ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠣᠨᠴᠠᠯᠢᠭᠲᠤ᠌ ᠳᠠᠪᠴᠠᠩ
ᠰᠣᠨᠢᠨ ᠮᠡᠳᠡᠭᠡ   -   ᠰᠤᠷᠪᠤᠯᠵᠢᠯᠠᠭ᠎ᠠ
ᠠᠷᠠᠳ᠎ᠤ᠋ᠨ ᠡᠳᠦᠷ᠎ᠦ᠋ᠨ ᠰᠣᠨᠢᠨ ᠄ ᠲᠥᠪ᠎ᠦ᠋ᠨ ᠴᠠᠭ ᠠᠭᠤᠷ᠎ᠤ᠋ᠨ ᠬᠣᠷᠢᠶ᠎ᠠ᠎ᠶᠢᠨ ᠵᠢᠱ᠌ᠢᠯᠲᠡ᠎ᠪᠡᠷ — ᠲᠠᠢᠹᠧᠩ ᠰᠠᠯᠬᠢ 《ᠲᠠᠪ 》ᠥᠨᠥᠳᠥᠷ ᠭᠤᠸᠠᠩᠳᠦ᠋ᠩ᠎ᠦ᠋ᠨ ᠳᠠᠯᠠᠢ ᠳᠠᠭᠠᠤ ᠣᠷᠣᠨ᠎ᠢᠶᠡᠷ ᠬᠠᠭᠤᠷᠠᠢ᠎ᠳ᠋ᠤ ᠭᠠᠷᠪᠠ ᠤᠰᠤᠨ ᠠᠰᠢᠭᠯᠠᠯᠲᠠ᠎ᠶᠢᠨ ᠶᠠᠮᠤᠨ᠎ᠠ᠋ᠴᠠ ᠭᠤᠸᠠᠩᠳᠦ᠋ᠩ᠂ ᠭᠤᠸᠠᠩᠰᠢ ᠮᠣᠵᠢ᠎ᠳ᠋ᠤ ᠦᠶᠡᠷ᠎ᠦ᠋ᠨ ᠤᠰᠤ᠎ᠶᠢ ᠰᠡᠷᠭᠡᠢᠯᠡᠬᠦ᠌ Ⅳᠳᠡᠰ᠎ᠦ᠋ᠨ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠠᠷᠭ᠎ᠠ᠎ᠶᠢ ᠡᠬᠢᠯᠡᠭᠦᠯᠪᠡ
ᠨᠡᠶ᠋ᠢᠲᠡᠯᠡᠭᠰᠡᠨ ᠴᠠᠭ᠄ 2025-09-12

《ᠡᠠᠷᠠᠣᠠ᠎ᠤᠨ ᠡᠳᠦᠷ᠎ᠤᠨ ᠰᠣᠨᠢᠠ》 ( 2025 ᠣᠨ᠎ᠤ 09 ᠳ᠋ᠦ᠍ᠭᠡᠷ ᠰᠠᠷ᠎ᠠ᠎ᠶ᠋ᠢᠨ 08 ᠎ᠤ ᠡᠳᠦᠷ  14  ᠳ᠋ᠦ᠍ᠭᠡᠷ        ᠬᠡᠪᠯᠡᠯ )

