ᠨᠢᠭᠡ᠂ ᠲᠥᠷᠥᠯ ᠵᠦᠶᠯ ᠤᠨ ᠲᠣᠶᠢᠮᠣᠴᠢᠯᠠᠯ | 1 . ᠲᠥᠷᠥᠯ ᠵᠦᠶᠯ ᠤᠨ ᠨᠡᠷᠡᠶᠢᠳᠦᠯ᠄ ᠬᠥᠬᠡᠬᠤᠲᠠ ᠶᠢᠨ ᠤᠰᠤᠨ ᠰᠢᠨᠵᠢᠯᠡᠭᠡᠨ ᠤᠰᠤᠨ ᠤ ᠡᠬᠢ | ᠰᠤᠷᠪᠤᠯᠵᠢ ᠶᠢᠨ ᠬᠤᠪᠢᠶᠠᠷᠢ ᠲᠥᠪ ᠤᠨ ᠭᠠᠵᠠᠷ ᠳᠣᠣᠷᠠᠬᠢ ᠤᠰᠤ ᠶᠢ ᠬᠢᠨᠠᠨ ᠬᠡᠮᠵᠢᠬᠦ ᠬᠤᠳᠳᠤᠭ ᠤᠨ | ᠠᠵᠢᠯᠯᠠᠭ᠎ᠠ ᠶᠢ ᠬᠠᠮᠠᠭᠠᠯᠠᠬᠤ ᠢᠨᠵᠧᠨᠧᠷᠢᠩ ᠤᠨ ᠳᠠᠭᠠᠭᠠᠴᠢᠯᠠᠯᠲᠠ ᠵᠠᠷᠯᠠᠬᠤ ᠲᠥᠷᠥᠯ ᠵᠦᠢᠯ ᠃ | 2 . ᠪᠦᠲᠦᠭᠡᠨ ᠪᠠᠶᠢᠭᠤᠯᠤᠯᠲᠠ ᠶᠢᠨ ᠬᠡᠪᠴᠢᠶ᠎ᠡ᠄ ᠭᠠᠵᠠᠷ ᠳᠣᠣᠷᠠᠬᠢ ᠤᠰᠤ ᠶᠢ ᠬᠢᠨᠠᠨ ᠬᠡᠮᠵᠢᠬᠦ ᠬᠤᠳᠳᠤᠭ ᠤᠨ | ᠬᠢᠨᠠᠨ ᠬᠡᠮᠵᠢᠬᠦ ᠬᠡᠮᠵᠢᠭᠦᠷᠯᠢᠭ ᠬᠤᠳᠠᠯᠳᠤᠨ ᠠᠪᠬᠤ᠂ ᠬᠢᠨᠠᠨ ᠬᠡᠮᠵᠢᠬᠦ ᠲᠥᠬᠦᠭᠡᠷᠦᠮᠵᠢ ᠶᠢ ᠬᠠᠮᠠᠭᠠᠯᠠᠬᠤ᠂ | ᠲᠠᠪᠴᠠᠩ ᠤᠨ ᠪᠥᠲᠥᠭᠡᠨ ᠪᠠᠶᠢᠭᠤᠯᠤᠯᠲᠠ᠂ ᠬᠢᠨᠠᠨ ᠬᠡᠮᠵᠢᠭᠰᠡᠨ ᠲᠤᠭ᠎ᠠ ᠪᠠᠷᠢᠮᠲᠠ ᠶᠢ ᠬᠠᠷᠢᠴᠠᠭᠤᠯᠤᠨ ᠬᠠᠷᠭᠤᠭᠤᠯᠤᠨ | ᠬᠡᠮᠵᠢᠬᠦ᠂ ᠬᠢᠨᠠᠨ ᠬᠡᠮᠵᠢᠬᠦ ᠬᠤᠳᠳᠤᠭ ᠤᠨ ᠬᠠᠮᠠᠭᠠᠯᠠᠯᠲᠠ ᠶᠢᠨ ᠬᠦᠷᠢᠶ᠎ᠡ ᠬᠠᠰᠢᠶ᠎ᠠ ᠶᠢᠨ ᠪᠥᠲᠥᠭᠡᠨ ᠪᠠᠶᠢᠭᠤᠯᠤᠯᠲᠠ᠂ | ᠬᠡᠰᠡᠭ ᠬᠢᠨᠠᠨ ᠬᠡᠮᠵᠢᠬᠦ ᠬᠤᠳᠳᠤᠭ ᠤᠨ ᠡᠷᠭᠦᠭᠳᠡᠴᠡ ᠶᠢᠨ ᠬᠠᠶᠢᠨ ᠬᠡᠮᠵᠢᠯᠲᠡ ᠵᠢᠴᠢ ᠬᠠᠷᠭᠤᠭᠤᠯᠤᠨ ᠬᠢᠨᠠᠬᠤ ᠵᠡᠷᠭᠡ | ᠠᠵᠢᠯᠯᠠᠭ᠎ᠠ ᠶᠢ ᠬᠠᠮᠠᠭᠠᠯᠠᠬᠤ ᠲᠥᠷᠥᠯ ᠵᠦᠢᠯ ᠃ | 3 . ᠬᠥᠷᠥᠩᠭᠡ ᠣᠷᠣᠭᠤᠯᠤᠯᠲᠠ ᠶᠢᠨ ᠪᠠᠶᠢᠳᠠᠯ ᠄ ᠶᠡᠷᠦᠩᠬᠡᠢ ᠬᠥᠷᠥᠩᠭᠡ ᠣᠷᠣᠭᠤᠯᠤᠯᠲᠠ 69 ᠲᠦᠮᠡᠨ | ᠲᠥᠭᠦᠷᠢᠭ ᠪᠠᠶᠢᠵᠤ᠂ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠠᠴᠠ ᠪᠦᠬᠦᠨ ᠢ ᠪᠠᠯᠠ ᠣᠷᠣᠭᠤᠯᠤᠭᠰᠠᠨ | ᠪᠠᠶᠢᠨ᠎ᠠ ᠃ | 4 . ᠪᠡᠶᠡᠯᠡᠭᠦᠯᠬᠦ ᠴᠠᠭ ᠪᠠ ᠭᠠᠵᠠᠷ᠄ 2022 ᠪᠦᠬᠦ ᠣᠨ᠂ ᠬᠥᠬᠡᠬᠤᠲᠠ ᠳᠤ ᠃ | | ᠬᠤᠶᠠᠷ᠂ ᠨᠡᠷ᠎ᠡ ᠮᠡᠳᠡᠭᠦᠯᠬᠦ ᠱᠠᠭᠠᠷᠳᠠᠯᠭ᠎ᠠ | 1 . ᠣᠷᠣᠯᠠᠬᠤ ᠪᠠᠶᠢᠭᠤᠯᠤᠮᠵᠢ ᠨᠢ ᠡᠷᠬᠡᠪᠰᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠰᠠᠭ | ᠤᠨ ᠣᠷᠳᠣᠨ ᠤ ᠬᠤᠳᠠᠯᠳᠤᠨ ᠠᠪᠬᠤ ᠰᠦᠯᠵᠢᠶ᠎ᠡ ᠶᠢᠨ ᠣᠷᠣᠯᠠᠬᠤ ᠪᠠᠶᠢᠭᠤᠯᠤᠮᠵᠢ ᠶᠢᠨ ᠬᠥᠮᠥᠷᠭᠡ ᠳᠤ | ᠪᠦᠷᠢᠳᠬᠡᠭᠦᠯᠦᠨ ᠳᠠᠩᠰᠠᠯᠠᠭᠤᠯᠬᠤ ᠬᠡᠷᠡᠭᠲᠡᠶ᠃ | 2 . ᠪᠡᠶ᠎ᠡ ᠪᠠᠨ ᠳᠠᠭᠠᠭᠠᠭᠰᠠᠨ ᠬᠠᠤᠯᠢ ᠶᠢᠨ ᠡᠷᠬᠡᠲᠡᠨ ᠤ ᠬᠢᠷᠢ ᠬᠡᠮ ᠲᠠᠢ ᠪᠠᠶᠢᠭᠤᠯᠤᠮᠵᠢ ᠂ ᠡᠷᠬᠡᠪᠰᠢ ᠰᠠᠶᠢᠨ | ᠰᠠᠶᠢᠬᠠᠨ ᠡᠳ᠋ ᠤᠨ ᠶᠠᠪᠤᠳᠠᠯ ᠤᠨ ᠪᠠᠶᠢᠳᠠᠯ ᠪᠠ ᠬᠤᠳᠠᠯᠳᠤᠭᠠᠨ ᠤ ᠢᠲᠡᠭᠡᠯ ᠬᠦᠨᠳᠦ ᠲᠠᠢ᠂ ᠭᠦᠢᠴᠡᠳ ᠭᠡᠷ᠎ᠡ ᠶᠢ | ᠭᠦᠢᠴᠡᠳᠬᠡᠬᠦ ᠡᠳ᠋ ᠬᠥᠷᠥᠩᠭᠡ ᠪᠠ ᠴᠢᠳᠠᠪᠤᠷᠢ ᠲᠠᠢ ᠪᠠᠶᠢᠵᠤ ᠬᠡᠷᠡᠭᠲᠡᠶ᠃ | ᠨᠡᠷ᠎ᠡ ᠮᠡᠳᠡᠭᠦᠯᠬᠦ ᠦᠶ᠎ᠡ ᠳᠤ᠂ ᠨᠡᠷ᠎ᠡ ᠮᠡᠳᠡᠭᠦᠯᠦᠭᠴᠢ ᠳᠣᠤᠷᠠᠬᠢ ᠮᠠᠲ᠋ᠧᠷᠢᠶᠠᠯ ᠢ ᠬᠠᠩᠭᠠᠬᠤ ᠬᠡᠷᠡᠭᠲᠡᠶ᠄ | 1 . ᠨᠡᠷ᠎ᠡ ᠮᠡᠳᠡᠭᠦᠯᠦᠭᠴᠢ ᠪᠡᠶ᠎ᠡ ᠶᠢᠨ ᠦᠨᠡᠮᠯᠡᠯ ᠤᠨ ᠣᠭ ᠡᠬᠡ ᠪᠠᠨ ᠭᠠᠷᠭᠠᠨ ᠦᠵᠡᠭᠦᠯᠵᠦ᠂ ᠬᠠᠭᠤᠯᠪᠤᠷᠢ᠂ | ᠬᠠᠷᠢᠯᠴᠠᠬᠤ ᠠᠷᠭ᠎ᠠ ᠮᠠᠶ᠋ᠢᠭ ᠢᠶᠠᠨ ᠬᠠᠩᠭᠠᠨ᠎ᠠ᠃ | 2 . ᠨᠡᠷ᠎ᠡ ᠮᠡᠳᠡᠭᠦᠯᠦᠭᠴᠢ ᠬᠠᠤᠯᠢ ᠪᠠᠷ ᠲᠣᠭᠲᠠᠭᠠᠭᠰᠠᠨ ᠲᠥᠯᠥᠭᠡᠯᠡᠭᠴᠢ ᠶᠢᠨ ᠭᠠᠷ ᠤᠨ ᠥᠰᠥᠭ ᠵᠢᠷᠤᠭᠰᠠᠨ᠂ | ᠺᠣᠮᠫᠠᠨᠢ ᠶᠢᠨ ᠲᠠᠮᠠᠭ᠎ᠠ ᠳᠠᠷᠤᠭᠰᠠᠨ 《 ᠡᠷᠬᠡ ᠣᠯᠭᠤᠬᠤ ᠨᠠᠶᠢᠳᠠᠯᠭ᠎ᠠ ᠶᠢᠨ ᠪᠢᠴᠢᠭ 》 ᠭᠠᠷᠭᠠᠵᠤ ᠥᠭᠭᠦᠨ᠎ᠡ᠃ | 3 . ᠤᠯᠤᠰ ᠤᠨ ᠠᠵᠤ ᠦᠶᠯᠡᠳᠪᠦᠷᠢ ᠬᠤᠳᠠᠯᠳᠤᠭᠠᠨ ᠤ ᠪᠠᠶᠢᠭᠤᠯᠤᠯᠭ᠎ᠠ ᠶᠢᠨ ᠣᠨ ᠤ ᠪᠠᠶᠢᠴᠠᠭᠠᠯᠲᠠ ᠳᠤ | ᠬᠢᠷᠢ ᠲᠡᠩᠴᠡᠭᠰᠡᠨ ᠬᠦᠴᠦᠨ ᠲᠠᠢ ᠪᠥᠭᠡᠳ ᠳᠠᠭᠠᠭᠠᠴᠢᠯᠠᠯᠲᠠ ᠬᠦᠯᠢᠶᠡᠭᠰᠡᠨ ᠠᠵᠤ ᠠᠬᠤᠶᠢᠯᠠᠯ ᠤᠨ ᠠᠯᠪᠠᠨ ᠲᠠᠮᠠᠭ᠎ᠠ | ᠳᠠᠷᠤᠭᠰᠠᠨ ᠡᠵᠡᠩᠨᠡᠯᠲᠡ ᠶᠢᠨ ᠦᠨᠡᠮᠯᠡᠯ ᠤᠨ ᠬᠠᠭᠤᠯᠪᠤᠷᠢ ᠳᠡᠪᠲᠡᠷ ᠤᠨ ᠬᠠᠭᠤᠯᠪᠤᠷᠢ ᠶᠢ ᠬᠠᠩᠭᠠᠨ᠎ᠠ᠃ | | ᠭᠤᠷᠪᠠ ᠂ ᠨᠡᠷ᠎ᠡ ᠮᠡᠳᠡᠭᠦᠯᠬᠦ ᠴᠠᠭ ᠪᠠ ᠭᠠᠵᠠᠷ ᠣᠷᠣᠨ | ᠳᠡᠭᠡᠷ᠎ᠡ ᠳᠤᠷᠠᠳᠤᠭᠰᠠᠨ ᠨᠥᠬᠦᠴᠡᠯ ᠳᠤ ᠨᠡᠶᠢᠴᠡᠬᠦ ᠣᠷᠣᠯᠠᠬᠤ ᠪᠠᠶᠢᠭᠤᠯᠤᠮᠵᠢ 2022 ᠣᠨ ᠤ 8 ᠳ᠋ᠤᠭᠠᠷ | ᠰᠠᠷ᠎ᠠ ᠶᠢᠨ 11 ᠤ ᠡᠳᠦᠷ ᠠᠴᠠ 2022 ᠣᠨ ᠤ 8 ᠳ᠋ᠤᠭᠠᠷ ᠰᠠᠷ᠎ᠠ ᠶᠢᠨ 12 ᠤ ᠡᠳᠦᠷ ᠪᠣᠯᠲᠠᠯ᠎ᠠ᠂ ᠦᠳᠡ ᠶᠢᠨ | ᠡᠮᠦᠨᠡᠬᠢ 9᠄ 00 ᠠᠴᠠ12᠄ 00᠂ ᠦᠳᠡ ᠶᠢᠨ ᠬᠤᠶᠢᠨᠠᠬᠢ 14᠄ 30 ᠠᠴᠠ17᠄ 30 ᠳᠤ ᠨᠡᠷ᠎ᠡ ᠮᠡᠳᠡᠭᠦᠯᠬᠦ | ᠮᠠᠲ᠋ᠧᠷᠢᠶᠠᠯ ᠢᠶᠠᠨ ᠲᠤᠰᠢᠶᠠᠨ᠎ᠠ᠃ | ᠨᠡᠷ᠎ᠡ ᠮᠡᠳᠡᠭᠦᠯᠬᠦ ᠬᠠᠶ᠋ᠢᠭ᠄ ᠬᠥᠬᠡᠬᠤᠲᠠ ᠶᠢᠨ ᠰᠠᠶᠢᠬᠠᠨ ᠲᠣᠭᠤᠷᠢᠭ ᠤᠨ ᠴᠡᠯᠡᠭᠡᠷ ᠲᠠᠯ᠎ᠠ ᠶᠡᠭᠡ ᠵᠡᠭᠡᠯᠢ ᠶᠢᠨ | ᠯᠢᠦᠢ ᠳ᠋ᠢ ᠯᠢᠩ ᠬᠠᠢ ᠲᠣᠮᠣ ᠠᠰᠠᠷ ᠤᠨ ᠬᠥᠬᠡᠬᠤᠲᠠ ᠶᠢᠨ ᠤᠰᠤᠨ ᠰᠢᠨᠵᠢᠯᠡᠭᠡᠨ ᠤᠰᠤᠨ ᠤ ᠡᠬᠢ ᠰᠤᠷᠪᠤᠯᠵᠢ ᠶᠢᠨ | ᠬᠤᠪᠢᠶᠠᠷᠢ ᠲᠥᠪ ᠤᠨ ᠠᠯᠪᠠᠨ ᠬᠡᠷ ᠃ | ᠰᠢᠦᠳᠠᠨ ᠳ᠋ᠤᠭᠠᠷ᠄ 010010 | ᠬᠠᠷᠢᠯᠴᠠᠬᠤ ᠬᠥᠮᠦᠨ᠄ ᠬᠤᠸᠠᠩ ᠳ᠋ᠠ | ᠬᠠᠷᠢᠯᠴᠠᠬᠤ ᠤᠲᠠᠰᠤ᠄ 138 4818 0893 | | ᠬᠥᠬᠡᠬᠤᠲᠠ ᠶᠢᠨ ᠤᠰᠤᠨ ᠰᠢᠨᠵᠢᠯᠡᠭᠡᠨ ᠤᠰᠤᠨ ᠤ ᠡᠬᠢ ᠰᠤᠷᠪᠤᠯᠵᠢ ᠶᠢᠨ ᠬᠤᠪᠢᠶᠠᠷᠢ ᠲᠥᠪ | 2022ᠣᠨ ᠤ 8 ᠰᠠᠷ᠎ᠠ ᠶᠢᠨ10 ᠤ ᠡᠳᠦᠷ | | |