ᠡᠪᠦᠯ᠎ᠦᠨ ᠭᠦᠨ ᠤᠯᠠᠷᠢᠯ᠎ᠳᠤ᠂ ᠲᠠᠯ᠎ᠠ ᠨᠤᠲᠤᠭ᠎ᠲᠤ ᠲᠡᠰᠬᠢᠮ᠎ᠠ ᠬᠦᠢᠲᠡᠨ ᠰᠠᠯᠬᠢ ᠰᠠᠯᠬᠢᠯᠠᠨ᠎ᠠ᠃ ᠶᠡᠬᠡ ᠴᠠᠰᠤ ᠣᠷᠣᠭᠰᠠᠨ᠎ᠤ ᠳᠠᠷᠠᠭ᠎ᠠ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠢᠯᠢ᠎ᠶᠢᠨ ᠭᠣᠣᠯ ᠠᠢᠮᠠᠭ᠎ᠤᠨ ᠠᠪᠠᠭ᠎ᠠ ᠬᠣᠰᠢᠭᠤᠨ᠎ᠤ ᠴᠠᠭᠠᠨᠨᠠᠭᠤᠷ ᠪᠠᠯᠭᠠᠰᠤᠨ᠎ᠤ ᠮᠠᠯᠴᠢᠨ ᠳᠠᠰᠢᠮᠠᠨᠳᠤᠬᠤ ᠮᠠᠯ ᠤᠨᠤᠭ᠎ᠠ᠎ᠪᠠᠨ ᠲᠡᠵᠢᠭᠡᠨ ᠤᠰᠤᠯᠠᠬᠤ᠎ᠪᠠᠷ ᠶᠠᠭᠠᠷᠠᠨ᠎ᠠ᠃ ᠲᠡᠷᠡ ᠭᠠᠷ ᠤᠲᠠᠰᠤᠨ ᠳᠡᠭᠡᠷ᠎ᠡ᠎ᠪᠡᠨ ᠬᠥᠩᠭᠡᠬᠡᠨ ᠲᠣᠪᠴᠢᠳᠠᠮᠠᠭᠴᠠ ᠴᠡᠪᠡᠷ ᠲᠤᠩᠭᠠᠯᠠᠭ ᠤᠰᠤ ᠤᠰᠤᠨ ᠣᠩᠭᠣᠴᠠᠨ᠎ᠳᠤ ᠤᠷᠤᠰ᠎ᠤᠨ ᠣᠷᠣᠵᠤ ᠪᠠᠢᠯ᠎ᠠ᠃
《 ᠬᠡᠴᠢᠨᠡᠨ ᠵᠢᠯ ᠪᠣᠯᠴᠢᠬᠠᠯ᠎ᠠ᠂ ᠬᠥᠮᠥᠨ ᠮᠠᠯ᠎ᠤᠨ ᠤᠤᠭᠤᠬᠤ ᠤᠰᠤᠨ᠎ᠤ ᠠᠰᠠᠭᠤᠳᠠᠯ ᠶᠡᠷᠦ᠎ᠨᠢ ᠮᠢᠨᠤ ᠬᠠᠮᠤᠭ᠎ᠠᠴᠠ ᠲᠣᠯᠣᠭᠠᠢ ᠡᠪᠡᠳᠳᠡᠭ ᠶᠠᠪᠤᠳᠠᠯ ᠪᠠᠢᠵᠠᠢ᠃ ᠤᠤᠯ ᠨᠢ ᠡᠳᠦᠷ ᠪᠦᠷᠢ ᠠᠷᠪᠠᠨ ᠬᠡᠳᠦᠨ ᠺᠢᠯᠣᠮᠧᠲᠷ᠎ᠦᠨ ᠴᠠᠭᠠᠨ᠎ᠠ᠎ᠠᠴᠠ ᠤᠰᠤ ᠲᠠᠲᠠᠵᠤ᠂ ᠢᠯᠠᠩᠭᠤᠶ᠎ᠠ ᠡᠢᠮᠦ ᠬᠠᠬᠢᠷ ᠬᠦᠢᠲᠡᠨ ᠴᠠᠭ ᠠᠭᠤᠷ ᠳᠠᠭᠠᠷᠠᠪᠠᠯ ᠨᠠᠩ ᠴᠤ᠌ ᠳᠥᠭᠥᠮ ᠦᠭᠡᠢ ᠪᠣᠯᠣᠨ᠎ᠠ᠂ ᠣᠲᠣ᠌ ᠭᠡᠷ᠎ᠲᠡᠬᠡᠨ ᠴᠡᠪᠡᠷ ᠤᠰᠤ ᠬᠡᠷᠡᠭᠯᠡᠵᠦ ᠪᠣᠯᠬᠤ ᠪᠣᠯᠤᠭᠰᠠᠨ ᠪᠥᠭᠡᠳ ᠮᠠᠯ᠎ᠢᠶᠡᠨ ᠤᠰᠤᠯᠠᠬᠤ᠎ᠳᠤ ᠴᠤ᠌ ᠠᠦ᠋ᠲ᠋ᠣᠴᠢᠯᠠᠯᠲᠠ᠎ᠶᠢ ᠪᠡᠶᠡᠯᠡᠭᠦᠯᠵᠦ ᠳᠡᠢᠯᠦᠭᠰᠡᠨ ᠪᠠᠢᠨ᠎ᠠ 》 ᠭᠡᠵᠦ ᠳᠠᠰᠢᠮᠠᠨᠳᠤᠬᠤ ᠢᠨᠢᠶᠡᠮᠰᠦᠭᠯᠡᠨ ᠬᠡᠯᠡᠨ᠎ᠡ᠃
