ᠠᠷᠠᠳ᠎ᠤ᠋ᠨ ᠰᠦᠯᠵᠢᠶ᠎ᠡ᠎ᠶᠢᠨ ᠪᠡᠭᠡᠵᠢᠩ᠎ᠦ᠋ᠨ 7 ᠳ᠋ᠤᠭᠠᠷ ᠰᠠᠷ᠎ᠠ᠎ᠶᠢᠨ 21 ᠦ᠌ ᠡᠳᠦᠷ᠎ᠦ᠋ᠨ ᠴᠠᠬᠢᠯᠭᠠᠨ ᠮᠡᠳᠡᠭᠡ ( ᠧᠦ ᠶᠠᠩ ᠢ ᠵᠢᠶᠠ ) ᠡᠨᠡ ᠵᠢᠯ᠎ᠦ᠋ᠨ 6 ᠳ᠋ᠤᠭᠠᠷ ᠨᠣᠮᠧᠷᠲᠦ ᠲᠠᠢᠹᠧᠩ ᠰᠠᠯᠬᠢ 《ᠸᠧᠢ ᠫᠠ》 7 ᠳ᠋ᠤᠭᠠᠷ ᠰᠠᠷ᠎ᠠ᠎ᠶᠢᠨ 20 ᠤ᠋ ᠡᠳᠦᠷ᠎ᠦ᠋ᠨ 17 ᠴᠠᠭ 50 ᠮᠢᠨᠦ᠋ᠲ᠎ᠲᠦ᠍ ᠤᠷᠢᠳ ᠬᠣᠵᠢᠳ ᠭᠤᠸᠠᠩᠳᠦ᠋ᠩ᠎ᠦ᠋ᠨ ᠲᠠᠢ ᠱᠠᠨ᠎ᠤ ᠳᠠᠯᠠᠢ ᠳᠠᠭᠠᠤ ᠬᠠᠭᠤᠷᠠᠢᠳ᠋ᠤ ᠭᠠᠷᠴᠤ᠌᠂ ᠬᠠᠭᠤᠷᠠᠢᠳ᠋ᠤ ᠭᠠᠷᠬᠤ ᠦᠶ᠎ᠡ᠎ᠳ᠋ᠦ᠍ ᠲᠥᠪ᠎ᠦ᠋ᠨ ᠣᠢᠷ᠎ᠠ ᠬᠠᠪᠢ᠎ᠶᠢᠨ ᠬᠠᠮᠤᠭ ᠶᠡᠬᠡ ᠰᠠᠯᠬᠢᠨᠤ᠋ ᠬᠦᠴᠦ᠍ ᠨᠢ 12 ᠳᠡᠰ ( ᠰᠠᠯᠬᠢᠨᠤ᠋ ᠬᠤᠷᠳᠤᠴᠠ ᠨᠢ ᠰᠸᠺᠦ᠋ᠨ᠋ᠲ ᠪᠦᠷᠢ 33 ᠮᠧᠲ᠋ᠷ )᠎ᠲᠤ ᠬᠦᠷᠪᠡ᠃ ᠡᠭᠦᠨ᠎ᠦ᠌ ᠨᠥᠯᠥᠭᠡ᠎ᠪᠡᠷ ᠂ ᠵᠢᠱ᠌ᠢᠯᠲᠡ᠎ᠪᠡᠷ 7 ᠳ᠋ᠤᠭᠠᠷ ᠰᠠᠷ᠎ᠠ᠎ᠶᠢᠨ 21᠎ᠦ᠌ ᠡᠳᠦᠷ᠎ᠡᠴᠡ 22 ᠤ᠋ ᠡᠳᠦᠷ ᠪᠣᠯᠲᠠᠯ᠎ᠠ᠂ ᠡᠮᠦᠨᠡᠲᠦ ᠣᠷᠣᠨ᠎ᠤ᠋ ᠶᠡᠬᠡᠩᠬᠢ ᠬᠡᠰᠡᠭ᠂ ᠵᠢᠶᠠᠩ ᠨᠠᠨᠤ᠋ ᠵᠡᠭᠦᠨ ᠡᠮᠦᠨᠡᠲᠦ ᠬᠡᠰᠡᠭ ᠵᠢᠴᠢ ᠶᠦᠨᠨᠠᠨᠤ᠋ ᠵᠡᠭᠦᠨ ᠡᠮᠦᠨ᠎ᠡ ᠬᠡᠰᠡᠭ ᠵᠡᠷᠭᠡ ᠭᠠᠵᠠᠷ᠎ᠲᠤ᠌ ᠶᠡᠬᠡ ᠱᠢᠷᠦᠭᠦᠨ ᠪᠣᠷᠣᠭᠠᠨ ᠣᠷᠣᠵᠤ ᠂ ᠭᠤᠸᠠᠩᠳᠦ᠋ᠩ᠎ᠦ᠋ᠨ ᠳ᠋ᠦᠩ ᠵᠢᠶᠠᠩ ᠂ ᠬᠠᠨ ᠵᠢᠶᠠᠩ ᠵᠢᠴᠢ ᠳᠠᠯᠠᠢ ᠳᠠᠭᠠᠤ ᠣᠷᠣᠨ᠎ᠤ᠋ ᠡᠯ᠎ᠡ ᠭᠣᠣᠯ᠎ᠤᠳ᠂ ᠭᠤᠸᠠᠩᠰᠢ᠎ᠶ᠋ᠢᠨ ᠱᠢᠵᠢᠶᠠᠩᠤᠨ ᠰᠠᠯᠪᠤᠷᠢ ᠤᠷᠤᠰᠭᠠᠯ ᠢᠦᠢ ᠵᠢᠶᠠᠩ ᠵᠢᠴᠢ ᠬᠦᠢ ᠨᠠᠨ᠎ᠤ ᠳᠠᠯᠠᠢ ᠳᠠᠭᠠᠤ ᠣᠷᠣᠨ᠎ᠳᠤ ᠪᠠᠢᠭ᠎ᠠ ᠭᠣᠣᠯ᠎ᠤᠳ᠂ ᠬᠠᠢᠨᠠᠨ᠎ᠤ ᠡᠮᠦᠨ᠎ᠡ ᠳ᠋ᠦ᠋ ᠵᠢᠶᠠᠩ᠂ ᠴᠠᠩ ᠬᠤᠸᠠ ᠵᠢᠶᠠᠩ᠂ ᠹᠦᠵᠢᠶᠠᠨ᠎ᠤ ᠳᠠᠯᠠᠢ ᠳᠠᠭᠠᠤ ᠵᠢᠦ ᠯᠦᠩ ᠵᠢᠶᠠᠩ ᠵᠡᠷᠭᠡ ᠭᠣᠣᠯ ᠮᠦᠷᠡᠨ ᠨᠢ ᠢᠯᠡᠳᠲᠡ ᠤᠰᠤ ᠦᠰᠭᠦ ᠶᠠᠪᠤᠴᠠ ᠢᠯᠡᠷᠡᠵᠦ᠍᠂ ᠰᠢᠷᠦᠭᠦᠨ ᠪᠣᠷᠣᠭᠠᠨ᠎ᠤ ᠣᠷᠣᠨ᠎ᠤ ᠳᠣᠲᠣᠷᠠᠬᠢ ᠬᠡᠰᠡᠭ ᠳᠤᠮᠳᠠ ᠵᠢᠵᠢᠭ ᠭᠣᠣᠯ ᠮᠥᠷᠡᠨ᠎ᠳᠦ ᠰᠡᠷᠡᠮᠵᠢᠯᠡᠭᠦᠯᠬᠦ᠌ ᠱᠤᠭᠤᠮ᠎ᠠᠴᠠ ᠳᠠᠪᠠᠭ᠍ᠰᠠᠨ ᠦᠶᠡᠷ᠎ᠦᠨ ᠭᠠᠮᠰᠢᠭ᠋ ᠭᠠᠷᠴᠤ ᠮᠡᠳᠡᠬᠦ ᠪᠥᠭᠡᠳ ᠠᠭᠤᠯᠠᠨ ᠳᠣᠪᠣᠴᠠᠭ᠎ᠤᠨ ᠣᠷᠣᠨ᠎ᠤ ᠠᠭᠤᠯᠠᠨ ᠦᠶᠡᠷ᠎ᠦᠨ ᠭᠠᠮᠰᠢᠭ᠋᠎ᠤᠨ ᠠᠶᠤᠯ ᠲᠦᠭᠰᠢᠭᠦᠷᠢ ᠨᠡᠯᠢᠶᠡᠳ ᠶᠡᠬᠡ ᠪᠠᠢᠨ᠎ᠠ᠃
