ᠲᠠᠪᠤ ᠲᠠᠪᠤᠨ ᠵᠢᠯ ᠤᠨ ᠦᠷᠭᠦᠯᠵᠢᠯᠡᠯ | ︽ᠢᠲᠡᠭᠡᠯ ᠵᠣᠷᠢᠭ ᠢᠶᠠᠨ ᠪᠠᠲᠤᠳᠬᠠᠵᠤ᠂ ᠥᠪᠡᠷ ᠤᠨ ᠢᠶᠠᠨ ᠠᠵᠢᠯ ᠶᠠᠪᠤᠳᠠᠯ ᠢᠶᠠᠨ ᠭᠤᠶᠢᠪᠢᠰᠢ ᠦᠭᠡᠢ | ᠰᠠᠶᠢᠲᠤᠷ ᠬᠢᠬᠦ ᠬᠡᠷᠡᠭᠲᠡᠢ︾ | 20 ᠤ ᠡᠳᠦᠷ ᠤᠨ ᠦᠳᠡ ᠶᠢᠨ ᠡᠮᠦᠨᠡᠬᠢ ᠾᠧᠨᠠᠨ ᠮᠤᠵᠢ ᠶᠢᠨ ᠨᠠᠮ ᠤᠨ ᠬᠤᠷᠢᠶ᠎ᠠ ᠪᠠ ᠮᠤᠵᠢ ᠶᠢᠨ | ᠵᠠᠰᠠᠭ ᠤᠨ ᠣᠷᠳᠣᠨ ᠤ ᠠᠵᠢᠯ ᠤᠨ ᠬᠠᠷᠢᠭᠤ ᠮᠡᠳᠡᠭᠦᠯᠦᠯᠲᠡ ᠶᠢᠨ ᠬᠤᠷᠠᠯ ᠳᠡᠭᠡᠷ᠎ᠡ᠂ ᠶᠡᠷᠦᠩᠬᠡᠢ ᠱᠦᠵᠢ ᠰᠢ ᠶᠢᠨ | ᠫᠢᠩ ᠲᠠᠪᠤᠨ ᠵᠢᠯ ᠤᠨ ᠲᠥᠯᠦᠪᠵᠢᠭᠦᠯᠭᠡ ᠶᠢᠨ ᠲᠤᠬᠠᠢ ᠶᠠᠷᠢᠬᠤ ᠳᠤ ᠪᠠᠨ᠄ ︽ᠡᠨᠡ ᠨᠢ ᠦᠨᠡᠨ ᠳᠤ ᠪᠠᠨ ᠳᠤᠮᠳᠠᠳᠤ | ᠤᠯᠤᠰ ᠤᠨ ᠨᠢᠭᠡᠨ ᠣᠨᠴᠠᠯᠢᠭ ᠶᠤᠮ ᠃ ᠪᠢᠳᠡ ᠪᠠᠶᠢᠴᠠᠭᠠᠨ ᠰᠤᠳᠤᠯᠤᠭᠰᠠᠨ ᠤ ᠰᠠᠭᠤᠷᠢᠨ ᠳᠡᠭᠡᠷ᠎ᠡ ᠠᠷᠠᠳ ᠤᠨ | ᠰᠠᠨᠠᠭ᠎ᠠ ᠶᠢ ᠭᠦᠢᠴᠡᠳ ᠬᠦᠨᠳᠦᠳᠬᠡᠭᠰᠡᠨ ᠪᠥᠭᠡᠳ ᠪᠣᠳᠠᠲᠤ ᠪᠠᠶᠢᠳᠠᠯ ᠳᠤ ᠨᠡᠶᠢᠴᠡᠭᠰᠡᠨ ᠪᠦᠬᠦ ᠲᠠᠯ᠎ᠠ ᠶᠢᠨ | ᠰᠢᠰᠲ᠋ᠧᠮ ᠲᠠᠢ ᠲᠥᠯᠦᠪᠵᠢᠭᠦᠯᠭᠡ ᠶᠢ ᠳᠤᠷᠠᠳᠤᠭᠰᠠᠨ ᠢᠶᠠᠷ ᠦᠯᠦ ᠪᠠᠷᠠᠮ ᠮᠠᠰᠢ ᠬᠦᠴᠦᠲᠡᠢ ᠬᠡᠷᠡᠭᠵᠢᠭᠦᠯᠬᠦ | ᠬᠦᠴᠦᠨ ᠢᠶᠠᠷ ᠡᠳᠡᠭᠡᠷ ᠲᠥᠯᠦᠪᠵᠢᠭᠦᠯᠭᠡ ᠶᠢ ᠨᠠᠶᠢᠳᠠᠪᠤᠷᠢᠵᠢᠭᠤᠯᠵᠤ ᠪᠠᠶᠢᠨ᠎ᠠ︾ ᠭᠡᠵᠡᠢ᠃ | ︽ᠨᠠᠮ ᠤᠨ ᠲᠥᠪ ᠬᠤᠷᠢᠶᠠᠨ ᠤ ᠶᠡᠷᠦᠩᠬᠡᠢ ᠵᠢᠯᠣᠭᠤᠳᠤᠯᠭ᠎ᠠ ᠶᠢᠨ ᠶᠡᠭᠡ ᠪᠠᠶᠢᠳᠠᠯ ᠳᠣᠣᠷ᠎ᠠ᠂ ᠡᠯ᠎ᠡ ᠭᠠᠵᠠᠷ | ᠣᠷᠣᠨ ᠤ ᠬᠢᠨ ᠪᠤᠰᠤᠳ ᠢ ᠳᠠᠭᠠᠬᠤ ᠪᠠ ᠳᠥᠭᠦᠮᠬᠡᠨ ᠢᠶᠠᠷ ᠳᠠᠭᠤᠷᠢᠶᠠᠵᠤ ᠪᠣᠯᠬᠤ ᠦᠭᠡᠢ ᠂ ᠥᠪᠡᠷ ᠤᠨ ᠢᠶᠠᠨ | ᠳᠠᠪᠠᠭᠤᠯᠢᠭ ᠨᠢ ᠬᠠᠮᠢᠭ᠎ᠠ ᠪᠠᠶᠢᠬᠤ᠂ ᠬᠡᠷᠬᠢᠨ ᠳᠠᠪᠠᠭᠤᠯᠢᠭ ᠢ ᠨᠢ ᠠᠪᠴᠤ ᠳᠤᠲᠠᠭᠳᠠᠯ ᠢᠶᠠᠨ ᠨᠥᠬᠦᠬᠦ᠂ ᠬᠡᠷᠬᠢᠨ | ᠰᠠᠶᠢᠨ ᠢᠶᠠᠨ ᠪᠠᠳᠠᠷᠠᠭᠤᠯᠤᠨ ᠰᠢᠭᠠᠷᠤ ᠪᠠᠨ ᠲᠡᠪᠴᠢᠬᠦ ᠶᠢ ᠪᠣᠳᠣᠬᠤ ᠬᠡᠷᠡᠭᠲᠡᠢ᠃︾ ᠶᠡᠷᠦᠩᠬᠡᠢ ᠱᠦᠵᠢ ᠰᠢ ᠶᠢᠨ | ᠫᠢᠩ ᠠᠷᠭ᠎ᠠ ᠶᠢᠨ ᠤᠨᠤᠯ ᠤᠨ ᠲᠤᠬᠠᠢ ᠢᠩᠭᠢᠵᠦ ᠶᠠᠷᠢᠪᠠ ᠃ | ᠬᠠᠷᠢᠭᠤ ᠮᠡᠳᠡᠭᠦᠯᠦᠯᠲᠡ ᠶᠢᠨ ᠬᠤᠷᠠᠯ ᠳᠡᠭᠡᠷᠡᠬᠢ ᠵᠠᠩᠭᠢᠯᠠᠭ᠎ᠠ ᠪᠣᠯᠬᠤ ᠬᠤᠶᠠᠷ ᠪᠠᠳᠠᠭ ᠦᠭᠡᠰ ᠨᠢ ᠪᠦᠬᠦ | ᠲᠠᠯ᠎ᠠ ᠶᠢᠨ ᠪᠠ ᠣᠷᠣᠨ ᠪᠦᠰᠡ ᠶᠢᠨ ᠲᠠᠯ᠎ᠠ ᠪᠠᠷ ᠬᠢ ᠬᠤᠪᠢᠰᠤᠩᠭᠤᠢ ᠡᠵᠡᠮᠳᠡᠯ ᠢ ᠠᠮᠢᠳᠤᠯᠢᠭ ᠢᠶᠠᠷ ᠬᠠᠷᠠᠭᠤᠯᠵᠠᠢ ᠃ | ᠵᠠᠩᠭᠢᠯᠠᠭ᠎ᠠ ᠪᠣᠯᠬᠤ ᠨᠢᠭᠡᠳᠦᠭᠡᠷ ᠪᠠᠳᠠᠭ ᠦᠭᠡᠰ ᠨᠢ ᠴᠢᠨᠠᠷ ᠰᠠᠶᠢᠲᠠᠢ ᠬᠥᠭᠵᠢᠯᠲᠡ ᠪᠣᠯᠣᠨ᠎ᠠ᠃ ᠣᠳᠣᠬᠠᠨ ᠤ | ᠰᠠᠭᠠᠳ ᠲᠣᠳᠬᠠᠷ ᠢ ᠠᠷᠢᠯᠭᠠᠬᠤ ᠶᠢ ᠴᠢᠬᠤᠯᠠᠴᠢᠯᠠᠬᠤ ᠪᠠᠷ ᠪᠠᠷᠠᠬᠤ ᠦᠭᠡᠢ ᠪᠠᠰᠠ ᠠᠯᠤᠰ ᠬᠡᠳᠤ ᠶᠢᠨ ᠤᠶᠠᠨ | ᠬᠠᠳᠠᠨ ᠴᠢᠨᠠᠷ ᠢᠶᠠᠨ ᠪᠠᠲᠤᠳᠬᠠᠬᠤ ᠶᠢ ᠠᠩᠬᠠᠷᠬᠤ ᠬᠡᠷᠡᠭᠲᠡᠢ᠃ | ︽ᠡᠨᠡ ᠵᠢᠯ ᠤᠨ ᠪᠤᠭᠤᠳᠠᠢ ᠶᠢᠨ ᠲᠠᠷᠢᠮᠠᠯ ᠤᠨ ᠲᠠᠯᠠᠪᠠᠶ ᠨᠢ ᠨᠡᠮᠡᠭᠳᠡᠭᠰᠡᠨ ᠦᠦ ᠂ ᠲᠣᠭᠲᠠᠭᠤᠨ ᠦᠦ᠂ | ᠪᠠᠭᠤᠷᠠᠭᠰᠠᠨ ᠦᠦ︖ ᠡᠨᠡ ᠤᠳᠠᠭ᠎ᠠ ᠶᠢᠨ ᠭᠠᠩ ᠤᠨ ᠪᠠᠶᠢᠳᠠᠯ ᠲᠠ ᠨᠠᠷ ᠤᠨ ᠬᠤᠷᠢᠶᠠᠯᠲᠠ ᠶᠢ ᠨᠥᠯᠥᠭᠡᠯᠡᠭᠰᠡᠨ ᠦᠦ | ᠦᠭᠡᠢ ᠦᠦ︖ ︾ ᠡᠨᠡ ᠨᠢ ᠳᠤᠮᠳᠠᠳᠤ ᠤᠯᠤᠰ ᠤᠨ ᠪᠤᠳᠠᠭᠠᠨ ᠠᠶᠠᠭ᠎ᠠ ᠶᠢᠨ ᠲᠣᠭᠲᠠᠭᠤᠨ ᠤ ᠲᠤᠬᠠᠢ ᠪᠣᠳᠣᠯᠬᠢᠯᠠᠯ | ᠪᠣᠯᠣᠨ᠎ᠠ ᠃ | ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠠᠵᠢᠯ ᠤᠨ ᠦᠷ᠎ᠡ ᠪᠦᠲᠦᠭᠡᠯ ᠢᠶᠠᠨ ᠪᠠᠬᠢᠵᠢᠭᠦᠯᠦᠨ | ᠥᠷᠭᠡᠳᠬᠡᠭᠰᠡᠨ ᠪᠠᠶᠢᠳᠠᠯ ᠤᠨ ᠲᠤᠬᠠᠢ ᠮᠤᠵᠢ ᠶᠢᠨ ᠬᠠᠷᠢᠭᠤ ᠮᠡᠳᠡᠭᠦᠯᠦᠯᠲᠡ ᠶᠢ ᠰᠣᠨᠣᠰᠤᠮᠠᠭᠴᠠ᠄ ︽ ᠾᠧᠨᠠᠨ ᠤ | ᠲᠤᠬᠠᠢ ᠶᠢᠨ ᠦᠶ᠎ᠡ ᠳᠠᠬᠢ ᠶᠠᠳᠠᠭᠤ ᠬᠦᠴᠢᠷᠳᠡᠯᠲᠡᠢ ᠬᠥᠮᠥᠨ ᠠᠮᠠ ᠬᠡᠳᠦᠢ ᠪᠠᠶᠢᠭᠰᠠᠨ ᠪᠤᠢ ︖ ︾ ᠭᠡᠵᠦ | ᠠᠰᠠᠭᠤᠪᠠ᠃ ᠡᠨᠡ ᠨᠢ ᠠᠷᠠᠳ ᠤᠨ ᠠᠮᠢᠳᠤᠷᠠᠯ ᠤᠨ ᠨᠠᠭᠠᠲᠤ ᠵᠠᠬ᠎ᠠ ᠶᠢᠨ ᠪᠠᠲᠤᠯᠠᠭ᠎ᠠ ᠶᠢᠨ ᠲᠤᠬᠠᠢ ᠨᠠᠷᠢᠨ | ᠵᠦᠢᠯᠡᠰ ᠢ ᠠᠩᠬᠠᠷᠴᠤ ᠪᠠᠶᠢᠭ᠎ᠠ ᠶᠠᠪᠤᠳᠠᠯ ᠪᠣᠯᠣᠨ᠎ᠠ ᠃ | ︽ᠠᠮᠢ ᠠᠬᠤᠢ ᠶᠢ ᠬᠠᠮᠠᠭᠠᠯᠠᠬᠤ ᠨᠢ ᠴᠡᠴᠡᠭ ᠤᠨ ᠬᠦᠷᠢᠶᠡᠯᠡᠩ᠂ ᠴᠡᠴᠡᠷᠯᠢᠭ ᠪᠠᠶᠢᠭᠤᠯᠬᠤ ᠶᠢ ᠯᠠ ᠬᠡᠯᠡᠵᠦ | ᠪᠠᠶᠢᠬᠤ ᠪᠢᠰᠢ ᠃︾ ᠡᠨᠡ ᠨᠢ ᠦᠨᠡᠨ ᠠᠴᠠ ᠵᠥᠪ ᠢ ᠡᠷᠢᠬᠦ ᠶᠢ ᠰᠤᠷᠲᠠᠯᠴᠢᠯᠠᠭᠰᠠᠨ ᠪᠠᠶᠢᠨ᠎ᠠ᠃ | ︽ᠢᠲᠡᠭᠡᠯ ᠵᠣᠷᠢᠭ ᠢᠶᠠᠨ ᠪᠠᠲᠤᠳᠬᠠᠵᠤ᠂ ᠥᠪᠡᠷ ᠤᠨ ᠢᠶᠠᠨ ᠠᠵᠢᠯ ᠶᠠᠪᠤᠳᠠᠯ ᠢᠶᠠᠨ ᠭᠤᠶᠢᠪᠢᠰᠢ ᠦᠭᠡᠢ | ᠰᠠᠶᠢᠲᠤᠷ ᠬᠢᠬᠦ ᠬᠡᠷᠡᠭᠲᠡᠢ᠃︾ ᠭᠡᠵᠦ ᠶᠡᠷᠦᠩᠬᠡᠢ ᠱᠦᠵᠢ ᠭᠦᠨ ᠰᠡᠳᠬᠢᠯᠭᠡ ᠲᠠᠢ ᠪᠠᠷ ᠬᠡᠯᠡᠪᠡ᠃ ᠴᠢᠨᠠᠷ ᠰᠠᠶᠢᠲᠠᠢ | ᠬᠥᠭᠵᠢᠯᠲᠡ ᠶᠢᠨ ᠲᠣᠭᠲᠠᠭᠠᠯᠲᠤ ᠴᠢᠨᠠᠷ ᠢᠶᠠᠷ ᠡᠯ᠎ᠡ ᠵᠦᠢᠯ ᠤᠨ ᠲᠣᠭᠲᠠᠭᠠᠯᠲᠤ ᠪᠤᠰᠤ ᠴᠢᠨᠠᠷ ᠢ ᠠᠷᠭᠠᠴᠠᠭᠠᠬᠤ ᠪᠣᠯ | ᠣᠳᠣᠬᠠᠨ ᠳᠠᠬᠢ ᠰᠠᠭᠠᠳ ᠣᠯᠠᠨᠲᠠᠢ ᠪᠠᠶᠢᠳᠠᠯ ᠢ ᠪᠦᠲᠦᠮᠵᠢᠲᠡᠢ ᠠᠷᠭᠠᠴᠠᠭᠠᠬᠤ ᠪᠠᠶᠢᠯᠳᠤᠬᠤ ᠪᠣᠳᠣᠯᠭ᠎ᠠ ᠶᠢᠨ | ᠰᠣᠩᠭᠤᠯᠲᠠ ᠪᠣᠯᠣᠨ᠎ᠠ ᠂ ᠦᠨᠡᠨ ᠢ ᠬᠡᠯᠡᠪᠡᠯ ᠣᠷᠣᠨ ᠪᠦᠰᠡ ᠨᠢᠭᠡ ᠪᠦᠷᠢ ᠨᠢ ᠬᠥᠭᠵᠢᠯᠲᠡ ᠶᠢᠨ ᠰᠡᠳᠦᠪ ᠪᠣᠯᠭᠠᠨ ᠢ | ᠬᠠᠷᠢᠭᠤᠯᠬᠤ ᠳᠤ ᠪᠠᠨ ᠴᠥᠮ ᠨᠡᠩ ᠪᠣᠳᠠᠲᠠᠢ ᠂ ᠨᠡᠩ ᠬᠢᠨᠠᠮᠠᠭᠠᠢ ᠪᠠᠶᠢᠬᠤ ᠬᠡᠷᠡᠭᠲᠡᠢ᠃ | ᠵᠠᠩᠭᠢᠯᠠᠭ᠎ᠠ ᠪᠣᠯᠬᠤ ᠬᠤᠶᠠᠳᠤᠭᠠᠷ ᠦᠭᠡᠰ ᠨᠢ ᠰᠠᠶᠢᠨ ᠦᠷ᠎ᠡ ᠪᠦᠲᠦᠮᠵᠢ ᠲᠠᠢ ᠵᠠᠰᠠᠯᠲᠠ ᠪᠣᠯᠣᠨ᠎ᠠ᠃ | ︽ᠾᠧᠨᠠᠨ ᠤ ᠬᠥᠮᠥᠨ ᠠᠮᠠ ᠶᠢᠨ ᠶᠡᠷᠦᠩᠬᠡᠢ ᠲᠤᠭ᠎ᠠ᠂ ᠬᠥᠮᠥᠨ ᠠᠮᠠ ᠶᠢᠨ ᠨᠢᠭᠲᠠᠴᠠ᠂ ᠬᠥᠮᠥᠨ ᠠᠮᠠ ᠶᠢᠨ | ᠰᠢᠯᠵᠢᠯᠲᠡ ᠶᠢᠨ ᠬᠡᠮᠵᠢᠶ᠎ᠡ ᠴᠥᠮ ᠨᠡᠯᠢᠶᠡᠳ ᠶᠡᠭᠡ᠂ ᠨᠡᠶᠢᠭᠡᠮ ᠤᠨ ᠠᠰᠠᠭᠤᠳᠠᠯ ᠨᠠᠷᠢᠨ ᠪᠤᠳᠤᠯᠢᠶᠠᠨᠲᠠᠢ ᠪᠥᠭᠡᠳ | ᠣᠯᠠᠨ ᠶᠠᠩᠵᠤ ᠶᠢᠨ ᠪᠠᠶᠢᠳᠠᠭ ᠪᠣᠯᠬᠤᠷ ᠨᠡᠶᠢᠭᠡᠮ ᠤᠨ ᠵᠠᠰᠠᠯᠲᠠ ᠶᠢ ᠡᠷᠬᠡᠪᠰᠢ ᠯᠠᠪᠳᠠᠭᠤᠨ ᠪᠠᠲᠤᠲᠠᠢ ᠪᠠᠷ | ᠴᠢᠩᠭᠠᠳᠬᠠᠬᠤ ᠬᠡᠷᠡᠭᠲᠡᠢ᠃︾ | ᠳᠦᠷᠢᠮ ᠤᠨ ᠳᠠᠪᠠᠭᠤᠯᠢᠭ ᠢ ᠬᠡᠷᠬᠢᠨ ᠵᠠᠰᠠᠯᠲᠠ ᠶᠢᠨ ᠪᠦᠲᠦᠮᠵᠢ ᠪᠣᠯᠭᠠᠨ ᠬᠤᠪᠢᠷᠠᠭᠤᠯᠬᠤ ᠪᠤᠢ ︖ | ᠦᠨᠳᠦᠰᠦ ᠶᠢ ᠪᠠᠬᠢᠵᠢᠭᠦᠯᠦᠨ ᠰᠠᠭᠤᠷᠢ ᠶᠢ ᠪᠠᠲᠤᠳᠬᠠᠬᠤ ᠳᠤ ᠠᠩᠬᠠᠷᠤᠯ ᠲᠥᠪᠯᠡᠷᠡᠭᠦᠯᠬᠦ ᠪᠠᠷ ᠂ ᠶᠡᠷᠦᠩᠬᠡᠢ ᠱᠦᠵᠢ | ᠴᠢᠬᠤᠯᠠᠴᠢᠯᠠᠬᠤ ᠳᠤ ᠪᠠᠨ ᠄ ︽ ᠨᠠᠮ ᠤᠨ ᠤᠳᠤᠷᠢᠳᠤᠯᠭ᠎ᠠ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ ᠂ ᠨᠡᠶᠢᠭᠡᠮ ᠤᠨ | ᠵᠠᠰᠠᠯᠲᠠ ᠶᠢᠨ ᠪᠠᠶᠢᠭᠤᠯᠤᠯ ᠲᠣᠭᠲᠠᠴᠠ ᠶᠢ ᠪᠦᠷᠢᠨᠰᠢᠭᠦᠯᠵᠦ ᠂ ᠠᠵᠤ ᠠᠬᠤᠢ ᠶᠢᠨ ᠰᠢᠨ᠎ᠡ ᠵᠣᠬᠢᠶᠠᠨ ᠪᠠᠶᠢᠭᠤᠯᠤᠯᠲᠠ ᠂ | ᠨᠡᠶᠢᠭᠡᠮ ᠤᠨ ᠰᠢᠨ᠎ᠡ ᠵᠣᠬᠢᠶᠠᠨ ᠪᠠᠶᠢᠭᠤᠯᠤᠯᠲᠠ ᠂ ᠰᠢᠨ᠎ᠡ ᠪᠠᠷ ᠠᠵᠢᠯ ᠣᠯᠣᠭᠰᠠᠳ ᠲᠤ ᠨᠠᠮ ᠤᠨ ᠪᠠᠶᠢᠭᠤᠯᠤᠯᠲᠠ ᠶᠢᠨ | ᠠᠵᠢᠯ ᠢ ᠴᠢᠩᠭᠠᠳᠬᠠᠬᠤ ᠬᠡᠷᠡᠭᠲᠡᠢ ︾ ᠭᠡᠵᠦ ᠴᠢᠬᠤᠯᠠᠴᠢᠯᠠᠪᠠ᠃ | ᠰᠢᠨ᠎ᠡ ᠴᠠᠭ ᠦᠶ᠎ᠡ ᠳᠠᠬᠢ ︽ᠹᠧᠩᠴᠢᠶᠣᠣ ᠶᠢᠨ ᠲᠤᠷᠰᠢᠯᠭ᠎ᠠ ︾ ᠶᠢᠨ ᠠᠮᠢᠵᠢᠷᠠᠯ ᠤᠨ ᠬᠦᠴᠦᠨ ᠢ ᠨᠢ ᠬᠡᠷᠬᠢᠨ | ᠪᠠᠳᠠᠷᠠᠭᠤᠯᠬᠤ ᠪᠤᠢ ︖ ︽ ᠳᠣᠲᠣᠷ᠎ᠠ ᠪᠠᠨ ᠲᠤᠭ᠎ᠠ ᠲᠠᠢ ᠪᠠᠶᠢᠵᠤ ᠂ ᠤᠷᠢᠳ ᠠᠴᠠ ᠪᠡᠯᠡᠳᠬᠡᠯ ᠰᠠᠶᠢᠨ ᠬᠢᠵᠦ᠂ | ᠰᠠᠨᠠᠭᠠᠴᠢᠯᠠᠭ᠎ᠠ ᠠᠴᠠ ᠪᠠᠨ ᠠᠵᠢᠯᠯᠠᠬᠤ ᠬᠡᠷᠡᠭᠲᠡᠢ᠂ ᠬᠠᠷᠢᠨ ᠬᠡᠷᠡᠭ ᠭᠠᠷᠤᠭᠰᠠᠨ ᠤ ᠳᠠᠷᠠᠭ᠎ᠠ ᠰᠠᠶ᠋ᠢ ᠠᠵᠢᠯ ᠢᠶᠠᠨ | ᠴᠢᠩᠭᠠᠳᠬᠠᠬᠤ ᠭᠡᠳ ᠪᠣᠯᠬᠤ ᠦᠭᠡᠢ᠂ ᠭᠠᠯ ᠤᠨᠲᠠᠷᠠᠭᠠᠬᠤ ᠠᠩᠭᠢ ᠶᠢᠨ ᠳᠠᠷᠤᠭ᠎ᠠ ᠪᠣᠯᠣᠭᠠᠳ ᠪᠠᠶᠢᠵᠤ ᠪᠣᠯᠬᠤ | ᠦᠭᠡᠢ ︾᠂ ︽ ᠬᠡᠯᠪᠡᠷᠢᠴᠢ ᠦᠵᠡᠯ ᠢ ᠦᠨᠡᠨ ᠬᠦ ᠴᠡᠭᠴᠡᠯᠡᠨ ᠵᠠᠰᠠᠭᠠᠳ ᠦᠨᠳᠦᠰᠦᠨ ᠱᠠᠲᠤᠨ ᠤ ᠳᠠᠷᠤᠭᠠᠰᠤ ᠶᠢ ᠨᠢ | ᠬᠥᠩᠭᠡᠷᠡᠭᠦᠯᠬᠦ ᠬᠡᠷᠡᠭᠲᠡᠢ᠂ ᠰᠠᠶᠢᠨ ᠠᠵᠢᠯ ᠶᠠᠪᠤᠳᠠᠯ᠂ ᠦᠵᠡᠮᠦᠷᠢ ᠶᠢᠨ ᠠᠵᠢᠯ ᠶᠠᠪᠤᠳᠠᠯ ᠤᠳ ᠢ ᠬᠢᠭᠡᠳ ᠪᠠᠶᠢᠵᠤ | ᠪᠣᠯᠬᠤ ᠦᠭᠡᠢ ᠂ ᠪᠡᠷᠬᠡ ᠠᠵᠢᠯ ᠶᠠᠪᠤᠳᠠᠯ᠂ ᠬᠥᠮᠥᠨ ᠢ ᠭᠤᠮᠣᠳᠠᠭᠠᠬᠤ ᠠᠵᠢᠯ ᠶᠠᠪᠤᠳᠠᠯ ᠤᠳ ᠢᠶᠠᠨ ᠦᠨᠳᠦᠰᠦᠨ | ᠱᠠᠲᠤᠨ ᠳᠤ ᠲᠦᠯᠬᠢᠵᠦ ᠪᠣᠯᠬᠤ ᠦᠭᠡᠢ᠃ ︾ ᠶᠡᠷᠦᠩᠬᠡᠢ ᠱᠦᠵᠢ ᠶᠢᠨ ᠶᠠᠷᠢᠶ᠎ᠠ ᠨᠢ ᠪᠣᠷᠣᠭᠵᠢᠭᠤᠨ᠂ ᠮᠥᠷᠲᠡᠭᠡᠨ | ᠭᠦᠨ ᠤᠳᠬ᠎ᠠ ᠰᠠᠨᠠᠭ᠎ᠠ ᠲᠠᠢ ᠂ ︽ᠨᠢᠭᠡ ᠳᠤ ᠵᠥᠷᠢᠴᠡᠯ ᠢ ᠬᠤᠷᠠᠮᠳᠤᠭᠤᠯᠵᠤ ᠪᠣᠯᠬᠤ ᠦᠭᠡᠢ᠂ ᠬᠤᠶᠠᠷ ᠲᠤ | ᠲᠡᠳᠡᠭᠡᠷ ᠢ ᠮᠥᠷᠲᠡᠭᠡᠨ ᠲᠥᠷᠥᠯ ᠠᠩᠭᠢᠯᠠᠨ ᠰᠠᠶᠢᠲᠤᠷ ᠰᠢᠢᠳᠪᠦᠷᠢᠯᠡᠬᠦ ᠬᠡᠷᠡᠭᠲᠡᠢ᠃ ᠣᠯᠠᠨ ᠢᠶᠠᠷ ᠢᠶᠠᠨ ᠰᠡᠷᠭᠡᠶᠢᠯᠡᠵᠦ | ᠣᠯᠠᠨ ᠢᠶᠠᠷ ᠢᠶᠠᠨ ᠵᠠᠰᠠᠬᠤ ᠶᠢ ᠪᠠᠷᠢᠮᠲᠠᠯᠠᠨ᠂ ᠵᠥᠷᠢᠴᠡᠯ ᠢ ᠦᠨᠳᠦᠰᠦᠨ ᠱᠠᠲᠤᠨ ᠳᠤ ᠨᠢ ᠠᠷᠢᠯᠭᠠᠬᠤ ᠬᠡᠷᠡᠭᠲᠡᠢ︾ | ᠭᠡᠪᠡ ᠁ | |