ᠠᠪᠠᠭ᠎ᠠ ᠬᠣᠰᠢᠭᠤ᠎ᠪᠠᠷ ᠪᠠᠷᠠᠬᠤ ᠦᠭᠡᠢ᠂ ᠤᠤᠭᠤᠬᠤ ᠤᠰᠤᠨ᠎ᠤ ᠪᠡᠷᠬᠡ ᠠᠰᠠᠭᠤᠳᠠᠯ ᠨᠢ ᠥᠪᠥᠷ ᠮᠣᠩᠭᠣᠯ᠎ᠤᠨ ᠮᠠᠰᠢ ᠣᠯᠠᠨ ᠬᠢᠯᠢ ᠬᠢᠵᠠᠭᠠᠷ᠎ᠤᠨ ᠮᠠᠯᠵᠢᠬᠤ ᠣᠷᠣᠨ᠎ᠢ ᠣᠷᠳᠣ᠌ ᠬᠤᠭᠤᠴᠠᠭ᠎ᠠ᠎ᠪᠠᠷ ᠭᠠᠴᠢᠭ᠍ᠳᠠᠭᠤᠯᠵᠤ ᠪᠠᠢᠪᠠ᠃ ᠬᠠᠮᠤᠭ᠎ᠤᠨ ᠪᠠᠷᠠᠭᠤᠨ ᠵᠠᠬ᠎ᠠ᠎ᠶᠢᠨ ᠠᠯᠠᠱᠠ ᠠᠢᠮᠠᠭ᠎ᠤᠨ ᠡᠵᠡᠨ᠎ᠡ ᠬᠣᠰᠢᠭᠤᠨ᠎ᠤ ᠮᠠ ᠽᠥᠩ ᠱᠠᠨ ᠰᠤᠮᠤ᠎ᠳᠤ ᠂ ᠤᠰᠤᠨ᠎ᠤ ᠡᠬᠢ ᠰᠤᠷᠪᠤᠯᠵᠢ ᠬᠦᠷᠦᠯᠴᠡᠬᠦ ᠦᠭᠡᠢ ᠪᠠ ᠤᠰᠤᠨ᠎ᠤ ᠴᠢᠨᠠᠷ ᠮᠠᠭᠤ᠎ᠶᠢᠨ ᠨᠥᠯᠥᠭᠡ᠎ᠡᠴᠡ ᠪᠣᠯᠵᠤ᠂ 《 ᠤᠰᠤ ᠢᠳᠡᠬᠦ᠎ᠳᠦ ᠬᠦᠴᠢᠷ᠂ ᠤᠰᠤ ᠨᠢ ᠴᠢᠨᠠᠷ ᠮᠠᠭᠤ 》 ᠠᠰᠠᠭᠤᠳᠠᠯ ᠨᠢ ᠲᠤᠬᠠᠢ᠎ᠶᠢᠨ ᠭᠠᠵᠠᠷ᠎ᠤᠨ ᠣᠯᠠᠨ ᠲᠦᠮᠡᠨ᠎ᠦ ᠬᠠᠮᠤᠭ᠎ᠤᠨ ᠶᠡᠬᠡ 《 ᠰᠡᠳᠬᠢᠯ᠎ᠦᠨ ᠵᠣᠪᠠᠯᠠᠩ 》 ᠪᠣᠯᠤᠭᠰᠠᠨ ᠪᠠᠢᠨ᠎ᠠ᠃ ᠡᠨᠡ ᠬᠦ᠌ ᠬᠦᠴᠢᠷ ᠠᠰᠠᠭᠤᠳᠠᠯ᠎ᠢ ᠲᠤᠢᠯᠪᠤᠷᠢᠲᠠᠢ ᠰᠢᠢᠳᠪᠦᠷᠢᠯᠡᠬᠦ᠎ᠶᠢᠨ ᠲᠥᠯᠥᠭᠡ᠂ ᠲᠤᠬᠠᠢ᠎ᠶᠢᠨ ᠭᠠᠵᠠᠷ᠎ᠤᠨ ᠵᠠᠰᠠᠭ᠎ᠤᠨ ᠣᠷᠳᠣᠨ᠎ᠠᠴᠠ ᠲᠤᠰᠬᠠᠢ ᠮᠡᠷᠭᠡᠵᠢᠯᠲᠡᠨ᠎ᠦ ᠪᠦᠯᠬᠦᠮ᠎ᠢ ᠤᠷᠢᠵᠤ ᠤᠰᠤᠨ᠎ᠤ ᠡᠬᠢ ᠰᠤᠷᠪᠤᠯᠵᠢ᠎ᠶᠢ ᠬᠠᠢᠵᠤ᠂ ᠨᠢᠭᠡ ᠵᠢᠯ᠎ᠦᠨ ᠬᠤᠭᠤᠴᠠᠭ᠎ᠠ᠎ᠶᠢ ᠥᠩᠭᠡᠷᠡᠭᠡᠭᠡᠳ᠂ ᠤᠰᠤᠨ᠎ᠤ ᠡᠬᠢ ᠰᠤᠷᠪᠤᠯᠵᠢ᠎ᠶᠢᠨ ᠢᠨᠵᠧᠨᠧᠷᠢᠩ᠂ ᠴᠡᠪᠡᠷᠰᠢᠭᠦᠯᠬᠦ ᠢᠨᠵᠧᠨᠧᠷᠢᠩ ᠵᠡᠷᠭᠡ ᠵᠠᠩᠭᠢᠯᠠᠭ᠎ᠠ᠎ᠶᠢᠨ ᠭᠣᠭᠴᠣᠭ᠎ᠠ᠎ᠶᠢᠨ ᠬᠡᠷᠡᠭᠵᠢᠭᠦᠯᠬᠦ ᠲᠥᠰᠥᠯ᠎ᠢ ᠵᠠᠯᠭᠠᠭ᠎ᠠ᠎ᠪᠠᠷ ᠨᠠᠢᠳᠠᠪᠤᠷᠢᠵᠢᠭᠤᠯᠵᠠᠢ᠃
