ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠣᠨᠴᠠᠯᠢᠭᠲᠤ᠌ ᠳᠠᠪᠴᠠᠩ
ᠲᠡᠷᠢᠭᠦᠨ ᠬᠠᠭᠤᠳᠠᠰᠤ   -   ᠦᠨᠦᠳᠣᠷ᠎ᠤᠨ ᠰᠣᠨᠢᠨ ᠮᠡᠳᠡᠭᠡ
《ᠥᠪᠥᠷ ᠮᠣᠩᠭᠤᠯ᠎ᠤᠨ ᠦᠨᠦᠷ ᠠᠮᠲᠠ》ᠠᠷᠠᠳ᠎ᠤᠨ ᠳᠡᠭᠡᠳᠦ ᠪᠠᠢᠴᠠᠭᠠᠬᠤ ᠬᠤᠷᠢᠶ᠎ᠠ᠎ᠳᠤ ᠣᠷᠣᠪᠠ
ᠨᠡᠶ᠋ᠢᠲᠡᠯᠡᠭᠰᠡᠨ ᠴᠠᠭ᠄ 2025-12-05

  ᠥᠪᠥᠷ ᠮᠣᠩᠭᠣᠯ᠎ᠤ᠋ᠨ ᠰᠢᠯᠢᠳᠡᠭ ᠣᠨᠴᠠᠯᠢᠭ᠍ᠲᠤ ᠪᠦᠲᠦᠭᠡᠭ᠌ᠳᠡᠬᠦᠨ᠎ᠦ᠌ ᠪᠠᠢ᠌ᠭ᠋ᠠᠯᠢᠯᠢᠭ ᠠᠪᠢᠶᠠᠰ ᠪᠣᠯᠤᠨ ᠤᠷᠠᠨ ᠳᠠᠷᠬᠠᠨ᠎ᠤ ᠵᠠᠩ ᠴᠢᠨᠠᠷ᠎ᠢ ᠪᠦᠬᠦ᠌ ᠲᠠᠯ᠎ᠠ᠎ᠪᠠᠷ ᠳᠡᠯᠭᠡᠨ ᠦᠵᠡᠭᠦᠯᠬᠦ᠌᠎ᠶᠢᠨ ᠲᠥᠯᠥᠭᠡ᠂ 12 ᠳ᠋ᠤᠭ᠋ᠠᠷ ᠰᠠᠷ᠎ᠠ᠎ᠶᠢᠨ 4 ᠎ᠡᠴᠡ 12 ᠳ᠋ᠤᠭ᠋ᠠᠷ ᠰᠠᠷ᠎ᠠ᠎ᠶᠢᠨ 5 ᠎ᠤ᠋ ᠡᠳᠦᠷ ᠪᠣᠯᠲᠠᠯ᠎ᠠ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠤᠳᠠᠯᠳᠤᠭᠠᠨ᠎ᠤ ᠶᠠᠪᠤᠳᠠᠯ᠎ᠤᠨ ᠲᠢᠩᠬᠢᠮ᠎ᠡᠴᠡ ᠭᠣᠣᠯᠯᠠᠨ ᠡᠷᠭᠢᠯᠡᠭᠰᠡᠨ 《 ᠥᠪᠥᠷ ᠮᠣᠩᠭᠣᠯ᠎ᠤᠨ ᠦᠨᠦᠷ ᠠᠮᠲᠠ 》᠎ᠶᠢ ᠶᠠᠮᠤᠨ ᠵᠥᠪᠯᠡᠯ᠂ ᠠᠵᠤ ᠠᠬᠤᠢᠯᠠᠯ᠎ᠳᠤ ᠣᠷᠣᠭᠤᠯᠬᠤ ᠵᠡᠷᠭᠡ ᠰᠢᠷᠢᠰ ᠠᠵᠢᠯᠯᠠᠭ᠎ᠠ ᠠᠷᠠᠳ᠎ᠤᠨ ᠳᠡᠭᠡᠳᠦ ᠪᠠᠢᠴᠠᠭᠠᠬᠤ ᠬᠣᠷᠢᠶ᠎ᠠ᠎ᠳᠤ ᠣᠷᠣᠵᠤ᠂ ᠠᠵᠢᠯᠯᠠᠭ᠎ᠠ ᠨᠢ ᠶᠠᠮᠤᠨ ᠵᠥᠪᠯᠡᠯ᠎ᠦᠨ ᠠᠬᠤᠢ ᠪᠠᠢᠳᠠᠯ᠎ᠢ ᠠᠰᠢᠭ᠍ᠯᠠᠨ ᠥᠪᠥᠷ ᠮᠣᠩᠭᠣᠯ᠎ᠤᠨ ᠣᠨᠴᠠᠯᠢᠭ᠍ᠲᠤ ᠦᠢᠯᠡᠳᠬᠦᠨ᠎ᠦ ᠣᠯᠠᠨ ᠨᠡᠶ᠋ᠢᠲᠡ᠎ᠶᠢ ᠢᠲᠡᠭᠡᠭᠦᠯᠬᠦ ᠬᠦᠴᠦᠨ᠎ᠢ ᠳᠡᠭᠡᠭᠰᠢᠯᠡᠭᠦᠯᠵᠦ᠂ ᠬᠡᠷᠡᠭᠯᠡᠭᠡᠨ᠎ᠦ ᠠᠷᠭ᠎ᠠ ᠵᠠᠮ᠎ᠢ ᠥᠷᠭᠡᠳᠬᠡᠨ ᠂ ᠥᠪᠥᠷ ᠮᠣᠩᠭᠣᠯ᠎ᠤᠨ ᠴᠢᠨᠠᠷ ᠰᠠᠢᠲᠠᠢ ᠠᠵᠤ ᠠᠬᠤᠢᠯᠠᠯ ᠵᠢᠴᠢ ᠦᠢᠯᠡᠳᠬᠦᠨ᠎ᠦ ᠭᠠᠳᠠᠭ᠍ᠰᠢ ᠭᠠᠷᠬᠤ᠎ᠶᠢ ᠠᠬᠢᠭᠤᠯᠬᠤ᠎ᠪᠠᠷ ᠵᠣᠷᠢᠯᠭ᠎ᠠ ᠪᠣᠯᠭᠠᠭᠰᠠᠨ ᠪᠠᠢᠨ᠎ᠠ᠃