  ᠲᠤᠰ ᠰᠤᠨᠢᠨ ᠪᠡᠬᠡᠵᠢᠩ᠎ᠤᠨ 9 ᠳ᠋ᠦ᠍ᠭᠡᠷ ᠰᠠᠷ᠎ᠠ᠎ᠶᠢᠨ 7 ᠎ᠤ ᠡᠲᠤᠷ᠎ᠤᠨ ᠴᠠᠭᠢᠯᠭᠠᠨ ᠮᠡᠲᠡᠬᠡ ( ᠰᠤᠷᠪᠤᠯᠵᠢᠯᠠᠭ᠍ᠴᠢ ᠯᠢ ᠬᠤᠩ ᠮᠸᠢ᠂ ᠳ᠋ᠸᠩ ᠵᠢᠶᠠᠨ ᠶᠠᠩ ) 9 ᠳ᠋ᠦ᠍ᠭᠡᠷ ᠰᠠᠷ᠎ᠠ᠎ᠶ᠋ᠢᠨ 6 ᠎ᠤ ᠡᠲᠤᠷ᠎ᠤᠨ 20 ᠴᠠᠭ᠎ᠲᠤ᠂ ᠡᠮᠤᠨᠡᠳᠤ ᠲᠠᠯᠠᠢ᠎ᠶ᠋ᠢᠨ ᠬᠠᠯᠠᠭᠤᠨ  ᠪᠦᠰᠡᠨ᠎ᠦ ᠲᠤᠤᠷ᠎ᠠ ᠲᠠᠷᠤᠯᠲᠠ ᠨᠢ ᠡᠨᠡ ᠵᠢᠯ᠎ᠤᠨ 16 ᠳ᠋ᠤᠭ᠋ᠠᠷ ᠨᠤᠮᠸᠷᠲᠦ ᠲᠠᠢ᠌ᠹᠸᠩ ᠰᠠᠯᠬᠢ《ᠲᠠᠪ 》 ᠪᠤᠯᠵᠦ       ᠴᠢᠩᠭ᠋ᠠᠷᠠᠪᠠ ᠃ 7 ᠎ᠤ ᠡᠳᠦᠷ᠂ ᠲᠠᠢᠹᠧᠩ ᠰᠠᠯᠬᠢ 《ᠲᠠᠪ》 ᠎ᠤᠨ ᠨᠥᠯᠥᠭᠡ᠎ᠪᠡᠷ ᠭᠤᠸᠠᠩᠳᠦ᠋ᠩ᠎ᠤᠨ ᠳᠠᠯᠠᠶ ᠳᠠᠭᠠᠤ ᠣᠷᠣᠨ ᠪᠣᠯᠤᠨ ᠬᠠᠢᠨᠠᠨ ᠠᠷᠠᠯ ᠵᠡᠷᠭᠡ ᠭᠠᠵᠠᠷ᠎ᠲᠤ ᠰᠠᠯᠬᠢ ᠪᠣᠷᠣᠭᠠᠨ᠎ᠲᠠᠶ ᠴᠠᠭ ᠠᠭᠤᠷ ᠢᠯᠡᠷᠡᠵᠡᠶ ᠃ 7 ᠎ᠤ ᠡᠳᠦᠷ᠎ᠤᠨ 17 ᠴᠠᠭ᠎ᠤᠨ ᠦᠶ᠎ᠡ᠎ᠪᠠᠷ᠂ 《ᠲᠠᠪ》 ᠬᠠᠯᠠᠭᠤᠨ ᠪᠦᠰᠡᠨ᠎ᠤ ᠰᠢᠭᠤᠷᠭᠠᠨ᠎ᠤ ᠳᠡᠰ᠎ᠠᠴᠠ ᠬᠦᠴᠦᠲᠡᠢ ᠬᠠᠯᠠᠭᠤᠨ ᠪᠦᠰᠡ᠎ᠶ᠋ᠢᠨ ᠰᠢᠭᠤᠷᠭᠠᠨ᠎ᠤ ᠳᠡᠰ ᠪᠣᠯᠵᠤ ᠴᠢᠩᠭᠠᠷᠠᠪᠠ᠃ ᠲᠥᠪ᠎ᠦᠨ ᠴᠠᠭ ᠠᠭᠤᠷ᠎ᠤᠨ ᠬᠣᠷᠢᠶ᠎ᠠ᠎ᠶᠢᠨ ᠵᠢᠱ᠌ᠢᠯᠲᠡ᠎ᠪᠡᠷ᠂《ᠲᠠᠪ 》 ᠴᠠᠭ ᠪᠦᠷᠢ 20 ᠺᠢᠯᠣᠮᠧᠲ᠋ᠷ ᠣᠷᠴᠢᠮ᠎ᠤᠨ ᠬᠤᠷᠳᠤᠴᠠ᠎ᠪᠠᠷ ᠤᠮᠠᠷ᠎ᠠ᠎ᠠᠴᠠ ᠪᠠᠷᠠᠭᠤᠨᠰᠢ᠎ᠪᠠᠨ ᠱᠢᠯᠵᠢᠵᠦ᠍᠂ ᠬᠦᠴᠦ᠍ ᠨᠢ ᠠᠭᠠᠵᠢᠮ᠎ᠢᠶᠠᠷ ᠴᠢᠩᠭᠠᠷᠠᠬᠤ᠎ᠶ᠋ᠢᠨ ᠬᠠᠮᠲᠤ 8 ᠎ᠤ ᠥᠷᠯᠥᠭᠡ ᠦᠳᠡ᠎ᠶ᠋ᠢᠨ ᠡᠮᠦᠨ᠎ᠡ ᠭᠤᠸᠠᠩᠳᠦ᠋ᠩ᠎ᠦ᠋ᠨ ᠲᠠᠢ᠌ᠱ᠌ᠠᠨ᠎ᠠᠴᠠ ᠳ᠋ᠢᠶᠠᠨ ᠪᠠᠢ ᠬᠦᠷᠬᠦ᠌ ᠣᠷᠴᠢᠮ᠎ᠤᠨ ᠳᠠᠯᠠᠢ ᠳᠠᠭ᠋ᠠᠤ ᠤᠷᠤᠨ᠎ᠢᠶᠠᠷ ᠬᠠᠭᠤᠷᠠᠶ᠎ᠳᠤ ᠭᠠᠷᠪᠠ᠃ ( ᠬᠠᠯᠠᠭᠤᠨ ᠪᠦᠰᠡᠨ᠎ᠦ ᠳᠣᠭ᠍ᠰᠢᠨ ᠰᠢᠭᠤᠷᠭᠠᠨ᠎ᠤ ᠲᠠᠰ ᠪᠤᠶᠤ ᠲᠠᠢᠹᠧᠩ ᠰᠠᠯᠬᠢᠨ᠎ᠤ ᠲᠠᠰ ᠂ 28-33 ᠮᠧᠲᠷ/ᠰᠧᠺᠦ᠋ᠨ᠋ᠳ᠋ ᠂ 10-12 ᠲᠠᠰ ) ᠡᠬᠡ ᠬᠠᠭᠤᠷᠠᠢ᠎ᠳᠤ ᠭᠠᠷᠤᠭᠰᠠᠨ᠎ᠤ ᠳᠠᠷᠠᠭ᠎ᠠ ᠬᠦᠴᠦᠯᠡᠴᠡ ᠨᠢ ᠠᠭᠠᠵᠢᠮ᠎ᠢᠶᠠᠷ ᠰᠤᠯᠠᠷᠠᠪᠠ᠃ ᠶᠡᠷᠦᠩᠬᠡᠢᠯᠡᠨ ᠰᠤᠳᠤᠯᠤᠨ ᠮᠠᠭᠠᠳᠯᠠᠬᠤ ᠪᠠ ᠪᠠᠴᠢᠮ ᠪᠠᠢᠳᠠᠯ᠎ᠢ ᠠᠷᠭ᠋ᠠᠴᠠᠭ᠋ᠠᠬᠤ᠎ᠶᠢ ᠵᠥᠪᠳᠡᠯᠴᠡᠬᠦ᠌᠎ᠪᠠᠷ ᠳᠡᠮᠵᠢᠨ᠂ 7 ᠎ᠤ ᠡᠳᠦᠷ᠎ᠤᠨ 8 ᠴᠠᠭ 30 ᠮᠢᠨᠦ᠋ᠲ᠎ᠲᠤ᠂ ᠳᠤᠮᠳᠠᠳᠤ ᠤᠯᠤᠰ᠎ᠤᠨ ᠴᠠᠭ ᠠᠭᠤᠷ᠎ᠤᠨ ᠲᠣᠪᠴᠢᠶ᠎ᠠ ᠬᠦᠨᠳᠦ ᠶᠡᠭᠡ ᠴᠠᠭ ᠠᠭᠤᠷ᠎ᠤᠨ ᠭᠠᠮᠱᠢᠭ (ᠲᠠᠢᠹᠧᠩ ᠰᠠᠯᠬᠢ᠂ ᠱᠢᠷᠦᠭᠦᠨ ᠪᠣᠷᠣᠭᠠᠨ) ᠎ᠤᠨ ᠳᠥᠷᠪᠡᠳᠦᠭᠡᠷ ᠳᠡᠰ᠎ᠤᠨ ᠪᠠᠴᠢᠮ ᠪᠠᠢᠳᠠᠯ᠎ᠢ ᠠᠷᠭ᠋ᠠᠴᠠᠭ᠋ᠠᠬᠤ᠎ᠳᠤ ᠴᠤᠤᠷᠢᠶᠠᠲᠤᠨ ᠳᠠᠭᠠᠬᠤ᠎ᠶ᠋ᠢ ᠡᠬᠢᠯᠡᠭᠦᠯᠪᠡ᠃ 7 ᠎ᠤ ᠡᠳᠦᠷ᠎ᠤᠨ 18 ᠴᠠᠭ᠎ᠲᠤ᠌᠂ ᠲᠥᠪ᠎ᠤᠨ ᠴᠠᠭ ᠠᠭᠤᠷ᠎ᠤᠨ ᠬᠤᠷᠢᠶ᠎ᠠ ᠦᠷᠭᠦᠯᠵᠢᠯᠡᠨ ᠲᠠᠢᠹᠧᠩ ᠰᠠᠯᠬᠢᠨ᠎ᠤ ᠱᠢᠷ᠎ᠠ ᠥᠩᠭᠡ᠎ᠶ᠋ᠢᠨ ᠰᠡᠷᠡᠮᠵᠢᠯᠡᠭᠦᠯᠦᠯ᠎ᠢ ᠨᠡᠢᠲᠡᠯᠡᠵᠦ᠍᠂ ᠱᠢᠷᠦᠭᠦᠨ ᠪᠣᠷᠣᠭᠠᠨ᠎ᠤ ᠱᠢᠷ᠎ᠠ ᠥᠩᠭᠡ᠎ᠶ᠋ᠢᠨ ᠰᠡᠷᠡᠮᠵᠢᠯᠡᠭᠦᠯᠦᠯ᠎ᠢ ᠨᠡᠢᠲᠡᠯᠡᠵᠦ᠍᠂ ᠤᠰᠤᠨ ᠠᠱᠢᠭ᠍ᠯᠠᠯᠲᠠ᠎ᠶ᠋ᠢᠨ ᠶᠠᠮᠤᠨ᠂ ᠪᠠᠢᠭᠠᠯᠢ᠎ᠶ᠋ᠢᠨ ᠡᠬᠢ ᠪᠠᠶᠠᠯᠢᠭ᠎ᠤᠨ ᠶᠠᠮᠤᠨ᠎ᠲᠠᠢ ᠲᠣᠰ ᠲᠣᠰ ᠳᠤᠮᠳᠠᠳᠤ ᠤᠯᠤᠰ᠎ᠤᠨ ᠴᠠᠭ ᠠᠭᠤᠷ᠎ᠤᠨ ᠲᠣᠪᠴᠢᠶ᠎ᠠ᠎ᠲᠠᠢ ᠱᠢᠷ᠎ᠠ ᠦᠩᠭᠡ᠎ᠶᠢᠨ ᠠᠭᠤᠯᠠ ᠤᠰᠤᠨ᠎ᠤ ᠭᠠᠮᠱᠢᠭ᠎ᠤᠨ ᠴᠠᠭ ᠠᠭᠤᠷ᠎ᠤᠨ ᠰᠡᠷᠡᠮᠵᠢᠯᠡᠭᠦᠯᠦᠯ᠂ ᠭᠠᠵᠠᠷ᠎ᠤᠨ ᠭᠠᠶ ᠭᠠᠮᠱᠢᠭ᠎ᠤᠨ ᠴᠠᠭ ᠠᠭᠤᠷ᠎ᠤᠨ ᠲᠦᠭ᠌ᠰᠢᠭᠦᠷᠢ᠎ᠶ᠋ᠢᠨ ᠰᠡᠷᠡᠮᠵᠢᠯᠡᠭᠦᠯᠦᠯ᠎ᠢ ᠨᠡᠢᠲᠡᠯᠡᠪᠡ᠃