2025 ᠣᠨ᠎ᠤ 8 ᠳ᠋ᠤᠭᠠᠷ ᠰᠠᠷ᠎ᠠ᠎ᠳᠤ᠂ ᠲᠦᠭᠡᠭᠡᠯ ᠤᠰᠤ ᠣᠷᠭᠢᠯ᠎ᠤᠨ ᠭᠠᠷᠬᠤ᠎ᠶᠢ ᠳᠠᠭᠠᠯᠳᠤᠨ ᠮᠠ ᠽᠥᠩ ᠱᠠᠨ ᠰᠤᠮᠤᠨ᠎ᠤ ᠮᠠᠯᠴᠢᠨ ᠲᠦᠮᠡᠨ ᠪᠠᠶᠠᠷᠯᠠᠨ ᠬᠠᠰᠬᠢᠷᠤᠯᠳᠤᠵᠤ ᠬᠥᠷ ᠪᠠᠶᠠᠷ᠎ᠢᠶᠠᠷ ᠪᠢᠯᠬᠠᠪᠠ᠃
《 ᠮᠠᠨ᠎ᠤ ᠡᠨᠳᠡ ᠤᠰᠤ ᠦᠭᠡᠢ᠂ ᠥᠩᠭᠡᠷᠡᠭᠰᠡᠨ᠎ᠳᠦ ᠭᠠᠯᠲᠤ ᠲᠡᠷᠭᠡ᠎ᠪᠠᠷ ᠤᠰᠤ ᠲᠡᠭᠡᠭᠡᠪᠦᠷᠢᠯᠡᠵᠦ ᠲᠡᠷᠭᠡᠨ ᠥᠷᠲᠡᠭᠡᠨ᠎ᠦ ᠲᠣᠮᠣ᠌ ᠤᠰᠤᠨ ᠵᠣᠭᠣᠷᠢᠨ᠎ᠳᠤ ᠬᠠᠳᠠᠭᠠᠯᠠᠵᠤ ᠪᠠᠢᠵᠠᠢ᠂ ᠮᠠᠯᠴᠢᠳ ᠪᠠᠰᠠ ᠲᠡᠮᠡᠭᠡ ᠤᠨᠤᠬᠤ ᠪᠤᠶᠤ ᠮᠠᠰᠢᠨ᠎ᠢᠶᠠᠨ ᠵᠢᠯᠣᠭᠣᠳᠤᠨ ᠬᠡᠳᠦᠨ ᠠᠷᠪᠠᠨ ᠺᠢᠯᠣᠮᠧᠲᠷ ᠬᠣᠯᠠ᠎ᠠᠴᠠ ᠤᠰᠤ ᠠᠪᠴᠢᠷᠠᠵᠤ ᠤᠤᠭᠤᠳᠠᠭ ᠪᠠᠢᠵᠠᠢ 》᠃ ᠮᠠ ᠽᠥᠩ ᠱᠠᠨ ᠰᠤᠮᠤ᠎ᠶᠢᠨ ᠮᠠᠯᠴᠢᠨ ᠵᠢᠶᠠᠩ ᡁᠢ ᠼᠠᠢ ᠬᠡᠯᠡᠬᠦ᠎ᠳᠡᠭᠡᠨ᠂ 《 ᠣᠲᠣ᠌ ᠵᠠᠰᠠᠭ᠎ᠤᠨ ᠣᠷᠳᠣᠨ ᠲᠡᠷᠢᠭᠦᠨ᠎ᠦ ᠮᠡᠷᠭᠡᠵᠢᠯ᠎ᠢ ᠠᠰᠢᠭ᠍ᠯᠠᠨ ᠤᠰᠤ᠎ᠶᠢ ᠬᠤᠷᠠᠮᠳᠤᠭᠤᠯᠵᠤ᠂ ᠴᠡᠪᠡᠷᠰᠢᠭᠦᠯᠦᠭᠰᠡᠨᠦ ᠳᠠᠷᠠᠭ᠎ᠠ ᠬᠣᠭᠣᠯᠠᠢ᠎ᠪᠠᠷ ᠳᠠᠮᠵᠢᠭᠤᠯᠤᠨ ᠭᠡᠷ᠎ᠲᠤ ᠬᠦᠷᠭᠡᠵᠦ ᠪᠠᠢᠨ᠎ᠠ᠂ ᠬᠡᠳᠦᠢ ᠲᠥᠬᠥᠮ ᠪᠣᠯᠣᠭᠰᠠᠨ ᠭᠡᠳᠡᠭ᠎ᠢ ᠪᠦᠦ ᠳᠤᠷᠠᠳ ᠠ᠋ ! 》 ᠭᠡᠵᠡᠢ᠃
《 ᠥᠪᠥᠷ ᠮᠣᠩᠭᠣᠯ᠎ᠤᠨ 4200 ᠭᠠᠷᠤᠢ ᠺᠢᠯᠣᠮᠧᠲᠷ᠎ᠦᠨ ᠬᠢᠯᠢ᠎ᠶᠢᠨ ᠱᠤᠭᠤᠮ᠎ᠤᠨ ᠵᠡᠭᠦᠨᠰᠢ ᠪᠠᠷᠠᠭᠤᠨᠰᠢ ᠠᠯᠭᠠᠰᠠᠯ ᠶᠡᠬᠡ᠂ ᠭᠠᠵᠠᠷ ᠰᠢᠨᠵᠢᠯᠡᠭᠡᠨ᠎ᠦ ᠨᠥᠬᠥᠴᠡᠯ ᠪᠤᠳᠤᠯᠢᠶᠠᠨᠲᠠᠢ᠂ ᠵᠢᠯ ᠲᠤᠷᠰᠢ ᠥᠨᠳᠥᠷ ᠬᠦᠢᠲᠡᠨ᠂ ᠪᠣᠷᠣᠭᠠᠨ ᠪᠠᠭ᠎ᠠ᠂ ᠭᠠᠩ ᠬᠠᠭᠤᠷᠠᠢ᠂ ᠰᠠᠯᠬᠢ ᠶᠡᠬᠡᠲᠡᠢ ᠪᠥᠭᠡᠳ ᠶᠡᠬᠡᠩᠬᠢ ᠬᠢᠯᠢ ᠬᠢᠵᠠᠭᠠᠷ᠎ᠤᠨ ᠮᠠᠯᠵᠢᠬᠤ ᠣᠷᠣᠨ᠎ᠤ ᠪᠡᠯᠴᠢᠭᠡᠷ᠎ᠦᠨ ᠲᠠᠯᠠᠪᠠᠶ ᠶᠡᠬᠡ᠂ ᠮᠠᠯᠵᠢᠬᠤ ᠡᠷᠦᠬᠡ ᠲᠠᠷᠠᠬᠠᠢ ᠪᠤᠲᠠᠷᠬᠠᠢ ᠰᠠᠭᠤᠷᠢᠰᠢᠵᠤ᠂ ᠮᠠᠰᠢ ᠣᠯᠠᠨ ᠮᠠᠯᠴᠢᠳ ᠤᠰᠤ ᠦᠭᠡᠢ ᠪᠤᠶᠤ ᠤᠰᠤ ᠳᠤᠲᠠᠮᠠᠭ ᠪᠡᠯᠴᠢᠭᠡᠷ᠎ᠲᠦ ᠰᠠᠭᠤᠷᠢᠰᠢᠵᠤ᠂ ᠬᠣᠯᠠ᠎ᠠᠴᠠ ᠤᠰᠤ ᠲᠠᠲᠠᠬᠤ᠂ ᠤᠯᠠᠷᠢᠯ᠎ᠤᠨ ᠴᠢᠨᠠᠷᠲᠠᠢ᠎ᠪᠠᠷ ᠤᠰᠤ ᠳᠤᠲᠠᠭᠳᠠᠬᠤ᠂ ᠤᠷᠲᠤ ᠬᠤᠭᠤᠴᠠᠭ᠎ᠠ᠎ᠪᠠᠷ ᠭᠠᠰᠢᠭᠤᠨ ᠱᠣᠷᠪᠣᠭ ᠤᠰᠤ ᠤᠤᠭᠤᠬᠤ ᠪᠣᠯ ᠬᠢᠯᠢ ᠬᠢᠵᠠᠭᠠᠷ᠎ᠤᠨ ᠮᠠᠯᠵᠢᠬᠤ ᠣᠷᠣᠨ᠎ᠤ ᠣᠯᠠᠨ ᠲᠦᠮᠡᠨ᠎ᠦ ᠪᠠᠴᠢᠮᠳᠠᠵᠤ ᠲᠦᠪᠡᠭᠳᠡᠵᠦ ᠵᠣᠪᠠᠨᠢᠵᠤ ᠬᠦᠰᠡᠵᠦ ᠪᠠᠢᠭᠰᠠᠨ ᠠᠰᠠᠭᠤᠳᠠᠯ ᠶᠤᠮ 》 ᠭᠡᠵᠦ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠤᠰᠤᠨ ᠠᠰᠢᠭ᠍ᠯᠠᠯᠲᠠ᠎ᠶᠢᠨ ᠲᠢᠩᠬᠢᠮ᠎ᠦᠨ ᠲᠠᠷᠢᠶᠠᠯᠠᠩ ᠮᠠᠯ ᠠᠵᠤ ᠠᠬᠤᠢ ᠤᠰᠤᠨ ᠠᠰᠢᠭ᠍ᠯᠠᠯᠲᠠ᠎ᠶᠢᠨ ᠭᠠᠵᠠᠷ᠎ᠤᠨ ᠳᠠᠷᠤᠭ᠎ᠠ ᠢᠦᠢ ᠴᠠᠨ ᠲᠠᠨᠢᠯᠴᠠᠭᠤᠯᠪᠠ᠃
《 ᠦᠷᠭᠦᠯᠵᠢᠯᠡᠨ ᠴᠢᠷᠮᠠᠢᠬᠤ᠎ᠪᠠᠷ ᠳᠡᠮᠵᠢᠨ᠂ ᠥᠪᠥᠷ ᠮᠣᠩᠭᠣᠯ᠎ᠤᠨ ᠬᠢᠯᠢ ᠬᠢᠵᠠᠭᠠᠷ᠎ᠤᠨ ᠮᠠᠯᠵᠢᠬᠤ ᠣᠷᠣᠨ 2020 ᠣᠨ᠎ᠳᠤ ᠣᠲᠣ᠌᠎ᠶᠢᠨ ᠬᠡᠷᠡᠭᠵᠢᠭᠦᠯᠵᠦ ᠪᠠᠢᠭ᠎ᠠ ᠪᠠᠷᠢᠮᠵᠢᠶ᠎ᠠ᠎ᠶᠢᠨ ᠳᠣᠣᠷᠠᠬᠢ ᠤᠤᠭᠤᠬᠤ ᠤᠰᠤᠨ᠎ᠤ ᠠᠮᠤᠷ ᠲᠦᠪᠰᠢᠨ᠎ᠢ ᠪᠡᠶᠡᠯᠡᠭᠦᠯᠦᠭᠰᠡᠨ ᠪᠣᠯᠪᠠᠴᠤ ᠮᠥᠨ ᠬᠦ᠌ ᠤᠤᠭᠤᠬᠤ ᠤᠰᠤᠨ᠎ᠤ ᠲᠠᠯ᠎ᠠ᠎ᠪᠠᠷ ᠳᠥᠭᠥᠮ ᠦᠭᠡᠢ ᠪᠠᠢᠬᠤ᠂ ᠤᠰᠤᠨ᠎ᠤ ᠴᠢᠨᠠᠷ ᠲᠣᠭᠲᠠᠪᠤᠷᠢ ᠦᠭᠡᠢ ᠪᠠᠢᠬᠤ ᠵᠡᠷᠭᠡ ᠠᠯᠢ ᠣᠯᠠᠨ ᠠᠰᠠᠭᠤᠳᠠᠯ᠎ᠳᠤ ᠲᠤᠯᠭᠠᠷᠠᠵᠤ ᠪᠠᠢᠨ᠎ᠠ᠃ 》 ᠢᠦᠢ ᠴᠠᠨ ᠬᠡᠯᠡᠬᠦ᠎ᠳᠡᠭᠡᠨ᠂ 《 ᠬᠢᠯᠢ ᠬᠢᠵᠠᠭᠠᠷ᠎ᠤᠨ ᠮᠠᠯᠴᠢᠨ ᠲᠦᠮᠡᠨ᠎ᠳᠦ 〈 ᠤᠤᠭᠤᠬᠤ ᠤᠰᠤ᠎ᠲᠠᠢ 〉 ᠪᠠᠢᠭᠰᠠᠨ᠎ᠠᠴᠠ 〈 ᠰᠠᠢᠨ ᠤᠰᠤ ᠤᠤᠭᠤᠬᠤ 〉 ᠪᠣᠯᠭᠠᠬᠤ ᠪᠣᠯ ᠪᠢᠳᠡᠨ᠎ᠦ ᠢᠮᠠᠭᠲᠠ ᠴᠢᠷᠮᠠᠢᠬᠤ ᠠᠵᠢᠯ᠎ᠤᠨ ᠴᠢᠭᠯᠡᠯ ᠮᠥᠨ 》 ᠭᠡᠵᠡᠢ᠃
ᠬᠢᠯᠢ ᠬᠢᠵᠠᠭᠠᠷ ᠣᠷᠣᠨ᠎ᠳᠤ ᠤᠷᠳᠤ ᠬᠤᠭᠤᠴᠠᠭ᠎ᠠ᠎ᠪᠠᠷ ᠣᠷᠣᠰᠢᠵᠤ ᠪᠠᠢᠭᠰᠠᠨ 《 ᠤᠰᠤ ᠴᠠᠬᠢᠯᠭᠠᠨ ᠵᠠᠮ ᠬᠣᠯᠪᠣᠭ᠎ᠠ》᠎ᠶᠢᠨ ᠬᠦᠴᠢᠷ ᠠᠰᠠᠭᠤᠳᠠᠯ᠎ᠳᠤ ᠴᠢᠭᠯᠡᠭᠦᠯᠦᠨ᠂ 2023 ᠣᠨ᠎ᠳᠤ᠂ ᠥᠪᠥᠷ ᠮᠣᠩᠭᠣᠯ ᠪᠦᠬᠦ ᠤᠯᠤᠰ᠎ᠤᠨ ᠬᠢᠯᠢ ᠬᠢᠵᠠᠭᠠᠷ᠎ᠤᠨ ᠮᠤᠵᠢ ᠣᠷᠣᠨ᠎ᠤ ᠳᠣᠲᠣᠷ᠎ᠠ ᠡᠩ ᠲᠡᠷᠢᠭᠦᠨ᠎ᠳᠦ ᠬᠢᠯᠢ ᠬᠢᠵᠠᠭᠠᠷ ᠣᠷᠣᠨ᠎ᠤ ᠰᠠᠭᠤᠷᠢ ᠲᠥᠬᠦᠭᠡᠷᠦᠮᠵᠢ᠎ᠶᠢ ᠨᠢᠭᠡ ᠴᠣᠭᠴᠠᠵᠢᠭᠤᠯᠬᠤ ᠪᠦᠲᠦᠭᠡᠨ ᠪᠠᠢᠭᠤᠯᠤᠯᠲᠠ᠎ᠶᠢ ᠡᠬᠢᠯᠡᠭᠦᠯᠵᠦ᠂ ᠭᠤᠷᠪᠠᠨ ᠵᠢᠯ᠎ᠦᠨ ᠠᠵᠢᠯᠯᠠᠭ᠎ᠠ᠎ᠶᠢᠨ ᠲᠥᠰᠥᠯ᠎ᠢ ᠨᠡᠢᠲᠡᠯᠡᠵᠦ᠂ ᠪᠦᠬᠦ ᠥᠪᠡᠷᠲᠡᠭᠡᠨ ᠵᠠᠰᠠᠬᠤ ᠣᠷᠣᠨ᠎ᠤ ᠬᠢᠯᠢ ᠬᠢᠵᠠᠭᠠᠷ᠎ᠤᠨ ᠨᠢᠭᠡᠳᠦᠭᠡᠷ ᠹᠷᠣᠨᠲ᠎ᠤᠨ ᠰᠠᠭᠤᠷᠢ ᠲᠥᠬᠦᠭᠡᠷᠦᠮᠵᠢ ᠪᠣᠯᠣᠨ ᠤᠯᠠᠨ ᠨᠡᠶ᠋ᠢᠲᠡ᠎ᠶᠢᠨ ᠦᠢᠯᠡᠴᠢᠯᠡᠭᠡᠨ᠎ᠦ ᠲᠦᠪᠰᠢᠨ ᠲᠦᠷᠭᠡᠨ᠎ᠢᠶᠡᠷ ᠳᠡᠭᠡᠭᠰᠢᠯᠡᠬᠦ᠎ᠶᠢ ᠪᠡᠶᠡᠯᠡᠭᠦᠯᠵᠦ᠂ ᠤᠰᠤ ᠬᠠᠩᠭᠠᠬᠤ ᠪᠠᠲᠤᠯᠠᠭ᠎ᠠ᠎ᠶᠢᠨ ᠪᠦᠲᠦᠭᠡᠨ ᠪᠠᠢᠭᠤᠯᠤᠯᠲᠠ ᠴᠤ᠌ ᠵᠡᠷᠭᠡ᠎ᠪᠡᠷ 《 ᠲᠦᠷᠭᠡᠨ ᠤᠷᠤᠭᠰᠢᠯᠠᠬᠤ ᠳᠠᠷᠤᠪᠴᠢ 》᠎ᠶᠢ ᠳᠠᠷᠤᠪᠠ᠃
《 ᠠᠷᠪᠠᠨ ᠳᠥᠷᠪᠡᠳᠦᠭᠡᠷ ᠲᠠᠪᠤᠨ ᠵᠢᠯ 》᠎ᠦᠨ ᠲᠥᠯᠦᠪᠵᠢᠭᠦᠯᠭᠡ᠎ᠶᠢᠨ ᠬᠤᠭᠤᠴᠠᠭᠠᠨ᠎ᠳᠤ᠂ ᠥᠪᠥᠷ ᠮᠣᠩᠭᠣᠯ ᠣᠯᠠᠨ ᠠᠷᠭ᠎ᠠ ᠵᠠᠮ᠎ᠢᠶᠠᠷ 6 ᠳ᠋ᠦᠩᠰᠢᠭᠤᠷ ᠰᠢᠬᠠᠮ ᠲᠥᠭᠥᠷᠢᠭ᠎ᠦᠨ ᠪᠡᠯᠡ ᠮᠥᠩᠭᠥ ᠴᠤᠭᠯᠠᠭᠤᠯᠵᠤ᠂ ᠤᠰᠤ ᠬᠠᠩᠭᠠᠬᠤ ᠦᠨᠳᠦᠰᠦᠨ ᠬᠤᠳᠳᠤᠭ᠂ ᠤᠰᠤ ᠬᠠᠳᠠᠭᠠᠯᠠᠬᠤ ᠵᠣᠭᠣᠷᠢ ᠪᠠᠶ᠋ᠢᠭᠤᠯᠬᠤ᠂ ᠡᠷᠦᠬᠡ᠎ᠳᠦ ᠣᠷᠣᠵᠤ ᠤᠰᠤ ᠴᠡᠪᠡᠷᠰᠢᠭᠦᠯᠬᠦ ᠲᠥᠬᠦᠭᠡᠷᠦᠮᠵᠢ᠎ᠶᠢ ᠲᠥᠬᠥᠷᠵᠢᠭᠦᠯᠬᠦ ᠵᠡᠷᠭᠡ ᠠᠷᠭ᠎ᠠ ᠬᠡᠮᠵᠢᠶ᠎ᠡ᠎ᠪᠡᠷ ᠳᠠᠮᠵᠢᠭᠤᠯᠤᠨ᠂ ᠨᠡᠶ᠋ᠢᠲᠡ 90 ᠬᠢᠯᠢ᠎ᠶᠢᠨ ᠬᠠᠮᠠᠭᠠᠯᠠᠯᠲᠠ᠎ᠶᠢᠨ ᠬᠠᠷᠠᠭᠤᠯ᠎ᠤᠨ ᠭᠠᠵᠠᠷ ( ᠵᠢᠵᠢᠭᠦᠷᠯᠡᠬᠦ ᠭᠠᠵᠠᠷ )᠂ 45 ᠬᠢᠯᠢ᠎ᠶᠢᠨ ᠬᠠᠮᠠᠭᠠᠯᠠᠯᠲᠠ᠎ᠶᠢᠨ ᠲᠣᠮᠢᠯᠠᠭᠰᠠᠨ ᠰᠠᠯᠪᠤᠷᠢ᠂ 7 ᠬᠢᠯᠢ᠎ᠶᠢᠨ ᠪᠠᠢᠴᠠᠭᠠᠬᠤ ᠥᠷᠲᠡᠭᠡ ( ᠦᠢᠯᠡᠴᠢᠯᠡᠭᠡᠨ᠎ᠦ ᠭᠠᠵᠠᠷ ) ᠪᠣᠯᠣᠨ 16.2 ᠲᠦᠮᠡᠨ ᠬᠢᠯᠢ᠎ᠶᠢᠨ ᠠᠷᠠᠳ᠎ᠤᠨ ᠤᠰᠤ ᠬᠡᠷᠡᠭᠯᠡᠬᠦ ᠬᠦᠴᠢᠷ ᠠᠰᠠᠭᠤᠳᠠᠯ᠎ᠢ ᠰᠢᠢᠳᠪᠦᠷᠢᠯᠡᠭᠰᠡᠨ ᠪᠠᠢᠨ᠎ᠠ᠃ ᠣᠳᠣᠬᠠᠨ᠎ᠳᠤ᠂ ᠥᠪᠥᠷ ᠮᠣᠩᠭᠣᠯ᠎ᠤᠨ ᠬᠢᠯᠢ ᠬᠢᠵᠠᠭᠠᠷ᠎ᠤᠨ ᠬᠣᠰᠢᠭᠤ ᠬᠣᠲᠠ᠎ᠶᠢᠨ ᠮᠠᠯᠵᠢᠬᠤ ᠲᠠᠷᠢᠶᠠᠯᠠᠬᠤ ᠣᠷᠣᠨ᠎ᠤ ᠲᠦᠭᠡᠭᠡᠯ ᠤᠰᠤᠨ᠎ᠤ ᠲᠦᠭᠡᠮᠡᠯᠵᠢᠭᠰᠡᠨ ᠨᠣᠷᠮ᠎ᠠ ᠨᠢᠭᠡᠨᠲᠡ 74.45%᠎ᠳᠤ ᠬᠦᠷᠴᠦ᠂ ᠲᠠᠷᠠᠬᠠᠢ ᠪᠤᠲᠠᠷᠬᠠᠢ ᠮᠠᠯᠵᠢᠬᠤ ᠲᠠᠷᠢᠶᠠᠯᠠᠬᠤ ᠡᠷᠦᠬᠡ᠎ᠶᠢᠨ ᠤᠰᠤ ᠲᠠᠲᠠᠬᠤ ᠵᠠᠢ᠎ᠶᠢ ᠦᠨᠳᠦᠰᠦᠨ᠎ᠳᠡᠭᠡᠨ 5 ᠺᠢᠯᠣᠮᠧᠲᠷ᠎ᠦᠨ ᠳᠣᠲᠣᠷ᠎ᠠ ᠬᠢᠵᠠᠭᠠᠷᠯᠠᠵᠤ᠂ ᠤᠰᠤ ᠬᠠᠩᠭᠠᠬᠤ ᠪᠠᠲᠤᠯᠠᠭ᠎ᠠ᠎ᠶᠢᠨ ᠬᠢᠷᠢ ᠬᠡᠮᠵᠢᠶ᠎ᠡ᠎ᠶᠢ ᠪᠦᠬᠦᠯᠢ ᠴᠣᠭᠴᠠ᠎ᠪᠠᠷ ᠨᠢ ᠳᠡᠭᠡᠭᠰᠢᠯᠡᠭᠦᠯᠪᠡ᠃
ᠡᠭᠦᠨ᠎ᠦ ᠬᠠᠮᠲᠤ᠂ ᠥᠪᠥᠷ ᠮᠣᠩᠭᠣᠯ 《 ᠮᠠᠯᠵᠢᠬᠤ ᠣᠷᠣᠨ᠎ᠤ ᠲᠠᠷᠠᠬᠠᠢ ᠪᠤᠲᠠᠷᠬᠠᠢ ᠤᠰᠤ ᠬᠠᠩᠭᠠᠬᠤ ᠢᠨᠵᠧᠨᠧᠷᠢᠩ᠎ᠦᠨ ᠪᠦᠲᠦᠭᠡᠨ ᠪᠠᠢᠭᠤᠯᠤᠯᠲᠠ ᠬᠢᠭᠡᠳ ᠬᠠᠮᠢᠶᠠᠷᠴᠤ ᠬᠠᠮᠠᠭᠠᠯᠠᠬᠤ ᠮᠡᠷᠭᠡᠵᠢᠯ᠎ᠦᠨ ᠵᠦᠭᠯᠡᠭᠦᠷ ( ᠲᠤᠷᠰᠢᠨ ᠬᠡᠷᠡᠭᠵᠢᠭᠦᠯᠬᠦ ) 》᠎ᠢ ᠰᠤᠳᠤᠯᠤᠨ ᠨᠡᠢᠲᠡᠯᠡᠬᠦ᠎ᠶᠢᠨ ᠬᠠᠮᠲᠤ᠂ ᠥᠪᠡᠷᠲᠡᠭᠡᠨ ᠵᠠᠰᠠᠬᠤ ᠣᠷᠣᠨ᠎ᠤ ᠤᠰᠤᠨ ᠠᠰᠢᠭ᠍ᠯᠠᠯᠲᠠ᠎ᠶᠢᠨ ᠬᠥᠭᠵᠢᠯᠲᠡ᠎ᠶᠢᠨ ᠰᠠᠭᠤᠷᠢ ᠮᠥᠩᠭᠥ᠎ᠶᠢ ᠨᠢᠭᠡᠳᠦᠯᠲᠡᠢ ᠲᠥᠯᠥᠪᠯᠡᠬᠦ ᠵᠡᠷᠭᠡ ᠠᠷᠭ᠎ᠠ ᠮᠠᠶᠢᠭ᠋᠎ᠢᠶᠠᠷ ᠳᠠᠮᠵᠢᠭᠤᠯᠤᠨ ᠵᠠᠷᠤᠳᠠᠯ᠎ᠤᠨ ᠳᠡᠮᠵᠢᠯᠭᠡ᠎ᠪᠡᠨ ᠴᠢᠩᠭᠠᠷᠠᠭᠤᠯᠵᠤ᠂ ᠡᠯ᠎ᠡ ᠬᠢᠯᠢ᠎ᠶᠢᠨ ᠬᠣᠰᠢᠭᠤ ᠬᠣᠲᠠ᠎ᠶᠢᠨ ᠲᠤᠬᠠᠢ᠎ᠶᠢᠨ ᠭᠠᠵᠠᠷ ᠣᠷᠣᠨ᠎ᠤ ᠪᠠᠢᠳᠠᠯ᠎ᠳᠠᠭᠠᠨ ᠲᠣᠬᠢᠷᠠᠭᠤᠯᠤᠨ ᠤᠰᠤ ᠬᠠᠩᠭᠠᠬᠤ ᠪᠠᠲᠤᠯᠠᠭ᠎ᠠ᠎ᠶᠢ ᠰᠠᠢᠲᠤᠷ ᠬᠢᠬᠦ᠎ᠶᠢ ᠵᠢᠯᠣᠭᠣᠳᠤᠨ᠎ᠠ᠃ ᠡᠭᠦᠨ᠎ᠡᠴᠡ ᠭᠠᠳᠠᠨ᠎ᠠ᠂ ᠬᠢᠯᠢ ᠬᠢᠵᠠᠭᠠᠷ᠎ᠤᠨ ᠮᠠᠯᠵᠢᠬᠤ ᠣᠷᠣᠨ᠎ᠤ ᠤᠰᠤ ᠬᠠᠩᠭᠠᠬᠤ ᠰᠢᠶᠠᠨ᠎ᠤ ᠬᠡᠪᠴᠢᠶ᠎ᠡ᠎ᠶᠢ ᠨᠢᠭᠡᠳᠦᠯᠲᠡᠢ ᠬᠠᠮᠢᠶᠠᠷᠬᠤ᠎ᠶᠢ ᠶᠡᠬᠡᠪᠡᠷ ᠬᠡᠷᠡᠭᠵᠢᠭᠦᠯᠵᠦ᠂ ᠢᠯᠠᠩᠭᠤᠶ᠎ᠠ ᠬᠥᠮᠥᠨ ᠠᠮᠠ᠎ᠶᠢᠨ ᠰᠠᠭᠤᠷᠢᠰᠢᠯ ᠲᠠᠷᠠᠬᠠᠢ ᠪᠤᠲᠠᠷᠬᠠᠢ᠂ ᠨᠢᠭ᠍ᠲᠠᠴᠠ ᠪᠠᠭ᠎ᠠ ᠭᠠᠵᠠᠷ ᠣᠷᠣᠨ᠎ᠳᠤ ᠴᠢᠭᠯᠡᠭᠦᠯᠦᠨ᠂ ᠬᠡᠰᠡᠭ ᠲᠣᠭᠣᠷᠢᠭ᠋ ᠬᠤᠪᠢᠶᠠᠨ ᠰᠡᠯᠪᠢᠨ ᠵᠠᠰᠠᠵᠤ ᠠᠷᠠᠴᠢᠯᠠᠨ ᠬᠠᠮᠠᠭᠠᠯᠠᠬᠤ ᠦᠢᠯᠡᠴᠢᠯᠡᠭᠡᠨ᠎ᠦ ᠥᠷᠲᠡᠭᠡ ᠪᠠᠢᠭᠤᠯᠵᠤ᠂ ᠰᠡᠯᠪᠢᠨ ᠵᠠᠰᠠᠵᠤ ᠠᠷᠠᠴᠢᠯᠠᠨ ᠬᠠᠮᠠᠭᠠᠯᠠᠬᠤ ᠡᠩᠨᠡᠭᠡ᠎ᠶᠢ ᠪᠠᠢᠭᠤᠯᠤᠨ᠂ ᠨᠢᠭᠡᠳᠦᠯᠲᠡᠢ ᠦᠢᠯᠡᠴᠢᠯᠡᠭᠡ᠎ᠶᠢ ᠪᠦᠬᠦᠨ᠎ᠢ ᠬᠠᠮᠤᠷᠬᠤ᠎ᠶᠢ ᠦᠨᠡᠨ ᠬᠦ᠌ ᠪᠠᠲᠤᠯᠠᠵᠤ᠂ ᠣᠳᠣᠬᠠᠨ᠎ᠳᠤ ᠨᠢᠭᠡᠨᠲᠡ 11 ᠬᠢᠯᠢ ᠬᠢᠵᠠᠭᠠᠷ᠎ᠤᠨ ᠬᠣᠰᠢᠭᠤ ᠬᠣᠲᠠ᠎ᠳᠤ ᠰᠢᠶᠠᠨ᠎ᠤ ᠬᠡᠪᠴᠢᠶ᠎ᠡ᠎ᠶᠢ ᠨᠢᠭᠡᠳᠦᠯᠲᠡᠢ ᠬᠠᠮᠢᠶᠠᠷᠬᠤ᠎ᠶᠢ ᠦᠨᠳᠦᠰᠦᠨ᠎ᠳᠡᠭᠡᠨ ᠪᠡᠶᠡᠯᠡᠭᠦᠯᠵᠦ᠂ ᠪᠥᠬᠥ ᠣᠷᠣᠨ᠎ᠤ ᠬᠢᠯᠢ ᠬᠢᠵᠠᠭᠠᠷ᠎ᠤᠨ ᠬᠣᠰᠢᠭᠤ ᠬᠣᠲᠠ᠎ᠶᠢᠨ ᠶᠡᠷᠦᠩᠬᠡᠢ ᠲᠣᠭᠠᠨ᠎ᠤ 55%᠎ᠶᠢ ᠡᠵᠡᠯᠡᠪᠡ᠃
ᠡᠳᠦᠭᠡ᠂ ᠲᠤᠩᠭᠠᠯᠠᠭ ᠰᠠᠢᠬᠠᠨ ᠲᠦᠭᠡᠭᠡᠯ ᠤᠰᠤ ᠲᠠᠯ᠎ᠠ ᠨᠤᠲᠤᠭ᠎ᠤᠨ ᠭᠦᠨ᠎ᠳᠦ ᠤᠷᠤᠰᠴᠤ᠂ ᠬᠢᠯᠢ᠎ᠶᠢᠨ ᠠᠷᠠᠳ ᠨᠢᠭᠡᠪᠦᠷᠢ᠎ᠶᠢᠨ ᠰᠡᠳᠬᠢᠯ ᠵᠢᠷᠦᠬᠡ᠎ᠶᠢ ᠤᠮᠳᠠᠯᠠᠵᠤ᠂ ᠬᠣᠢᠰᠢᠳᠠ᠎ᠶᠢᠨ ᠨᠡᠩ ᠰᠠᠢᠨ ᠰᠠᠢᠬᠠᠨ ᠠᠮᠢᠳᠤᠷᠠᠯ᠎ᠳᠤ ᠲᠠᠰᠤᠷᠠᠯᠳᠡ ᠦᠭᠡᠢ ᠠᠮᠢᠵᠢᠷᠠᠯ᠎ᠤᠨ ᠬᠦᠴᠦᠨ ᠪᠠ ᠬᠦᠰᠡᠯ ᠡᠷᠡᠮᠡᠯᠵᠡᠯ᠎ᠢ ᠨᠡᠮᠡᠷᠢᠯᠡᠬᠦ ᠪᠣᠯᠣᠨ᠎ᠠ᠃