ᠥᠪᠥᠷ ᠮᠣᠩᠭᠤᠯ ᠪᠣᠯᠤᠨ ᠭᠤᠸᠠᠩᠳᠦ᠋ᠩ ᠱᠢᠶᠠᠩᠭᠠᠩ ᠣᠣᠮᠧᠨ᠎ᠤ ᠲᠣᠮᠣ ᠪᠤᠯᠤᠩ᠎ᠤᠨ ᠣᠷᠣᠨ᠎ᠤ ᠰᠣᠯᠢᠯᠴᠠᠭ᠎ᠠ ᠬᠠᠮᠲᠤᠷᠠᠯᠴᠠᠭ᠎ᠠ᠎ᠶ᠋ᠢ ᠦᠷᠭᠦᠯᠵᠢᠯᠡᠨ ᠭᠦᠨᠵᠡᠭᠡᠢᠷᠡᠭᠦᠯᠵᠦ᠍᠂ 《ᠥᠪᠥᠷ ᠮᠣᠩᠭᠤᠯ᠎ᠤᠨ ᠦᠨᠦᠷ ᠠᠮᠲᠠ》 ᠣᠷᠣᠨ ᠪᠦᠰᠡ᠎ᠶ᠋ᠢᠨ ᠨᠡᠢᠲᠡ᠎ᠶ᠋ᠢᠨ ᠬᠡᠷᠡᠭ᠌ᠯᠡᠭᠡᠨ᠎ᠤ ᠨᠠᠷᠠᠲᠤ ᠲᠡᠮᠳᠡᠭ᠎ᠦᠨ ᠨᠠᠩ ᠥᠷᠭᠡᠨ ᠠᠭᠤᠳᠠᠮ ᠵᠠᠬ᠎ᠠ ᠳᠡᠯᠭᠡᠭᠦᠷ ᠲᠡᠢ᠌ᠰᠢ ᠤᠷᠤᠭ᠍ᠰᠢᠯᠠᠬᠤ᠎ᠶ᠋ᠢ ᠠᠬᠢᠭᠤᠯᠬᠤ᠎ᠶ᠋ᠢᠨ ᠲᠥᠯᠥᠭᠡ᠂ 《ᠥᠪᠥᠷ ᠮᠣᠩᠭᠤᠯ》 ᠲᠠᠢ ᠤᠴᠠᠷᠠᠭᠰᠠᠨ᠎ᠤ ᠠᠴᠢ᠎ᠪᠠᠷ᠂ 《ᠭᠦᠨ》 ᠰᠡᠳᠬᠢᠯᠭᠡ᠎ᠲᠠᠢ᠎ᠪᠡᠷ ᠪᠣᠯᠵᠣᠬᠤ — 《ᠦᠪᠦᠷ ᠮᠤᠩᠭᠤᠯ᠎ᠤᠨ ᠦᠨᠤᠷ ᠠᠮᠳᠠ᠎ᠳᠡᠬᠢ ᠪᠦᠬᠦ᠌ ᠤᠯᠤᠰ᠎ᠤᠨ ᠠᠶᠠᠯᠠᠯ》 ᠤᠨ ᠲᠠᠸᠠᠷ᠎ᠤᠨ ᠴᠤᠭ᠍ᠯᠠᠭᠠᠨ (ᠱᠧᠨᠵᠧᠨ ᠥᠷᠲᠡᠭᠡ) ᠤ ᠠᠵᠢᠯᠯᠠᠭ᠎ᠠ 2025 ᠣᠨ᠎ᠤ 11 ᠳ᠋ᠦ᠍ᠭᠡᠷ ᠰᠠᠷ᠎ᠠ᠎ᠶ᠋ᠢᠨ 29 ᠤ ᠡᠳᠦᠷ᠎ᠠᠴᠠ 30 ᠤ ᠡᠳᠦᠷ ᠪᠣᠯᠲᠠᠯ᠎ᠠ ᠱᠧᠨᠵᠧᠨ ᠬᠤᠲᠠ᠎ᠶ᠋ᠢᠨ ᠴᠢᠶᠠᠨ ᠬᠠᠶ ᠱ᠌ᠢ ᠴᠡᠴᠡᠷᠯᠢᠭ᠎ᠲᠤ ᠶᠠᠪᠤᠭ᠍ᠳᠠᠪᠠ᠃ ᠲᠣᠰ ᠤᠳᠠᠭᠠᠨ᠎ᠤ ᠠᠵᠢᠯᠯᠠᠭ᠎ᠠ ᠪᠣᠯ ᠥᠪᠥᠷ ᠮᠣᠩᠭᠤᠯ ᠬᠢᠭᠡᠳ ᠭᠤᠸᠠᠩᠳᠦ᠋ᠩ ᠱᠢᠶᠠᠩᠭᠠᠩ ᠣᠣᠮᠧᠨ᠎ᠤ ᠶᠡᠭᠡ ᠪᠤᠯᠤᠩ᠎ᠤᠨ ᠣᠷᠣᠨ᠎ᠤ ᠬᠠᠮᠲᠤᠷᠠᠯᠴᠠᠭ᠎ᠠ᠎ᠶ᠋ᠢ ᠭᠦᠨᠵᠡᠭᠡᠢᠷᠡᠭᠦᠯᠬᠦ᠌ ᠴᠢᠬᠤᠯᠠ ᠦᠢᠯᠡᠳᠦᠯᠭᠡ ᠮᠥᠨ᠂ 《ᠥᠪᠥᠷ ᠮᠣᠩᠭᠤᠯ᠎ᠤᠨ ᠦᠨᠦᠷ ᠠᠮᠲᠠ》 ᠶ᠋ᠢ ᠡᠮᠦᠨᠡᠲᠦ ᠣᠷᠣᠨ᠎ᠤ ᠵᠠᠬ᠎ᠠ ᠳᠡᠯᠭᠡᠭᠦᠷ᠎ᠲᠤ ᠨᠠᠩ ᠭᠦᠨᠵᠡᠭᠡᠶ ᠠᠬᠢᠭᠤᠯᠬᠤ᠎ᠶ᠋ᠢᠨ ᠲᠥᠯᠥᠭᠡ ᠶᠤᠮ᠃
ᠨᠢᠬᠡ᠂ ᠪᠠᠢᠯᠳᠤᠬᠤ ᠪᠣᠳᠣᠯᠭ᠎ᠠ᠎ᠶᠢᠨ ᠵᠢᠯᠤᠭᠤᠳᠤᠮᠵᠢ ᠄ 《ᠥᠪᠥᠷ ᠮᠣᠩᠭᠣᠯ᠎ᠤᠨ ᠦᠨᠦᠷ ᠠᠮᠲᠠ》 ᠶᠢᠨ ᠭᠠᠳᠠᠭ᠍ᠰᠢ ᠭᠠᠷᠬᠤ ᠠᠯᠬᠤᠭ᠎ᠠ᠎ᠶᠢ ᠡᠷᠡᠰ ᠪᠠᠲᠤ ᠪᠥᠭᠡᠳ ᠬᠦᠴᠦᠲᠡᠢ ᠪᠣᠯᠭᠠᠨ᠎ᠠ
《ᠥᠪᠥᠷ ᠮᠣᠩᠭᠤᠯ᠎ᠤᠨ ᠦᠨᠦᠷ ᠠᠮᠲᠠ》 ᠪᠣᠯ ᠥᠪᠥᠷ ᠮᠣᠩᠭᠤᠯ᠎ᠤᠨ ᠣᠷᠣᠨ ᠪᠦᠰᠡ᠎ᠶ᠋ᠢᠨ ᠨᠡᠢᠲᠡ᠎ᠶ᠋ᠢᠨ ᠬᠡᠷᠡᠭ᠌ᠯᠡᠭᠡᠨ᠎ᠤ ᠨᠠᠷᠠᠲᠤ ᠲᠡᠮᠳᠡᠭ ᠪᠣᠯᠤᠨ᠎ᠠ᠂ ᠥᠪᠥᠷ ᠮᠣᠩᠭᠤᠯ᠎ᠤᠨ 《ᠠᠮᠤ ᠪᠤᠳᠠᠭᠠᠨ᠎ᠤ ᠬᠥᠮᠥᠷᠭᠡ》᠂ 《ᠮᠢᠬᠠᠨ᠎ᠤ ᠬᠥᠮᠥᠷᠭᠡ》᠂ 《ᠰᠦ᠎ᠶ᠋ᠢᠨ ᠰᠠᠪᠠ》᠂ 《 ᠨᠣᠣᠯᠤᠭᠤᠷ᠎ᠤᠨ ᠬᠤᠲᠠ》 ᠶᠢᠨ ᠣᠨᠴᠠᠯᠢᠭ᠍ᠲᠤ ᠴᠢᠨᠠᠷ ᠰᠠᠢᠲᠠᠶ ᠦᠢᠯᠡᠳᠬᠦᠨ᠎ᠢ ᠴᠤᠭ᠍ᠯᠠᠭᠤᠯᠤᠨ᠂ ᠲᠣᠰ ᠤᠳᠠᠭᠠᠨ᠎ᠤ ᠠᠵᠢᠯᠯᠠᠭ᠎ᠠ᠎ᠨᠢ 