ᠤᠰᠤᠨ ᠠᠱᠢᠭ᠍ᠯᠠᠯᠲᠠ᠎ᠶ᠋ᠢᠨ ᠶᠠᠮᠤᠨ ᠡᠳᠦᠷ ᠳᠠᠷᠠᠭᠠᠯᠠᠨ ᠲᠤᠰᠭᠠᠢ ᠰᠡᠳᠦᠪ᠎ᠢᠶᠠᠷ ᠵᠥᠪᠳᠡᠯᠴᠡᠵᠦ᠍᠂ ᠤᠰᠤᠨ ᠴᠥᠭᠦᠷᠥᠮ᠎ᠤᠨ ᠦᠶᠡᠷ᠎ᠢ ᠠᠮᠤᠷ ᠲᠦᠪᠱᠢᠨ᠎ᠢᠶᠠᠷ ᠥᠩᠭᠡᠷᠡᠭᠦᠯᠬᠦ᠂ ᠳᠤᠮᠳᠠ ᠪᠠᠭ᠎ᠠ ᠭᠤᠣᠯ ᠮᠥᠷᠡᠨ᠎ᠤ ᠦᠶᠡᠷ᠎ᠤᠨ ᠤᠰᠤ᠎ᠶ᠋ᠢ ᠰᠡᠷᠭᠡᠢᠯᠡᠬᠦ᠌ ᠪᠠ ᠠᠭᠤᠯᠠᠨ ᠦᠶᠡᠷ᠎ᠤᠨ ᠭᠠᠮᠱᠢᠭ᠎ᠢ ᠰᠡᠷᠭᠡᠢᠯᠡᠬᠦ᠌ ᠵᠡᠷᠭᠡ ᠠᠵᠢᠯ᠎ᠤᠨ ᠪᠠᠢᠳᠠᠯ᠎ᠢ ᠪᠠᠢᠷᠢᠯᠠᠭᠤᠯᠪᠠ᠃ ᠤᠰᠤᠨ ᠠᠱᠢᠭ᠍ᠯᠠᠯᠲᠠ᠎ᠶ᠋ᠢᠨ ᠶᠠᠮᠤᠨ 7 ᠳ᠋ᠤᠭᠠᠷ ᠰᠠᠷ᠎ᠠ᠎ᠶ᠋ᠢᠨ 19 ᠦ ᠡᠳᠦᠷ᠎ᠤᠨ 10 ᠴᠠᠭ᠎ᠲᠤ ᠭᠤᠸᠠᠩᠳᠦ᠋ᠩ᠂ ᠭᠤᠸᠠᠩᠰᠢ᠂ ᠬᠠᠢᠨᠠᠨ᠎ᠳᠤ ᠦᠶᠡᠷ᠎ᠤᠨ ᠤᠰᠤ᠎ᠶ᠋ᠢ ᠰᠡᠷᠭᠡᠢᠯᠡᠬᠦ᠌Ⅳᠲᠠᠰ᠎ᠤᠨ ᠪᠠᠴᠢᠮ ᠪᠠᠢᠳᠠᠯ᠎ᠢ ᠠᠷᠭᠠᠴᠠᠭᠠᠬᠤ ᠲᠥᠰᠦᠯ᠎ᠢ ᠡᠬᠢᠯᠡᠭᠦᠯᠵᠦ᠍᠂ ᠡᠳᠦᠷ ᠪᠦᠷᠢ 《ᠨᠢᠭᠡ ᠮᠤᠵᠢ ᠨᠢᠭᠡ ᠲᠠᠩᠰᠠ》 ᠶ᠋ᠢ ᠲᠦᠪᠯᠡᠷᠡᠩᠭᠦᠢ ᠤᠷᠢᠳᠴᠢᠯᠠᠨ ᠰᠡᠷᠡᠮᠵᠢᠯᠡᠭᠦᠯᠵᠦ᠍᠂ 3 ᠠᠵᠢᠯᠯᠠᠬᠤ ᠳᠤᠭᠤᠢᠯᠠᠩ ᠲᠣᠮᠢᠯᠠᠨ 3 ᠮᠤᠵᠢ (ᠣᠷᠣᠨ)᠎ᠳᠤ ᠣᠴᠢᠭᠤᠯᠤᠨ ᠲᠠᠢᠹᠧᠩ ᠰᠠᠯᠬᠢ ᠱᠢᠷᠦᠭᠦᠨ ᠪᠣᠷᠣᠭᠠᠨ᠎ᠤ ᠦᠶᠡᠷ᠎ᠤᠨ ᠤᠰᠤ᠎ᠶ᠋ᠢ ᠰᠡᠷᠭᠡᠢᠯᠡᠬᠦ᠌ ᠠᠵᠢᠯ᠎ᠢ ᠵᠢᠯᠣᠭᠤᠳᠪᠠ᠃ ᠣᠰᠣᠨ ᠠᠱᠢᠠᠠᠯᠠᠯᠳᠡ᠎ᠶ᠋ᠢᠨ ᠶᠠᠮᠣᠨ᠎ᠤ ᠵᠦᠵᠢᠶᠠᠩ ᠮᠦᠷᠡᠨ᠎ᠤ ᠣᠰᠣᠨ ᠠᠱᠢᠠᠠᠯᠠᠯᠳᠡ᠎ᠶ᠋ᠢᠨ ᠵᠦᠪᠯᠡᠯ᠎ᠨᠢⅢᠲᠠᠰ᠎ᠤᠨ ᠪᠠᠴᠢᠮ ᠪᠠᠢᠳᠡᠯ᠎ᠢ ᠠᠷᠭᠠᠴᠠᠭᠠᠵᠦ᠍ ᠴᠤᠤᠷᠢᠶᠠᠳᠤᠨ ᠳᠠᠭᠠᠬᠤ᠎ᠶ᠋ᠢ ᠡᠬᠢᠯᠡᠭᠦᠯᠦᠨ ᠭᠡᠷᠡᠭ᠌ᠵᠢᠬᠦᠯᠵᠦ᠍᠂ ᠦᠶᠡᠷ᠎ᠤᠨ ᠪᠠᠢᠳᠡᠯ᠎ᠢ ᠣᠷᠢᠳᠴᠢᠯᠡᠨ ᠮᠡᠳᠡᠭᠡᠯᠡᠬᠦ᠌᠎ᠶ᠋ᠢ ᠨᠢᠭ᠍ᠲᠠᠵᠢᠭᠤᠯᠥᠨ ᠦᠷᠨᠢᠬᠦᠯᠵᠦ᠍᠂ 30 ᠭᠠᠷᠣᠢ ᠲᠣᠰᠭᠠᠢ ᠮᠡᠷᠭᠡᠵᠢᠯ᠎ᠤᠨ ᠬᠦᠮᠦᠨ᠎ᠢ ᠲᠤᠮᠢᠯᠡᠨ ᠨᠢᠭᠡᠳᠣᠭᠡᠷ ᠹᠷᠦᠨᠲ᠎ᠲᠤ ᠣᠴᠢᠭᠤᠯᠵᠦ᠍ ᠮᠡᠷᠭᠡᠵᠢᠯ᠎ᠤᠨ ᠲᠣᠯᠭᠠᠭᠤᠷᠢᠯᠡᠯ ᠦᠷᠨᠢᠭᠦᠯᠪᠡ᠃