  《 ᠥᠪᠥᠷ ᠮᠣᠩᠭᠣᠯ᠎ᠤᠨ ᠦᠨᠦᠷ ᠠᠮᠲᠠ 》 ᠨᠢ ᠥᠪᠡᠷᠲᠡᠭᠡᠨ ᠵᠠᠰᠠᠬᠤ ᠣᠷᠣᠨ᠎ᠤ ᠣᠷᠣᠨ ᠪᠦᠰᠡ᠎ᠶᠢᠨ ᠨᠡᠶ᠋ᠢᠲᠡ᠎ᠶᠢᠨ ᠬᠡᠷᠡᠭᠯᠡᠭᠡᠨ᠎ᠦ ᠨᠠᠷᠠᠲᠤ ᠲᠡᠮᠳᠡᠭ ᠪᠣᠯᠤᠭᠰᠠᠨ᠎ᠤ ᠬᠤᠪᠢ᠎ᠳᠤ ᠢᠮᠠᠭᠲᠠ 《ᠣᠷᠣᠨ ᠪᠦᠰᠡ᠎ᠶᠢᠨ ᠬᠡᠪ ᠳᠠᠭᠤᠷᠢᠶᠠᠯ ᠨᠠᠷᠠᠲᠤ ᠲᠡᠮᠳᠡᠭ᠎ᠢ ᠪᠣᠶ ᠪᠣᠯᠭᠠᠬᠤ᠂ ᠴᠢᠨᠠᠷ ᠰᠠᠢᠲᠠᠢ ᠠᠵᠤ ᠠᠬᠤᠢᠯᠠᠯ᠎ᠤᠨ ᠪᠦᠯᠦᠭᠵᠢᠯ᠎ᠢ ᠪᠣᠢᠵᠢᠭᠤᠯᠬᠤ᠂ ᠨᠠᠷᠢᠯᠢᠭ᠋ ᠣᠨᠣᠴᠠᠲᠠᠢ᠎ᠪᠠᠷ ᠵᠣᠯᠭᠠᠭᠤᠯᠬᠤ ᠲᠠᠪᠴᠠᠩ᠎ᠢ ᠪᠠᠶ᠋ᠢᠭᠤᠯᠬᠤ》᠎ᠪᠠᠷ ᠭᠣᠣᠯ ᠡᠭᠦᠷᠭᠡ᠎ᠪᠡᠨ ᠪᠣᠯᠭᠠᠵᠤ᠂ ᠥᠪᠡᠷᠲᠡᠭᠡᠨ ᠵᠠᠰᠠᠬᠤ ᠣᠷᠣᠨ᠎ᠤ ᠰᠢᠯᠢᠳᠡᠭ ᠠᠵᠤ ᠠᠬᠤᠢᠯᠠᠯ᠎ᠤᠨ ᠡᠬᠢ ᠪᠠᠶᠠᠯᠢᠭ᠋᠎ᠢ ᠭᠦᠨᠵᠡᠭᠡᠢ ᠡᠮᠬᠢᠯᠡᠨ ᠨᠡᠢ᠌ᠯᠡᠭᠦᠯᠪᠡ᠃

