ᠣᠶᠢᠷ᠎ᠠ ᠳᠤ ᠂ ᠪᠠᠷᠠᠭᠤᠨ ᠯᠢᠶᠣᠤ ᠾᠧ ᠭᠤᠤᠯ ᠤᠨ ᠬᠠᠪᠤᠷ ᠤᠨ ᠤᠯᠠᠷᠢᠯ ᠤᠨ ᠤᠰᠤᠨ ᠤ ᠡᠬᠢ ᠪᠠᠶᠠᠯᠢᠭ ᠤᠨ | ᠲᠣᠬᠢᠷᠠᠭᠤᠯᠤᠯᠲᠠ ᠰᠢᠨ᠎ᠡ ᠴᠢᠬᠤᠯᠠ ᠠᠬᠢᠴᠠ ᠶᠢ ᠤᠭᠲᠤᠨ ᠠᠪᠴᠢᠷᠠᠪᠠ ᠃ ᠯᠤᠤᠬ᠎ᠠ ᠶᠢᠨ ᠭᠤᠤᠯ ᠨᠢ ᠪᠠᠷᠠᠭᠤᠨ | ᠯᠢᠶᠣᠤ ᠾᠧ ᠭᠤᠤᠯ ᠤᠨ ᠴᠢᠬᠤᠯᠠ ᠰᠠᠯᠪᠤᠷᠢ ᠤᠷᠤᠰᠬᠠᠯ ᠪᠣᠯᠤᠭᠰᠠᠨ ᠤ ᠬᠤᠪᠢ ᠳᠤ ᠂ ᠡᠨᠡ ᠵᠢᠯ ᠤᠨ ᠬᠠᠪᠤᠷ ᠤᠨ | ᠤᠯᠠᠷᠢᠯ ᠤᠨ ᠤᠰᠤᠨ ᠤ ᠡᠬᠢ ᠪᠠᠶᠠᠯᠢᠭ ᠤᠨ ᠲᠣᠬᠢᠷᠠᠭᠤᠯᠤᠯᠲᠠ ᠳᠤ ᠠᠩᠬ᠎ᠠ ᠤᠳᠠᠭ᠎ᠠ ︽ᠲᠠᠶᠢᠰᠠᠨ ᠳᠤ ᠭᠠᠷᠴᠤ︾ ᠂ | ᠲᠡᠭᠦᠨ ᠤ ᠳᠡᠭᠡᠳᠦ ᠤᠷᠤᠰᠬᠠᠯ ᠤᠨ ᠬᠤᠩᠱᠠᠨ ᠤᠰᠤᠨ ᠴᠥᠭᠦᠷᠥᠮ ᠳᠤ ᠵᠡᠷᠭᠡ ᠪᠠᠷ ᠲᠣᠬᠢᠷᠠᠭᠤᠯᠤᠯᠲᠠ ᠬᠢᠬᠦ ᠳᠤ | ᠣᠷᠣᠯᠴᠠᠪᠠ ᠃ 3 ᠳ᠋ᠤᠭᠠᠷ ᠰᠠᠷ᠎ᠠ ᠶᠢᠨ 9 ᠤ ᠡᠳᠦᠷ ᠠᠴᠠ ᠡᠬᠢᠯᠡᠨ ᠤᠰᠤ ᠲᠠᠯᠪᠢᠭᠰᠠᠨ ᠠᠴᠠ ᠨᠠᠭᠠᠰᠢ ᠂ 12 ᠤ | ᠡᠳᠦᠷ ᠪᠣᠯᠲᠠᠯ᠎ᠠ ᠂ ᠯᠤᠤᠬ᠎ᠠ ᠶᠢᠨ ᠭᠤᠣᠯ ᠤᠨ ᠬᠤᠩᠱᠠᠨ ᠴᠥᠭᠦᠷᠥᠮ ᠤᠨ ᠳᠣᠣᠷ᠎ᠠ ᠠᠴᠠ ᠤᠰᠤ ᠵᠠᠯᠠᠬᠤ | ᠳᠦᠷᠢᠯᠭᠡ ᠨᠢ 3 ᠳ᠋ᠤᠭᠠᠷ ᠰᠠᠷ᠎ᠠ ᠶᠢᠨ 21 ᠤ ᠡᠳᠦᠷ ᠤᠨ 6 ᠴᠠᠭ 45 ᠮᠢᠨᠦ᠋ᠲ ᠲᠤ ᠪᠠᠷᠠᠭᠤᠨ ᠯᠢᠶᠣᠤ ᠾᠧ | ᠭᠤᠣᠯ ᠤᠨ ᠭᠤᠣᠯ ᠤᠷᠤᠰᠬᠠᠯ ᠤᠨ ᠭᠤᠣᠯ ᠳᠤ ᠤᠷᠤᠰᠤᠨ ᠣᠷᠣᠬᠤ ᠠᠮᠠᠰᠠᠷ ᠲᠤ ᠬᠦᠷᠴᠦ ᠂ ᠬᠤᠩᠱᠠᠨ | ᠴᠥᠭᠦᠷᠥᠮ ᠤᠨ ᠳᠤᠷᠤᠭᠰᠢ ᠤᠷᠤᠰᠬᠤ ᠤᠷᠤᠰᠬᠠᠯ ᠨᠢ 27 ᠵᠢᠯ ᠤᠨ ᠲᠤᠷᠰᠢ ᠠᠩᠬ᠎ᠠ ᠤᠳᠠᠭ᠎ᠠ ᠭᠤᠣᠯ ᠤᠨ | ᠠᠮᠠᠰᠠᠷ ᠲᠤ ᠬᠦᠷᠴᠦ ᠂ ᠯᠤᠤᠬ᠎ᠠ ᠶᠢᠨ ᠭᠤᠣᠯ ᠤᠨ ᠬᠤᠩᠱᠠᠨ ᠴᠥᠭᠦᠷᠥᠮ ᠠᠴᠠ ᠳᠣᠷᠣᠭᠰᠢᠬᠢ 152 | ᠺᠢᠯᠤᠮᠧᠲᠷ ᠤᠨ ᠭᠤᠣᠯ ᠤᠨ ᠬᠡᠪᠡᠯᠢ ᠪᠦᠬᠦ ᠱᠤᠭᠤᠮ ᠢᠶᠠᠷ ᠤᠷᠤᠰᠬᠤ ᠶᠢ ᠪᠡᠶᠡᠯᠡᠭᠦᠯᠵᠦ ᠂ ᠵᠢᠯ ᠲᠤᠷᠰᠢ ᠤᠷᠤᠰᠬᠠᠯ | ᠲᠠᠰᠤᠷᠠᠭᠰᠠᠨ ᠯᠤᠤᠬ᠎ᠠ ᠶᠢᠨ ᠭᠤᠣᠯ ᠨᠢ ᠲᠠᠬᠢᠨ ᠠᠮᠢᠵᠢᠷᠠᠯ ᠤᠨ ᠬᠦᠴᠦᠨ ᠲᠠᠢ ᠪᠣᠯᠵᠤ ᠂ ᠪᠠᠷᠠᠭᠤᠨ ᠯᠢᠶᠣᠤ ᠾᠧ | ᠭᠤᠣᠯ ᠤᠨ ᠰᠠᠪᠠ ᠭᠠᠵᠠᠷ ᠤᠨ ᠡᠷᠡᠭᠦᠯ ᠴᠢᠭᠢᠷᠠᠭ ᠠᠮᠢ ᠨᠠᠰᠤ ᠶᠢ ᠰᠡᠷᠭᠦᠭᠡᠬᠦ ᠳᠤ ᠴᠢᠬᠤᠯᠠ ᠠᠴᠢ ᠬᠤᠯᠪᠣᠭᠳᠠᠯ ᠲᠠᠢ | ᠶᠤᠮ ᠃ | | | | | | ᠯᠤᠤᠬ᠎ᠠ ᠶᠢᠨ ᠭᠤᠣᠯ ᠪᠦᠬᠦ ᠱᠤᠭᠤᠮ ᠢᠶᠠᠷ ᠢᠶᠠᠨ ᠤᠯᠠᠷᠢᠯ ᠤᠨ ᠴᠢᠨᠠᠷᠲᠠᠢ ᠭᠤᠣᠯ ᠮᠥᠷᠡᠨ ᠪᠠᠶᠢᠵᠤ ᠂ ᠰᠠᠪᠠ | ᠭᠠᠵᠠᠷ ᠲᠤ ᠬᠤᠷ᠎ᠠ ᠲᠣᠨᠣᠳᠠᠰᠤ ᠪᠠᠭ᠎ᠠ ᠂ ᠭᠤᠣᠯ ᠤᠨ ᠡᠯᠡᠰᠦᠨ ᠤ ᠠᠭᠤᠯᠤᠭᠳᠠᠴᠠ ᠨᠡᠯᠢᠶᠡᠳ ᠶᠡᠭᠡ ᠵᠡᠷᠭᠡ | ᠠᠰᠠᠭᠤᠳᠠᠯ ᠠᠴᠠ ᠪᠣᠯᠵᠤ ᠂ 1998 ᠣᠨ ᠠᠴᠠ ᠡᠬᠢᠯᠡᠨ ᠂ ᠯᠤᠤᠬ᠎ᠠ ᠶᠢᠨ ᠭᠤᠣᠯ ᠳᠤ ᠤᠷᠤᠰᠬᠠᠯ ᠲᠠᠰᠤᠷᠠᠬᠤ | ᠪᠠᠶᠢᠳᠠᠯ ᠭᠠᠷᠪᠠ ᠃ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠪᠠᠷᠠᠭᠤᠨ ᠯᠢᠶᠣᠤ ᠾᠧ ᠭᠤᠤᠯ ᠤᠨ ᠰᠠᠪᠠ | ᠭᠠᠵᠠᠷ ᠤᠨ ᠠᠮᠢ ᠠᠬᠤᠶ ᠶᠢᠨ ᠰᠡᠷᠭᠦᠯᠲᠡ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ ᠂ ᠡᠨᠡ ᠵᠢᠯ ᠤᠨ ᠬᠠᠪᠤᠷ ᠤᠨ | ᠤᠯᠠᠷᠢᠯ ᠳᠤ ᠯᠤᠤᠬ᠎ᠠ ᠶᠢᠨ ᠭᠤᠤᠯ ᠢ ᠬᠠᠪᠤᠷ ᠤᠨ ᠤᠯᠠᠷᠢᠯ ᠤᠨ ᠤᠰᠤᠨ ᠤ ᠡᠬᠢ ᠪᠠᠶᠠᠯᠢᠭ ᠤᠨ | ᠲᠣᠬᠢᠷᠠᠭᠤᠯᠤᠯᠲᠠ ᠳᠤ ᠠᠩᠬ᠎ᠠ ᠤᠳᠠᠭ᠎ᠠ ᠣᠷᠣᠭᠤᠯᠵᠤ ᠂ ᠭᠤᠤᠯ ᠤᠨ ᠵᠠᠮ ᠢ ᠨᠡᠪᠲᠡᠷᠡᠭᠦᠯᠬᠦ ᠂ ᠪᠣᠭᠤᠮᠲᠠ ᠶᠢ | ᠠᠷᠢᠯᠭᠠᠬᠤ ᠂ ᠲᠠᠷᠠᠬᠠᠶ ᠪᠤᠲᠠᠷᠬᠠᠶ ᠤᠷᠤᠰᠬᠠᠯ ᠤᠨ ᠰᠤᠪᠠᠭ ᠢ ᠪᠥᠭᠯᠡᠬᠦ ᠵᠡᠷᠭᠡ ᠪᠠᠴᠢᠮ ᠪᠠᠶᠢᠳᠠᠯ ᠢ ᠠᠷᠭᠠᠴᠠᠭᠠᠬᠤ | ᠵᠠᠰᠠᠯᠲᠠ ᠶᠢ ᠢᠳᠡᠪᠬᠢᠲᠡᠶ ᠥᠷᠨᠢᠭᠦᠯᠵᠦ ᠂ 152 ᠺᠢᠯᠤᠮᠧᠲᠷ ᠤᠨ ᠭᠤᠤᠯ ᠤᠨ ᠵᠠᠮ ᠤᠨ ᠳᠣᠲᠣᠷᠠᠬᠢ 120 | ᠬᠠᠷᠠᠭᠤᠯ ᠤᠨ ᠴᠡᠭ ᠢ ᠴᠡᠪᠡᠷᠯᠡᠨ ᠵᠠᠰᠠᠬᠤ ᠶᠢ ᠪᠡᠶᠡᠯᠡᠭᠦᠯᠵᠦ ᠂ ᠭᠤᠤᠯ ᠤᠨ ᠵᠠᠮ ᠤᠨ ᠤᠷᠤᠭᠰᠢᠲᠠᠶ ᠥᠩᠭᠡᠷᠡᠬᠦ ᠳᠤ | ᠪᠠᠲᠤᠯᠠᠭ᠎ᠠ ᠬᠠᠩᠭᠠᠪᠠ ᠃ ᠲᠣᠬᠢᠷᠠᠭᠤᠯᠤᠯᠲᠠ ᠶᠢᠨ ᠬᠤᠭᠤᠴᠠᠭᠠᠨ ᠳᠤ ᠪᠥᠬᠦ ᠱᠤᠭᠤᠮ ᠢᠶᠠᠷ ᠢᠶᠠᠨ ︽ᠪᠥᠬᠦ | ᠱᠤᠭᠤᠮ ᠬᠠᠭᠠᠯᠲᠠ ᠪᠠᠨ ᠬᠠᠭᠠᠵᠤ ᠂ ᠲᠥᠪᠯᠡᠷᠡᠭᠦᠯᠦᠨ ᠤᠷᠤᠰᠬᠠᠬᠠᠤ︾ ᠲᠣᠬᠢᠷᠠᠭᠤᠯᠤᠯᠲᠠ ᠶᠢᠨ ᠠᠷᠭ᠎ᠠ ᠬᠡᠮᠵᠢᠶ᠎ᠡ ᠶᠢ | ᠬᠡᠷᠡᠭᠵᠢᠭᠦᠯᠵᠦ ᠂ ᠤᠰᠤᠨ ᠤ ᠬᠡᠮᠵᠢᠶ᠎ᠡ ᠶᠢ ᠠᠯᠢ ᠴᠢᠳᠠᠬᠤ ᠪᠠᠷ ᠶᠡᠭᠡ ᠪᠠᠷ ᠪᠠᠭᠠᠰᠬᠠᠨ᠎ᠠ ᠃ ᠭᠤᠷᠴᠢᠭᠢᠨᠠᠨ ᠤᠷᠤᠰᠬᠤ | ᠲᠤᠩᠭᠠᠯᠠᠭ ᠤᠰᠤ ᠮᠤᠷᠤᠯᠵᠠᠨ ᠤᠷᠤᠰᠬᠤ ᠨᠢ ᠶᠠᠭ ᠯᠠ ᠯᠤᠤᠬ᠎ᠠ ᠶᠢᠨ ᠭᠤᠤᠯ ᠤᠨ ᠵᠠᠮ ᠢᠶᠠᠷ ᠨᠢᠭᠡᠨ ᠤᠰᠤᠨ ᠯᠣᠣ | ᠰᠢᠭ᠋ ᠢᠳᠡᠪᠬᠢᠯᠡᠨ ᠤᠷᠤᠰᠴᠤ ᠂ ᠤᠰᠤ ᠴᠠᠯᠭᠢᠯᠠᠨ ᠮᠢᠷᠠᠯᠵᠠᠵᠤ ᠂ ᠠᠮᠢᠵᠢᠷᠠᠯ ᠤᠨ ᠬᠦᠴᠦᠨ ᠢᠶᠠᠷ ᠪᠢᠯᠬᠠᠮ᠎ᠠ ᠪᠠᠶᠢᠵᠤ ᠂ | ᠬᠤᠶᠠᠷ ᠡᠷᠭᠢ ᠶᠢᠨ ᠠᠮᠢ ᠠᠬᠤᠢ ᠶᠢᠨ ᠣᠷᠴᠢᠨ ᠲᠣᠭᠤᠷᠢᠨ ᠠᠭᠠᠵᠢᠮ ᠢᠶᠠᠷ ᠰᠡᠷᠭᠦᠵᠦ ᠪᠠᠶᠢᠨ᠎ᠠ ᠃ | | | | | | ᠲᠣᠬᠢᠷᠠᠭᠤᠯᠵᠤ ᠨᠠᠷᠢᠯᠢᠬᠵᠢᠭᠤᠯᠬᠤ ᠬᠢᠷᠢ ᠲᠦᠪᠰᠢᠨ ᠢ ᠤᠯᠠᠮ ᠨᠢᠭᠡ ᠠᠯᠬᠤᠮ ᠳᠡᠭᠡᠭᠰᠢᠯᠡᠭᠦᠯᠬᠦ ᠶᠢᠨ | ᠲᠤᠰᠠᠳᠠ ᠂ ᠥᠪᠡᠷᠲᠡᠭᠡᠨ ᠵᠠᠰᠠᠬᠤ ᠣᠷᠣᠨ ᠤ ᠤᠰᠤᠨ ᠠᠰᠢᠭᠯᠠᠯᠲᠠ ᠶᠢᠨ ᠲᠢᠩᠬᠢᠮ ᠬᠠᠮᠢᠶ᠎ᠠ ᠪᠥᠬᠦᠶ ᠰᠠᠯᠠᠭ᠎ᠠ | ᠮᠥᠴᠢᠷ ᠢ ᠵᠣᠬᠢᠶᠠᠨ ᠪᠠᠶᠢᠭᠤᠯᠵᠤ ᠡᠳᠦᠷ ᠤᠨ ᠵᠥᠪᠳᠡᠯᠴᠡᠬᠦ ᠲᠦᠷᠢᠮ ᠢ ᠪᠠᠶᠢᠭᠤᠯᠪᠠ ᠃ 3 ᠳ᠋ᠤᠭᠠᠷ ᠰᠠᠷ᠎ᠠ ᠶᠢᠨ 4 ᠤ | ᠡᠳᠦᠷ ᠠᠴᠠ ᠡᠬᠢᠯᠡᠨ ᠂ ᠨᠢᠭᠡᠨᠲᠡ 22 ᠤᠳᠠᠭ᠎ᠠ ᠵᠥᠪᠳᠡᠯᠴᠡᠬᠦ ᠬᠤᠷᠠᠯ ᠬᠤᠷᠠᠯᠳᠤᠭᠤᠯᠵᠤ ᠂ ᠳᠣᠭᠢᠷᠠᠭᠤᠯᠤᠭᠰᠠᠨ | ᠪᠠᠶᠢᠳᠠᠯ ᠢᠶᠠᠨ ᠴᠠᠭ ᠲᠤᠬᠠᠶ ᠳᠤᠨᠢ ᠳ᠋ᠦᠩᠨᠡᠵᠦ ᠂ ᠤᠰᠤᠨ ᠤ ᠪᠠᠶᠢᠳᠠᠯ ᠮᠥᠰᠥ ᠴᠠᠰᠤᠨ ᠤ ᠪᠠᠶᠢᠳᠠᠯ ᠤᠨ | ᠬᠤᠪᠢᠷᠠᠯᠲᠠ ᠶᠢ ᠨᠢᠭᠲᠠ ᠰᠤᠳᠤᠯᠤᠨ ᠮᠠᠭᠠᠳᠯᠠᠵᠤ ᠂ ᠳᠣᠭᠢᠷᠠᠭᠤᠯᠬᠤ ᠵᠠᠷᠯᠢᠭ ᠢ ᠠᠮᠢᠳᠤᠯᠢᠭ ᠢᠶᠠᠷ ᠳᠣᠭᠢᠷᠠᠭᠤᠯᠤᠨ ᠂ | ᠳᠣᠭᠢᠷᠠᠭᠤᠯᠬᠤ ᠠᠵᠢᠯ ᠤᠨ ᠰᠢᠨᠵᠢᠯᠡᠬᠦ ᠤᠬᠠᠭᠠᠨᠴᠢ ᠥᠨᠳᠥᠷ ᠪᠦᠲᠦᠮᠵᠢᠲᠡᠶ ᠪᠠᠶᠢᠬᠤ ᠶᠢ ᠦᠨᠡᠨ ᠬᠦ ᠪᠠᠲᠤᠯᠠᠪᠠ ᠃ | ᠤᠰᠤᠨ ᠰᠢᠨᠵᠢᠯᠡᠭᠡᠨ ᠤ ᠬᠢᠨᠠᠨ ᠬᠡᠮᠵᠢᠯᠲᠡ ᠶᠢ ᠨᠢᠭᠤᠴᠠᠯᠠᠬᠤ ᠪᠠᠷ ᠳᠠᠮᠵᠢᠭᠤᠯᠤᠨ ᠂ ᠣᠯᠠᠨ ᠤᠰᠤᠨ ᠰᠢᠨᠵᠢᠯᠡᠭᠡᠨ ᠤ | ᠥᠷᠲᠡᠭᠡ ᠶᠢᠨ ᠲᠤᠭ᠎ᠠ ᠪᠠᠷᠢᠮᠲᠠ ᠶᠢ ᠬᠡᠮᠵᠢᠨ ᠮᠡᠳᠡᠭᠦᠯᠬᠦ ᠴᠢᠳᠠᠪᠤᠷᠢ ᠶᠢ ᠴᠢᠩᠭᠠᠷᠠᠭᠤᠯᠵᠤ ᠂ ᠲᠦᠷ ᠴᠠᠭ ᠤᠨ ᠬᠢᠨᠠᠨ | ᠬᠡᠮᠵᠢᠯᠲᠡ ᠶᠢᠨ ᠣᠭᠲᠣᠯᠤᠭᠠᠰᠤ ᠨᠡᠮᠡᠵᠦ ᠂ ᠵᠢᠯᠣᠭᠤᠴᠢ ᠥᠬᠡᠶ ᠮᠠᠰᠢᠨ ᠵᠡᠷᠭᠡ ᠲᠡᠷᠢᠭᠦᠨ ᠤ ᠮᠡᠷᠭᠡᠵᠢᠯ ᠤᠨ ᠠᠷᠭ᠎ᠠ | ᠪᠠᠷᠢᠯ ᠢ ᠠᠰᠢᠭᠯᠠᠨ ᠭᠤᠤᠯ ᠤᠨ ᠵᠠᠮ ᠤᠨ ᠪᠠᠶᠢᠳᠠᠯ ᠢ ᠬᠢᠨᠠᠨ ᠬᠡᠮᠵᠢᠵᠦ ᠂ ᠨᠠᠷᠢᠯᠢᠭ ᠣᠨᠣᠴᠠᠲᠠᠶ ᠪᠠᠷ ᠳᠣᠭᠢᠷᠠᠭᠤᠯᠬᠤ | ᠴᠢᠳᠠᠪᠤᠷᠢ ᠪᠠᠨ ᠲᠠᠰᠤᠷᠠᠯᠲᠠ ᠥᠬᠡᠶ ᠳᠡᠭᠡᠭᠰᠢᠯᠡᠭᠦᠯᠦᠨ ᠂ ᠰᠠᠪᠠ ᠭᠠᠵᠠᠷ ᠤᠨ ᠠᠮᠢ ᠠᠬᠤᠶ ᠶᠢᠨ ᠰᠡᠷᠭᠦᠯᠲᠡ ᠶᠢ | ᠬᠠᠮᠠᠭᠠᠯᠠᠪᠠ ᠃ | ᠲᠣᠬᠢᠷᠠᠭᠤᠯᠤᠯᠲᠠ ᠶᠢᠨ ᠶᠠᠪᠤᠴᠠ ᠳᠤ ᠠᠭᠠᠷ ᠤᠨ ᠳᠤᠯᠠᠭᠠᠨ ᠤ ᠬᠡᠯᠪᠡᠯᠵᠡᠯ ᠶᠡᠭᠡ ᠂ ᠤᠷᠤᠰᠬᠠᠯ ᠤᠨ | ᠬᠡᠮᠵᠢᠶ᠎ᠡ ᠶᠢ ᠠᠮᠠᠷᠬᠠᠨ ᠡᠵᠡᠮᠳᠡᠵᠦ ᠴᠢᠳᠠᠬᠤ ᠦᠭᠡᠢ ᠂ ᠭᠤᠣᠯ ᠤᠨ ᠤᠷᠤᠰᠬᠠᠯ ᠥᠩᠭᠡᠷᠡᠬᠦ ᠴᠢᠳᠠᠪᠤᠷᠢ ᠲᠣᠭᠲᠠᠪᠤᠷᠢ | ᠦᠭᠡᠢ ᠂ ᠯᠤᠤᠬ᠎ᠠ ᠶᠢᠨ ᠭᠤᠣᠯ ᠤᠨ ᠳᠣᠣᠷᠠᠳᠤ ᠤᠷᠤᠰᠬᠠᠯ ᠨᠢ ᠵᠠᠳᠠᠭᠠᠢ ᠵᠡᠷᠭᠡ ᠲᠠᠯ᠎ᠠ ᠪᠠᠷ ᠬᠦᠨᠳᠦ ᠨᠣᠴᠢᠲᠠᠶ | ᠬᠦᠴᠢᠷ ᠲᠤᠯᠭᠠᠷᠠᠵᠤ ᠪᠠᠶᠢᠭ᠎ᠠ ᠪᠣᠯᠪᠠᠴᠤ ᠡᠯ᠎ᠡ ᠲᠠᠯ᠎ᠠ ᠶᠢᠨ ᠬᠢᠨ ᠬᠠᠮᠲᠤ ᠪᠠᠷ ᠴᠢᠷᠮᠠᠶᠢᠵᠤ ᠂ ᠬᠠᠮᠤᠭ ᠡᠴᠦᠰ ᠲᠤ | ᠯᠤᠤᠬ᠎ᠠ ᠶᠢᠨ ᠭᠤᠣᠯ ᠤᠨ ᠤᠰᠤᠨ ᠤ ᠳᠦᠷᠢᠯᠭᠡ ᠨᠢ ᠪᠠᠷᠠᠭᠤᠨ ᠯᠢᠶᠣᠤ ᠾᠧ ᠭᠤᠣᠯ ᠤᠨ ᠭᠤᠣᠯ ᠤᠷᠤᠰᠬᠠᠯ ᠤᠨ | ᠭᠤᠣᠯ ᠳᠤ ᠤᠷᠤᠰᠤᠨ ᠣᠷᠣᠬᠤ ᠠᠮᠠᠰᠠᠷ ᠲᠤ ᠬᠦᠷᠴᠦ ᠂ ᠭᠤᠣᠯ ᠤᠷᠤᠰᠬᠠᠯ ᠤᠨ ᠦᠵᠦᠭᠦᠷ ᠨᠢ ᠬᠠᠮᠤᠭ ᠤᠨ ᠠᠯᠤᠰ | ᠵᠠᠶᠢᠲᠠᠢ ᠴᠢᠬᠤᠯᠠ ᠦᠷ᠎ᠡ ᠪᠦᠲᠦᠭᠡᠯ ᠢ ᠲᠠᠰᠤᠷᠠᠯᠲᠠ ᠦᠭᠡᠢ ᠰᠢᠨᠡᠳᠬᠡᠪᠡ ᠃ ᠡᠨᠡ ᠨᠢ ᠪᠠᠷᠠᠭᠤᠨ ᠯᠢᠶᠣᠤ ᠾᠧ | ᠭᠤᠣᠯ ᠤᠨ ᠠᠮᠢ ᠠᠬᠤᠢ ᠶᠢᠨ ᠣᠷᠴᠢᠨ ᠲᠣᠭᠤᠷᠢᠨ ᠢ ᠰᠠᠶᠢᠵᠢᠷᠠᠭᠤᠯᠤᠭᠰᠠᠨ ᠢᠶᠠᠷ ᠪᠠᠷᠠᠬᠤ ᠦᠭᠡᠢ ᠬᠤᠶᠢᠰᠢᠳᠠ ᠶᠢᠨ | ᠠᠮᠢ ᠠᠬᠤᠢ ᠶᠢ ᠰᠡᠷᠭᠦᠭᠡᠬᠦ ᠠᠵᠢᠯ ᠳᠤ ᠪᠠᠲᠤ ᠪᠠᠬᠢ ᠰᠠᠭᠤᠷᠢ ᠶᠢ ᠲᠠᠯᠪᠢᠭᠰᠠᠨ ᠪᠠᠶᠢᠨ᠎ᠠ ᠃ | ᠳᠠᠷᠠᠭᠠᠴᠢ ᠶᠢᠨ ᠠᠯᠬᠤᠮ ᠳᠤ ᠂ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠬᠢᠨ ᠬᠠᠮᠲᠤᠷᠠᠯᠴᠠᠭ᠎ᠠ ᠪᠠᠨ | ᠦᠷᠭᠦᠯᠵᠢᠯᠡᠨ ᠴᠢᠩᠭᠠᠳᠬᠠᠵᠤ ᠂ ᠭᠤᠣᠯ ᠤᠨ ᠵᠠᠮ ᠤᠨ ᠪᠠᠴᠢᠮ ᠪᠠᠶᠢᠳᠠᠯ ᠢ ᠠᠷᠭᠠᠴᠠᠭᠠᠨ ᠯᠠᠶᠢᠳᠠᠬᠤ ᠶᠢ | ᠦᠷᠭᠦᠯᠵᠢᠯᠡᠨ ᠠᠬᠢᠭᠤᠯᠵᠤ ᠂ ᠤᠰᠤᠨ ᠤ ᠪᠠᠶᠢᠳᠠᠯ ᠤᠨ ᠬᠤᠪᠢᠷᠠᠯᠲᠠ ᠶᠢ ᠦᠨᠳᠦᠰᠦᠯᠡᠨ ᠴᠠᠭ ᠲᠤᠬᠠᠢ ᠳᠤᠨᠢ | ᠲᠣᠬᠢᠷᠠᠭᠤᠯᠤᠯᠲᠠ ᠬᠢᠵᠦ ᠂ ᠲᠤᠬᠢᠷᠠᠭᠤᠯᠭ᠎ᠠ ᠶᠢᠨ ᠰᠢᠨᠵᠢᠯᠡᠬᠦ ᠤᠬᠠᠭᠠᠨᠴᠢᠯᠠᠯᠲᠠ ᠂ ᠨᠠᠷᠢᠯᠢᠭᠵᠢᠭᠤᠯᠤᠯᠲᠠ ᠶᠢᠨ | ᠲᠦᠪᠰᠢᠨ ᠢ ᠳᠡᠭᠡᠭᠰᠢᠯᠡᠭᠦᠯᠦᠨ᠎ᠡ ᠃ ᠡᠭᠦᠨ ᠤ ᠬᠠᠮᠲᠤ ᠂ ᠰᠤᠩᠭᠠᠷᠢ ᠮᠦᠷᠡᠨ ᠯᠢᠶᠣᠤ ᠾᠧ ᠭᠤᠣᠯ ᠤᠨ ᠵᠥᠪᠯᠡᠯ ᠲᠠᠢ | ᠵᠣᠯᠭᠠᠭᠤᠯᠬᠤ ᠶᠢ ᠦᠷᠭᠦᠯᠵᠢᠯᠡᠨ ᠴᠢᠩᠭᠠᠳᠬᠠᠵᠤ ᠂ ᠲᠡᠭᠦᠨ ᠤ ᠲᠤᠰᠬᠠᠢ ᠮᠡᠷᠭᠡᠵᠢᠯ ᠤᠨ ᠬᠦᠴᠦᠨ ᠢ ᠠᠰᠢᠭᠯᠠᠨ ᠂ | ᠪᠠᠷᠠᠭᠤᠨ ᠯᠢᠶᠣᠤ ᠾᠧ ᠭᠤᠣᠯ ᠢ ᠪᠦᠬᠦ ᠱᠤᠭᠤᠮ ᠢᠶᠠᠷ ᠥᠩᠭᠡᠷᠡᠭᠦᠯᠬᠦ ᠶᠢ ᠪᠦᠬᠦ ᠬᠦᠴᠦᠨ ᠢᠶᠠᠷ ᠢᠶᠠᠨ ᠠᠬᠢᠭᠤᠯᠵᠤ ᠂ | ᠪᠠᠷᠠᠭᠤᠨ ᠯᠢᠶᠣᠤ ᠾᠧ ᠭᠤᠣᠯ ᠢ ᠰᠢᠨ᠎ᠡ ᠠᠮᠢᠵᠢᠷᠠᠯ ᠤᠨ ᠬᠦᠴᠦᠨ ᠲᠠᠢ ᠪᠣᠯᠭᠠᠨ᠎ᠠ ᠃ | |