ᠵᠤᠨ᠎ᠤ ᠯᠤᠤᠬ᠎ᠠ᠎ᠶ᠋ᠢᠨ ᠭᠣᠣᠯ᠎ᠤᠨ ᠤᠷᠤᠰᠬᠠᠯ ᠭᠤᠷᠴᠢᠭᠢᠨᠠᠨ ᠤᠷᠤᠰᠤᠨ᠎ᠠ᠃ ᠡᠨᠡ ᠬᠦ᠌ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠤᠯᠠᠭᠠᠨᠬᠠᠳᠠ ᠬᠤᠲᠠ᠎ᠶ᠋ᠢᠨ ᠡᠵᠢ ᠭᠤᠣᠯ᠎ᠨᠢ ᠬᠤᠶᠠᠷ ᠡᠷᠭᠢ᠎ᠶ᠋ᠢᠨ ᠠᠷᠠᠳ ᠣᠯᠠᠨ᠎ᠤ ᠠᠵᠤ ᠠᠮᠢᠳᠤᠷᠠᠯ ᠪᠠ ᠬᠦᠰᠡᠯ ᠡᠷᠡᠮᠡᠯᠵᠡᠯ᠎ᠢ ᠠᠴᠢᠶᠠᠯᠠᠵᠤ ᠪᠠᠢᠭ᠎ᠠ ᠪᠣᠯᠬᠤᠷ ᠪᠥᠬᠦ᠌ ᠬᠤᠲᠠ᠎ᠶ᠋ᠢᠨ ᠤᠰᠤᠨ᠎ᠤ ᠠᠮᠢ ᠠᠬᠤᠶ᠎ᠶ᠋ᠢᠨ ᠠᠮᠤᠷ ᠲᠦᠪᠱᠢᠨ᠎ᠲᠠᠢ ᠬᠤᠯᠪᠣᠭ᠍ᠳᠠᠵᠤ ᠪᠠᠢᠳᠠᠭ᠃
ᠲᠦᠷᠦᠭᠦᠬᠡᠨ᠂ ᠤᠰᠤᠨ ᠠᠱᠢᠭ᠍ᠯᠠᠯᠲᠠ᠎ᠶ᠋ᠢᠨ ᠰᠠᠯᠠᠭ᠎ᠠ ᠮᠥᠴᠢᠷ᠎ᠤᠨ ᠠᠵᠢᠯᠲᠠᠳ ᠤᠯᠠᠭᠠᠨᠬᠠᠳᠠ ᠬᠤᠲᠠ᠎ᠶ᠋ᠢᠨ ᠤᠯᠤᠰ ᠲᠥᠷᠥ᠎ᠶ᠋ᠢᠨ ᠵᠥᠪᠯᠡᠯᠭᠡᠨ᠎ᠤ ᠭᠡᠱᠢᠭᠦᠳ᠎ᠲᠠᠢ ᠬᠠᠮᠲᠤᠷᠠᠨ᠂ ᠪᠠᠶᠠᠰᠭᠤᠯᠠᠩ ᠠᠢᠯ ᠲᠣᠰᠭᠤᠨ᠂ ᠵᠧᠤ ᠵᠢᠶᠠ ᠳ᠋ᠢ ᠲᠣᠰᠭᠤᠨ᠂ ᠵᠡᠬᠦᠨ ᠳ᠋ᠠᠩ ᠫᠦ᠋ ᠳ᠋ᠢ ᠲᠣᠰᠭᠤᠨ ᠵᠡᠷᠭᠡ ᠭᠠᠵᠠᠷ᠎ᠲᠤ ᠬᠦᠷᠴᠦ᠍᠂ 《ᠳᠤᠷ᠎ᠠ᠎ᠪᠠᠷ ᠦᠢ᠍ᠯᠡᠳᠬᠦ ᠳᠦᠷᠪᠡ᠎ᠶᠢ ᠴᠡᠪᠡᠷᠯᠡᠬᠦ》 ( ᠳᠤᠷ᠎ᠠ᠎ᠪᠠᠷ᠎ᠢᠶᠠᠨ ᠡᠵᠡᠯᠡᠬᠦ᠂ ᠳᠤᠷ᠎ᠠ᠎ᠪᠠᠷ᠎ᠢᠶᠠᠨ ᠮᠠᠯᠲᠠᠬᠤ᠂ ᠳᠤᠷ᠎ᠠ᠎ᠪᠠᠷ᠎ᠢᠶᠠᠨ ᠣᠪᠣᠭᠠᠯᠠᠬᠤ᠂ ᠳᠤᠷ᠎ᠠ᠎ᠪᠠᠷ᠎ᠢᠶᠠᠨ ᠪᠠᠢ᠌ᠭᠤᠯᠬᠤ )ᠠᠰᠠᠭᠤᠳᠠᠯ᠎ᠢ ᠴᠡᠭ᠌ᠴᠡᠯᠡᠨ ᠵᠠᠰᠠᠭ᠍ᠰᠠᠨ ᠠᠵᠢᠯ᠎ᠤᠨ ᠦᠷ᠎ᠡ ᠪᠦᠲᠦᠮᠵᠢ᠎ᠶ᠋ᠢ ᠲᠤᠬᠠᠶ᠎ᠶ᠋ᠢᠨ ᠭᠠᠵᠠᠷ᠎ᠲᠤᠨᠢ ᠪᠠᠢᠴᠠᠭᠠᠪᠠ᠃
ᠰᠠᠭᠠᠳ᠎ᠢ ᠠᠷᠢᠯᠭᠠᠨ ᠭᠤᠣᠯ᠎ᠤᠨ ᠵᠠᠮ᠎ᠢ ᠨᠡᠩ ᠰᠠᠭᠠᠳ ᠦᠭᠡᠢ ᠨᠡᠪᠲᠡᠷᠡᠭᠦᠯᠪᠡ
ᠠᠤᠬᠠᠨ ᠬᠤᠱᠢᠭᠤᠨ᠎ᠤ ᠪᠠᠶᠠᠰᠭᠤᠯᠠᠩ ᠠᠢᠯ᠎ᠳᠤ᠂ ᠦᠩᠭᠡᠷᠡᠭ᠌ᠰᠡᠨ᠎ᠳᠤ ᠭᠤᠤᠯ᠎ᠤᠨ ᠵᠠᠮ᠎ᠢ ᠬᠦᠨᠳᠡᠯᠡᠨ ᠲᠤᠭᠤᠯᠤᠭ᠍ᠰᠠᠨ ᠬᠠᠱᠢᠯᠭ᠎ᠠ ᠪᠠᠷ᠎ᠠ ᠨᠢ ᠬᠠᠷᠠᠭ᠍ᠳᠠᠬᠤ᠎ᠪᠠᠨ ᠪᠤᠯᠢᠵᠤ᠂ ᠡᠷᠭᠢ ᠳᠠᠭ᠋ᠠᠤ᠎ᠶᠢᠨ ᠵᠢᠭᠳᠡᠷᠡᠨ ᠵᠢᠭᠳᠡᠷᠡᠭᠰᠡᠨ ᠬᠡᠰᠡᠭ ᠣᠢ ᠰᠢᠭᠤᠢ ᠴᠤ᠌ ᠰᠡᠬᠦᠢᠵᠦ᠂ ᠯᠤᠤᠬ᠎ᠠ᠎ᠶ᠋ᠢᠨ ᠭᠤᠤᠯ᠎ᠤᠨ ᠤᠷᠤᠰᠭᠠᠯ ᠱᠢᠯᠤᠭᠤᠬᠠᠨ ᠤᠷᠤᠰᠪᠠ᠃