 

 

  ᠲᠣᠰ ᠤᠳᠠᠭᠠᠨ᠎ᠤ ᠠᠵᠢᠯᠯᠠᠭ᠎ᠠ᠎ᠨᠢ ᠮᠧᠩ ᠨᠢᠤ᠂ ᠮᠧᠩ ᠱᠢᠨ᠂ ᠢ ᡁᠢ ᠨᠢᠦ᠂ ᠴᠢᠤᠸᠠᠨ ᠮᠢᠨ ᠯᠢᠶᠠᠩ ᠬᠤᠸᠠᠨ᠂ ᠶᠦᠨ ᠵᠦᠩ ᠮᠠᠯᠵᠢᠯ᠎ᠤᠨ ᠲᠠᠯᠠᠪᠠᠢ ᠵᠡᠷᠭᠡ 60 ᠭᠠᠷᠤᠶ ᠱᠢᠯᠢᠳᠡᠭ ᠠᠵᠤ ᠠᠬᠤᠢᠯᠠᠯ᠎ᠢ ᠴᠤᠭ᠍ᠯᠠᠭᠤᠯᠵᠤ᠂ ᠪᠣᠬᠢᠷᠲᠤᠯ ᠥᠬᠡᠶ ᠡᠷᠡᠭᠦᠯ ᠮᠡᠨᠳᠦ ᠰᠠᠢᠨ ᠡᠳ᠋᠎ᠢ ᠨᠠᠷᠢᠯᠢᠭ ᠰᠣᠩᠭᠤᠭ᠍ᠰᠠᠨ ᠪᠠᠢᠨ᠎ᠠ᠃ ᠢᠯᠢ᠎ᠶᠢᠨ ᠬᠡᠪ᠎ᠤᠨ ᠳᠤᠯᠠᠭᠠᠨ ᠴᠠᠭᠠᠨ ᠢᠳᠡᠭᠡᠨ ᠨᠢ ᠱᠢᠮ᠎ᠡ᠎ᠲᠠᠢ᠂ ᠱᠢᠮ᠎ᠡ ᠲᠡᠵᠢᠭᠡᠯ᠎ᠨᠢ ᠲᠡᠩᠴᠡᠪᠦᠷᠢ᠎ᠲᠠᠢ᠂ ᠠᠪᠴᠤ᠌ ᠶᠠᠪᠤᠬᠤ᠎ᠳᠤ ᠳᠥᠭᠦᠮ ᠪᠠᠢᠳᠠᠭ; ᠶᠦᠨ ᠵᠦᠩ ᠮᠠᠯᠵᠢᠯ᠎ᠤᠨ ᠲᠠᠯᠠᠪᠠᠢ᠎ᠶ᠋ᠢᠨ ᠦᠬᠡᠷ᠎ᠤᠨ ᠪᠣᠷᠴᠠ᠎ᠨᠢ ᠤᠯᠠᠮᠵᠢᠯᠠᠯᠲᠤ ᠤᠷ᠎ᠠ ᠮᠡᠷᠭᠡᠵᠢᠯ᠎ᠢᠶᠠᠷ ᠳᠠᠮᠵᠢᠨ ᠪᠦᠲᠦᠭᠡᠵᠦ᠍᠂ ᠥᠨᠳᠥᠷ ᠤᠭᠤᠷᠠᠭ ᠥᠭᠡᠬᠦ᠌ ᠪᠠᠭ᠎ᠠ ᠁ ᠪᠦᠲᠦᠭᠡᠭ᠌ᠳᠡᠬᠦᠨ᠎ᠨᠢ ᠴᠠᠭᠠᠨ ᠢᠳᠡᠭᠡ᠂ ᠪᠣᠷᠴᠠ ᠮᠢᠬ᠎ᠠ᠂ ᠬᠤᠯᠢᠮᠠᠭ ᠠᠮᠤ᠎ᠶ᠋ᠢᠨ ᠭᠤᠤᠯ ᠢᠳᠡᠭᠡᠨ᠂ ᠬᠠᠲᠠᠭᠤ ᠵᠢᠮᠢᠰ ᠰᠤᠯᠠ ᠢᠳᠡᠭᠡᠨ ᠵᠡᠷᠭᠡ ᠣᠯᠠᠨ ᠲᠥᠷᠥᠯ ᠵᠦᠢᠯ᠎ᠢ ᠬᠠᠮᠤᠷᠴᠤ᠌᠂ ᠬᠠᠮᠤᠭ᠎ᠤᠨ ᠳᠡᠭᠡᠳᠦ ᠪᠠᠢᠴᠠᠭᠠᠯᠲᠠ᠎ᠶ᠋ᠢᠨ ᠠᠵᠢᠯᠲᠠᠨ ᠠᠵᠢᠯᠴᠢᠨ᠎ᠳᠤ ᠡᠷᠡᠭᠦᠯ ᠴᠢᠭᠢᠷᠠᠭ᠂ ᠳᠥᠭᠦᠮ ᠳᠥᠲᠡ ᠶᠠᠰᠤ ᠴᠢᠨᠠᠷ᠎ᠤᠨ ᠰᠣᠩᠭᠤᠯᠲᠠ ᠬᠠᠩᠭᠠᠨ᠎ᠠ᠃ ᠠᠵᠢᠯᠯᠠᠭ᠎ᠠ᠎ᠶ᠋ᠢᠨ ᠠᠬᠤᠶ ᠲᠠᠯᠠᠪᠠᠶ᠎ᠳᠤ ᠬᠥᠮᠦᠨ ᠬᠠᠷ᠎ᠠ ᠬᠤᠷᠠᠨ ᠴᠤᠭ᠍ᠯᠠᠷᠠᠵᠤ᠂ ᠬᠦᠮᠦᠰ᠎ᠦᠨ ᠬᠦᠷᠢᠶᠡᠯᠡᠯ᠎ᠢ ᠣᠯᠵᠤ᠂ ᠴᠥᠭᠡᠨ ᠪᠤᠰᠤ ᠦᠢᠯᠡᠳᠬᠦᠨ ᠨᠢ ᠪᠠᠢ᠌ᠭᠤᠯᠭ᠎ᠠ᠎ᠶ᠋ᠢᠨ ᠠᠵᠢᠯᠲᠠᠨ᠎ᠤ ᠲᠠᠭᠠᠱᠢᠶᠠᠯ᠎ᠢ ᠣᠯᠵᠤ᠂ 《 ᠡᠷᠡᠭᠦᠯ ᠴᠢᠭᠢᠷᠠᠭ ᠂ ᠰᠠᠨᠠᠭ᠎ᠠ ᠠᠮᠤᠷ ᠂ ᠵᠢᠩᠬᠢᠨᠢ 》 ᠪᠠᠢᠬᠤ ᠨᠢ ᠣᠯᠠᠨ᠎ᠢᠶᠠᠷ᠎ᠢᠶᠠᠨ 《 ᠥᠪᠥᠷ ᠮᠣᠩᠭᠣᠯ᠎ᠤᠨ ᠦᠨᠦᠷ ᠠᠮᠲᠠ 》᠎ᠶᠢᠨ ᠲᠤᠬᠠᠢ ᠨᠢᠭᠡᠳᠦᠯᠲᠡᠢ ᠦᠨᠡᠯᠡᠯᠲᠡ ᠪᠣᠯᠤᠭᠰᠠᠨ ᠪᠠᠢᠨ᠎ᠠ᠃ ᠣᠯᠠᠨ ᠠᠵᠤ ᠠᠬᠤᠢᠯᠠᠯ ᠠᠷᠠᠳ᠎ᠤᠨ ᠳᠡᠭᠡᠳᠦ ᠪᠠᠢ᠍ᠴᠠᠭᠠᠬᠤ ᠬᠣᠷᠢᠶᠠᠨ᠎ᠤ ᠪᠠᠢ᠍ᠭᠤᠯᠭ᠎ᠠ᠎ᠶ᠋ᠢᠨ ᠦᠢᠯᠡᠴᠢᠯᠡᠭᠡᠨ᠎ᠦ ᠲᠥᠪ᠎ᠲᠡᠢ ᠵᠠᠯᠭᠠᠯᠳᠤᠵᠤ᠂ ᠬᠡᠰᠡᠭ᠌ ᠦᠢᠯᠡᠳᠬᠦᠨ᠎ᠢ ᠨᠢᠭᠡᠴᠢ᠎ᠶ᠋ᠢᠨ ᠬᠡᠳᠦ ᠳᠡᠯᠭᠡᠭᠦᠷ ᠳᠡᠭᠡᠷ᠎ᠡ ᠨᠢᠭᠡᠨᠲᠡ ᠬᠤᠳᠠᠯᠳᠤᠪᠠ᠃