《ᠲᠥᠯᠥᠭᠡᠯᠡᠬᠦ᠌ ᠴᠢᠨᠠᠷ᠂ ᠴᠢᠨᠠᠷ ᠰᠠᠢᠲᠠᠶ ᠴᠢᠨᠠᠷ᠂ ᠠᠵᠢᠯ ᠲᠥᠷᠥᠯ᠎ᠤᠨ ᠦᠨ᠎ᠡ ᠥᠷᠲᠡᠭ》 ᠤᠨ ᠭᠤᠷᠪᠠᠨ ᠶᠡᠭᠡ ᠭᠤᠤᠯ ᠴᠣᠭ᠍ᠴᠠ᠎ᠶ᠋ᠢᠨ ᠲᠣᠭᠤᠷᠢᠨ᠎ᠳᠤ 80 ᠭᠠᠷᠤᠶ ᠴᠢᠨᠠᠷ ᠰᠠᠢᠲᠠᠶ ᠦᠢᠯᠡᠳᠪᠦᠷᠢᠯᠡᠯ᠎ᠤᠨ ᠠᠵᠤ ᠠᠬᠤᠢᠯᠠᠯ᠎ᠢ ᠨᠠᠷᠢᠨ ᠨᠢᠮᠪᠠᠶ ᠱᠢᠯᠢᠨ ᠰᠣᠩᠭᠤᠪᠠ᠃ 《ᠵᠢᠵᠢᠭ ᠪᠣᠭᠤᠳᠠᠯ ᠪᠠᠭ᠍ᠯᠠᠭ᠎ᠠ + ᠬᠠᠷᠢᠯᠴᠠᠨ ᠦᠢᠯᠡᠳᠦᠯᠴᠡᠬᠦ ᠰᠡᠳᠬᠢᠯᠭᠡ》 ᠢᠶᠠᠷ ᠥᠪᠥᠷ ᠮᠣᠩᠭᠣᠯ᠎ᠤᠨ 《 ᠪᠦᠬᠦ ᠦᠵᠡᠮᠵᠢ᠎ᠶᠢᠨ ᠪᠣᠳᠠᠰ᠎ᠤᠨ ᠭᠠᠷᠤᠯᠲᠠ᠎ᠶᠢᠨ ᠵᠢᠷᠤᠭᠲᠤ ᠲᠣᠯᠢ 》᠎ᠶᠢ ᠵᠠᠳᠠᠯᠵᠤ᠂ ᠥᠪᠥᠷ ᠮᠣᠩᠭᠤᠯ᠎ᠤᠨ ᠴᠢᠨᠠᠷ ᠰᠠᠢᠲᠠᠶ ᠪᠦᠲᠦᠭᠡᠭ᠌ᠳᠡᠬᠦᠨ᠎ᠤ ᠪᠣᠬᠢᠷᠲᠤᠯ ᠥᠬᠡᠶ᠂ ᠴᠡᠪᠡᠷ ᠪᠠᠢᠭᠠᠯᠢ᠎ᠶ᠋ᠢᠨ ᠳᠦᠷᠢ ᠲᠥᠷᠬᠦ᠌ ᠵᠢᠴᠢ 《ᠥᠪᠥᠷ ᠮᠣᠩᠭᠤᠯ᠎ᠤᠨ ᠦᠨᠦᠷ ᠠᠮᠲᠠ》 ᠭᠡᠬᠦ᠌ ᠡᠨᠡ ᠬᠦ᠌ ᠣᠷᠣᠨ ᠪᠦᠰᠡ᠎ᠶ᠋ᠢᠨ ᠨᠡᠢᠲᠡ᠎ᠶ᠋ᠢᠨ ᠬᠡᠷᠡᠭ᠌ᠯᠡᠭᠡᠨ᠎ᠤ ᠨᠠᠷᠠᠲᠤ ᠲᠡᠮᠳᠡᠭ᠎ᠤᠨ ᠥᠪᠡᠷᠮᠢᠴᠡ ᠦᠨ᠎ᠡ ᠥᠷᠲᠡᠭ᠎ᠢ ᠪᠥᠬᠦ᠌ ᠲᠠᠯ᠎ᠠ᠎ᠪᠠᠷ ᠳᠡᠯᠭᠡᠨ ᠦᠵᠡᠭᠦᠯᠦᠭᠰᠡᠨ ᠪᠠᠢ᠌ᠨ᠎ᠠ᠃
ᠱᠧᠨᠵᠧᠨ᠎ᠨᠢ ᠭᠤᠸᠠᠩᠳᠦ᠋ᠩ ᠱᠢᠶᠠᠩᠭᠠᠩ ᠣᠣᠮᠧᠨ᠎ᠤ ᠲᠣᠮᠣ ᠪᠤᠯᠤᠩ᠎ᠤᠨ ᠣᠷᠣᠨ᠎ᠤ ᠴᠢᠬᠤᠯᠠ ᠣᠷᠣᠨ ᠪᠦᠰᠡ ᠪᠣᠯᠤᠭ᠍ᠰᠠᠨ᠎ᠤ ᠬᠤᠪᠢ᠎ᠳᠤ᠂ ᠬᠦᠴᠦᠷᠬᠡᠭ ᠶᠡᠭᠡ ᠬᠡᠷᠡᠭ᠌ᠯᠡᠭᠡᠨ᠎ᠤ ᠴᠢᠳᠠᠪᠤᠷᠢ᠎ᠲᠠᠢ ᠪᠠᠢᠬᠤ᠎ᠪᠠᠷ ᠪᠠᠷᠠᠬᠤ ᠥᠬᠡᠶ᠂ ᠨᠠᠩ ᠴᠤ᠌ ᠦᠵᠡᠯᠲᠡ᠂ ᠮᠡᠷᠭᠡᠵᠢᠯ᠂ ᠬᠥᠷᠥᠩᠭᠡ ᠮᠥᠩᠭᠦ᠌ ᠬᠢᠭᠡᠳ ᠮᠡᠳᠡᠭᠡ ᠵᠠᠩᠭᠢ᠎ᠶ᠋ᠢᠨ ᠠᠭᠤᠰᠤᠯᠴᠠᠯ᠎ᠤᠨ ᠵᠠᠩᠭᠢᠯᠠᠭ᠎ᠠ ᠪᠣᠯᠤᠨ᠎ᠠ᠃ ᠠᠳᠡᠬᠢ 《ᠦᠪᠦᠷ ᠮᠤᠩᠭᠤᠯ᠎ᠤᠨ ᠦᠨᠤᠷ ᠠᠮᠳᠠ》 ᠨᠡᠩ ᠦᠷᠬᠡᠨ ᠪᠦᠰᠡ᠎ᠳᠦ ᠪᠤᠯᠤᠩ᠎ᠤᠨ ᠤᠷᠤᠨ᠎ᠤ ᠵᠠᠬ᠎ᠠ ᠲᠡᠯᠬᠡᠬᠦᠷ᠎ᠢ ᠨᠦᠯᠦᠬᠡᠯᠡᠭ᠌ᠰᠡᠨ ᠪᠦᠬᠡᠳ ᠱᠧᠨᠵᠧᠨ᠎ᠤ ᠲᠡᠯᠡᠬᠡᠢ ᠲᠡᠬᠡᠷᠡᠬᠢ ᠲᠡᠪᠴᠡᠩ᠎ᠢ ᠠᠱᠢᠬ᠍ᠯᠠᠵᠤ᠂ ᠪᠦᠬᠦ᠌ ᠪᠦᠮᠪᠦᠷᠴᠡᠭ᠎ᠤᠨ ᠬᠡᠷᠡᠭ᠌ᠯᠡᠬᠡᠨ᠎ᠤ ᠵᠠᠬ᠎ᠠ ᠲᠡᠯᠬᠡᠬᠦᠷ᠎ᠲᠠᠢ ᠵᠤᠯᠭᠠᠭᠤᠯᠵᠦ᠍ ᠪᠤᠯᠤᠨ᠎ᠠ᠃ 《ᠪᠢᠳᠡ ᠡᠨᠡ ᠤᠳᠠᠭᠠᠨ᠎ᠤ ᠠᠢᠯᠴᠢᠯᠠᠯᠲᠠ᠎ᠳᠠᠭᠠᠨ ᠦᠢᠯᠡᠳᠬᠦᠨ᠎ᠢᠶᠠᠨ ᠬᠤᠳᠠᠯᠳᠤᠬᠤ᠎ᠪᠠᠷ ᠪᠠᠷᠠᠬᠤ ᠦᠭᠡᠢ᠂ ᠨᠠᠩ ᠴᠤ᠌ ᠨᠡᠷᠡᠲᠦ ᠲᠡᠮᠳᠡᠭ᠎ᠢ ᠪᠣᠶ ᠪᠣᠯᠭᠠᠵᠤ᠂ ᠰᠣᠯᠢᠯᠴᠠᠭ᠎ᠠ ᠬᠢᠵᠦ᠍ ᠬᠠᠮᠲᠤᠷᠠᠯᠴᠠᠨ᠂ ᠴᠥᠷᠬᠡᠯᠡᠭᠡ ᠪᠠᠢᠭᠤᠯᠬᠤ ᠬᠡᠷᠡᠭ᠌ᠲᠡᠶ》 ᠬᠡᠵᠡᠢ᠃ ᠥᠪᠡᠷᠲᠡᠭᠡᠨ ᠵᠠᠰᠠᠬᠤ ᠣᠷᠣᠨ᠎ᠤ ᠬᠤᠳᠠᠯᠳᠤᠭᠠᠨ᠎ᠤ ᠶᠠᠪᠤᠳᠠᠯ᠎ᠤᠨ ᠲᠢᠩᠬᠢᠮ᠎ᠤᠨ ᠬᠠᠮᠢᠶ᠎ᠠ ᠪᠥᠬᠦᠶ ᠬᠠᠷᠢᠭᠤᠴᠠᠯᠭᠠᠲᠠᠨ ᠬᠡᠯᠡᠬᠦ᠌᠎ᠳᠡᠭᠡᠨ᠄ 《ᠪᠢᠳᠡ ᠶᠡᠭᠡ ᠪᠤᠯᠤᠩ᠎ᠤᠨ ᠣᠷᠣᠨ᠎ᠤ ᠬᠤᠲᠠ᠎ᠶ᠋ᠢᠨ ᠠᠷᠠᠳ᠎ᠲᠤ ᠥᠪᠥᠷ ᠮᠣᠩᠭᠤᠯ ᠵᠥᠪᠬᠡᠨ 〈ᠠᠭ᠋ᠠᠷ ᠲᠡᠭᠷᠢ ᠬᠦᠬᠡᠷᠡᠨ ᠠᠭᠤᠳᠠᠮ ᠲᠠᠯ᠎ᠠ ᠨᠡᠯᠦᠢ᠌ᠵᠦ ᠠᠶᠠᠰ᠎ᠤᠨ ᠰᠠᠯᠬᠢ ᠢᠯᠪᠢᠨ ᠦᠩᠭᠡᠷᠡᠬᠦᠶᠡ ᠦᠬᠡᠷ ᠬᠤᠨᠢᠳ ᠢᠷᠡᠢ᠌ᠨ ᠦᠵᠡᠭᠳᠡᠮᠦᠢ〉 ᠱᠢᠯᠦᠭ ᠪᠠ ᠠᠯᠤᠰ ᠬᠤᠯᠠ ᠪᠠᠢᠬᠤ᠎ᠪᠠᠷ ᠪᠠᠷᠠᠬᠤ ᠥᠬᠡᠶ᠂ ᠨᠠᠩ ᠴᠤ᠌ ᠳᠡᠭᠡᠳᠦ ᠲᠠᠰ᠎ᠤᠨ ᠰᠦ᠎ᠶ᠋ᠢᠨ ᠢᠷᠡᠯᠲᠡ᠂ ᠱᠢᠯᠢᠳᠡᠭ ᠡᠭᠦᠯᠳᠡᠷ᠎ᠤᠨ ᠦᠬᠡᠷ ᠬᠤᠨᠢᠨ ᠮᠢᠬ᠎ᠠ᠂ ᠴᠢᠨᠠᠷ ᠰᠠᠢᠲᠠᠶ ᠨᠣᠣᠯᠣᠭᠤᠷ ᠪᠠ ᠴᠢᠨᠠᠷ ᠰᠠᠢᠲᠠᠢ ᠣᠨᠴᠠᠯᠢᠭ᠍ᠲᠤ ᠪᠦᠲᠦᠭᠡᠭᠳᠡᠬᠦᠨ᠎ᠢ ᠬᠠᠩᠭᠠᠬᠤ ᠪᠠᠢᠯᠳᠤᠬᠤ ᠪᠣᠳᠣᠯᠭ᠎ᠠ᠎ᠶᠢᠨ ᠰᠠᠭᠤᠷᠢᠨ ᠭᠠᠵᠠᠷ ᠪᠣᠯᠬᠤ᠎ᠶᠢ ᠮᠡᠳᠡᠭᠦᠯᠬᠦ᠎ᠶᠢ ᠬᠦᠰᠡᠵᠦ ᠪᠠᠢᠨ᠎ᠠ》 ᠭᠡᠵᠡᠶ᠃

ᠬᠤᠶᠠᠷ᠂ ᠦᠪᠡᠳᠡᠭ᠌ᠰᠢ ᠶᠡᠭᠡ ᠳᠠᠢᠯᠠᠯᠭ᠎ᠠ ᠡᠬᠢᠯᠡᠪᠡ᠄ ᠲᠠᠯ᠎ᠠ ᠨᠤᠲᠤᠭ᠎ᠤᠨ ᠵᠠᠩ ᠦᠢᠯᠡ ᠶ᠋ᠢ 《ᠵᠠᠢ ᠦᠭᠡᠢ》 ᠪᠤᠯᠤᠩ᠎ᠤᠨ ᠣᠷᠣᠨ᠎ᠤ ᠠᠮᠢᠳᠤᠷᠠᠯ᠎ᠳᠤ ᠠᠭᠤᠰᠬᠠᠨ ᠣᠷᠣᠭᠤᠯᠤᠨ᠎ᠠ
ᠴᠢᠶᠠᠨ ᠬᠠᠢ ᠱᠢ ᠴᠡᠴᠡᠷᠯᠢᠭ᠎ᠲᠦ ᠣᠷᠣᠬᠤ᠎ᠳᠤ᠂ ᠲᠠᠯ᠎ᠠ ᠨᠤᠲᠤᠭ᠎ᠤᠨ ᠠᠭᠤᠷ ᠠᠮᠢᠰᠬᠤᠯ ᠠᠭᠱᠠᠨ ᠵᠠᠭᠤᠷ᠎ᠠ ᠬᠥᠮᠥᠰ᠎ᠲᠦ ᠬᠦᠷᠢᠶᠡᠯᠡᠭᠳᠡᠨ᠎ᠡ᠃ ᠤᠷᠠᠨ ᠨᠠᠷᠢᠯᠢᠭ᠋ ᠪᠤᠭᠤᠳᠠᠢ᠎ᠶᠢᠨ ᠲᠦᠷᠦᠭᠦᠦ᠎ᠶᠢᠨ ᠰᠦᠷᠦᠭ ᠨᠢ ᠥᠪᠥᠷ ᠮᠣᠩᠭᠣᠯ᠎ᠤᠨ 《ᠠᠮᠤ ᠪᠤᠳᠠᠭᠠᠨ᠎ᠤ ᠬᠥᠮᠥᠷᠭᠡ》 ᠵᠢᠨ ᠡᠯᠪᠡᠭ ᠬᠤᠷᠢᠶᠠᠯᠲᠠ᠎ᠶᠢᠨ ᠪᠠᠢᠳᠠᠯ᠎ᠢ ᠪᠡᠯᠭᠡᠳᠡᠨ᠎ᠡ; ᠴᠢᠮᠡᠭᠯᠡᠬᠦ ᠬᠤᠭᠤᠴᠠᠭᠠᠨ᠎ᠳᠡᠬᠢ 《ᠦᠬᠡᠷ ᠬᠣᠨᠢ》 ᠨᠢ᠂ ᠲᠠᠯ᠎ᠠ ᠨᠤᠲᠤᠭ᠎ᠤᠨ ᠪᠡᠯᠴᠢᠭᠡᠷ᠎ᠦᠨ ᠰᠤᠯᠠ ᠰᠡᠯᠡᠭᠦᠦ ᠲᠠᠭ᠋ᠠᠲᠠᠢ ᠪᠠᠢᠳᠠᠯ᠎ᠢ ᠠᠮᠢᠳᠤᠯᠢᠭ᠋᠎ᠢᠶᠠᠷ ᠰᠡᠷᠭᠦᠭᠡᠵᠡᠢ; ᠡᠭᠦᠨ᠎ᠳᠦ ᠠᠬᠤᠢ ᠲᠠᠯᠠᠪᠠᠶ᠎ᠳᠤ ᠪᠠᠢᠭ᠎ᠠ ᠮᠣᠩᠭᠣᠯ ᠭᠡᠷ ᠨᠢ ᠭᠡᠷᠡᠯ ᠵᠢᠷᠤᠭ ᠠᠪᠴᠤ ᠺᠠᠷᠲ᠋ᠠᠯᠠᠬᠤ ᠬᠠᠯᠠᠭᠤᠨ ᠴᠡᠭ ᠪᠣᠯᠬᠤ᠎ᠪᠠᠷ ᠪᠠᠷᠠᠬᠤ ᠦᠭᠡᠢ ᠂ ᠨᠠᠩ ᠴᠤ᠌ ᠤᠮᠠᠷᠠᠲᠤ ᠬᠢᠯᠢ ᠶ᠋ᠢᠨ ᠭᠦᠨ ᠵᠤᠵᠠᠭᠠᠨ ᠰᠣᠶᠣᠯ᠎ᠤᠨ ᠠᠭᠤᠯᠬᠤᠨ ᠢ᠋ ᠳᠡᠯᠭᠡᠨ ᠦᠵᠡᠭᠦᠯᠬᠦ ᠴᠣᠩᠬᠣ᠌ ᠪᠣᠯᠬᠤ ᠨᠢ ᠬᠠᠮᠤᠭ ᠠ᠋ᠴᠠ ᠢᠯᠡᠭᠦᠦ ᠠᠩᠬᠠᠷᠤᠯ ᠢ᠋ ᠲᠠᠲᠠᠵᠠᠢ᠃