ᠠᠤᠬᠠᠨ ᠬᠤᠱᠢᠭᠤᠨ᠎ᠤ ᠤᠰᠤᠨ ᠠᠱᠢᠭ᠍ᠯᠠᠯᠲᠠ᠎ᠶ᠋ᠢᠨ ᠲᠣᠪᠴᠢᠶ᠎ᠠ᠎ᠶ᠋ᠢᠨ ᠬᠠᠷᠢᠭᠤᠴᠠᠯᠭᠠᠲᠠᠨ ᠬᠠᠱᠢᠯᠭ᠎ᠠ ᠬᠦᠷᠢᠶᠡᠯᠡᠵᠦ᠍ ᠨᠤᠷᠠᠭᠠᠬᠤ ᠪᠠ ᠳᠠᠷᠢᠬᠤ᠎ᠶ᠋ᠢ ᠴᠠᠭᠠᠵᠠᠯᠠᠬᠤ ᠱᠤᠭᠤᠮ᠎ᠤᠨ ᠳᠣᠲᠣᠷᠠᠬᠢ ᠤᠰᠤ ᠬᠤᠷᠢᠭᠯᠠᠬᠤ ᠢᠯᠳᠠᠰᠤᠨ ᠣᠶ᠎ᠶ᠋ᠢ ᠴᠡᠪᠡᠷᠯᠡᠬᠦ᠌ ᠬᠠᠮᠤᠭ᠎ᠤᠨ ᠱᠢᠨ᠎ᠡ ᠠᠬᠢᠴᠠ᠎ᠶ᠋ᠢ ᠲᠠᠨᠢᠯᠴᠠᠭᠤᠯᠪᠠ᠃ ᠤᠯᠤᠰ ᠲᠦᠷᠦ᠍᠎ᠶ᠋ᠢᠨ ᠵᠥᠪᠯᠡᠯᠭᠡᠨ᠎ᠤ ᠭᠡᠱᠢᠭᠦᠳ ᠭᠤᠣᠯ᠎ᠤᠨ ᠰᠠᠪᠠ᠎ᠶ᠋ᠢ ᠪᠠᠢᠴᠠᠭᠠᠨ ᠦᠵᠡᠵᠦ᠍᠂ ᠬᠠᠱᠢᠯᠭ᠎ᠠ᠎ᠶ᠋ᠢ ᠬᠦᠷᠢᠶᠡᠯᠡᠨ ᠡᠵᠡᠯᠡᠭ᠌ᠳᠡᠭ᠌ᠰᠡᠨ ᠭᠤᠣᠯ ᠮᠥᠷᠡᠨ᠎ᠤ ᠬᠤᠩᠭᠢᠯ᠎ᠨᠢ ᠨᠢᠭᠡᠨᠲᠡ ᠤᠤᠯ ᠳᠦᠷᠰᠦ ᠪᠠᠢᠳᠠᠯ᠎ᠢᠶᠠᠨ ᠰᠡᠷᠭᠦᠭᠡᠭ᠌ᠰᠡᠨ ᠪᠠᠢᠳᠠᠯ ᠯᠠ ᠬᠠᠷᠠᠭ᠍ᠳᠠᠨ᠎ᠠ᠃ ᠳᠠᠭᠠᠵᠤ ᠶᠠᠪᠤᠭ᠎ᠠ ᠤᠰᠤᠨ ᠠᠰᠢᠭ᠍ᠯᠠᠯᠲᠠ᠎ᠶᠢᠨ ᠰᠠᠯᠠᠭ᠎ᠠ ᠮᠥᠴᠢᠷ᠎ᠦᠨ ᠨᠥᠬᠥᠳ ᠨᠥᠬᠥᠪᠦᠷᠢᠯᠡᠨ ᠬᠡᠯᠡᠬᠦ᠎ᠳᠡᠭᠡᠨ᠂ ᠯᠤᠤᠬ᠎ᠠ᠎ᠶ᠋ᠢᠨ ᠭᠤᠣᠯ ᠪᠦᠬᠦ᠌ ᠱᠤᠭᠤᠮ᠎ᠢᠶᠠᠷ᠎ᠢᠶᠠᠨ ᠨᠢᠭᠡᠨᠲᠡ 88 ᠤᠰᠤᠨ᠎ᠤ ᠬᠠᠷᠰᠢ ᠰᠠᠭᠠᠳ᠎ᠲᠠᠢ ᠪᠣᠳᠠᠰ᠂ 4312 ᠮᠦ᠍ ᠬᠡᠰᠡᠭ ᠤᠢ ᠱᠢᠭᠤᠢ᠎ᠶ᠋ᠢ ᠬᠠᠤᠯᠢ ᠶᠣᠰᠣᠭᠠᠷ ᠴᠡᠪᠡᠷᠯᠡᠨ ᠥᠭᠡᠷᠡᠴᠢᠯᠡᠵᠦ᠍᠂ 30.09 ᠺᠢᠯᠣᠮᠧᠲᠷ ᠭᠤᠣᠯ ᠬᠤᠩᠭᠢᠯ᠎ᠢ ᠨᠡᠪᠲᠡᠷᠡᠭᠦᠯᠦᠭᠰᠡᠨ ᠪᠠᠢ᠌ᠨ᠎ᠠ ᠭᠡᠪᠡ᠃
《ᠨᠤᠷᠠᠭᠠᠬᠤ᠎ᠳᠤ ᠠᠮᠠᠷᠬᠠᠨ ᠪᠠᠬᠢᠵᠢᠬᠦ᠌ᠳᠤ ᠬᠦᠴᠢᠷ᠂ ᠳᠠᠬᠢᠨ ᠡᠭᠦᠰᠭᠦ᠎ᠠᠴᠠ ᠬᠡᠷᠬᠢᠨ ᠵᠠᠢᠯᠠᠰᠭᠢᠬᠦ᠌ ᠪᠤᠢ? ᠤᠯᠤᠰ ᠲᠥᠷᠥ᠎ᠶ᠋ᠢᠨ ᠵᠥᠪᠯᠡᠯᠭᠡᠨ᠎ᠤ ᠭᠡᠱᠢᠭᠦᠨ ᠶᠠᠩ ᠵᠢᠩ ᠳ᠋ᠦᠩ ᠠᠰᠠᠭᠤᠪᠠ᠃ ᠬᠠᠮᠢᠶ᠎ᠠ ᠪᠦᠬᠦᠢ ᠬᠠᠷᠢᠭᠤᠴᠠᠯᠭᠠᠲᠠᠨ 《ᠯᠤᠤᠬ᠎ᠠ᠎ᠶ᠋ᠢᠨ ᠭᠤᠣᠯ᠎ᠤᠨ ᠵᠠᠮ᠎ᠢ ᠶᠡᠷᠦᠩᠬᠡᠢᠯᠡᠨ ᠴᠡᠭ᠌ᠴᠡᠯᠡᠨ ᠵᠠᠰᠠᠬᠤ ᠬᠡᠷᠡᠭ᠌ᠵᠢᠭᠦᠯᠬᠦ᠌ ᠲᠥᠰᠦᠯ》 ᠢ ᠭᠠᠷᠭᠠᠵᠤ᠂ 《ᠡᠬᠡ ᠳᠠᠩᠰᠠ᠎ᠶ᠋ᠢᠨ ᠮᠠᠶᠢᠭ᠎ᠤᠨ ᠬᠠᠮᠢᠶᠠᠷᠤᠯᠲᠠ + ᠪᠠᠢᠩᠭᠤᠵᠢᠭ᠍ᠰᠠᠨ ᠲᠣᠭᠤᠷᠢᠨ ᠪᠠᠢᠴᠠᠭᠠᠯᠲᠠ》 ᠶ᠋ᠢᠨ ᠲᠣᠭ᠍ᠲᠠᠴᠠ᠎ᠶ᠋ᠢ ᠲᠠᠢᠯᠪᠤᠷᠢᠯᠠᠪᠠ᠃ ᠤᠯᠤᠰ ᠲᠦᠷᠦ᠍᠎ᠶ᠋ᠢᠨ ᠵᠥᠪᠯᠡᠯᠭᠡᠨ᠎ᠤ ᠭᠡᠱᠢᠭᠦᠳ ᠰᠣᠨᠣᠰᠤᠭ᠍ᠰᠠᠨ᠎ᠤ ᠳᠠᠷᠠᠭ᠎ᠠ ᠰᠠᠨᠠᠭᠤᠯᠭ᠎ᠠ ᠳᠤᠷᠠᠳᠴᠤ᠌᠂ ᠤᠯᠠᠨ ᠲᠦᠮᠡᠨ᠎ᠤ ᠠᠵᠢᠯ᠎ᠢ ᠰᠠᠢᠲᠤᠷ ᠬᠢᠵᠦ᠍᠂ ᠲᠣᠰᠬᠣᠨ᠎ᠤ ᠠᠷᠠᠳ᠎ᠢ 《 ᠨᠠᠳᠠ᠎ᠪᠠᠷ ᠨᠤᠷᠠᠭ᠋ᠠᠯᠭ᠋ᠠᠬᠤ 》 ᠪᠠᠢᠭᠰᠠᠨ᠎ᠠᠴᠠ 《 ᠪᠢ ᠬᠠᠮᠠᠭ᠋ᠠᠯᠠᠬᠤ》 ᠪᠣᠯᠭᠠᠬᠤ ᠨᠢ ᠤᠷᠳᠤ ᠬᠤᠭᠤᠴᠠᠭᠠᠨ᠎ᠤ ᠠᠷᠭ᠎ᠠ ᠪᠤᠳᠤᠯᠭ᠎ᠠ ᠪᠣᠯᠭᠠᠨ ᠬᠤᠪᠢᠷᠠᠭᠤᠯᠬᠤ ᠬᠡᠷᠡᠭ᠌ᠲᠡᠢ᠃
ᠯᠠᠢᠳᠠᠬᠤᠶ᠋ᠢ ᠠᠷᠢᠯᠭᠠᠨ ᠤᠰᠤᠨ ᠴᠦᠬᠦᠷᠦᠮ᠎ᠤᠨ 《ᠲᠠᠷᠤᠭᠠᠰᠤ᠎ᠶ᠋ᠢ ᠬᠦᠩᠭᠡᠷᠡᠭᠦᠯᠬᠦ᠌》
ᠠᠤᠬᠠᠨ ᠬᠤᠱᠢᠭᠤᠨ᠎ᠤ ᠳ᠋ᠦᠩ ᠱᠠᠨ ᠸᠠᠨ ᠶᠡᠭᠡ ᠬᠥᠭᠦᠷᠭᠡ᠎ᠶ᠋ᠢᠨ ᠳᠡᠭᠡᠷ᠎ᠡ᠂ ᠠᠯᠤᠰ᠎ᠠᠴᠠ ᠬᠤᠩᠱᠠᠨ ᠤᠰᠤᠨ ᠴᠥᠭᠥᠷᠥᠮ᠎ᠢ ᠪᠠᠷᠠᠯᠠᠬᠤᠶ᠎ᠠ᠂ ᠤᠰᠤᠨ᠎ᠤ ᠭᠠᠳᠠᠷᠭᠤ᠎ᠶᠢᠨ ᠤᠲᠤᠭ᠎ᠠ ᠤᠨᠢᠶᠠᠷ ᠨᠡᠯᠦᠢᠵᠦ ᠪᠠᠢᠨ᠎ᠠ᠂ ᠭᠡᠪᠡᠴᠦ ᠬᠥᠭᠥᠷᠭᠡᠨᠦ ᠳᠣᠣᠷᠠᠬᠢ ᠰᠢᠷ᠎ᠠ ᠤᠰᠤᠨ ᠬᠣᠩᠬᠣᠷ᠎ᠲᠤ ᠠᠷᠬᠠᠭ ᠭᠡᠮ ᠢᠯᠡᠷᠡᠪᠡ᠃ ᠪᠠᠢᠴᠠᠭᠠᠨ ᠰᠤᠳᠤᠯᠬᠤ ᠳᠤᠭᠤᠢᠯᠠᠩ ᠡᠨᠳᠡ ᠢᠷᠡᠵᠦ᠍ ᠠᠰᠠᠭᠤᠳᠠᠯ᠎ᠢ ᠱᠢᠢᠳᠪᠦᠷᠢᠯᠡᠵᠦ᠍ ᠪᠠᠢᠭ᠎ᠠ ᠪᠠᠢᠳᠠᠯ᠎ᠢ ᠣᠢᠯᠠᠭᠠᠪᠠ᠃
《ᠬᠤᠩᠱᠠᠨ ᠤᠰᠤᠨ ᠴᠥᠭᠥᠷᠥᠮ᠎ᠦᠨ ᠬᠡᠰᠡᠭ᠎ᠦᠨ ᠳᠠᠷᠢᠬᠤ᠎ᠶᠢ ᠴᠠᠭᠠᠵᠠᠯᠠᠬᠤ ᠱᠤᠭᠤᠮ᠎ᠤᠨ ᠳᠤᠮᠳᠠᠴᠢ ᠥᠷᠭᠡᠨ ᠨᠢ 400 ᠮᠧᠲᠷ ᠪᠠᠢᠵᠤ᠂ ᠪᠦᠬᠦ᠌ ᠱᠣᠭᠤᠮ᠎ᠤᠨ ᠬᠠᠮᠤᠭ ᠦᠷᠭᠡᠨ ᠬᠡᠰᠡᠭ ᠪᠣᠯᠣᠨ᠎ᠠ᠂ ᠶᠠᠭ ᠱᠢᠪᠠᠷ ᠲᠣᠨᠣᠳᠠᠰᠣ᠎ᠠᠴᠠ ᠪᠣᠯᠵᠤ ᠦᠶᠡᠷ ᠵᠠᠯᠠᠬᠤ ᠵᠠᠢ ᠵᠢᠯ ᠳᠠᠷᠠᠭᠠᠯᠠᠨ ᠪᠠᠭ᠋ᠠᠰᠴᠦ ᠪᠠᠢ᠌ᠨ᠎ᠠ》 ᠭᠡᠪᠡ᠃ ᠤᠰᠤ ᠠᠱᠢᠭ᠍ᠯᠠᠯᠲᠠ᠎ᠶ᠋ᠢᠨ ᠰᠠᠯᠠᠭ᠎ᠠ ᠮᠦᠴᠢᠷ᠎ᠦᠨ ᠬᠠᠷᠢᠭᠤᠴᠠᠯᠭᠠᠭᠠᠲᠠᠨ ᠭᠠᠵᠠᠷ᠎ᠤᠨ ᠪᠠᠢᠴᠠ᠎ᠶ᠋ᠢᠨ ᠲᠤᠬᠠᠢ ᠲᠠᠢᠯᠪᠤᠷᠢ ᠬᠢᠪᠡ᠃ ᠠᠬᠤᠢ ᠲᠠᠯᠠᠪᠠᠶ᠎ᠳᠤ᠂ ᠪᠠᠢᠴᠠᠭᠠᠨ ᠰᠤᠳᠤᠯᠬᠤ ᠳᠤᠭᠤᠢᠯᠠᠩ᠎ᠤᠨ᠎ᠬᠢᠨ ᠬᠤᠩᠱᠠᠨ ᠤᠰᠤᠨ ᠴᠥᠭᠦᠷᠥᠮ᠎ᠤᠨ ᠳᠡᠭᠡᠳᠦ ᠳᠣᠤᠷᠠᠳᠤ ᠤᠷᠤᠰᠭᠠᠯ᠎ᠤᠨ ᠬᠤᠱᠢᠭᠤᠨ᠎ᠤ ᠲᠠᠰ᠎ᠤᠨ ᠵᠠᠭᠠᠭ᠎ᠤᠨ ᠭᠤᠤᠯ᠎ᠤᠨ ᠬᠡᠰᠡᠭ᠎ᠤᠨ ᠭᠤᠤᠯ ᠬᠤᠩᠭᠢᠯ᠎ᠢ ᠨᠢᠭᠡᠨᠲᠡ ᠪᠠᠴᠢᠮ ᠪᠠᠢᠳᠠᠯ᠎ᠢ ᠠᠷᠭ᠋ᠠᠴᠠᠭ᠋ᠠᠨ ᠴᠡᠭ᠌ᠴᠡᠯᠡᠨ ᠵᠠᠰᠠᠬᠤ ᠠᠵᠢᠯ᠎ᠢ ᠪᠡᠶᠡᠯᠡᠭᠦᠯᠦᠭ᠌ᠰᠡᠨ᠎ᠢ ᠣᠯᠵᠤ ᠦᠵᠡᠪᠡ᠃ ᠣᠢᠯᠠᠭᠠᠭ᠍ᠰᠠᠨ᠎ᠢᠶᠠᠷ᠂ 5 ᠬᠡᠰᠡᠭ᠎ᠤᠨ ᠶᠡᠷᠦᠩᠬᠡᠶ ᠣᠷᠳᠣᠨ᠎ᠢ 30 ᠭᠠᠷᠤᠶ ᠺᠢᠯᠣᠮᠧᠲᠷ᠎ᠤᠨ ᠭᠤᠤᠯ ᠬᠤᠩᠭᠢᠯ᠎ᠢ ᠭᠦᠨ ᠮᠠᠯᠲᠠᠵᠤ ᠨᠡᠪᠲᠡᠷᠡᠭᠦᠯᠪᠡ᠂ 50 ᠬᠡᠰᠡᠭ ᠤᠰᠤ᠎ᠶ᠋ᠢ ᠬᠠᠱᠢᠬᠤ ᠬᠠᠷᠰᠢ ᠰᠠᠭᠠᠳ᠎ᠢ ᠴᠡᠪᠡᠷᠯᠡᠨ ᠥᠭᠡᠷᠡᠴᠢᠯᠡᠪᠡ᠃ 《ᠪᠠᠷᠠᠭᠤᠨ ᠯᠢᠶᠣᠤ ᠾᠧ ᠭᠤᠣᠯ᠎ᠳᠤ ᠤᠰᠤ ᠲᠠᠲᠠᠬᠤ ᠨᠢ ᠳᠠᠷᠤᠢ ᠠᠳᠡ᠎ᠡᠴᠡ ᠤᠷᠤᠰᠤᠮ᠎ᠠ ᠰᠢᠯᠤᠭᠤᠨ᠎ᠢᠶᠠᠷ ᠤᠷᠤᠰ᠎ᠤᠨ ᠦᠩᠭᠡᠷᠡᠨ᠎ᠡ᠂ ᠭᠤᠣᠯ ᠤᠷᠤᠰᠭᠠᠯ᠎ᠤᠨ ᠪᠦᠬᠦ᠌ ᠱᠤᠭᠤᠮ᠎ᠢᠶᠠᠷ ᠤᠷᠤᠰ᠎ᠤᠨ ᠥᠩᠭᠡᠷᠡᠬᠦ᠌᠎ᠶ᠋ᠢ ᠪᠡᠶᠡᠯᠡᠭᠦᠯᠦᠭᠰᠡᠨ ᠪᠠᠢ᠌ᠨ᠎ᠠ》 ᠭᠡᠵᠦ ᠤᠰᠤᠨ ᠠᠱᠢᠭ᠍ᠯᠠᠯᠲᠠ᠎ᠶ᠋ᠢᠨ ᠰᠠᠯᠠᠭ᠎ᠠ ᠮᠦᠴᠢᠷ᠎ᠦᠨ ᠬᠠᠷᠢᠭᠤᠴᠠᠯᠭ᠋ᠠᠲᠠᠨ ᠬᠡᠯᠡᠪᠡ᠃
《ᠬᠤᠷᠠᠭ᠍ᠰᠠᠨᠢ ᠠᠷᠢᠯᠭᠠᠬᠤ᠎ᠨᠢ ᠵᠥᠪᠬᠡᠨ ᠨᠢᠭᠡᠳᠦᠭᠡᠷ ᠠᠯᠬᠤᠮ ᠮᠥᠨ᠂ ᠨᠠᠩ ᠴᠤ᠌ ᠣᠷᠳᠣ ᠬᠤᠭᠤᠴᠠᠭᠠᠨ᠎ᠤ ᠪᠦᠲᠦᠮᠵᠢᠲᠡᠶ ᠲᠣᠭ᠍ᠲᠠᠴᠠ᠎ᠶ᠋ᠢ ᠪᠠᠢᠭᠤᠯᠬᠤ ᠬᠡᠷᠡᠭ᠌ᠲᠡᠶ》᠃ ᠤᠯᠤᠰ ᠲᠦᠷᠦ᠍᠎ᠶ᠋ᠢᠨ ᠵᠥᠪᠯᠡᠯᠭᠡᠨ᠎ᠤ ᠭᠡᠱᠢᠭᠦᠨ ᠯᠢ ᠶᠠᠨ ᠰᠠᠨᠠᠭᠤᠯᠤᠭ᠍ᠰᠠᠨ᠎ᠨᠢ᠂ 《〈ᠠᠮᠢ ᠠᠬᠤᠶ᠎ᠶ᠋ᠢᠨ ᠡᠷᠭᠢ᠎ᠶ᠋ᠢ ᠬᠠᠮᠠᠭᠠᠯᠠᠬᠤ + ᠤᠷᠭᠤᠮᠠᠯ᠎ᠤᠨ ᠬᠤᠴᠢᠯᠭ᠎ᠠ᠎ᠪᠠᠷ ᠡᠯᠡᠰᠦ᠎ᠶ᠋ᠢ ᠲᠣᠭ᠍ᠲᠠᠪᠤᠷᠢᠵᠢᠭᠤᠯᠬᠤ〉 ᠮᠡᠷᠭᠡᠵᠢᠯ᠎ᠢ ᠠᠱᠢᠭ᠍ᠯᠠᠨ᠂ ᠡᠯᠡᠰᠦ ᠱᠢᠪᠠᠷ᠎ᠢ ᠬᠥᠮᠥᠷᠭᠡ᠎ᠳᠤ ᠣᠷᠣᠭᠤᠯᠬᠤ᠎ᠶ᠋ᠢ ᠪᠠᠭᠠᠰᠭᠠᠬᠤ ᠬᠡᠷᠡᠭ᠌ᠲᠡᠶ》 ᠭᠡᠵᠡᠶ᠃
ᠲᠠᠷᠢᠶᠠᠯᠠᠬᠤ᠎ᠶ᠋ᠢ ᠵᠤᠭᠰᠤᠭ᠋ᠠᠵᠤ ᠭᠤᠣᠯ᠎ᠤᠨ ᠵᠠᠮ᠎ᠳᠤ ᠨᠡᠩ ᠣᠯᠠᠨ ᠣᠷᠣᠨ ᠵᠠᠢ ᠦᠯᠡᠳᠡᠭᠡᠪᠡ
ᠠᠤᠬᠠᠨ ᠬᠤᠱᠢᠭᠤᠨ᠎ᠤ ᠭᠤᠷᠪᠠᠨᠬᠤᠸᠠ ᠪᠠᠯᠭᠠᠰᠤᠨ᠎ᠤ ᠵᠧᠦ ᠵᠢᠶᠠ ᠳ᠋ᠢ ᠲᠣᠰᠭᠤᠨ᠎ᠤ ᠪᠠᠢ ᠵᠢᠶᠠ ᠳᠤᠭᠤᠢᠯᠠᠩ᠎ᠳᠤ ᠬᠦᠷᠴᠦ᠍᠂ ᠭᠣᠣᠯ᠎ᠤᠨ ᠭᠤᠯᠳᠤᠷᠢᠯ᠎ᠤᠨ ᠬᠣᠶᠠᠷ ᠲᠠᠯ᠎ᠠ᠎ᠪᠠᠷ ᠬᠠᠳᠬᠤᠭᠰᠠᠨ ᠤᠯᠠᠭᠠᠨ ᠲᠤᠭ ᠰᠠᠯᠬᠢᠨ᠎ᠤ ᠠᠶ᠎ᠠ᠎ᠪᠠᠷ ᠨᠠᠮᠢᠷᠠᠨ ᠨᠠᠮᠢᠷᠠᠵᠤ᠂ ᠥᠩᠭᠡᠷᠡᠭ᠌ᠰᠡᠨ᠎ᠤ ᠲᠠᠷᠢᠶᠠᠨ ᠭᠠᠵᠠᠷ᠎ᠲᠤ ᠨᠢᠭᠡᠨᠲᠡ ᠬᠥᠷᠥᠰᠥᠲᠦ ᠤᠷᠭᠤᠮᠠᠯ ᠲᠠᠷᠢᠭ᠍ᠰᠠᠨ ᠪᠠᠢᠨ᠎ᠠ᠃ ᠡᠨᠡ ᠪᠣᠯ ᠭᠤᠤᠯ᠎ᠤᠨ ᠬᠤᠩᠭᠢᠯ᠎ᠤᠨ ᠠᠮᠢ ᠠᠬᠤᠶ᠎ᠶ᠋ᠢ ᠰᠡᠷᠭᠦᠭᠡᠨ ᠵᠠᠰᠠᠵᠤ ᠳᠠᠷᠢᠬᠤ᠎ᠶ᠋ᠢ ᠴᠠᠭᠠᠵᠠᠯᠠᠬᠤ ᠪᠠᠢᠳᠠᠯ᠎ᠤᠨ ᠪᠠᠢᠴᠠᠭᠠᠨ ᠰᠤᠳᠤᠯᠬᠤ ᠴᠡᠭ ᠪᠣᠯᠤᠨ᠎ᠠ᠃
《ᠲᠠᠷᠢᠬᠤ᠎ᠶ᠋ᠢ ᠴᠠᠭᠠᠵᠠᠯᠠᠬᠤ ᠠᠷᠭ᠎ᠠ ᠬᠡᠮᠵᠢᠶ᠎ᠡ᠎ᠶ᠋ᠢᠨ ᠲᠤᠬᠠᠶ ᠰᠠᠶᠢ ᠡᠬᠢᠯᠡᠮᠡᠭᠴᠡ ᠣᠯᠠᠨ᠎ᠢᠶᠠᠷ᠎ᠢᠶᠠᠨ ᠣᠢᠯᠠᠭᠠᠬᠤ ᠦᠭᠡᠢ᠂ ᠨᠢᠭᠡ ᠨᠠᠰᠤ᠎ᠪᠠᠷ᠎ᠢᠶᠠᠨ ᠳᠠᠷᠢᠭ᠍ᠰᠠᠨ ᠲᠠᠷᠢᠶ᠎ᠠ᠎ᠪᠠᠨ ᠶᠠᠭᠤᠨ᠎ᠳᠤ ᠳᠠᠷᠢᠭᠤᠯᠬᠤ ᠦᠭᠡᠢ ᠪᠤᠢ ᠭᠡᠵᠦ ᠪᠣᠳᠣᠨ᠎ᠠ᠃ ᠣᠢᠷ᠎ᠠ᠎ᠶ᠋ᠢᠨ ᠬᠤᠶᠠᠷ ᠵᠢᠯ᠎ᠤᠨ ᠲᠤᠷᠰᠢ᠂ ᠪᠢᠳᠡ ᠦᠷᠭᠦᠯᠵᠢᠯᠡᠨ ᠠᠵᠢᠯ᠎ᠢᠶᠠᠨ ᠬᠢᠵᠦ᠍᠂ ᠲᠠᠷᠢᠶᠠᠯᠠᠬᠤ᠎ᠶ᠋ᠢ ᠵᠣᠭ᠍ᠰᠣᠭᠠᠵᠤ ᠭᠤᠣᠯ᠎ᠢ ᠰᠡᠷᠭᠦᠭᠡᠬᠦ᠌᠎ᠶ᠋ᠢᠨ ᠴᠢᠬᠤᠯᠠ ᠴᠢᠨᠠᠷ᠎ᠢ ᠮᠡᠳᠡᠭ᠌ᠳᠡᠪᠡ᠃ ᠣᠳᠣᠬᠠᠨ᠎ᠳᠤ᠂ ᠲᠣᠰᠭᠤᠨ᠎ᠤ ᠠᠷᠠᠳ ᠴᠤ᠌ 〈ᠠᠮᠢ ᠠᠬᠤᠢ᠎ᠶ᠋ᠢᠨ ᠲᠠᠩᠰᠠ〉 ᠶ᠋ᠢ ᠲᠣᠳᠣᠷᠬᠠᠢ ᠪᠤᠳᠤᠵᠤ ᠴᠢᠳᠠᠵᠠᠢ᠂ ᠨᠢᠳᠤᠨᠤᠨ ᠦᠶᠡᠷ᠎ᠲᠤ ᠠᠪᠲᠠᠭ᠍ᠰᠠᠨ ᠦᠭᠡᠢ ᠪᠣᠯᠬᠤᠷ ᠲᠠᠷᠢᠶᠠᠨ ᠭᠠᠵᠠᠷ᠎ᠤᠨ ᠠᠯᠳᠠᠭ᠍ᠳᠠᠯ᠎ᠢ ᠪᠠᠭᠠᠰᠭᠠᠵᠤ 〈ᠠᠮᠢᠰᠭᠤᠭ᠎ᠠ ᠠᠪᠤᠭᠤᠯᠵᠠᠢ〉》 ᠭᠡᠵᠦ ᠰᠢᠶᠠᠩ ᠪᠠᠯᠭ᠋ᠠᠰᠤᠨ᠎ᠤ ᠬᠠᠷᠢᠭᠤᠴᠠᠯᠭ᠋ᠠᠲᠠᠨ ᠬᠡᠯᠡᠪᠡ ᠃
ᠣᠢᠯᠠᠭᠠᠭ᠍ᠰᠠᠨ᠎ᠢᠶᠠᠷ᠂ ᠯᠤᠤᠬ᠎ᠠ᠎ᠶ᠋ᠢᠨ ᠭᠤᠣᠯ᠎ᠤᠨ ᠤᠷᠤᠰᠭᠠᠯ᠎ᠤᠨ ᠪᠠᠴᠢᠮ ᠪᠠᠢᠳᠠᠯ᠎ᠢ ᠠᠷᠭ᠋ᠠᠴᠠᠭ᠋ᠠᠨ ᠵᠠᠰᠠᠬᠤ ᠢᠨᠵᠧᠨᠧᠷᠢᠩ᠎ᠤᠨ ᠠᠤᠬᠠᠨ ᠬᠤᠱᠢᠭᠤᠨ᠎ᠤ ᠬᠡᠰᠡᠭ᠎ᠢ ᠨᠢᠭᠡᠨᠲᠡ 4 ᠭᠠᠵᠠᠷ᠎ᠲᠤ ᠬᠤᠷᠠᠭᠰᠠᠨᠢ ᠠᠷᠢᠯᠭᠠᠨ ᠤᠰᠤᠨ ᠵᠠᠮ ᠵᠠᠰᠠᠵᠤ᠂ 15 ᠤᠰᠤ ᠥᠩᠭᠡᠷᠡᠬᠦ᠌ ᠵᠠᠮ᠎ᠤᠨ ᠭᠠᠳᠠᠷᠭᠤ᠂ 4 ᠬᠠᠱᠢᠯᠭ᠎ᠠ᠂ 1 ᠵᠢᠭᠠᠰᠤᠨ ᠴᠥᠭᠦᠷᠥᠮ᠂ 3 ᠭᠦᠢᠬᠡᠨ ᠰᠠᠢᠷᠭᠠᠯ ᠭᠠᠵᠠᠷ᠎ᠢ ᠴᠡᠪᠡᠷᠯᠡᠨ ᠠᠷᠢᠯᠭᠠᠵᠠᠢ᠃ ᠲᠠᠷᠢᠶᠠᠯᠠᠬᠤ᠎ᠪᠠᠨ ᠵᠣᠭ᠍ᠰᠣᠭ᠍ᠰᠠᠨ ᠣᠯᠠᠨ ᠲᠦᠮᠡᠨ᠎ᠤ 《ᠬᠤᠬᠢᠷᠠᠯ ᠦᠭᠡᠢ ᠪᠠᠢᠬᠤ》 ᠶ᠋ᠢ ᠬᠡᠷᠬᠢᠨ ᠪᠠᠲᠤᠯᠠᠬᠤ ᠲᠤᠬᠠᠶ᠂ ᠤᠯᠤᠰ ᠲᠥᠷᠥ᠎ᠶ᠋ᠢᠨ ᠵᠥᠪᠯᠡᠯᠭᠡᠨ᠎ᠤ ᠭᠡᠱᠢᠭᠦᠳ ᠰᠠᠨᠠᠭᠤᠯᠤᠭ᠍ᠰᠠᠨ᠎ᠨᠢ᠂ 《ᠠᠮᠢ ᠠᠬᠤᠶ᠎ᠶ᠋ᠢᠨ ᠨᠥᠬᠦᠪᠥᠷᠢ + ᠠᠵᠤ ᠦᠶ᠋ᠯᠡᠰ᠎ᠤᠨ ᠬᠡᠯᠪᠡᠷᠢ᠎ᠶ᠋ᠢ ᠬᠤᠪᠢᠷᠠᠭᠤᠯᠬᠤ》 ᠪᠠᠷ ᠳᠠᠮᠵᠢᠭᠤᠯᠤᠨ᠂ ᠲᠠᠷᠢᠶᠠᠴᠢᠨ ᠡᠷᠦᠬᠡ᠎ᠶ᠋ᠢ ᠬᠥᠲᠥᠯᠥᠨ ᠵᠢᠯᠣᠭᠤᠳᠴᠤ᠌ ᠪᠠᠢᠭᠠᠳ ᠣᠶ᠎ᠶ᠋ᠢᠨ ᠬᠤᠷᠮᠣᠶ᠎ᠶ᠋ᠢᠨ ᠠᠵᠤ ᠠᠬᠤᠶ᠂ ᠭᠤᠤᠯ᠎ᠤᠨ ᠬᠥᠪᠡᠭᠡᠨ᠎ᠤ ᠵᠢᠭᠤᠯᠴᠢᠯᠠᠯ᠎ᠢ ᠬᠥᠭ᠌ᠵᠢᠭᠦᠯᠵᠦ᠍ ᠪᠣᠯᠤᠨ᠎ᠠ᠃
ᠬᠥᠭᠥᠷᠭᠡ᠎ᠶ᠋ᠢᠨ ᠬᠦᠪᠡᠭᠡᠨ᠎ᠳᠡᠬᠢ ᠪᠢᠬᠢᠯᠡᠯᠲᠡᠶᠢ ᠰᠢᠪᠲᠤᠯᠵᠤ ᠦᠶᠡᠷ᠎ᠤᠨ 《ᠲᠦᠭ᠌ᠵᠢᠷᠡᠯ》 ᠢ ᠨᠡᠪᠲᠡᠷᠡᠭᠦᠯᠪᠡ
ᠰᠦᠩᠱᠠᠨ ᠲᠣᠭᠤᠷᠢᠭ᠎ᠤᠨ ᠲᠠᠢᠫᠢᠩ ᠳ᠋ᠢ ᠪᠠᠯᠭᠠᠰᠤᠨ᠎ᠤ ᠵᠡᠭᠦᠨ ᠳ᠋ᠠᠩ ᠫᠦ᠋ ᠳ᠋ᠢ ᠲᠣᠰᠭᠤᠨ᠎ᠤ ᠯᠤᠤᠬ᠎ᠠ᠎ᠶ᠋ᠢᠨ ᠭᠤᠣᠯ᠎ᠤᠨ ᠳᠡᠭᠡᠳᠦ ᠬᠤᠷᠳᠤ᠎ᠶ᠋ᠢᠨ ᠵᠠᠮ᠎ᠤᠨ ᠬᠥᠭᠦᠷᠭᠡ᠎ᠶ᠋ᠢᠨ ᠳᠣᠣᠷ᠎ᠠ᠂ ᠥᠩᠭᠡᠷᠡᠭᠰᠡᠨ᠎ᠳᠦ ᠬᠣᠶᠠᠷ ᠮᠥᠷ ᠥᠨᠳᠥᠷ ᠬᠤᠷᠳᠤᠴᠠᠲᠤ ᠬᠥᠭᠥᠷᠭᠡ᠎ᠪᠡᠷ ᠪᠸᠲ᠋ᠤᠨ᠎ᠤ ᠪᠣᠭᠣᠨᠢ ᠬᠡᠷᠡᠮ᠎ᠢ ᠪᠠᠷᠢᠵᠦ᠂ ᠭᠤᠣᠯ᠎ᠤᠨ ᠢᠷᠣᠭᠠᠷᠢ ᠳᠡᠭᠡᠭᠰᠢᠯᠡᠭᠦᠯᠵᠦ᠂ ᠦᠶᠡᠷ᠎ᠤᠨ ᠤᠰᠤ᠎ᠶᠢ ᠵᠠᠯᠠᠬᠤ᠎ᠳᠤ ᠨᠥᠯᠥᠭᠡ ᠦᠵᠡᠭᠦᠯᠦᠭ᠌ᠰᠡᠨ ᠪᠠᠢᠨ᠎ᠠ᠃ ᠪᠠᠢᠴᠠᠭᠠᠨ ᠰᠤᠳᠤᠯᠬᠤ ᠳᠤᠭᠤᠢᠯᠠᠩ ᠠᠳᠡ ᠢᠷᠡᠵᠦ᠍ ᠳᠡᠭᠡᠳᠦ ᠬᠤᠷᠳᠤ᠎ᠶ᠋ᠢᠨ ᠬᠥᠭᠦᠷᠭᠡ᠎ᠶ᠋ᠢᠨ ᠯᠢᠨ ᠵᠢᠶᠠᠨ ᠢᠨᠵᠸᠨ᠋ᠸᠷᠢᠩ᠎ᠦᠨ ᠤᠰᠤ ᠬᠤᠷᠢᠭ᠍ᠯᠠᠬᠤ ᠪᠠᠢᠳᠠᠯ᠎ᠢ ᠣᠢᠯᠠᠭᠠᠪᠠ᠃