  ᠵᠢᠱ᠌ᠢᠯᠲᠡ᠎ᠪᠠᠷ 7 ᠎ᠤ ᠡᠳᠦᠷ᠎ᠤᠨ 20 ᠴᠠᠭ᠎ᠠᠴᠠ 8 ᠎ᠤ ᠡᠳᠦᠷ᠎ᠤᠨ 20 ᠴᠠᠭ ᠪᠣᠯᠲᠠᠯ᠎ᠠ᠂ ᠡᠮᠦᠨᠡᠲᠦ ᠲᠠᠩᠭᠢᠰ᠎ᠤᠨ ᠶᠡᠬᠡᠩᠬᠢ ᠬᠡᠰᠡᠭ᠂ ᠤᠮᠠᠷᠠᠲᠤ ᠪᠤᠯᠤᠩ᠂ ᠴᠢᠶᠦ᠋ᠩ ᠵᠧᠦ᠍᠎ᠳᠠᠯᠠᠢ᠎ᠶᠢᠨ ᠬᠤᠭᠤᠯᠠᠢ᠂ ᠰᠢ ᠱᠠ ᠣᠯᠲᠣᠷᠢᠭ᠎ᠤᠨ ᠬᠡᠰᠡᠭ ᠳᠠᠯᠠᠢ᠎ᠶᠢᠨ ᠤᠷᠤᠨ᠂ ᠵᠦᠩ ᠱᠠ ᠣᠯᠳᠤᠷᠢᠭ᠎ᠤᠨ ᠣᠢᠷ᠎ᠠ ᠬᠠᠪᠢ᠎ᠶ᠋ᠢᠨ ᠳᠠᠯᠠᠢ᠎ᠶ᠋ᠢᠨ ᠣᠷᠣᠨ᠂ ᠭᠤᠸᠠᠩᠳᠦ᠋ᠩ᠎ᠤᠨ ᠳᠠᠯᠠᠢ ᠳᠠᠭᠠᠤ ᠣᠷᠣᠨ᠂ ᠵᠦᠵᠢᠶᠠᠩ ᠮᠥᠷᠡᠨ᠎ᠤ ᠠᠳᠠᠭ᠎ᠤᠨ ᠤᠷᠤᠨ᠂  ᠬᠠᠢ᠌ᠨᠠᠨ ᠠᠷᠠᠯ ᠎ᠤᠨ  ᠵᠡᠭᠦᠨ ᠬᠡᠰᠡᠭ ᠪᠠ ᠤᠮᠠᠷᠠᠲᠤ ᠬᠡᠰᠡᠭ᠎ᠤᠨ ᠳᠠᠯᠠᠢ ᠳᠠᠭᠠᠤ᠂ ᠭᠤᠸᠠᠩᠰᠢ᠎ᠶ᠋ᠢᠨ ᠳᠠᠯᠠᠢ ᠳᠠᠭᠠᠤ ᠣᠷᠣᠨ᠎ᠳᠤ 6 - 8 ᠳᠡᠰ᠎ᠤᠨ ᠶᠡᠭᠡ ᠰᠠᠯᠬᠢ᠎ᠲᠠᠢ ᠪᠠᠢᠵᠤ᠂ ᠡᠭᠦᠨ᠎ᠤ ᠳᠣᠲᠣᠷ᠎ᠠ ᠡᠮᠦᠨᠡᠲᠦ ᠲᠠᠩᠭᠢᠰ᠎ᠤᠨ ᠬᠤᠢᠲᠤ ᠬᠡᠰᠡᠭ᠎ᠤᠨ ᠬᠡᠰᠡᠭ ᠳᠠᠯᠠᠢ᠎ᠶ᠋ᠢᠨ ᠣᠷᠣᠨ ᠪᠠ ᠭᠤᠸᠠᠩᠳᠦ᠋ᠩ᠎ᠤᠨ ᠳᠤᠮᠳᠠ ᠪᠠᠷᠠᠭᠤᠨ ᠬᠡᠰᠡᠭ᠎ᠤᠨ ᠳᠠᠯᠠᠢ ᠳᠠᠭᠠᠤ ᠣᠷᠣᠨ᠎ᠤ ᠰᠠᠯᠬᠢᠨ᠎ᠤ ᠬᠦᠴᠦᠨ᠎ᠨᠢ 9 - 10 ᠳᠡᠰ᠎ᠲᠤ ᠬᠦᠷᠴᠦ᠍᠂ ᠳᠠᠯᠠᠢ᠎ᠶ᠋ᠢᠨ ᠣᠷᠣᠨ ᠪᠤᠶᠤ ᠰᠠᠯᠬᠢᠨ᠎ᠤ ᠬᠦᠴᠦ᠍᠎ᠨᠢ 11 - 12 ᠳᠡᠰ᠎ᠲᠤ ᠬᠦᠷᠴᠦ᠂ ᠬᠡᠰᠡᠭ ᠰᠠᠯᠬᠢ ᠨᠢ 13 - 14 ᠲᠠᠰ ; ᠭᠤᠸᠠᠩᠳᠦ᠋ᠩ᠎ᠤᠨ ᠳᠤᠮᠳᠠ ᠡᠮᠦᠨ᠎ᠡ ᠪᠡᠶ᠎ᠡ᠂ ᠭᠤᠸᠠᠩᠰᠢ᠎ᠶ᠋ᠢᠨ ᠵᠡᠭᠦᠨ ᠡᠮᠦᠨ᠎ᠡ ᠬᠡᠰᠡᠭ᠎ᠲᠤ ᠱᠢᠷᠦᠭᠦᠨ ᠪᠣᠷᠣᠭᠠᠨ ᠣᠷᠣᠬᠤ ᠪᠣᠯᠣᠨ᠎ᠠ᠃

  ᠲᠠᠢᠹᠧᠩ ᠰᠠᠯᠬᠢ 《 ᠲᠠᠪ 》 ᠎ᠦᠨ ᠨᠥᠯᠥᠭᠡ᠎ᠪᠡᠷ ᠂ 7 ᠎ᠤ᠋ ᠡᠳᠦᠷ᠎ᠡᠴᠡ 10 ᠎ᠤ᠋ ᠡᠳᠦᠷ ᠪᠣᠯᠲᠠᠯ᠎ᠠ᠂ ᠭᠤᠸᠠᠩᠳᠦ᠋ᠩ᠎ᠦ᠋ᠨ ᠳ᠋ᠦᠩ ᠵᠢᠶᠠᠩ᠂ ᠬᠠᠨ ᠵᠢᠶᠠᠩ᠂ ᠯᠦᠸᠧ ᠳ᠋ᠢᠩ ᠵᠢᠶᠠᠩ᠂ ᠰᠢᠨ ᠰᠢᠩ ᠵᠢᠶᠠᠩ᠂ ᠭᠤᠸᠠᠩᠰᠢ᠎ᠶᠢᠨ ᠰᠢ ᠵᠢᠶᠠᠩ᠎ᠤᠨ ᠭᠣᠣᠯ ᠤᠷᠤᠰᠭᠠᠯ ᠵᠢᠴᠢ ᠰᠠᠯᠪᠤᠷᠢ ᠤᠷᠤᠰᠭᠠᠯ ᠢᠦᠢ ᠵᠢᠶᠠᠩ ᠮᠥᠷᠡᠨ᠎ᠦ᠌ ᠤᠮᠠᠷᠠᠲᠤ ᠤᠷᠤᠰᠭᠠᠯ᠎ᠤ᠋ᠨ ᠭᠣᠣᠯ ᠵᠡᠷᠭᠡ ᠢᠯᠡᠳᠲᠡ ᠤᠰᠤᠨ ᠦᠰᠬᠦ ᠶᠠᠪᠤᠴᠠ ᠢᠯᠡᠷᠡᠵᠦ᠂ ᠰᠢᠷᠦᠭᠦᠨ ᠪᠣᠷᠣᠭᠠᠨ᠎ᠤ᠋ ᠣᠷᠣᠨ᠎ᠤ᠋ ᠳᠣᠲᠣᠷ᠎ᠠ ᠭᠤᠸᠠᠩᠳᠦ᠋ᠩ᠎ᠦ᠋ᠨ ᠪᠠᠷᠠᠭᠤᠨ ᠬᠡᠰᠡᠭ᠎ᠦ᠋ᠨ ᠳᠠᠯᠠᠢ ᠳᠠᠭᠠᠤ ᠣᠷᠣᠨ᠎ᠤ᠋ ᠵᠢᠶᠠᠨ ᠵᠢᠶᠠᠩ᠂ ᠮᠦᠸᠸ ᠶᠠᠩ ᠵᠢᠶᠠᠩ ᠮᠥᠷᠡᠨ᠂  ᠭᠣᠸᠠᠩᠰᠢ᠎ᠶᠢᠨ ᠡᠮᠦᠨᠡᠲᠦ ᠬᠡᠰᠡᠭ᠎ᠦᠨ ᠲᠡᠯᠡᠶ ᠳᠠᠭᠠᠤ᠎ᠶᠢᠨ ᠨᠠᠨ ᠯᠢᠦ ᠵᠢᠶᠠᠩ᠂ ᠪᠠᠢ ᠱᠠ ᠾᠧ ᠵᠡᠷᠭᠡ ᠳᠤᠮᠳᠠ ᠵᠢᠵᠢᠭ ᠭᠣᠣᠯ ᠮᠥᠷᠡᠨ᠎ᠳᠦ ᠰᠡᠷᠡᠮᠵᠢ᠎ᠶᠢᠨ ᠱᠤᠭᠤᠮ᠎ᠠᠴᠠ ᠳᠠᠪᠠᠭᠰᠠᠨ ᠦᠶᠡᠷ᠎ᠦᠨ ᠭᠠᠮᠰᠢᠭ᠋ ᠭᠠᠷᠴᠤ ᠮᠡᠳᠡᠨ᠎ᠡ ᠃ 