 

 

  ᠠᠮᠲᠠᠲᠤ ᠢᠳᠡᠭᠡᠨ ᠠᠮᠲᠠᠯᠠᠬᠤ ᠣᠷᠣᠨ᠎ᠤ ᠨᠠᠷᠢᠨ ᠨᠢᠮᠪᠠᠶ ᠪᠠᠢᠷᠢᠯᠠᠭᠤᠯᠤᠯᠲᠠ᠎ᠨᠢ ᠬᠠᠮᠤᠭ᠎ᠤᠨ ᠳᠡᠭᠡᠳᠦ ᠪᠠᠢᠴᠠᠭᠠᠬᠤ ᠬᠤᠷᠢᠶᠠᠨ᠎ᠤ ᠠᠵᠢᠯᠲᠠᠨ ᠠᠵᠢᠯᠴᠢᠨ᠎ᠳᠤ ᠥᠪᠥᠷ ᠮᠣᠩᠭᠤᠯ᠎ᠤᠨ ᠢᠳᠡᠭᠡᠨ ᠤᠮᠳᠠᠭᠠᠨ᠎ᠤ ᠰᠣᠶᠣᠯ᠎ᠢ ᠨᠡᠩ ᠢᠯᠡᠭᠦᠦ ᠮᠡᠳᠡᠷᠡᠭᠦᠯᠦᠨ᠎ᠡ᠃ ᠲᠤᠰ ᠤᠳᠠᠭᠠᠨ᠎ᠤ ᠬᠢᠯᠠᠰ ᠴᠡᠭ ᠪᠤᠯᠤᠭ᠍ᠰᠠᠨ ᠰᠢᠷᠪᠤᠰᠤᠯᠢᠭ᠌ ᠦᠬᠡᠷ᠎ᠤᠨ ᠮᠢᠬ᠎ᠠ᠎ᠨᠢ ᠵᠦᠭᠡᠯᠡᠨ ᠭᠠᠯ᠎ᠢᠶᠠᠷ ᠴᠢᠨᠠᠵᠤ ᠲᠠᠯ᠎ᠠ ᠨᠤᠳᠤᠭ᠎ᠤᠨ ᠦᠬᠡᠷ᠎ᠤᠨ ᠮᠢᠬ᠎ᠠ᠎ᠶᠢᠨ ᠠᠩᠬᠢᠯᠤᠮ᠎ᠠ ᠦᠨᠦᠷ᠎ᠢ ᠭᠠᠷᠭ᠋ᠠᠵᠦ᠂ ᠮᠢᠬ᠎ᠠ ᠨᠢ ᠵᠦᠭᠡᠯᠡᠨ᠂ ᠮᠠᠰᠢ ᠠᠮᠲᠠᠲᠠᠢ ᠪᠠᠢ᠌ᠳᠠᠭ; ᠬᠠᠯᠠᠭᠤᠨ ᠱᠥᠯᠥ᠎ᠲᠠᠢ ᠶᠤᠤᠮᠠᠢ ᠭᠤᠯᠢᠷ᠂ ᠮᠢᠬᠠᠨ᠎ᠤ ᠠᠩᠬᠢᠯᠤᠮ᠎ᠠ ᠦᠨᠦᠷ ᠪᠣᠯᠣᠨ ᠠᠮᠤ ᠪᠤᠳᠠᠭ᠎ᠠ᠎ᠶᠢᠨ ᠠᠩᠬᠢᠯᠤᠮ᠎ᠠ ᠵᠤᠵᠠᠭᠠᠨ᠎ᠢ ᠰᠣᠯᠪᠢᠴᠠᠭᠤᠯᠵᠤ᠂ ᠨᠢᠭᠡ ᠡᠮᠬᠦᠪᠡᠯ ᠬᠣᠳᠣᠭᠣᠳᠤ᠎ᠶᠢ ᠳᠤᠯᠠᠭᠠᠴᠠᠭᠤᠯᠬᠤ᠎ᠶᠢᠨ ᠬᠠᠮᠲᠤ ᠭᠡᠳᠡᠰᠦ ᠴᠠᠳᠬᠤᠯᠠᠩ ᠪᠣᠯᠭ᠋ᠠᠵᠦ᠂ 《ᠪᠦᠳᠦᠭᠦᠯᠢᠭ ᠠᠮᠤ᠎ᠶᠢ ᠮᠢᠬ᠎ᠠ᠎ᠲᠠᠢ ᠨᠡᠢᠯᠡᠭᠦᠯᠬᠦ》  ᠨᠢ ᠤᠮᠠᠷᠠᠲᠤ᠎ᠶᠢᠨ ᠢᠳᠡᠭᠡᠨ ᠤᠮᠳᠠᠭᠠᠨ᠎ᠤ ᠤᠶᠤᠨ ᠤᠬᠠᠭᠠᠨ᠎ᠢ ᠭᠦᠢᠴᠡᠳ ᠢᠯᠡᠷᠡᠭᠦᠯᠪᠡ; ᠴᠢᠨᠠᠭᠰᠠᠨ ᠮᠢᠬ᠎ᠠ᠎ᠨᠢ ᠰᠢᠨ᠎ᠡ ᠰᠤᠷᠭᠤᠭ᠂ ᠣᠯᠠᠨ ᠪᠠᠭ᠍ᠰᠤᠷᠭ᠎ᠠ ᠬᠡᠷᠡᠭ᠌ᠰᠡᠬᠦ᠌ ᠦᠭᠡᠢ᠂ ᠵᠥᠪᠬᠡᠨ ᠰᠠᠷᠢᠮᠰᠠᠭ᠎ᠤᠨ ᠰᠢᠮᠡᠰᠦᠨ᠎ᠳᠦ ᠳᠦᠷᠢᠵᠦ ᠢᠳᠡᠪᠡᠯ ᠲᠡᠭᠦᠨ᠎ᠦ ᠰᠢᠨ᠎ᠡ ᠰᠤᠷᠭᠤᠭ ᠪᠠᠢ᠌ᠬᠤ᠎ᠶᠢ ᠢᠯᠡᠷᠡᠭᠦᠯᠵᠦ᠂ ᠲᠠᠯ᠎ᠠ ᠨᠤᠲᠤᠭ᠎ᠤᠨ ᠦᠪᠡᠷᠮᠢᠴᠡ ᠤᠨᠴᠠᠯᠢᠭ᠎ᠢᠶᠠᠷ ᠲᠦᠭᠦᠷᠡᠩ ᠪᠠᠢ᠌ᠳᠠᠭ ᠁ ᠠᠯᠢ ᠣᠯᠠᠨ ᠠᠮᠲᠠᠲᠤ ᠢᠳᠡᠭᠡᠨ ᠨᠢ ᠥᠪᠥᠷ ᠮᠣᠩᠭᠣᠯ᠎ᠤᠨ 《ᠪᠠᠢᠭᠠᠯᠢᠯᠢᠭ᠋ ᠢᠳᠡᠭᠡᠨ᠎ᠦ ᠮᠠᠲᠧᠷᠢᠶᠠᠯ᠂ ᠲᠥᠬᠥᠮ ᠬᠣᠭᠣᠯᠠ ᠬᠢᠬᠦ》 ᠢᠳᠡᠭᠡᠨ ᠤᠮᠳᠠᠭᠠᠨ᠎ᠤ ᠣᠢᠯᠠᠭᠠᠭᠳᠠᠬᠤᠨ ᠢ᠋ ᠳᠠᠮᠵᠢᠭᠤᠯᠵᠤ᠂ ᠪᠠᠢ᠌ᠭᠤᠯᠭ᠎ᠠ᠎ᠶᠢᠨ ᠠᠵᠢᠯᠲᠠᠳ᠎ᠲᠤ ᠲᠠᠯ᠎ᠠ ᠨᠤᠲᠤᠭ᠎ᠤᠨ ᠴᠡᠪᠡᠷ ᠠᠮᠲᠠ᠎ᠶᠢ ᠡᠳ᠋ᠯᠡᠭᠦᠯᠵᠦ᠂ 《ᠥᠪᠥᠷ ᠮᠣᠩᠭᠣᠯ᠎ᠤᠨ ᠦᠨᠦᠷ ᠠᠮᠲᠠ》 ᠵᠢᠨ ᠶᠠᠰᠤ ᠴᠢᠨᠠᠷ ᠢ᠋ ᠪᠠᠲᠤ ᠰᠠᠬᠢᠭ᠍ᠰᠠᠨ ᠢ᠋ ᠮᠡᠳᠡᠷᠡᠭᠦᠯᠵᠦ ᠪᠠᠢᠨ᠎ᠠ᠃ 

 

 

  ᠬᠠᠮᠤᠭ᠎ᠤᠨ ᠳᠡᠭᠡᠳᠦ ᠪᠠᠢᠴᠠᠭᠠᠬᠤ ᠬᠤᠷᠢᠶᠠᠨ᠎ᠤ ᠬᠠᠮᠢᠶ᠎ᠠ ᠪᠦᠬᠦᠢ ᠬᠠᠷᠢᠭᠤᠴᠠᠯᠭᠠᠲᠠᠨ ᠠᠵᠢᠯᠯᠠᠭ᠎ᠠ᠎ᠶ᠋ᠢᠨ ᠠᠬᠤᠶ ᠲᠠᠯᠠᠪᠠᠢ᠎ᠳᠤ ᠬᠦᠷᠴᠦ᠍᠂ 《ᠥᠪᠥᠷ ᠮᠣᠩᠭᠤᠯ᠎ᠤᠨ ᠦᠨᠦᠷ ᠠᠮᠲᠠ》 ᠎ᠶ᠋ᠢᠨ ᠦᠢᠯᠡᠳᠬᠦᠨ᠎ᠤ ᠶᠠᠰᠤ ᠴᠢᠨᠠᠷ ᠬᠢᠭᠡᠳ ᠰᠣᠶᠣᠯ᠎ᠤᠨ ᠠᠭᠤᠯᠤᠭ᠍ᠳᠠᠬᠤᠨ᠎ᠢ ᠳᠡᠭᠡᠳᠦ ᠬᠡᠮᠵᠢᠶ᠎ᠡ᠎ᠪᠠᠷ ᠦᠨᠡᠯᠡᠭᠰᠡᠨ ᠪᠦᠭᠡᠳ ᠮᠡᠳᠡᠷᠡᠵᠦ ᠪᠤᠢ᠄ 《〈ᠥᠪᠥᠷ ᠮᠣᠩᠭᠤᠯ᠎ᠤᠨ ᠦᠨᠦᠷ ᠠᠮᠲᠠ〉᠎ᠨᠢ ᠪᠢᠳᠡᠨ᠎ᠳᠤ ᠲᠠᠯ᠎ᠠ ᠨᠤᠲᠤᠭ᠎ᠤᠨ ᠰᠠᠢᠨ ᠪᠣᠳᠠᠰ᠎ᠤᠨ ᠶᠠᠰᠤ ᠴᠢᠨᠠᠷ ᠪᠠ ᠦᠨᠦᠷ ᠠᠮᠲᠠ᠎ᠶ᠋ᠢ ᠱᠢᠭᠤᠳ ᠮᠡᠳᠡᠷᠡᠭᠦᠯᠦᠭ᠌ᠰᠡᠨ᠎ᠢᠶᠠᠷ ᠪᠠᠷᠠᠬᠤ ᠥᠬᠡᠶ᠂ ᠨᠠᠩ ᠴᠤ᠌ ᠨᠠᠷᠢᠯᠢᠭ ᠣᠨᠣᠴᠠᠲᠠᠶ ᠦᠢᠯᠡᠳᠪᠦᠷᠢᠯᠡᠯ ᠪᠣᠷᠣᠯᠠᠭᠤᠯᠭ᠎ᠠ᠎ᠶ᠋ᠢ ᠵᠣᠯᠭᠠᠭᠤᠯᠬᠤ ᠲᠠᠪᠴᠠᠩ᠎ᠢ ᠪᠠᠢᠭᠤᠯᠬᠤ᠎ᠪᠠᠷ ᠳᠠᠮᠵᠢᠭᠤᠯᠤᠨ᠂ ᠠᠵᠢᠯᠲᠠᠨ ᠠᠵᠢᠯᠴᠢᠨ᠎ᠳᠤ ᠳᠥᠭᠦᠮ ᠳᠥᠲᠡ ᠬᠡᠷᠡᠭ᠌ᠯᠡᠭᠡᠨ᠎ᠤ ᠰᠣᠩᠭᠤᠯᠲᠠ᠎ᠶᠢ ᠬᠠᠩᠭᠠᠭ᠍ᠰᠠᠨ ᠪᠠᠢᠨ᠎ᠠ᠂ ᠡᠨᠡ ᠬᠦ᠌ ᠠᠵᠢᠯᠯᠠᠭ᠎ᠠ᠎ᠨᠢ ᠮᠠᠰᠢ ᠶᠡᠭᠡ ᠠᠴᠢ ᠬᠤᠯᠪᠣᠭ᠍ᠳᠠᠯ᠎ᠲᠠᠢ ᠪᠦᠭᠡᠳ ᠨᠤᠲᠠᠯᠠᠭᠤᠱᠢᠲᠠᠶ ᠶᠤᠮ》ᠭᠡᠵᠡᠶ᠃

  ᠲᠠᠷᠠᠭᠠᠴᠢ᠎ᠶ᠋ᠢᠨ ᠠᠯᠬᠤᠮ᠎ᠳᠤ᠂ 《ᠥᠪᠥᠷ ᠮᠣᠩᠭᠤᠯ᠎ᠤᠨ ᠦᠨᠦᠷ ᠠᠮᠲᠠ》 ᠨᠢ ᠶᠠᠮᠤᠨ ᠵᠥᠪᠯᠡᠯ᠂ ᠠᠵᠤ ᠠᠬᠤᠢᠯᠠᠯ᠂ ᠶᠡᠭᠡ ᠳᠡᠭᠡᠳᠦ ᠰᠤᠷᠭᠠᠭᠤᠯᠢ ᠵᠡᠷᠭᠡ ᠱᠢᠷᠢᠰ ᠠᠵᠢᠯᠯᠠᠭ᠎ᠠ᠎ᠶ᠋ᠢ ᠦᠷᠭᠦᠯᠵᠢᠯᠡᠨ ᠰᠠᠢᠲᠤᠷ ᠡᠷᠭᠢᠯᠡᠵᠦ᠍᠂ ᠦᠢᠯᠡᠳᠪᠦᠷᠢᠯᠡᠯ ᠪᠣᠷᠣᠯᠠᠭᠤᠯᠭ᠎ᠠ᠎ᠶ᠋ᠢ ᠵᠣᠯᠭᠠᠭᠤᠯᠬᠤ ᠠᠷᠭ᠎ᠠ ᠵᠠᠮ᠎ᠢ ᠲᠠᠰᠤᠷᠠᠯᠲᠠ ᠥᠬᠡᠶ ᠥᠷᠭᠡᠳᠭᠡᠵᠦ᠍᠂ ᠣᠷᠣᠨ ᠪᠦᠰᠡ᠎ᠶ᠋ᠢᠨ ᠨᠡᠢᠲᠡ᠎ᠶ᠋ᠢᠨ ᠬᠡᠷᠡᠭ᠌ᠯᠡᠭᠡᠨ᠎ᠤ ᠨᠠᠷᠠᠲᠤ ᠲᠡᠮᠳᠡᠭ᠎ᠦᠨ ᠨᠡᠷ᠎ᠡ᠎ᠶ᠋ᠢᠨ ᠬᠠᠭᠤᠳᠠᠰᠤ᠎ᠶ᠋ᠢ ᠦᠷᠭᠦᠯᠵᠢᠯᠡᠨ ᠭᠡᠷᠡᠯᠳᠦᠭᠦᠯᠵᠦ᠂ ᠨᠠᠩ ᠣᠯᠠᠨ ᠲᠠᠯ᠎ᠠ ᠨᠤᠲᠤᠭ᠎ᠤᠨ ᠰᠢᠯᠢᠳᠡᠭ ᠦᠢ᠍ᠯᠡᠳᠭᠦᠨ᠎ᠢ ᠥᠪᠥᠷ ᠮᠣᠩᠭᠤᠯ᠎ᠠᠴᠠ ᠭᠠᠷᠭᠠᠵᠤ᠂ ᠪᠥᠬᠦ᠌ ᠤᠯᠤᠰ᠎ᠤᠨ ᠡᠯ᠎ᠡ ᠭᠠᠵᠠᠷ᠎ᠤᠨ ᠬᠡᠷᠡᠭ᠌ᠯᠡᠭᠡᠨ᠎ᠤ ᠠᠬᠤᠶ ᠪᠠᠢᠳᠠᠯ᠎ᠳᠤ ᠤᠷᠤᠭᠤᠯᠤᠨ᠎ᠠ᠃

ᠢᠷᠡᠯᠲᠡ᠄ ᠶᠡᠷᠦᠩᠬᠡᠢ ᠪᠠᠲᠤᠯᠠᠭ᠎ᠠ᠎ᠶ᠋ᠢᠨ ᠲᠥᠪ
          
ᠬᠠᠮᠢᠶ᠎ᠡ ᠪᠦᠬᠦᠢ ᠰᠣᠨᠢᠨ
 
            