ᠤᠳᠤ ᠨᠢᠭᠡᠨᠳᠡ ᠲᠦᠷᠢᠮ᠎ᠡᠴᠡ ᠵᠦᠷᠢᠴᠡᠭ᠌ᠰᠡᠨ ᠪᠠᠷᠢᠯᠭ᠎ᠠ᠎ᠶᠢ ᠪᠦᠷ ᠴᠡᠪᠡᠷᠯᠡᠨ ᠠᠷᠢᠯᠭᠠᠪᠠ᠃ ᠤᠰᠤᠨ ᠠᠱᠢᠭ᠍ᠯᠠᠯᠲᠠ᠎ᠶ᠋ᠢᠨ ᠰᠠᠯᠠᠭ᠎ᠠ ᠮᠥᠴᠢᠷ᠎ᠤᠨ ᠬᠠᠮᠢᠶ᠎ᠠ ᠪᠦᠬᠦᠢ ᠬᠠᠷᠢᠭᠤᠴᠠᠯᠭᠠᠲᠠᠨ ᠲᠠᠨᠢᠯᠴᠠᠭᠤᠯᠬᠤ᠎ᠳᠠᠭᠠᠨ᠂ ᠨᠤᠷᠠᠭᠠᠬᠤ ᠶᠠᠪᠤᠴᠠ᠎ᠳᠤ᠂ ᠲᠡᠳᠡ ᠪᠠᠷᠢᠯᠭ᠎ᠠ᠎ᠶ᠋ᠢᠨ ᠲᠠᠯ᠎ᠠ᠎ᠶ᠋ᠢᠨ᠎ᠬᠢᠨ᠎ᠢ ᠵᠣᠬᠢᠴᠠᠭᠤᠯᠵᠤ ᠪᠠᠢᠭᠠᠳ 《ᠨᠤᠷᠠᠭᠠᠬᠤ᠎ᠶ᠋ᠢᠨ ᠳᠠᠭᠠᠤ ᠵᠥᠭᠡᠭᠡᠪᠦᠷᠢᠯᠡᠬᠦ᠂ ᠴᠠᠭ ᠲᠤᠬᠠᠶ᠎ᠳᠤᠨᠢ ᠬᠤᠷᠠᠬᠤᠶ᠋ᠢᠨᠢ ᠠᠷᠢᠯᠭᠠᠬᠤ》 ᠵᠠᠭ᠍ᠪᠤᠷ᠎ᠢ ᠬᠡᠷᠡᠭ᠌ᠯᠡᠭᠦᠯᠵᠦ᠍᠂ ᠲᠦᠷᠭᠡᠨ ᠨᠡᠪᠲᠡᠷᠡᠬᠦ᠌᠎ᠶ᠋ᠢ ᠨᠥᠯᠥᠭᠡᠯᠡᠭ᠌ᠰᠡᠨ ᠦᠭᠡᠢ ᠮᠥᠷᠲᠡᠭᠡᠨ ᠪᠠᠰᠠ ᠨᠤᠷᠠᠭᠠᠬᠤ ᠡᠭᠦᠷᠭᠡ᠎ᠪᠠᠨ ᠴᠠᠭ ᠲᠤᠬᠠᠶ᠎ᠳᠤᠨᠢ ᠪᠡᠶᠡᠯᠡᠭᠦᠯᠵᠦ᠍᠂ ᠣᠳᠣᠬᠠᠨ᠎ᠳᠤ ᠳᠡᠭᠡᠳᠦ ᠳᠣᠣᠷᠠᠳᠤ ᠤᠷᠤᠰᠬᠠᠯ᠎ᠤᠨ ᠬᠢᠨ ᠨᠢᠭᠡᠨᠲᠡ ᠡᠮᠬᠢ ᠵᠠᠮᠪᠠᠷᠠᠭ᠎ᠠ᠎ᠲᠠᠢ ᠵᠠᠯᠭ᠋ᠠᠯᠳᠤᠪᠠ᠃
ᠤᠯᠤᠰ ᠲᠦᠷᠦ᠍᠎ᠶ᠋ᠢᠨ ᠵᠥᠪᠯᠡᠯᠭᠡᠨ᠎ᠤ ᠭᠡᠱᠢᠭᠦᠳ ᠬᠥᠭᠦᠷᠭᠡ᠎ᠶ᠋ᠢᠨ ᠲᠤᠯᠭᠠᠭᠤᠷᠢ᠎ᠶ᠋ᠢ ᠨᠠᠷᠢᠨ ᠬᠢᠨᠠᠮᠠᠭᠠᠢ ᠪᠠᠢᠴᠠᠭᠠᠨ ᠦᠵᠡᠵᠦ᠍᠂ ᠤᠰᠤᠨ ᠲᠦᠪᠱᠢᠨ᠎ᠤ ᠬᠡᠮᠵᠢᠭᠦᠷ ᠵᠡᠷᠭᠡ ᠲᠥᠬᠦᠭᠡᠷᠦᠮᠵᠢ᠎ᠶ᠋ᠢ ᠱᠢᠨ᠎ᠡ᠎ᠪᠠᠷ ᠨᠡᠮᠡᠭ᠌ᠳᠡᠭᠦᠯᠦᠭ᠌ᠰᠡᠨ ᠪᠠᠢᠬᠤ᠎ᠶ᠋ᠢ ᠣᠯᠵᠤ ᠮᠡᠳᠡᠪᠡ᠃ 《ᠨᠠᠷᠢᠨ ᠵᠦᠢᠯᠡᠰ᠎ᠲᠤ ᠬᠦᠴᠦ᠍ ᠣᠷᠣᠭᠤᠯᠬᠤ ᠬᠡᠷᠡᠭ᠌ᠲᠡᠢ᠂ ᠡᠨᠡ ᠪᠣᠯ ᠠᠮᠤᠷ ᠲᠦᠪᠱᠢᠨ ᠪᠠ ᠦᠶᠡᠷ ᠵᠠᠯᠠᠬᠤ᠎ᠶ᠋ᠢ ᠵᠡᠷᠭᠡ᠎ᠪᠠᠷ ᠴᠢᠬᠤᠯᠠᠴᠢᠯᠠᠬᠤ᠎ᠶ᠋ᠢᠨ ᠢᠯᠡᠷᠡᠯ ᠮᠥᠨ》 ᠭᠡᠵᠦ᠍ ᠨᠢᠭᠡ ᠭᠡᠱᠢᠭᠦᠨ ᠬᠡᠯᠡᠪᠡ᠃
ᠭᠡᠱᠢᠭᠦᠳ ᠰᠠᠨᠠᠭᠤᠯᠬᠤ᠎ᠳᠠᠭᠠᠨ᠂ 《ᠬᠥᠭᠦᠷᠭᠡ᠎ᠶ᠋ᠢᠨ ᠲᠠᠩᠰᠠ ᠡᠪᠬᠡᠮᠡᠯ》 ᠢ ᠪᠠᠢᠭᠤᠯᠵᠤ᠂ ᠭᠤᠤᠯ᠎ᠳᠤ ᠬᠤᠯᠪᠣᠭ᠍ᠳᠠᠬᠤ ᠬᠥᠭᠦᠷᠭᠡ᠎ᠶ᠋ᠢᠨ ᠲᠣᠭ᠍ᠲᠠᠮᠠᠯ ᠬᠤᠭᠤᠴᠠᠭ᠎ᠠ᠎ᠲᠠᠢ᠎ᠪᠠᠷ 《ᠪᠡᠶ᠎ᠡ᠎ᠶ᠋ᠢᠨ ᠪᠠᠢᠴᠠᠭᠠᠯᠲᠠ》 ᠬᠢᠵᠦ᠍᠂ ᠵᠢᠷᠤᠭ ᠲᠥᠯᠥᠪᠯᠡᠭᠡ᠎ᠶ᠋ᠢᠨ ᠡᠬᠢ ᠡᠭᠦᠰᠦᠯ᠎ᠠᠴᠠ᠎ᠨᠢ ᠤᠰᠤ᠎ᠶ᠋ᠢ ᠬᠤᠷᠢᠭ᠍ᠯᠠᠬᠤ ᠱᠢᠨ᠎ᠡ ᠠᠰᠠᠭᠤᠳᠠᠯ᠎ᠠᠴᠠ ᠵᠠᠢᠯᠠᠰᠭᠢᠬᠦ᠌ ᠬᠡᠷᠡᠭ᠌ᠲᠡᠶ᠃
