠦ ᠲᠠᠩᠭᠠᠷᠢᠭ᠋ᠢ ᠬᠢᠨᠠᠬᠤ᠎ᠶᠢᠨ ᠬᠠᠮᠲᠤ ᠶᠠᠷᠢᠶ᠎ᠠ ᠲᠠᠯᠪᠢᠪᠠ᠃ ᠨᠠᠮ᠎ᠤᠨ ᠤᠳᠤᠷᠢᠳᠬᠤ ᠳᠤᠭᠤᠢᠯᠠᠩ᠎ᠤᠨ ᠪᠦᠷᠢᠯᠳᠦᠭᠦᠨ᠂ ᠳᠡᠳ᠋ ᠲᠢᠩᠬᠢᠮ᠎ᠦᠨ ᠳᠠᠷᠤᠭ᠎ᠠ ᠫᠧᠩ ᠶᠠ ᠯᠢ ᠲᠠᠩᠭᠠᠷᠢᠭ᠍ᠯᠠᠬᠤ ᠶᠣᠰᠣᠯᠠᠯ᠎ᠢ ᠡᠷᠬᠢᠯᠡᠪᠡ᠃ ᠡᠨᠡ ᠵᠢᠯ᠎ᠡᠴᠡ ᠨᠠᠭᠠᠰᠢ ᠰᠢᠨ᠎ᠡ᠎ᠪᠡᠷ ᠲᠤᠰᠢᠶᠠᠯ ᠡᠭᠦᠷᠭᠡᠯᠡᠭᠰᠡᠨ ᠲᠢᠩᠬᠢᠮ᠎ᠦᠨ ᠪᠠᠢᠭᠤᠯᠭ᠎ᠠ᠂ ᠲᠢᠩᠬᠢᠮ᠎ᠦᠨ ᠬᠠᠷᠢᠶ᠎ᠠ ᠨᠢᠭᠡᠴᠢ᠎ᠶᠢᠨ 42 ᠨᠡᠷᠡᠰ ᠭᠠᠵᠠᠷ᠎ᠤᠨ ᠲᠠᠰ᠎ᠤᠨ ᠺᠠᠳ᠋ᠷ ᠲᠠᠩᠭᠠᠷᠢᠭ᠍ᠯᠠᠬᠤ ᠶᠣᠰᠣᠯᠠᠯ᠎ᠳᠤ ᠣᠷᠣᠯᠴᠠᠵᠠᠢ᠃
ᠲᠠᠩᠭᠠᠷᠢᠭ᠍ᠯᠠᠬᠤ ᠶᠣᠰᠣᠯᠠᠯ ᠡᠬᠢᠯᠡᠵᠦ᠂ ᠪᠦᠬᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠰᠦᠯᠳᠡ ᠳᠠᠭᠤᠤ᠎ᠶᠢ ᠬᠥᠭᠵᠢᠮᠳᠡᠨ ᠳᠠᠭᠤᠯᠠᠪᠠ᠃ ᠳᠠᠷᠠᠭ᠎ᠠ ᠨᠢ᠂ ᠤᠳᠤᠷᠢᠳᠤᠨ ᠲᠠᠩᠭᠠᠷᠢᠭ᠍ᠯᠠᠭ᠍ᠴᠢ ᠤᠯᠤᠰ᠎ᠤᠨ ᠲᠣᠭ ᠤᠯᠤᠰ᠎ᠤᠨ ᠰᠦᠯᠳᠡ᠎ᠳᠦ ᠬᠠᠨᠳᠤᠨ᠂ ᠦᠨᠳᠦᠰᠦᠨ ᠬᠠᠤᠯᠢ᠎ᠶᠢ ᠭᠠᠷ᠎ᠲᠠᠭᠠᠨ ᠪᠠᠷᠢᠵᠤ᠂ ᠲᠠᠩᠭᠠᠷᠢᠭ᠋᠎ᠤᠨ ᠦᠭᠡᠰ᠎ᠢ ᠳᠠᠭᠠᠭᠤᠯᠤᠨ ᠤᠩᠰᠢᠵᠤ᠂ ᠪᠤᠰᠤᠳ ᠲᠠᠩᠭᠠᠷᠢᠭ᠍ᠯᠠᠭ᠍ᠴᠢ ᠨᠢ ᠮᠥᠷᠯᠡᠨ ᠵᠣᠭᠰᠣᠵᠤ᠂ ᠲᠠᠩᠭᠠᠷᠢᠭ᠋᠎ᠤᠨ ᠦᠭᠡᠰ᠎ᠢ ᠳᠠᠭᠠᠵᠤ ᠤᠩᠰᠢᠪᠠ᠃
ᠱᠧᠩ ᠰᠢᠶᠣᠣ ᠶᠢᠦ᠂ ᠤᠯᠤᠰ ᠲᠥᠷᠥ᠎ᠶᠢᠨ ᠦᠨᠡᠨᠴᠢ ᠰᠢᠳᠤᠷᠭᠤ᠎ᠶᠢ ᠪᠠᠲᠤ ᠴᠣᠭᠴᠠᠯᠠᠵᠤ᠂ ᠰᠢ᠎ᠶᠢᠨ ᠫᠢᠩ᠎ᠤᠨ ᠰᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠣᠨᠴᠠᠯᠢᠭ᠋ ᠪᠦᠬᠦᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠪᠠᠷ ᠰᠡᠳᠬᠢᠯ ᠰᠠᠨᠠᠭ᠎ᠠ᠎ᠪᠠᠨ ᠨᠢᠭ᠍ᠲᠠᠷᠠᠭᠤᠯᠤᠨ ᠰᠦᠭ ᠰᠦᠨᠡᠰᠦ᠎ᠪᠡᠨ ᠱᠤᠭᠤᠵᠤ᠂ ᠶᠡᠷᠦᠩᠬᠡᠢ ᠱᠦᠵᠢ ᠰᠢ᠎ᠶᠢᠨ ᠫᠢᠩ᠎ᠤᠨ 《 ᠤᠰᠤ ᠠᠷᠪᠢᠯᠠᠬᠤ᠎ᠶᠢ ᠲᠡᠷᠢᠭᠦᠨ᠎ᠳᠦ ᠲᠠᠯᠪᠢᠬᠤ᠂ ᠣᠷᠣᠨ ᠵᠠᠢ᠎ᠶᠢ ᠲᠡᠩᠴᠡᠭᠦᠷᠢᠲᠡᠢ ᠪᠠᠢᠯᠭᠠᠬᠤ᠂ ᠰᠢᠰᠲᠧᠮ᠎ᠲᠠᠢ ᠵᠠᠰᠠᠬᠤ᠂ ᠬᠣᠶᠠᠷ ᠲᠠᠯ᠎ᠠ᠎ᠪᠠᠷ ᠬᠦᠴᠦᠯᠡᠬᠦ 》 ᠤᠰᠤ ᠵᠠᠰᠠᠬᠤ ᠰᠡᠳᠬᠢᠴᠡ ᠪᠠ ᠤᠰᠤ ᠵᠠᠰᠠᠬᠤ ᠲᠤᠬᠠᠢ ᠴᠢᠬᠤᠯᠠ ᠥᠭᠦᠯᠡᠯᠲᠡ᠎ᠶᠢᠨ ᠵᠣᠷᠢᠭ᠋ ᠰᠠᠨᠠᠭ᠎ᠠ᠎ᠶᠢ ᠬᠢᠨᠠᠮᠠᠭᠠᠢ ᠦᠢᠯᠡᠳᠦᠯᠭᠡᠵᠢᠭᠦᠯᠵᠦ᠂ ᠶᠡᠷᠦᠩᠬᠡᠢ ᠱᠦᠵᠢ ᠰᠢ᠎ᠶᠢᠨ ᠫᠢᠩ᠎ᠤᠨ ᠥᠪᠥᠷ ᠮᠣᠩᠭᠣᠯ᠎ᠳᠤ ᠲᠠᠯᠪᠢᠭ᠍ᠰᠠᠨ ᠰᠢᠷᠢᠰ ᠴᠢᠬᠤᠯᠠ ᠶᠠᠷᠢᠶᠠᠨ᠎ᠤ ᠴᠢᠬᠤᠯᠠ ᠵᠢᠭᠠᠪᠤᠷᠢ᠎ᠶᠢᠨ ᠵᠣᠷᠢᠭ᠋ ᠰᠠᠨᠠᠭ᠎ᠠ᠎ᠶᠢ ᠭᠦᠨᠵᠡᠭᠡᠢ ᠲᠤᠭᠤᠰᠢᠯᠠᠭᠤᠯᠵᠤ᠂ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤᠳᠬᠠᠬᠤ ᠭᠣᠣᠯ ᠰᠢᠵᠢᠮ᠎ᠢ ᠪᠦᠬᠦ ᠲᠠᠯ᠎ᠠ᠎ᠪᠠᠷ ᠲᠤᠭᠤᠰᠢᠯᠠᠭᠤᠯᠵᠤ᠂ ᠨᠠᠮ᠎ᠤᠨ ᠲᠥᠪ ᠬᠣᠷᠢᠶ᠎ᠠ ᠪᠣᠯᠣᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ᠎ᠤ ᠰᠢᠢᠳᠪᠦᠷᠢᠲᠦ ᠪᠣᠳᠣᠯᠭ᠎ᠠ ᠪᠠᠢᠷᠢᠯᠠᠭᠤᠯᠤᠯᠲᠠ᠎ᠶᠢ ᠰᠠᠢᠲᠤᠷ ᠲᠤᠭᠤᠰᠢᠯᠠᠭᠤᠯᠬᠤ ᠭᠦᠢᠴᠡᠳᠭᠡᠭᠴᠢ᠂ ᠪᠣᠳᠠᠲᠠᠢ ᠠᠵᠢᠯᠯᠠᠭ᠍ᠴᠢ ᠪᠣᠯᠬᠤ ᠬᠡᠷᠡᠭᠲᠡᠢ᠃ ᠬᠠᠤᠯᠢᠵᠢᠯ᠎ᠤᠨ ᠦᠵᠡᠯᠲᠡ᠎ᠶᠢ ᠪᠠᠲᠤ ᠪᠤᠢ ᠪᠣᠯᠭᠠᠵᠤ᠂ ᠰᠢ᠎ᠶᠢᠨ ᠫᠢᠩ᠎ᠤᠨ ᠬᠠᠤᠯᠢᠵᠢᠯ᠎ᠤᠨ ᠦᠵᠡᠯ ᠰᠠᠨᠠᠭ᠎ᠠ᠎ᠶᠢ ᠦᠷᠭᠦᠯᠵᠢᠯᠡᠨ ᠭᠦᠨᠵᠡᠭᠡᠢ ᠰᠤᠷᠤᠯᠴᠠᠨ ᠨᠠᠷᠢᠨ ᠣᠢᠯᠠᠭᠠᠵᠤ᠂ ᠦᠨᠳᠦᠰᠦᠨ ᠬᠠᠤᠯᠢ᠎ᠶᠢᠨ ᠡᠷᠬᠡ ᠰᠦᠷ᠎ᠢ ᠬᠠᠮᠠᠭᠠᠯᠠᠵᠤ᠂ ᠦᠨᠳᠦᠰᠦᠨ ᠬᠠᠤᠯᠢ᠎ᠶᠢᠨ ᠤᠬᠠᠮᠰᠠᠷ᠎ᠢ ᠴᠢᠩᠭᠠᠳᠬᠠᠵᠤ᠂ ᠦᠨᠳᠦᠰᠦᠨ ᠬᠠᠤᠯᠢ᠎ᠶᠢᠨ ᠵᠣᠷᠢᠭ᠋ ᠰᠠᠨᠠᠭ᠎ᠠ᠎ᠶᠢ ᠪᠠᠳᠠᠷᠠᠭᠤᠯᠵᠤ᠂ ᠬᠠᠤᠯᠢ᠎ᠪᠠᠷ ᠲᠣᠭᠲᠠᠭᠠᠭᠰᠠᠨ ᠡᠭᠦᠷᠭᠡ ᠬᠠᠷᠢᠭᠤᠴᠠᠯᠭ᠎ᠠ᠎ᠶᠢ ᠡᠷᠬᠡᠪᠰᠢ ᠭᠦᠢᠴᠡᠳᠬᠡᠬᠦ᠂ ᠬᠠᠤᠯᠢ᠎ᠠᠴᠠ ᠡᠷᠬᠡ ᠣᠯᠭᠣᠭᠰᠠᠨ ᠦᠭᠡᠢ ᠪᠣᠯ ᠬᠢᠵᠦ ᠦᠯᠦ ᠪᠣᠯᠬᠤ᠎ᠶᠢ ᠪᠠᠷᠢᠮᠲᠠᠯᠠᠵᠤ᠂ ᠡᠭᠦᠷᠭᠡ ᠬᠠᠷᠢᠭᠤᠴᠠᠯᠭ᠎ᠠ᠎ᠪᠠᠨ ᠬᠠᠤᠯᠢ ᠶᠣᠰᠣᠭᠠᠷ ᠪᠦᠬᠦ ᠲᠠᠯ᠎ᠠ᠎ᠪᠠᠷ ᠵᠥᠪ ᠭᠦᠢᠴᠡᠳᠬᠡᠵᠦ᠂ ᠤᠬᠠᠮᠰᠠᠷ᠎ᠠᠴᠠ᠎ᠪᠠᠨ ᠬᠠᠤᠯᠢ᠎ᠶᠢ ᠬᠦᠨᠳᠦᠳᠭᠡᠵᠦ ᠬᠠᠤᠯᠢ᠎ᠶᠢ ᠰᠣᠷᠣᠯᠴᠠᠵᠤ ᠬᠠᠤᠯᠢ᠎ᠶᠢ ᠰᠠᠬᠢᠵᠤ ᠬᠠᠤᠯᠢ᠎ᠶᠢ ᠬᠡᠷᠡᠭᠯᠡᠵᠦ᠂ ᠬᠠᠤᠯᠢᠵᠢᠯ᠎ᠤᠨ ᠰᠡᠳᠬᠢᠬᠦᠢ ᠪᠠ ᠬᠠᠤᠯᠢᠵᠢᠯ᠎ᠤᠨ ᠠᠷᠭ᠎ᠠ ᠬᠡᠯᠪᠡᠷᠢ᠎ᠶᠢ ᠬᠡᠷᠡᠭᠯᠡᠨ ᠠᠵᠢᠯ᠎ᠢᠶᠠᠨ ᠥᠷᠨᠢᠭᠦᠯᠬᠦ ᠴᠢᠳᠠᠪᠤᠷᠢ᠎ᠪᠠᠨ ᠲᠠᠰᠤᠷᠠᠯᠲᠠ ᠦᠭᠡᠢ ᠳᠡᠭᠡᠭᠰᠢᠯᠡᠭᠦᠯᠬᠦ ᠬᠡᠷᠡᠭᠲᠡᠢ᠃ ᠡᠭᠦᠷᠭᠡ ᠬᠠᠷᠢᠭᠤᠴᠠᠯᠭ᠎ᠠ᠎ᠪᠠᠨ ᠴᠢᠩᠭᠠᠳᠬᠠᠵᠤ ᠂ ᠨᠠᠮ ᠪᠣᠯᠣᠨ ᠠᠷᠠᠳ ᠲᠦᠮᠡᠨ᠎ᠡᠴᠡ ᠣᠯᠭᠣᠭᠰᠠᠨ ᠲᠠᠪᠴᠠᠩ᠎ᠢ ᠬᠤᠪᠢ ᠳᠠᠬᠢᠨ ᠨᠠᠨᠳᠢᠩᠨᠠᠵᠤ᠂ 《 ᠠᠷᠪᠠᠨ ᠲᠠᠪᠤᠳᠤᠭᠠᠷ ᠲᠠᠪᠤᠨ ᠵᠢᠯ 》᠎ᠤᠨ ᠰᠢᠨ᠎ᠡ ᠠᠶᠠᠯᠠᠯ᠎ᠤᠨ ᠲᠡᠮᠳᠡᠭ᠎ᠢ ᠲᠣᠭᠲᠠᠭᠠᠵᠤ᠂ ᠤᠰᠤᠨ ᠠᠰᠢᠭ᠍ᠯᠠᠯᠲᠠ᠎ᠶᠢᠨ ᠴᠢᠨᠠᠷ ᠰᠠᠢᠲᠠᠢ ᠬᠥᠭᠵᠢᠯᠲᠡ᠎ᠳᠦ ᠠᠩᠬᠠᠷᠤᠯ᠎ᠢᠶᠠᠨ ᠲᠥᠪᠯᠡᠷᠡᠭᠦᠯᠵᠦ᠂ ᠤᠰᠤᠨ᠎ᠤ ᠠᠮᠤᠷ ᠲᠦᠪᠰᠢᠨ᠎ᠦ ᠪᠠᠲᠤᠯᠠᠭ᠎ᠠ᠎ᠶᠢᠨ ᠬᠠᠷᠠᠯᠲᠠ ᠡᠭᠦᠷᠭᠡ ᠪᠣᠯᠣᠨ ᠦᠢᠯᠡᠳᠦᠯᠭᠡ᠎ᠶᠢᠨ ᠠᠷᠭ᠎ᠠ ᠵᠠᠮ᠎ᠢ ᠬᠠᠩᠭᠠᠵᠤ᠂ ᠡᠭᠦᠷᠭᠡ ᠬᠠᠷᠢᠭᠤᠴᠠᠯᠭ᠎ᠠ᠎ᠪᠠᠨ ᠨᠠᠷᠢᠨ ᠬᠢᠨᠠᠮᠠᠭᠠᠢ ᠭᠦᠢᠴᠡᠳᠬᠡᠵᠦ᠂ ᠵᠣᠷᠢᠭ᠍ᠲᠠᠢ᠎ᠪᠠᠷ ᠬᠠᠷᠢᠭᠤᠴᠠᠯᠭ᠎ᠠ ᠡᠭᠦᠷᠭᠡᠯᠡᠨ ᠠᠵᠢᠯᠯᠠᠵᠤ᠂ ᠤᠰᠤᠨ ᠠᠰᠢᠭ᠍ᠯᠠᠯᠲᠠ᠎ᠶᠢᠨ ᠬᠥᠭᠵᠢᠯᠲᠡ᠎ᠶᠢᠨ ᠬᠦᠴᠢᠷ ᠠᠰᠠᠭᠤᠳᠠᠯ᠎ᠢ ᠰᠢᠢᠳᠪᠦᠷᠢᠯᠡᠬᠦ᠂ ᠤᠰᠤᠨ ᠠᠰᠢᠭ᠍ᠯᠠᠯᠲᠠ᠎ᠶᠢᠨ ᠥᠭᠡᠷᠡᠴᠢᠯᠡᠯᠲᠡ᠎ᠶᠢᠨ ᠪᠡᠷᠬᠡ ᠪᠣᠭᠣᠮᠲᠠ᠎ᠶᠢ ᠰᠢᠪᠲᠤᠯᠬᠤ ᠳᠤᠮᠳᠠ ᠲᠠᠰᠤᠷᠠᠯᠲᠠ ᠦᠭᠡᠢ ᠰᠢᠨ᠎ᠡ ᠪᠠᠢᠳᠠᠯ᠎ᠢ ᠨᠡᠭᠡᠭᠡᠵᠦ᠂ ᠰᠢᠨ᠎ᠡ ᠵᠢᠳᠬᠦᠯ ᠴᠢᠷᠮᠠᠢᠯᠭ᠎ᠠ᠎ᠶᠢ ᠢᠯᠡᠷᠡᠭᠦᠯᠵᠦ᠂ ᠤᠰᠤᠨ ᠠᠰᠢᠭ᠍ᠯᠠᠯᠲᠠ᠎ᠶᠢᠨ ᠣᠳᠣᠬᠢᠴᠢᠯᠠᠯᠲᠠ᠎ᠶᠢᠨ ᠰᠢᠨ᠎ᠡ ᠵᠠᠮ᠎ᠢ ᠲᠦᠷᠭᠡᠨ ᠨᠡᠭᠡᠭᠡᠬᠦ ᠬᠡᠷᠡᠭᠲᠡᠢ᠃ ᠰᠠᠬᠢᠯᠭ᠎ᠠ ᠪᠠᠲᠤ᠎ᠶᠢᠨ ᠬᠣᠷᠢᠭ᠎ᠠ ᠱᠤᠭᠤᠮ᠎ᠢ ᠪᠠᠲᠤ ᠰᠠᠬᠢᠵᠤ᠂ ᠢᠮᠠᠭᠲᠠ ᠵᠣᠬᠢᠶᠠᠨ ᠪᠠᠢᠭᠤᠯᠤᠯᠲᠠ᠎ᠠᠴᠠ ᠵᠢᠷᠦᠬᠡᠰᠢᠶᠡᠵᠦ᠂ ᠠᠷᠠᠳ ᠲᠦᠮᠡᠨ᠎ᠡᠴᠡ ᠵᠢᠷᠦᠬᠡᠰᠢᠶᠡᠵᠦ᠂ ᠬᠠᠤᠯᠢ ᠰᠠᠬᠢᠯᠭ᠎ᠠ᠎ᠠᠴᠠ ᠵᠢᠷᠦᠬᠡᠰᠢᠶᠡᠵᠦ᠂ ᠦᠵᠡᠯ ᠰᠠᠨᠠᠭᠠᠨ᠎ᠤ ᠰᠡᠷᠭᠡᠢᠯᠡᠯᠲᠡ᠎ᠶᠢᠨ ᠱᠤᠭᠤᠮ᠎ᠢ ᠪᠠᠲᠤ ᠪᠠᠢᠭᠤᠯᠵᠤ᠂ ᠠᠷᠢᠭᠤᠨ ᠴᠢᠬᠡᠴᠢ᠎ᠶᠢᠨ ᠬᠣᠷᠢᠭ᠎ᠠ ᠱᠤᠭᠤᠮ᠎ᠢ ᠪᠠᠲᠤ ᠰᠠᠬᠢᠵᠤ᠂ ᠬᠠᠤᠯᠢ ᠰᠠᠬᠢᠯᠭ᠎ᠠ᠎ᠶᠢᠨ ᠤᠯᠠᠭᠠᠨ ᠱᠤᠭᠤᠮ᠎ᠢ ᠪᠠᠲᠤ ᠰᠠᠬᠢᠵᠤ᠂ 《 ᠵᠣᠪᠠᠭᠤᠷᠢ ᠵᠦᠳᠡᠭᠦᠷᠢ᠎ᠶᠢ ᠳᠠᠭᠠᠭᠠᠬᠤ᠂ ᠴᠤᠴᠠᠯᠲᠠ ᠦᠭᠡᠢ ᠤᠷᠤᠭᠰᠢᠯᠠᠬᠤ᠂ ᠵᠣᠷᠢᠯᠭ᠎ᠠ᠎ᠳᠠᠭᠠᠨ ᠬᠦᠷᠬᠦ ᠦᠭᠡᠢ ᠪᠣᠯ ᠶᠠᠭᠠᠬᠢᠭ᠍ᠰᠠᠨ ᠴᠤ᠌ ᠵᠣᠭᠰᠣᠬᠤ ᠦᠭᠡᠢ 》 ᠮᠣᠩᠭᠣᠯ ᠮᠣᠷᠢᠨ᠎ᠤ ᠵᠣᠷᠢᠭ᠋ ᠰᠠᠨᠠᠭ᠎ᠠ᠎ᠶᠢ ᠶᠡᠬᠡᠪᠡᠷ ᠪᠠᠳᠠᠷᠠᠭᠤᠯᠵᠤ᠂ ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠭᠰᠠᠨ ᠥᠪᠥᠷ ᠮᠣᠩᠭᠣᠯ᠎ᠤᠨ ᠰᠢᠨ᠎ᠡ ᠬᠠᠭᠤᠳᠠᠰᠤ᠎ᠶᠢ ᠲᠠᠰᠤᠷᠠᠯᠲᠠ ᠦᠭᠡᠢ ᠪᠢᠴᠢᠭᠯᠡᠬᠦ᠎ᠳᠦ ᠤᠰᠤᠨ ᠠᠰᠢᠭ᠍ᠯᠠᠯᠲᠠ᠎ᠶᠢᠨ ᠬᠦᠴᠦᠨ ᠴᠢᠳᠠᠯ᠎ᠢᠶᠠᠨ ᠡᠷᠭᠦᠬᠦ ᠬᠡᠷᠡᠭᠲᠡᠢ ᠭᠡᠵᠦ ᠴᠢᠬᠤᠯᠠᠴᠢᠯᠠᠪᠠ᠃