ᠴᠠᠭᠠᠨ ᠢᠳᠡᠭᠡᠨ᠎ᠤ ᠤᠷᠤᠨ᠎ᠳᠤ᠂ ᠰᠣᠩᠭᠤᠳᠠᠭ ᠴᠡᠪᠡᠷ ᠦᠨᠢᠶᠡᠨ ᠰᠦ᠂ ᠬᠠᠩᠬᠤᠯᠤᠮ᠎ᠠ ᠠᠮᠲᠠᠲᠠᠢ ᠡᠭᠡᠳᠡᠭᠰᠡᠨ ᠰᠦᠡᠴᠡ 《 ᠡᠯᠡᠰᠦᠨ᠎ᠦ ᠴᠠᠭ᠋ᠠᠨ ᠠᠯᠳᠠ》 ᠪᠣᠯᠬᠤ ᠲᠡᠮᠡᠭᠡᠨ ᠰᠦ ᠬᠦᠷᠲᠡᠯ᠎ᠡ᠂ ᠪᠠᠰᠠ ᠬᠤᠷᠤᠳ᠂ ᠥᠷᠥᠮ᠎ᠡ ᠵᠡᠷᠭᠡ ᠤᠯᠠᠮᠵᠢᠯᠠᠯᠲᠤ ᠴᠠᠭᠠᠨ ᠢᠳᠡᠭᠡ ᠪᠠᠢᠳᠠᠭ; ᠦᠬᠡᠷ ᠬᠤᠨᠢᠨ ᠮᠢᠬ᠎ᠠ᠎ᠳᠤ ᠰᠢᠯᠢ᠎ᠶᠢᠨ ᠭᠣᠣᠯ᠎ᠤᠨ ᠬᠤᠨᠢᠨ ᠮᠢᠬ᠎ᠠ ᠪᠣᠯᠣᠨ ᠬᠣᠷᠴᠢᠨᠦ ᠦᠬᠡᠷ᠎ᠦᠨ ᠮᠢᠬ᠎ᠠ ᠬᠤᠷᠠᠵᠤ᠂ ᠦᠬᠡᠷ᠎ᠦᠨ ᠬᠠᠪᠢᠷᠭ᠎ᠠ᠂ ᠮᠢᠬᠠᠨ ᠣᠷᠢᠶᠠᠮᠠᠭ ᠵᠡᠷᠭᠡ ᠤᠯᠠᠨ ᠵᠦᠢᠯ᠎ᠦᠨ ᠬᠡᠯᠪᠡᠷᠢ᠎ᠪᠡᠷ ᠢᠯᠡᠷᠡᠵᠡᠢ; ᠰᠡᠯᠡᠭᠦᠴᠡᠯ᠎ᠤᠨ ᠣᠨᠴᠠᠯᠢᠭ᠍ᠲᠤ ᠢᠳᠡᠭᠡᠨ᠎ᠤ ᠤᠷᠤᠨ᠎ᠳᠤ ᠨᠡᠷᠡᠲᠡᠢ ᠨᠠᠷᠠᠲᠤ ᠲᠡᠮᠳᠡᠭ ᠰᠠᠨ ᠫᠠᠩ ᠳ᠋ᠠᠨ ᠨᠠᠷᠠᠨ ᠬᠤᠸᠠᠷ᠎ᠤᠨ ᠦᠷ᠎ᠡ ᠵᠡᠷᠭᠡ ᠵᠢᠭᠤᠯᠴᠢᠯᠠᠯ᠎ᠤᠨ ᠬᠡᠯᠪᠡᠷᠢ᠎ᠶᠢ ᠲᠦᠯᠬᠢᠨ ᠭᠠᠷᠭ᠋ᠠᠵᠦ᠂ ᠦᠬᠡᠷ᠎ᠤᠨ ᠮᠢᠬ᠎ᠠ᠎ᠶ᠋ᠢ ᠲᠤᠰᠠᠭᠠᠷ ᠪᠣᠭᠤᠳᠠᠯᠯᠠᠵᠤ᠂ ᠬᠣᠪᠳᠣᠭ᠎ᠢᠶᠠᠨ ᠲᠠᠢ᠌ᠯᠬᠤ᠎ᠳᠤ ᠳᠥᠭᠦᠮ ᠪᠦᠭᠡᠳ ᠳᠠᠷᠤᠭ᠋ᠠᠰᠦ ᠦᠭᠡᠢ ᠪᠠᠢ᠌ᠳᠠᠭ; ᠣᠨᠴᠠᠯᠢᠭ᠍ᠲᠤ ᠤᠮᠳᠠᠭᠠᠨ᠎ᠤ ᠣᠷᠣᠨ᠎ᠳᠤ ᠬᠦᠴᠢᠯᠯᠢᠭ ᠱᠢᠬᠢᠷᠯᠢᠭ ᠴᠢᠴᠠᠷᠭᠠᠨ᠎ᠠ᠎ᠶ᠋ᠢᠨ ᠱᠢᠭᠦᠰᠦ᠂ ᠰᠢᠮ᠎ᠡ ᠲᠡᠵᠢᠭᠡᠯ᠎ᠤᠨ ᠬᠤᠨᠴᠢᠷ᠎ᠲᠠᠢ ᠴᠠᠢ᠂ ᠴᠠᠭᠠᠨ ᠭᠤᠶᠣᠣ ᠴᠠᠢ᠂ ᠦᠵᠦᠮ᠎ᠤᠨ ᠠᠷᠢᠬᠢ᠂ ᠰᠠᠭ᠋ᠠᠯᠢ᠎ᠶᠢᠨ ᠠᠷᠢᠬᠢ ᠵᠡᠷᠭᠡ ᠣᠨᠴᠠᠯᠢᠭ᠍ᠲᠤ ᠤᠮᠳᠠᠭᠠᠨ᠎ᠨᠢ ᠲᠠᠯ᠎ᠠ ᠨᠤᠲᠤᠭ᠎ᠤᠨ ᠣᠮᠣᠭ᠍ᠰᠢᠯᠢ ᠳᠠᠮᠵᠢᠭᠤᠯᠵᠤ᠂ ᠥᠪᠥᠷ ᠮᠣᠩᠭᠤᠯ᠎ᠤᠨ ᠵᠤᠴᠢᠨ ᠳᠠᠢ᠌ᠯᠠᠬᠤ ᠶᠤᠰᠤ ᠵᠢᠷᠤᠮ ᠬᠢᠭᠡᠳ ᠡᠮᠲᠦ ᠢᠳᠡᠭᠡᠨ ᠠᠳᠠᠯᠢ ᠢᠷᠡᠯᠲᠡ ᠲᠠᠢ ᠪᠠᠢ᠌ᠬᠤ ᠣᠶᠤᠨ ᠤᠬᠠᠭᠠᠨ᠎ᠢ ᠲᠠᠢᠯᠪᠤᠷᠢᠯᠠᠨ᠎ᠠ; ᠰᠣᠶᠣᠯ᠎ᠤᠨ ᠡᠭᠦᠳᠦᠯᠲᠡ ᠪᠠ ᠨᠣᠣᠯᠣᠭᠤᠷ᠎ᠤᠨ ᠪᠦᠲᠦᠭᠡᠭᠳᠡᠬᠦᠨ᠎ᠦ ᠤᠷᠤᠨ᠎ᠳᠤ᠂ ᠤᠷᠠᠨ ᠳᠠᠷᠬᠠᠨ᠎ᠢᠶᠠᠷ ᠪᠦᠲᠦᠭᠡᠭᠰᠡᠨ ᠦᠨᠳᠦᠰᠦᠲᠡᠨ᠎ᠦ ᠬᠤᠪᠴᠠᠰᠤ ᠵᠠᠰᠠᠯ᠂ ᠮᠥᠩᠭᠥᠨ ᠵᠠᠰᠠᠯ ᠵᠡᠷᠭᠡ ᠪᠤᠳᠠᠰ᠎ᠤᠨ ᠪᠤᠰᠤ ᠪᠦᠲᠦᠭᠡᠭᠳᠡᠬᠦᠨ ᠨᠢ 《ᠨᠡᠭᠦᠳᠡᠯ ᠰᠣᠶᠣᠯ᠎ᠤᠨ ᠮᠦᠽᠧᠢ》 ᠪᠣᠯᠵᠤ᠂ ᠤᠮᠠᠷᠠᠲᠤ᠎ᠶᠢᠨ ᠭᠦᠨ ᠵᠤᠵᠠᠭᠠᠨ ᠰᠣᠶᠣᠯ᠎ᠤᠨ ᠠᠭᠤᠯᠬᠤᠨ᠎ᠢ ᠭᠣᠢᠳᠠ ᠰᠠᠢᠬᠠᠨ ᠬᠠᠷᠠᠭᠤᠯᠵᠠᠢ᠃ ᠢᠮᠠᠭᠠᠨ ᠨᠣᠣᠯᠣᠭᠤᠷ᠂ ᠲᠡᠮᠡᠭᠡᠨ ᠨᠣᠣᠯᠣᠭᠤᠷ᠎ᠢᠶᠠᠷ ᠬᠢᠭ᠌ᠰᠡᠨ ᠬᠦᠵᠦᠭᠦᠨ᠎ᠤ ᠣᠷᠢᠶᠠᠯᠲᠠ᠂ ᠨᠤᠤᠭᠤᠰᠤᠨ ᠬᠤᠪᠴᠠᠰᠤ ᠵᠡᠷᠭᠡ ᠨᠣᠣᠯᠣᠭᠤᠷ᠎ᠤᠨ ᠪᠦᠲᠦᠭᠡᠭ᠌ᠳᠡᠬᠦᠨ᠎ᠨᠢ 《ᠵᠥᠭᠡᠯᠡᠨ᠂ ᠬᠥᠩᠭᠡᠨ᠂ ᠳᠤᠯᠠᠭ᠋ᠠᠨ》 ᠳᠤᠯᠠᠭᠠᠨ ᠲᠠᠭᠠᠯᠠᠮᠵᠢᠲᠠᠢ ᠪᠠᠢᠬᠤ᠎ᠶᠢ ᠲᠠᠢ᠍ᠯᠪᠤᠷᠢᠯᠠᠨᠠ᠃ ᠢᠳᠡᠭᠡᠨ ᠤᠮᠳᠠᠭᠠᠨ᠎ᠤ ᠤᠷᠤᠨ᠎ᠳᠤ ᠭᠤᠤᠯᠳᠠᠭᠤ᠂ 《ᠠᠬᠤᠢ ᠲᠠᠯᠠᠪᠠᠢ᠎ᠳᠤ ᠦᠢᠯᠡᠳᠬᠦ᠂ ᠳᠠᠷᠤᠢ ᠳ᠋ᠤᠨᠢ ᠠᠮᠲᠠᠯᠠᠬᠤ》᠂ ᠬᠤᠨᠢᠨ ᠮᠢᠬᠠᠨ᠎ᠤ ᠱᠣᠣᠮᠠᠢ᠂ ᠬᠤᠨᠢᠨ ᠬᠣᠯᠢᠴᠠ᠂ ᠰᠢᠷᠠᠭᠰᠠᠨ ᠬᠤᠨᠢᠨ ᠮᠢᠬᠠᠨ᠎ᠤ ᠱᠣᠷᠣᠯᠠᠭ ᠵᠡᠷᠭᠡ ᠵᠢᠩᠬᠢᠨᠢ ᠠᠮᠲᠠᠲᠤ ᠢᠳᠡᠭᠡᠨ ᠨᠢ ᠵᠤᠭᠠᠴᠠᠭᠰᠠᠳ᠎ᠲᠤ ᠥᠪᠥᠷ ᠮᠣᠩᠭᠣᠯ᠎ᠤᠨ ᠢᠳᠡᠭᠡᠨ ᠤᠮᠳᠠᠭᠠᠨ᠎ᠤ ᠰᠣᠶᠣᠯ᠎ᠤᠨ ᠲᠠᠩᠰᠤᠭ ᠰᠠᠢᠬᠠᠨ᠎ᠢ ᠰᠢᠭᠤᠳ ᠮᠡᠳᠡᠷᠡᠭᠦᠯᠵᠡᠢ᠃

《 ᠬᠤᠳᠠᠯᠳᠤᠨ ᠠᠪᠬᠤ》 ᠪᠠ 《 ᠢᠳᠡᠬᠦ᠌》 ᠠᠴᠠ ᠭᠠᠳᠠᠨ᠎ᠠ᠂ ᠬᠠᠷᠢᠯᠴᠠᠨ ᠦᠢᠯᠡᠳᠦᠯᠴᠡᠵᠦ ᠪᠡᠶᠡᠴᠢᠯᠡᠨ ᠣᠢᠯᠠᠭᠠᠬᠤ ᠨᠢ ᠨᠡᠩ ᠴᠤ᠌ ᠪᠠᠰᠠ ᠨᠢᠭᠡᠨ ᠬᠢᠯᠠᠰ ᠴᠡᠭ ᠪᠣᠯᠤᠨ᠎ᠠ᠃ ᠮᠣᠩᠭᠤᠯ ᠬᠡᠷ᠎ᠤᠨ ᠪᠡᠶᠡᠴᠢᠯᠡᠨ ᠣᠢᠯᠠᠭᠠᠬᠤ ᠣᠷᠣᠨ᠎ᠳᠤ᠂ ᠬᠥᠮᠥᠰ ᠮᠣᠩᠭᠣᠯ ᠭᠡᠷ᠎ᠦᠨ 《 ᠬᠠᠨ᠎ᠠ 》 ᠰᠠᠷᠠᠯᠵᠢ᠎ᠶᠢ ᠢᠯᠪᠢᠵᠦ ᠵᠢᠷᠤᠭ ᠠᠪᠴᠤ ᠳᠤᠷᠠᠰᠬᠠᠯ ᠦᠯᠡᠳᠡᠭᠡᠬᠦ᠎ᠶᠢ ᠰᠤᠨᠢᠷᠬᠠᠵᠦ᠂ ᠬᠣᠨᠢᠨ ᠠᠷᠠᠰᠤᠨ ᠵᠢᠷᠤᠭ᠎ᠤᠨ ᠡᠮᠦᠨ᠎ᠡ ᠵᠣᠭᠰᠣᠨ ᠰᠣᠨᠢᠷᠬᠠᠵᠤ᠂ ᠮᠣᠩᠭᠣᠯ ᠦᠨᠳᠦᠰᠦᠲᠡᠨ᠎ᠦ ᠤᠯᠠᠮᠵᠢᠯᠠᠯᠲᠤ ᠰᠦ᠎ᠲᠠᠢ ᠴᠠᠢ ᠶ᠋ᠢᠨ ᠲᠣᠭᠣᠭ᠎ᠠ ᠶ᠋ᠢ ᠰᠡᠭᠦᠳᠡᠷᠯᠡᠨ ᠠᠪᠴᠤ ᠨᠠᠢᠵᠠ ᠨᠠᠷ᠎ᠤᠨ ᠲᠣᠭᠣᠷᠢᠭ᠋᠎ᠲᠤ ᠪᠠᠨ ᠲᠠᠷᠬᠠᠭ᠋ᠠᠵᠤ᠂ ᠮᠣᠩᠭᠣᠯ ᠦᠨᠳᠦᠰᠦᠲᠡᠨ᠎ᠦ ᠠᠮᠢᠳᠤᠷᠠᠯ᠎ᠤᠨ ᠰᠣᠶᠣᠯ᠎ᠤᠨ ᠥᠪᠡᠷᠮᠢᠴᠡ ᠷᠢᠳᠢ ᠰᠢᠳᠢ ᠶ᠋ᠢ ᠪᠠᠬᠠᠷᠬᠠᠨ ᠤᠢ᠌ᠯᠠᠭ᠋ᠠᠨᠠ ᠁ 《 ᠤᠤᠯ ᠨᠢ ᠵᠥᠪᠬᠡᠨ ᠲᠣᠭᠣᠷᠢᠬᠤ᠎ᠪᠠᠷ ᠢᠷᠡᠭᠰᠡᠨ ᠶᠤᠮ᠂ ᠥᠪᠥᠷ ᠮᠣᠩᠭᠣᠯ᠎ᠤᠨ ᠰᠣᠶᠣᠯ ᠢ᠋ ᠢᠩᠭᠢᠵᠦ ᠭᠦᠨᠵᠡᠭᠡᠢ ᠣᠢᠯᠠᠭᠠᠵᠤ ᠴᠢᠳᠠᠨ᠎ᠠ ᠭᠡᠵᠦ ᠰᠠᠨᠠᠭᠠᠨ᠎ᠳᠤ ᠦᠭᠡᠢ᠂ ᠬᠡᠦᠬᠡᠳ᠎ᠦᠳ ᠨᠠᠭ᠋ᠠᠳᠤᠬᠤᠶᠢᠨ ᠳᠠᠭ᠋ᠠᠤ ᠰᠤᠷᠴᠦ ᠡᠵᠡᠮᠰᠢᠨ᠂ ᠪᠢᠳᠡ ᠪᠠᠰᠠ ᠨᠢᠳᠦ ᠨᠡᠬᠡᠬᠡᠵᠦ᠂ ᠡᠨᠡ ᠤᠳᠠᠭᠠᠨ᠎ᠤ ᠠᠶᠠᠯᠠᠯ ᠢ᠋ ᠲᠠᠯᠠᠭᠠᠷ ᠦᠩᠭᠡᠷᠡᠭᠦᠯᠦᠭᠰᠡᠨ ᠦᠭᠡᠢ》 ᠭᠡᠵᠦ ᠨᠢᠭᠡᠨ ᠬᠡᠦᠬᠡᠳ᠎ᠢᠶᠡᠨ ᠳᠠᠭ᠋ᠠᠭᠤᠯᠤᠭᠰᠠᠨ ᠡᠵᠢ ᠪᠠᠶᠠᠷᠲᠠᠢ᠎ᠪᠠᠷ ᠬᠤᠪᠢᠶᠠᠯᠴᠠᠪᠠ᠃