ᠨᠢᠭᠡ ᠵᠠᠮ ᠪᠠᠢᠴᠠᠭᠠᠨ ᠰᠤᠳᠤᠯᠤᠯᠲᠠ ᠬᠢᠵᠦ᠍᠂ ᠨᠢᠭᠡ ᠵᠠᠮ ᠬᠠᠯᠠᠭᠤᠨ᠎ᠢᠶᠠᠷ ᠶᠠᠷᠢᠯᠴᠠᠪᠠ᠃ ᠤᠯᠤᠰ ᠲᠦᠷᠦ᠍᠎ᠶ᠋ᠢᠨ ᠵᠥᠪᠯᠡᠯᠭᠡᠨ᠎ᠤ ᠭᠡᠱᠢᠭᠦᠳ 《 ᠰᠤᠪᠠᠭ᠎ᠢ ᠴᠡᠪᠡᠷᠯᠡᠬᠦ᠌ ᠠᠵᠢᠯᠯᠠᠭ᠎ᠠ》 ᠶ᠋ᠢᠨ ᠱᠠᠳᠤᠴᠢ ᠴᠢᠨᠠᠷᠲᠠᠢ ᠦᠷ᠎ᠡ ᠪᠦᠲᠦᠮᠵᠢ᠎ᠶ᠋ᠢ ᠮᠠᠭ᠍ᠲᠠᠨ ᠰᠠᠢᠱᠢᠶᠠᠬᠤ᠎ᠪᠠᠷ ᠪᠠᠷᠠᠬᠤ ᠦᠭᠡᠢ ᠪᠠᠰᠠ ᠳᠠᠷᠠᠭᠠᠴᠢ᠎ᠶ᠋ᠢᠨ ᠠᠯᠬᠤᠮ᠎ᠤᠨ ᠪᠣᠭᠤᠮᠲᠠ ᠱᠢᠪᠲᠤᠯᠬᠤ᠎ᠳᠤ ᠰᠠᠨᠠᠯ ᠰᠠᠨᠠᠭᠤᠯᠭ᠎ᠠ ᠳᠤᠷᠠᠳᠪᠠ᠄ ᠭᠤᠣᠯ ᠮᠥᠷᠡᠨ ᠨᠠᠭᠤᠷ ᠴᠥᠭᠦᠷᠥᠮ᠎ᠤᠨ ᠳᠠᠷᠤᠭ᠎ᠠ᠎ᠶ᠋ᠢᠨ ᠲᠦᠷᠢᠮ᠎ᠢ ᠦᠷᠭᠦᠯᠵᠢᠯᠡᠨ ᠪᠣᠳᠠᠲᠠᠢᠵᠢᠭᠤᠯᠵᠤ᠂ ᠡᠯ᠎ᠡ ᠱᠠᠲᠤᠨ᠎ᠤ ᠭᠤᠣᠯ ᠮᠥᠷᠡᠨ᠎ᠤ ᠳᠠᠷᠤᠭ᠎ᠠ᠎ᠶ᠋ᠢᠨ ᠬᠠᠷᠢᠭᠤᠴᠠᠯᠭ᠎ᠠ᠎ᠶ᠋ᠢ ᠦᠨᠡᠨ ᠬᠦ᠌ ᠡᠭᠦᠷᠭᠡᠯᠡᠬᠦ᠌ ᠬᠡᠷᠡᠭ᠌ᠲᠡᠢ ; ᠭᠠᠵᠠᠷ ᠱᠢᠷᠣᠢ᠂ ᠣᠢᠲᠤ ᠭᠠᠵᠠᠷ᠎ᠤᠨ ᠭᠠᠷ ᠭᠦᠢᠴᠡᠳᠭᠡᠯ᠎ᠤᠨ ᠲᠤᠬᠢᠷᠠᠭᠤᠯᠤᠯᠳᠠ᠎ᠶ᠋ᠢ ᠲᠦᠷᠭᠡᠳᠭᠡᠵᠦ᠍᠂ 《ᠲᠠᠷᠢᠬᠤ᠎ᠶᠢ ᠪᠤᠴᠠᠭᠠᠬᠤ᠎ᠳᠤ ᠬᠢᠯᠪᠠᠷ᠂ ᠬᠡᠯᠪᠡᠷᠢ᠎ᠪᠠᠨ ᠬᠤᠪᠢᠷᠠᠭᠤᠯᠬᠤ᠎ᠳᠤ ᠬᠦᠴᠢᠷ》 ᠪᠠᠢᠬᠤ ᠪᠣᠭᠤᠮᠢ᠎ᠶ᠋ᠢ ᠱᠢᠢᠳᠪᠦᠷᠢᠯᠡᠬᠦ᠌ ᠬᠡᠷᠡᠭ᠌ᠲᠡᠢ; ᠠᠷᠠᠳ᠎ᠤᠨ ᠠᠮᠢᠳᠤᠷᠠᠯ᠎ᠤᠨ ᠪᠠᠲᠤᠯᠠᠭ᠎ᠠ᠎ᠶ᠋ᠢ ᠢᠮᠠᠭ᠍ᠲᠠ ᠲᠤᠭᠤᠱᠢᠯᠠᠭᠤᠯᠵᠤ᠂ ᠠᠵᠢᠯ ᠣᠯᠭᠤᠯᠲᠠ᠎ᠶ᠋ᠢᠨ ᠪᠣᠯᠪᠠᠰᠤᠷᠠᠯ᠂ ᠠᠵᠤ ᠦᠢᠯᠡᠰ᠎ᠤᠨ ᠲᠡᠳᠬᠦᠬᠦ᠌᠎ᠪᠠᠷ ᠳᠠᠮᠵᠢᠭᠤᠯᠤᠨ ᠤᠯᠠᠨ ᠲᠦᠮᠡᠨ᠎ᠤ ᠡᠷᠡᠭᠡᠯᠵᠡᠭᠡ᠎ᠶ᠋ᠢ ᠠᠷᠢᠯᠭᠠᠨ᠎ᠠ᠃
ᠯᠤᠤᠬ᠎ᠠ᠎ᠶ᠋ᠢᠨ ᠭᠤᠣᠯ᠎ᠤᠨ ᠵᠠᠰᠠᠯᠲᠠ ᠪᠣᠯ ᠪᠣᠭᠤᠮᠲᠠ ᠱᠢᠪᠲᠤᠯᠬᠤ ᠳᠠᠢᠯᠠᠯᠳᠤᠭᠠᠨ ᠪᠣᠯᠬᠤ᠎ᠪᠠᠷ ᠪᠠᠷᠠᠬᠤ ᠦᠭᠡᠢ ᠪᠠᠰᠠ ᠤᠳᠠᠭᠠᠨ ᠳᠠᠭᠠᠭᠠᠮᠠᠭᠠᠢ ᠳᠠᠢᠯᠠᠯᠳᠤᠭᠠᠨ ᠪᠣᠯᠤᠨ᠎ᠠ᠃ ᠤᠯᠤᠰ ᠲᠦᠷᠦ᠍᠎ᠶ᠋ᠢᠨ ᠵᠥᠪᠯᠡᠯᠭᠡᠨ᠎ᠤ ᠭᠡᠱᠢᠭᠦᠳ᠂ ᠪᠠᠢᠴᠠᠭᠠᠨ ᠰᠤᠳᠤᠯᠤᠯᠲᠠ᠎ᠶ᠋ᠢᠨ ᠦᠷ᠎ᠡ ᠪᠦᠲᠦᠭᠡᠯ᠎ᠢᠶᠠᠨ ᠰᠠᠨᠠᠯ ᠵᠥᠪᠯᠡᠯᠭᠡ ᠪᠣᠯᠭᠠᠨ ᠬᠤᠪᠢᠷᠠᠭᠤᠯᠵᠤ᠂ ᠯᠤᠤᠬ᠎ᠠ᠎ᠶ᠋ᠢᠨ ᠭᠤᠣᠯ᠎ᠤᠨ ᠵᠠᠰᠠᠯᠲᠠ᠎ᠳᠤ ᠤᠯᠤᠰ ᠲᠦᠷᠦ᠍᠎ᠶ᠋ᠢᠨ ᠵᠥᠪᠯᠡᠯᠭᠡᠨ᠎ᠤ ᠤᠶᠤᠨ ᠤᠬᠠᠭᠠᠨ᠎ᠢᠶᠠᠨ ᠨᠡᠮᠡᠷᠢᠯᠡᠨ᠎ᠡ ᠭᠡᠵᠦ᠍ ᠢᠯᠡᠳᠭᠡᠵᠡᠭᠡᠪᠡ᠃