ᠭᠤᠸᠠᠩᠳᠦ᠋ᠩ ᠮᠣᠵᠢ᠎ᠶᠢᠨ ᠤᠰᠤᠨ ᠠᠱᠢᠭ᠍ᠯᠠᠯᠲᠠ᠎ᠶᠢᠨ ᠲᠢᠩᠬᠢᠮ ᠦᠶᠡᠷ᠎ᠢ᠋ ᠰᠡᠷᠭᠡᠢᠯᠡᠵᠦ᠍ ᠲᠠᠢᠹᠧᠩ ᠰᠠᠯᠬᠢᠨᠤ᠋ ᠬᠣᠶᠠᠳᠤᠭᠠᠷ ᠳᠡᠰ᠎ᠦ᠋ᠨ ᠪᠠᠴᠢᠮ ᠪᠠᠢᠳᠠᠯ᠎ᠢ᠋ ᠠᠷᠭᠠᠴᠠᠭᠠᠬᠤ ᠲᠥᠰᠦᠯ᠎ᠢ᠋ ᠬᠡᠷᠡᠭ᠌ᠵᠢᠭᠦᠯᠵᠦ᠍ ᠂ 4 ᠠᠵᠢᠯᠯᠠᠬᠤ ᠳᠤᠭᠤᠢᠯᠠᠩ᠎ᠤ᠋ᠨ ᠲᠤᠰᠭᠠᠢ ᠮᠡᠷᠭᠡᠵᠢᠯᠲᠡᠨᠦ᠌ ᠳᠤᠭᠤᠢᠯᠠᠩ ᠲᠣᠮᠢᠯᠠᠵᠤ ᠨᠢᠭᠡᠳᠦᠭᠡᠷ ᠹᠷᠣᠨᠲ᠎ᠲᠤ᠌ ᠣᠴᠢᠭᠤᠯᠵᠤ᠂ 55 ᠠᠶᠤᠯᠠ᠋ᠴᠠ ᠠᠪᠤᠷᠠᠬᠤ ᠠᠩᠭᠢ᠎ᠶᠢ ᠨᠡᠢᠲᠡ 1479 ᠬᠥᠮᠦᠨ ᠤᠷᠢᠳᠴᠢᠯᠠᠨ ᠲᠣᠬᠢᠷᠠᠭᠤᠯᠵᠤ᠂ ᠠᠶᠤᠯᠠ᠋ᠴᠠ ᠠᠪᠤᠷᠠᠬᠤ ᠡᠳ᠋ ᠪᠣᠳᠠᠰᠢ᠋ ᠤᠷᠢᠳᠴᠢᠯᠠᠨ ᠲᠣᠬᠢᠷᠠᠭᠤᠯᠵᠤ᠂ ᠪᠠᠴᠢᠮ ᠪᠠᠢᠳᠠᠯ᠎ᠢ᠋ ᠠᠷᠭᠠᠴᠠᠭᠠᠵᠤ ᠠᠶᠤᠯᠠ᠋ᠴᠠ ᠠᠪᠤᠷᠠᠬᠤ ᠪᠡᠯᠡᠳᠭᠡᠯᠢ᠋ ᠰᠠᠢᠲᠤᠷ ᠬᠢᠪᠡ᠃ ᠬᠠᠢᠨᠠᠨ ᠮᠤᠵᠢ᠎ᠶ᠋ᠢᠨ ᠤᠰᠤᠨ᠎ᠤ ᠶᠠᠪᠤᠳᠠᠯ᠎ᠤᠨ ᠲᠢᠩᠬᠢᠮ ᠦᠶᠡᠷ᠎ᠤᠨ ᠤᠰᠤ᠎ᠶ᠋ᠢ ᠰᠡᠷᠭᠡᠢᠯᠡᠬᠦ᠌Ⅲᠲᠠᠰ᠎ᠤᠨ ᠪᠠᠴᠢᠮ ᠪᠠᠢᠳᠠᠯ᠎ᠢ ᠠᠷᠭᠠᠴᠠᠭᠠᠬᠤ ᠲᠥᠰᠦᠯ᠎ᠢ ᠡᠬᠢᠯᠡᠭᠦᠯᠵᠦ᠍᠂ ᠪᠥᠬᠦ᠌ ᠮᠤᠵᠢ᠎ᠪᠠᠷ᠎ᠢᠶᠠᠨ 160 ᠱᠢᠬᠠᠮ ᠪᠠᠢᠴᠠᠭᠠᠬᠤ ᠳᠤᠭᠤᠢᠯᠠᠩ ᠲᠣᠮᠢᠯᠠᠵᠤ᠂ ᠪᠠᠢᠭᠤᠯᠵᠤ ᠪᠠᠢᠭ᠎ᠠ 62 ᠢᠨᠵᠸᠨ᠋ᠸᠷᠢᠩ᠎ᠦᠨ ᠪᠠᠷᠢᠯᠭ᠎ᠠ᠎ᠶ᠋ᠢᠨ ᠭᠠᠵᠠᠷ᠂ 24 ᠠᠶᠤᠯᠲᠠᠶ ᠤᠰᠤᠨ ᠴᠥᠭᠦᠷᠥᠮ ᠪᠠ ᠥᠨᠳᠥᠷ ᠲᠦᠪᠱᠢᠨ᠎ᠲᠠᠢ ᠤᠰᠤ ᠬᠠᠳᠠᠭᠠᠯᠠᠬᠤ ᠴᠥᠭᠦᠷᠥᠮ᠂ ᠬᠤᠲᠠ᠎ᠶ᠋ᠢᠨ ᠠᠮᠠᠷᠬᠠᠨ ᠤᠰᠤᠲᠤᠬᠤ ᠴᠡᠭ ᠵᠡᠷᠭᠡ᠎ᠶ᠋ᠢ ᠭᠤᠤᠯᠳᠠᠯᠭ᠎ᠠ᠎ᠲᠠᠢ ᠪᠠᠢᠴᠠᠭᠠᠪᠠ᠃ ᠭᠤᠸᠠᠩᠰᠢ᠎ᠶ᠋ᠢᠨ ᠵᠤᠸᠠᠩ ᠦᠨᠳᠦᠰᠦᠲᠡᠨ᠎ᠦ ᠥᠪᠡᠷᠲᠡᠭᠡᠨ ᠵᠠᠰᠠᠬᠤ ᠣᠷᠣᠨ᠎ᠤ ᠤᠰᠤᠨ ᠠᠱᠢᠭ᠍ᠯᠠᠯᠲᠠ᠎ᠶ᠋ᠢᠨ ᠲᠢᠩᠬᠢᠮ ᠦᠶᠡᠷ᠎ᠦᠨ ᠤᠰᠤ᠎ᠶ᠋ᠢ ᠰᠡᠷᠭᠡᠢᠯᠡᠬᠦ᠌Ⅳᠲᠠᠰ᠎ᠤᠨ ᠪᠠᠴᠢᠮ ᠪᠠᠢᠳᠠᠯ᠎ᠢ ᠠᠷᠭᠠᠴᠠᠭᠠᠵᠦ᠍ ᠴᠤᠤᠷᠢᠶᠠᠳᠤᠨ ᠳᠠᠭᠠᠬᠤ᠎ᠶ᠋ᠢ ᠡᠬᠢᠯᠡᠭᠦᠯᠵᠦ᠍᠂ ᠲᠠᠢᠹᠧᠩ ᠰᠠᠯᠬᠢ᠎ᠶ᠋ᠢᠨ ᠨᠥᠯᠥᠭᠡ᠎ᠶ᠋ᠢ ᠦᠷᠭᠦᠯᠵᠢᠯᠡᠨ ᠵᠥᠪᠳᠡᠯᠴᠡᠵᠦ᠍ ᠰᠤᠳᠤᠯᠤᠨ ᠮᠠᠭᠠᠳᠯᠠᠵᠤ᠂ ᠠᠭᠤᠯᠠᠨ ᠦᠶᠡᠷ᠎ᠦᠨ ᠭᠠᠮᠱᠢᠭ᠎ᠢ ᠰᠡᠷᠭᠡᠢᠯᠡᠬᠦ᠂ ᠤᠰᠤᠨ ᠴᠥᠭᠥᠷᠥᠮ᠎ᠦᠨ ᠲᠣᠬᠢᠷᠠᠭᠤᠯᠤᠯᠲᠠ ᠬᠢᠬᠦ᠌ ᠵᠡᠷᠭᠡ ᠠᠵᠢᠯ᠎ᠢ ᠰᠠᠢᠲᠤᠷ ᠬᠢᠪᠡ᠃
ᠬᠠᠷᠢᠭᠤᠴᠠᠭ᠍ᠰᠠᠨ ᠨᠠᠢᠷᠠᠭᠤᠯᠤᠭ᠍ᠴᠢ᠄ ᠯᠢ ᠱᠠᠨ