  ᠤᠰᠤᠨ ᠠᠱᠢᠭ᠍ᠯᠠᠯᠲᠠ᠎ᠶ᠋ᠢᠨ ᠶᠠᠮᠤᠨ 7 ᠎ᠤ ᠡᠳᠦᠷ᠎ᠤᠨ 10 ᠴᠠᠭ᠎ᠲᠤ ᠭᠤᠸᠠᠩᠳᠦ᠋ᠩ᠂ ᠭᠤᠸᠠᠩᠰᠢ᠎ᠳᠤ ᠦᠶᠡᠷ᠎ᠤᠨ ᠰᠡᠷᠭᠡᠢᠯᠡᠯᠲᠡ᠎ᠶ᠋ᠢᠨ Ⅳ ᠲᠠᠰ᠎ᠤᠨ ᠪᠠᠴᠢᠮ ᠪᠠᠢᠳᠠᠯ᠎ᠢ ᠠᠷᠭ᠋ᠠᠴᠠᠭ᠋ᠠᠬᠤ ᠲᠥᠰᠦᠯ᠎ᠢ ᠡᠬᠢᠯᠡᠭᠦᠯᠵᠦ᠍᠂ ᠬᠤᠶᠠᠷ ᠮᠤᠵᠢ (ᠥᠪᠡᠷᠲᠡᠭᠡᠨ ᠵᠠᠰᠠᠬᠤ ᠣᠷᠣᠨ) ᠎ᠶ᠋ᠢᠨ ᠤᠰᠤᠨ ᠠᠱᠢᠭ᠍ᠯᠠᠯᠲᠠ᠎ᠶ᠋ᠢᠨ ᠲᠢᠩᠬᠢᠮ ᠪᠠ ᠵᠦᠵᠢᠶᠠᠩ ᠮᠥᠷᠡᠨ᠎ᠤ ᠤᠰᠤᠨ ᠠᠱᠢᠭ᠍ᠯᠠᠯᠲᠠ᠎ᠶ᠋ᠢᠨ ᠵᠥᠪᠯᠡᠯ᠎ᠠᠴᠠ ᠪᠣᠷᠣᠭᠠᠨ᠎ᠤ ᠤᠰᠤᠨ᠎ᠤ ᠪᠠᠢᠳᠠᠯ ᠪᠠ ᠦᠶᠡᠷ᠎ᠤᠨ ᠪᠠᠢᠳᠠᠯ᠎ᠤᠨ ᠬᠥᠭ᠌ᠵᠢᠯᠲᠡ ᠬᠤᠪᠢᠷᠠᠯᠲᠠ᠎ᠶ᠋ᠢ ᠨᠢᠭ᠍ᠲᠠ ᠠᠩᠬᠠᠷᠴᠤ᠌᠂ ᠲᠠᠢᠹᠧᠩ ᠰᠠᠯᠬᠢᠨ᠎ᠤ ᠬᠥᠭ᠌ᠵᠢᠯᠲᠡ᠎ᠶ᠋ᠢᠨ ᠪᠠᠢᠳᠠᠯ ᠪᠠ ᠱᠢᠯᠵᠢᠮᠡᠯ ᠠᠷᠭ᠎ᠠ ᠵᠠᠮ᠎ᠢ ᠴᠢᠩᠭ᠎ᠠ ᠠᠩᠬᠠᠷᠴᠤ᠌᠂ ᠬᠢᠨᠠᠨ ᠬᠡᠮᠵᠢᠵᠦ᠍ ᠤᠷᠢᠳᠴᠢᠯᠠᠨ ᠮᠡᠳᠡᠭᠡᠯᠡᠵᠦ᠍ ᠤᠷᠢᠳᠴᠢᠯᠠᠨ ᠰᠡᠷᠡᠮᠵᠢᠯᠡᠭᠦᠯᠬᠦ᠌ ᠪᠠ ᠵᠥᠪᠳᠡᠯᠴᠡᠨ ᠰᠤᠳᠤᠯᠤᠨ ᠮᠠᠭᠠᠳᠯᠠᠬᠤ᠎ᠶ᠋ᠢ ᠴᠢᠩᠭᠠᠳᠭᠠᠬᠤ ᠬᠡᠷᠡᠭ᠌ᠲᠡᠶ ᠭᠡᠵᠦ᠍ ᠱᠠᠭᠠᠷᠳᠠᠪᠠ᠃ ᠤᠰᠤᠨ ᠠᠱᠢᠭ᠍ᠯᠠᠯᠳᠠ᠎ᠶ᠋ᠢᠨ ᠶᠠᠮᠤᠨ᠎ᠤ ᠵᠦᠵᠢᠶᠠᠩ ᠮᠦᠷᠡᠨ᠎ᠤ ᠤᠰᠤᠨ ᠠᠱᠢᠭ᠍ᠯᠠᠯᠳᠠ᠎ᠶ᠋ᠢᠨ ᠵᠦᠪᠯᠡᠯ᠎ᠨᠢ ᠦᠶᠡᠷ᠎ᠤᠨ ᠤᠰᠤ᠎ᠠᠴᠠ Ⅲ ᠲᠡᠰ᠎ᠤᠨ ᠪᠠᠴᠢᠮ ᠪᠠᠢᠳᠠᠯ᠎ᠢ ᠠᠷᠭ᠋ᠠᠴᠠᠭ᠋ᠠᠬᠤ ᠲᠦᠰᠦᠯ᠎ᠢ ᠬᠡᠷᠡᠭ᠌ᠵᠢᠬᠦᠯᠵᠤ᠂ ᠳ᠋ᠠ ᠲᠧᠩ ᠱᠢᠶᠠ ᠵᠡᠷᠭᠡ ᠭᠤᠤᠯᠯᠠᠭ᠍ᠴᠢ ᠤᠰᠤᠨ ᠴᠦᠬᠦᠷᠦᠮ᠎ᠳᠤ ᠲᠤᠬᠢᠷᠠᠭᠤᠯᠤᠯᠳᠠ ᠬᠢᠵᠤ ᠤᠷᠢᠳᠴᠢᠯᠠᠨ ᠤᠰᠤ ᠵᠠᠯᠠᠬᠤ᠎ᠶ᠋ᠢ ᠲᠤᠬᠢᠷᠠᠭᠤᠯᠪᠠ᠃ ᠤᠰᠤᠨ ᠠᠱᠢᠭ᠍ᠯᠠᠯᠲᠠ᠎ᠶ᠋ᠢᠨ ᠶᠠᠮᠤᠨ᠎ᠠᠴᠠ 2 ᠠᠵᠢᠯᠯᠠᠬᠤ ᠳᠤᠭᠤᠢᠯᠠᠩ ᠲᠣᠮᠢᠯᠠᠨ ᠭᠤᠸᠠᠩᠳᠦ᠋ᠩ᠂ ᠭᠤᠸᠠᠩᠰᠢ᠎ᠳᠤ ᠣᠴᠢᠭᠤᠯᠵᠤ ᠲᠠᠢᠹᠧᠩ ᠰᠠᠯᠬᠢ 《 ᠲᠠᠪ》 ᠎ᠤᠨ ᠱᠢᠷᠦᠭᠦᠨ ᠪᠣᠷᠣᠭᠠᠨ᠎ᠤ ᠦᠶᠡᠷ᠎ᠢ ᠰᠡᠷᠭᠡᠢᠯᠡᠬᠦ᠌ ᠠᠵᠢᠯ᠎ᠢ ᠬᠠᠪᠰᠤᠷᠤᠨ ᠵᠢᠯᠣᠭᠤᠳᠪᠠ᠃

  

   ᠬᠠᠷᠢᠭᠤᠴᠠᠭᠰᠠᠨ ᠨᠠᠢ᠌ᠷᠠᠭᠤᠯᠤᠭᠴᠢ᠄ ᠭᠤᠤ ᠪᠥᠸᠧ

ᠢᠷᠡᠯᠲᠡ᠄ ᠠᠷᠠᠳ᠎ᠤᠨ ᠡᠳᠦᠷ᠎ᠤᠨ ᠰᠣᠨᠢᠨ
          
ᠬᠠᠮᠢᠶ᠎ᠡ ᠪᠦᠬᠦᠢ ᠰᠣᠨᠢᠨ
 
            