ᠴᠠᠭᠠᠨ ᠢᠳᠡᠭᠡᠨ᠎ᠦ ᠳᠡᠯᠭᠡᠨ ᠦᠵᠡᠭᠦᠯᠬᠦ ᠤᠷᠤᠨ᠎ᠳᠤ᠂ ᠨᠢᠭᠡᠨ ᠵᠠᠯᠠᠭᠤ ᠡᠮᠡᠭᠲᠡᠢ ᠨᠡᠷᠡᠭᠰᠡᠨ ᠡᠭᠡᠳᠡᠭᠰᠡᠨ ᠰᠦ ᠶ᠋ᠢ ᠠᠮᠲᠠᠯᠠᠵᠤ ᠦᠵᠡᠭᠰᠡᠨ᠎ᠦ᠎ᠪᠡᠨ ᠳᠠᠷᠠᠭ᠎ᠠ ᠬᠣᠶᠠᠷ ᠬᠠᠢᠷᠴᠠᠭ ᠵᠠᠬᠢᠶᠠᠯᠠᠪᠠ᠃ 《ᠠᠮᠲᠠ᠎ᠨᠢ ᠮᠠᠰᠢ ᠰᠠᠢᠨ᠂ ᠨᠡᠮᠡᠯᠲᠡ ᠡᠳ᠋ ᠭᠡᠵᠦ᠍ ᠪᠠᠢᠬᠤ ᠥᠬᠡᠶ᠂ ᠬᠡᠤᠬᠡᠳ᠎ᠲᠤ᠎ᠪᠡᠨ ᠢᠳᠡᠭᠦᠯᠬᠦ᠎ᠳᠦ ᠮᠠᠰᠢ ᠰᠠᠨᠠᠭ᠎ᠠ ᠠᠮᠤᠷ ᠪᠠᠢᠨ᠎ᠠ》 ᠭᠡᠵᠡᠢ᠃ ᠲᠡᠷᠡ᠂ ᠡᠭᠦᠨ᠎ᠠᠴᠠ ᠡᠮᠦᠨ᠎ᠡ ᠭᠤᠤᠯᠳᠠᠭᠤ ᠡᠯᠧᠺᠲᠷᠣᠨ ᠬᠤᠳᠠᠯᠳᠤᠭ᠎ᠠ᠎ᠪᠠᠷ ᠳᠠᠮᠵᠢᠭᠤᠯᠤᠨ ᠥᠪᠥᠷ ᠮᠣᠩᠭᠤᠯ᠎ᠤᠨ ᠣᠨᠴᠠ ᠭᠠᠷᠤᠯᠲᠠ᠎ᠶ᠋ᠢ ᠬᠤᠳᠠᠯᠳᠤᠨ ᠠᠪᠴᠦ ᠪᠠᠢ᠌ᠪᠠ᠂ ᠭᠡᠪᠡᠴᠦ ᠰᠦᠯᠵᠢᠶᠡᠨ ᠭᠠᠳᠠᠨᠠᠬᠢ ᠣᠢᠯᠠᠭᠠᠯᠲᠠ᠎ᠨᠢ ᠲᠡᠭᠦᠨ᠎ᠢ ᠨᠠᠷᠠᠲᠤ ᠲᠡᠮᠳᠡᠭᠲᠦ ᠨᠠᠩ ᠱᠢᠭᠤᠳ ᠢᠲᠡᠭᠡᠯ᠎ᠲᠠᠢ ᠪᠣᠯᠭᠠᠵᠠᠶ᠃
ᠢᠮᠠᠭᠠᠨ ᠨᠤᠤᠯᠤᠭᠤᠷ᠎ᠤᠨ ᠪᠦᠲᠦᠭᠡᠭᠳᠡᠬᠦᠨ᠎ᠦ ᠳᠡᠯᠭᠡᠨ ᠦᠵᠡᠭᠦᠯᠬᠦ ᠪᠠᠢᠷᠢ ᠨᠢ ᠨᠡᠩ ᠴᠤ᠌ 《ᠴᠢᠨᠠᠷ ᠰᠠᠢᠲᠠᠢ ᠠᠮᠢᠳᠤᠷᠠᠭ᠍ᠴᠢ》 ᠨᠠᠷ᠎ᠤᠨ ᠴᠤᠭᠯᠠᠷᠠᠬᠤ ᠭᠠᠵᠠᠷ ᠪᠣᠯᠤᠭᠰᠠᠨ ᠪᠠᠢᠨ᠎ᠠ᠃ ᠨᠠᠨᠱᠠᠨ ᠠ᠋ᠴᠠ ᠢᠷᠡᠭᠰᠡᠨ ᠸᠠᠩ ᠠᠪᠠᠬᠠᠢ ᠳᠠᠬᠢᠨ ᠳᠠᠪᠲᠠᠨ ᠠᠳᠠᠯᠢᠳᠬᠠᠭᠰᠠᠨᠤ ᠳᠠᠷᠠᠭ᠎ᠠ᠂ ᠢᠮᠠᠭ᠋ᠠᠨ ᠨᠤᠤᠯᠤᠭᠤᠷ᠎ᠤᠨ ᠬᠦᠵᠦᠭᠦᠨ ᠣᠷᠢᠶᠠᠯᠲᠠ ᠰᠤᠩᠭᠤᠨ ᠬᠤᠳᠠᠯᠳᠤᠨ ᠠᠪᠬᠤ᠎ᠳᠤ᠎ᠪᠠᠨ᠄ 《 ᠥᠪᠥᠷ ᠮᠣᠩᠭᠣᠯ᠎ᠤᠨ ᠨᠤᠤᠯᠤᠭᠤᠷ ᠢ᠋ ᠰᠠᠢᠨ ᠭᠡᠵᠦ ᠬᠡᠵᠢᠶᠡᠨᠡᠢ ᠰᠣᠨᠣᠰᠤᠭᠰᠠᠨ᠂ ᠥᠨᠥᠳᠥᠷ ᠲᠡᠮᠲᠡᠷᠢᠬᠦ᠎ᠳᠦ ᠦᠨᠡᠬᠡᠷ ᠬᠣᠭᠣᠰᠤᠨ ᠨᠡᠷ᠎ᠡ ᠪᠤᠰᠤ ᠪᠠᠢ᠌ᠵᠠᠢ᠂ ᠬᠥᠩᠭᠡᠨ ᠮᠥᠷᠲᠡᠭᠡᠨ ᠳᠤᠯᠠᠭᠠᠨ ᠪᠠᠢᠨ᠎ᠠ 》 ᠭᠡᠪᠡ ᠃

ᠱᠧᠨᠵᠧᠨ᠎ᠦ ᠬᠤᠳᠠ᠎ᠶᠢᠨ ᠠᠷᠠᠳ᠎ᠤᠨ ᠬᠠᠯᠠᠭᠤᠨ ᠰᠡᠳᠬᠢᠯᠭᠡ᠎ᠶᠢᠨ ᠡᠮᠦᠨ᠎ᠡ᠂ ᠠᠵᠤ ᠠᠬᠤᠢᠯᠠᠯ ᠲᠤᠢᠯ᠎ᠢᠶᠠᠷ ᠤᠷᠮᠠᠰᠢᠨ ᠵᠣᠷᠢᠭ᠍ᠵᠢᠪᠠ᠃ ᠡᠯ᠎ᠡ ᠠᠵᠤ ᠠᠬᠤᠢᠯᠠᠯ᠎ᠤᠨ ᠬᠠᠷᠢᠭᠤᠴᠠᠯᠭᠠᠲᠠᠨ᠎ᠨᠢ᠄ 《ᠱᠧᠨᠵᠧᠨ᠎ᠤ ᠬᠡᠷᠡᠭ᠌ᠯᠡᠭ᠌ᠴᠢᠳ᠎ᠤᠨ ᠬᠤᠳᠠᠯᠳᠤᠨ ᠠᠪᠬᠤ ᠴᠢᠳᠠᠪᠤᠷᠢ ᠪᠠ ᠴᠢᠨᠠᠷ ᠰᠠᠢᠲᠠᠶ ᠦᠢᠯᠡᠳᠬᠦᠨ᠎ᠤ ᠢᠯᠭᠠᠨ ᠲᠠᠨᠢᠬᠤ ᠴᠢᠳᠠᠪᠤᠷᠢ᠎ᠨᠢ ᠪᠢᠳᠡᠨ᠎ᠳᠤ ᠭᠦᠨ ᠰᠠᠭᠤᠭ᠍ᠳᠠᠯ ᠥᠭ᠌ᠪᠡ᠃ ᠲᠣᠰ ᠤᠳᠠᠭᠠᠨ᠎ᠤ ᠠᠵᠢᠯᠯᠠᠭ᠎ᠠ᠎ᠨᠢ ᠪᠢᠳᠡᠨ᠎ᠤ ᠡᠮᠦᠨᠡᠲᠦ ᠣᠷᠣᠨ᠎ᠤ ᠵᠠᠬ᠎ᠠ ᠳᠡᠯᠭᠡᠭᠦᠷ᠎ᠢ ᠤᠨᠤᠴᠠᠲᠠᠢ ᠨᠡᠭᠡᠭᠡᠬᠦ᠌᠎ᠳᠤ ᠡᠷᠬᠢᠮ ᠨᠠᠨᠳᠢᠨ ᠦᠨᠳᠦᠰᠦᠯᠡᠯ ᠪᠣᠯᠤᠭ᠍ᠰᠠᠨ ᠪᠠᠢᠨ᠎ᠠ》 ᠭᠡᠵᠦ᠍ ᠬᠡᠯᠡᠪᠡ᠃ ᠮᠢᠬᠠᠨ᠎ᠤ ᠠᠵᠤ ᠠᠬᠤᠢᠯᠠᠯ᠎ᠤᠨ ᠬᠠᠷᠢᠭᠤᠴᠠᠯᠭᠠᠲᠠᠨ ᠡᠭᠦᠨ᠎ᠤ ᠳᠤᠮᠳᠠ᠎ᠠᠴᠠ ᠨᠠᠷᠠᠲᠤ ᠲᠡᠮᠳᠡᠭ᠎ᠦᠨ ᠦᠨ᠎ᠡ ᠥᠰᠭᠦ ᠪᠣᠯᠤᠯᠴᠠᠭ᠎ᠠ᠎ᠶ᠋ᠢ ᠨᠠᠩ ᠣᠯᠵᠤ ᠬᠠᠷᠠᠪᠠ᠂ ᠲᠡᠷᠡ᠄ 《 ᠬᠡᠷᠡᠭᠯᠡᠭᠴᠢᠳ ᠳᠡᠯᠭᠡᠭᠦᠷ᠎ᠲᠦ ᠣᠷᠣᠮᠠᠭᠴᠠ 〈 ᠲᠠᠯ᠎ᠠ ᠨᠤᠲᠤᠭ᠎ᠤᠨ ᠬᠣᠨᠢ 〉 ᠂ 〈 ᠡᠪᠡᠰᠦ ᠪᠣᠷᠳᠣᠭ᠎ᠠ ᠦᠬᠡᠷ 〉 ᠢ᠋ ᠠᠰᠠᠭᠤᠵᠤ ᠪᠠᠢᠭ᠎ᠠ ᠨᠢ ᠲᠡᠭᠦᠨ᠎ᠦ ᠭᠠᠷᠤᠯᠲᠠ ᠶ᠋ᠢᠨ ᠣᠷᠣᠨ ᠪᠣᠯᠣᠨ ᠲᠡᠵᠢᠭᠡᠪᠦᠷᠢ ᠶ᠋ᠢᠨ ᠠᠷᠭ᠎ᠠ ᠮᠠᠶᠢᠭ᠋ ᠢ᠋ ᠮᠡᠳᠡᠷᠡᠵᠦ ᠪᠠᠢᠭ᠎ᠠ ᠶ᠋ᠢ ᠬᠠᠷᠠᠭᠤᠯᠵᠤ ᠪᠠᠢᠭ᠎ᠠ ᠶᠤᠮ᠂ ᠡᠨᠡ ᠨᠢ ᠠᠵᠤ ᠠᠬᠤᠢᠯᠠᠯ᠎ᠤᠨ ᠨᠡᠷᠡᠲᠦ ᠲᠡᠮᠳᠡᠭᠵᠢᠭᠦᠯᠬᠦ᠂ ᠳᠡᠭᠡᠳᠦ ᠳᠡᠰᠵᠢᠭᠦᠯᠬᠦ ᠵᠠᠮ᠎ᠢᠶᠠᠷ ᠵᠠᠮᠨᠠᠬᠤ ᠡᠷᠡᠰ ᠵᠣᠷᠢᠭ᠋ ᠢ᠋ ᠪᠠᠲᠤᠳᠬᠠᠵᠠᠢ 》 ᠭᠡᠵᠦ᠍ ᠵᠢᠭᠠᠵᠤ ᠭᠠᠷᠭᠠᠪᠠ᠃
ᠭᠤᠷᠪᠠ ᠂ ᠠᠯᠤᠰ ᠬᠡᠲᠦ᠎ᠶᠢᠨ ᠠᠴᠢ ᠬᠣᠯᠪᠣᠭᠳᠠᠯ᠎ᠲᠠᠢ ᠄ 《 ᠦᠨᠦᠷ ᠠᠮᠲᠠ 》 ᠠ᠋ᠴᠠ ᠡᠭᠦᠰᠴᠦ ᠂ ᠣᠷᠣᠨ ᠪᠦᠰᠡ᠎ᠶᠢᠨ ᠬᠠᠮᠲᠤᠷᠠᠯᠴᠠᠭᠠᠨ᠎ᠤ ᠰᠢᠨ᠎ᠡ ᠵᠠᠭᠪᠤᠷ᠎ᠢ ᠪᠣᠶ ᠪᠣᠯᠭᠠᠨ᠎ᠠ
《ᠦᠪᠦᠷ ᠮᠤᠩᠭᠤᠯ᠎ᠤᠨ ᠦᠨᠤᠷ ᠠᠮᠳᠠ᠎ᠳᠡᠬᠢ ᠪᠦᠬᠦ᠌ ᠤᠯᠤᠰ᠎ᠤᠨ ᠠᠶᠠᠯᠠᠯ》 ᠨᠢ ᠶᠡᠭᠡ ᠪᠤᠯᠤᠩ᠎ᠤᠨ ᠣᠷᠣᠨ᠎ᠳᠤ ᠣᠷᠣᠵᠤ᠂ ᠲᠡᠭᠦᠨ᠎ᠤ ᠠᠴᠢ ᠬᠤᠯᠪᠣᠭ᠍ᠳᠠᠯ᠎ᠨᠢ ᠨᠢᠭᠡ ᠤᠳᠠᠭᠠᠨ᠎ᠤ ᠦᠶ᠋ᠯᠡᠳᠬᠦᠨ᠎ᠤ ᠲᠠᠨᠢᠯᠴᠠᠭᠤᠯᠭ᠎ᠠ᠎ᠪᠠᠷ ᠵᠣᠭ᠍ᠰᠣᠬᠤ ᠥᠬᠡᠶ᠂ ᠬᠠᠷᠢᠨ ᠨᠢᠭᠡ ᠤᠳᠠᠭᠠᠨ᠎ᠤ ᠠᠮᠵᠢᠯᠲᠠ ᠣᠯᠤᠭ᠍ᠰᠠᠨ ᠨᠠᠷᠠᠲᠤ ᠲᠡᠮᠳᠡᠭ᠎ᠦᠨ ᠥᠷᠲᠡᠭ᠎ᠤᠨ ᠭᠠᠷᠭᠠᠯᠲᠠ ᠮᠥᠨ᠂ ᠨᠢᠭᠡ ᠤᠳᠠᠭᠠᠨ᠎ᠤ ᠭᠦᠨᠵᠡᠭᠡᠶ ᠬᠤᠳᠠᠯᠳᠤᠭᠠᠨ᠎ᠤ ᠶᠠᠪᠤᠳᠠᠯ᠎ᠤᠨ ᠰᠣᠯᠢᠯᠴᠠᠭᠠᠨ᠎ᠤ ᠦᠶ᠋ᠯᠡᠳᠦᠯᠭᠡ ᠮᠥᠨ᠂ ᠨᠠᠩ ᠴᠤ᠌ ᠨᠢᠭᠡ ᠤᠳᠠᠭᠠᠨ᠎ᠤ ᠭᠠᠷᠮᠠᠭᠠᠶ ᠦᠷ᠎ᠡ ᠪᠦᠲᠦᠮᠵᠢᠲᠡᠶ ᠣᠷᠣᠨ ᠪᠦᠰᠡ᠎ᠶ᠋ᠢᠨ ᠬᠠᠮᠲᠤᠷᠠᠯᠴᠠᠭ᠎ᠠ ᠮᠥᠨ᠃
ᠲᠣᠰ ᠤᠳᠠᠭᠠᠨ᠎ᠤ ᠠᠵᠢᠯᠯᠠᠭ᠎ᠠ᠎ᠨᠢ 《ᠰᠦᠯᠵᠢᠶᠡᠨ ᠳᠡᠭᠡᠷ᠎ᠡ ᠤᠷᠤᠰᠭᠠᠯ ᠲᠠᠲᠠᠬᠤ + ᠰᠦᠯᠵᠢᠶᠡᠨ᠎ᠤ ᠭᠠᠳᠠᠭᠤᠷᠬᠢ ᠪᠡᠶᠡᠴᠢᠯᠡᠨ ᠣᠢᠯᠠᠭᠠᠬᠤ》 ᠵᠠᠭ᠍ᠪᠤᠷ᠎ᠢᠶᠠᠷ ᠳᠠᠮᠵᠢᠭᠤᠯᠤᠨ᠂ 《ᠪᠣᠬᠢᠷᠲᠤᠯ ᠥᠬᠡᠶ᠂ ᠠᠮᠢ ᠠᠬᠤᠶ᠂ ᠴᠤᠯ ᠪᠠᠢ᠌ᠭ᠋ᠠᠯᠢᠯᠢᠭ》 ᠨᠠᠷᠠᠲᠤ ᠲᠡᠮᠳᠡᠭ᠎ᠦᠨ ᠭᠤᠤᠯᠯᠠᠬᠤ ᠥᠷᠲᠡᠭ᠎ᠢ ᠬᠠᠮᠤᠭ᠎ᠤᠨ ᠱᠢᠭᠤᠳ ᠠᠷᠭ᠎ᠠ ᠮᠠᠶᠢᠭ᠎ᠢᠶᠠᠷ ᠶᠡᠭᠡ ᠪᠤᠯᠤᠩ᠎ᠤᠨ ᠣᠷᠣᠨ᠎ᠤ ᠬᠡᠷᠡᠭ᠌ᠯᠡᠭ᠌ᠴᠢᠳ᠎ᠲᠤ ᠠᠪᠴᠢᠷᠠᠭ᠍ᠰᠠᠨ ᠪᠠᠢᠨ᠎ᠠ᠃ ᠲᠡᠷᠡ ᠪᠣᠯ ᠰᠣᠶᠣᠯ᠎ᠤᠨ ᠨᠡᠪᠲᠡᠷᠡᠯᠴᠡᠭᠡ᠎ᠶ᠋ᠢᠨ ᠬᠥᠭᠦᠷᠭᠡ ᠮᠥᠨ᠂ ᠶᠡᠭᠡ ᠪᠤᠯᠤᠩ᠎ᠤᠨ ᠣᠷᠣᠨ᠎ᠤ ᠵᠤᠭᠠᠴᠠᠭ᠍ᠰᠠᠳ ᠬᠤᠲᠠ᠎ᠶ᠋ᠢᠨ ᠠᠷᠠᠳ᠎ᠢ ᠠᠮᠲᠠᠲᠤ ᠢᠳᠡᠭᠡᠨ ᠠᠮᠲᠠᠯᠠᠬᠤ᠂ ᠬᠠᠷᠢᠯᠴᠠᠨ ᠬᠥᠳᠡᠯᠦᠯᠴᠡᠬᠦ᠌᠎ᠳᠤ ᠣᠷᠣᠯᠴᠠᠭᠤᠯᠬᠤ ᠶᠠᠪᠤᠴᠠ᠎ᠳᠤ᠂ ᠨᠠᠩ ᠴᠤ᠌ ᠪᠣᠰᠤᠭ᠎ᠠ ᠴᠣᠭ᠍ᠴᠠᠲᠤ᠌᠂ ᠦᠨᠡᠨ ᠪᠣᠳᠠᠲᠠᠶ᠂ ᠣᠳᠣ ᠦᠶ᠎ᠡ᠎ᠶ᠋ᠢᠨ ᠠᠭᠤᠷ ᠠᠮᠢᠰᠭᠤᠯ᠎ᠢᠶᠠᠷ ᠪᠢᠯᠬᠠᠭ᠍ᠰᠠᠨ ᠥᠪᠥᠷ ᠮᠣᠩᠭᠤᠯ᠎ᠤᠨ ᠳᠦᠷᠢ ᠲᠥᠷᠬᠦ᠌᠎ᠶ᠋ᠢ ᠪᠠᠢᠭᠤᠯᠬᠤ᠎ᠶ᠋ᠢᠨ ᠬᠠᠮᠲᠤ ᠨᠠᠩ ᠴᠤ᠌ ᠠᠵᠤ ᠦᠢᠯᠡᠰ᠎ᠤᠨ ᠬᠠᠮᠵᠢᠯᠴᠠᠭᠠᠨ᠎ᠤ ᠡᠬᠢᠯᠡᠭᠦᠯᠬᠦ᠌ ᠲᠠᠪᠴᠠᠩ ᠮᠥᠨ᠃ ᠠᠵᠢᠯᠯᠠᠭ᠎ᠠ᠎ᠶ᠋ᠢᠨ ᠬᠤᠭᠤᠴᠠᠭᠠᠨ᠎ᠳᠤ᠂ ᠵᠢᠵᠢᠭ᠌ᠯᠡᠨ ᠬᠤᠳᠠᠯᠳᠤᠬᠤ᠎ᠪᠠᠷ ᠪᠠᠷᠠᠬᠤ ᠥᠬᠡᠶ᠂ ᠨᠠᠩ ᠶᠡᠭᠡ ᠬᠡᠮᠵᠢᠶᠡᠨ᠎ᠤ B2B ᠵᠤᠯᠭᠠᠯᠳᠤᠯᠭᠠᠲᠠᠢ ᠪᠠᠢᠵᠤ᠂ ᠥᠪᠥᠷ ᠮᠣᠩᠭᠤᠯ᠎ᠤᠨ ᠴᠢᠨᠠᠷ ᠰᠠᠢᠲᠠᠶ ᠦᠢᠯᠡᠳᠬᠦᠨ᠎ᠤ ᠭᠠᠳᠠᠭ᠍ᠰᠢ ᠭᠠᠷᠬᠤ᠎ᠳᠤ ᠨᠠᠩ ᠣᠯᠠᠨ ᠠᠵᠠ ᠲᠣᠬᠢᠶᠠᠯ ᠢ ᠣᠯᠭᠤᠭ᠍ᠰᠠᠨ ᠪᠠᠢᠨ᠎ᠠ᠃

ᠳᠠᠯᠠᠢ᠎ᠶᠢᠨ ᠰᠠᠯᠬᠢ ᠳᠤᠯᠠᠭᠠᠨ ᠠᠭᠤᠷ ᠠᠮᠢᠰᠬᠤᠯ᠎ᠢ ᠬᠦᠷᠭᠡᠵᠦ᠂ ᠲᠠᠯ᠎ᠠ ᠨᠤᠲᠤᠭ᠎ᠲᠤ ᠠᠩᠬᠢᠯᠤᠮ᠎ᠠ ᠦᠨᠦᠷ ᠬᠠᠩᠬᠤᠯᠤᠨ᠎ᠠ᠃ ᠶᠡᠬᠡ ᠪᠤᠯᠤᠩ᠎ᠤᠨ ᠣᠷᠣᠨ᠎ᠤ ᠰᠢᠨ᠎ᠡ᠎ᠶᠢ ᠡᠭᠦᠳᠬᠦ ᠠᠮᠢᠵᠢᠷᠠᠯ᠎ᠤᠨ ᠬᠦᠴᠦᠨ ᠥᠪᠥᠷ ᠮᠣᠩᠭᠣᠯ᠎ᠤᠨ ᠠᠮᠢ ᠠᠬᠤᠢ᠎ᠶᠢᠨ ᠥᠷᠭᠡᠨ ᠠᠭᠤᠳᠠᠮ ᠪᠠᠢᠳᠠᠯ᠎ᠳᠤ ᠤᠴᠠᠷᠠᠵᠤ᠂ ᠨᠢᠭᠡ ᠤᠳᠠᠭ᠎ᠠ᠎ᠶᠢᠨ ᠣᠷᠣᠨ ᠪᠦᠰᠡ᠎ᠶᠢᠨ ᠬᠠᠮᠲᠤᠷᠠᠯᠴᠠᠭ᠎ᠠ᠎ᠶᠢᠨ ᠵᠢᠷᠤᠭ ᠳᠦᠷᠰᠦ ᠲᠣᠳᠣᠷᠬᠠᠢ ᠢᠯᠡᠷᠡᠵᠦ ᠪᠠᠢᠨ᠎ᠠ᠃ 《ᠥᠪᠥᠷ ᠮᠣᠩᠭᠤᠯ᠎ᠤᠨ ᠦᠨᠦᠷ ᠠᠮᠲᠠ》 ᠦᠷᠭᠦᠯᠵᠢᠯᠡᠨ ᠲᠠᠯ᠎ᠠ ᠨᠤᠲᠤᠭ᠎ᠤᠨ ᠪᠣᠬᠢᠷᠲᠤᠯ ᠥᠬᠡᠶ ᠱᠢᠯᠢᠳᠡᠭ ᠪᠦᠲᠦᠭᠡᠭ᠌ᠳᠡᠬᠦᠨ᠎ᠢᠶᠠᠨ ᠠᠪᠴᠤ᠌ ᠶᠠᠪᠤᠵᠤ᠂ ᠠᠵᠤ ᠠᠬᠤᠢᠯᠠᠯ᠎ᠢ ᠬᠥᠲᠥᠯᠥᠨ ᠵᠢᠯᠣᠭᠤᠳᠴᠤ᠌ ᠪᠠᠢᠭᠠᠳ ᠭᠠᠳᠠᠭ᠍ᠰᠢ ᠭᠠᠷᠭᠠᠵᠤ᠂ ᠦᠢᠯᠡᠳᠬᠦᠨ᠎ᠢᠶᠡᠨ ᠨᠡᠩ ᠥᠷᠭᠡᠨ ᠠᠭᠤᠳᠠᠮ ᠲᠠᠪᠴᠠᠩ ᠥᠭᠡᠳᠡ ᠳᠠᠪᠰᠢᠭᠤᠯᠵᠤ᠂ ᠠᠮᠢ ᠠᠬᠤᠶ᠎ᠶ᠋ᠢᠨ ᠥᠪᠥᠷ ᠮᠣᠩᠭᠤᠯ᠎ᠤᠨ ᠱᠢᠯᠢᠳᠡᠭ ᠠᠵᠤ ᠠᠬᠤᠢᠯᠠᠯ᠎ᠳᠤ ᠨᠠᠩ ᠶᠡᠭᠡ ᠬᠥᠭ᠌ᠵᠢᠯᠲᠡ᠎ᠶ᠋ᠢᠨ ᠣᠷᠣᠨ ᠵᠠᠶ᠎ᠶᠢ ᠣᠯᠭᠤᠨ᠎ᠠ᠃