ᠣᠢᠷ᠎ᠠ᠎ᠳ᠋ᠤ᠂ ᠥᠪᠥᠷ ᠮᠣᠩᠭᠣᠯ᠎ᠤ᠋ᠨ ᠪᠤᠭᠤᠲᠤ ᠬᠣᠲᠠ᠎ᠶᠢᠨ ᠬᠣᠪᠣᠷ ᠰᠢᠷᠣᠢ᠎ᠶᠢᠨ ᠳᠡᠭᠡᠳᠦ ᠰᠢᠨ᠎ᠡ ᠮᠡᠷᠭᠡᠵᠢᠯ᠎ᠦ᠋ᠨ ᠣᠷᠣᠨ ᠤᠷᠢᠳ ᠬᠣᠵᠢᠳ ᠵᠧᠵᠢᠶᠠᠩ᠎ᠤ᠋ᠨ ᠬᠠᠩᠵᠧᠦ᠂ ᠵᠢᠶᠠᠩᠰᠦ᠎ᠶᠢᠨ ᠺᠦᠨᠱᠠᠨᠳ᠋ᠤ ᠰᠢᠨ᠎ᠡ᠎ᠶᠢ ᠡᠭᠦᠳᠬᠦ᠌ ᠠᠮᠢ ᠠᠬᠤᠢ᠎ᠶᠢᠨ ᠬᠠᠮᠲᠤᠷᠠᠯᠴᠠᠭ᠎ᠠ ᠰᠣᠯᠢᠯᠴᠠᠭᠠᠨᠤ᠋ ᠠᠵᠢᠯᠯᠠᠭ᠎ᠠ ᠡᠷᠬᠢᠯᠡᠵᠦ᠍᠂《 ᠪᠤᠭᠤᠲᠤ᠎ᠶᠢᠨ ᠬᠣᠪᠣᠷ ᠰᠢᠷᠣᠢ᠎ᠶᠢᠨ ᠰᠢᠨᠵᠢᠯᠡᠬᠦ ᠤᠬᠠᠭᠠᠨ ᠮᠡᠷᠭᠡᠵᠢᠯ᠎ᠦ᠋ᠨ ᠣᠷᠣᠨ᠂ ᠬᠠᠩᠵᠧᠦ᠍ᠶᠢᠨ ᠬᠣᠪᠣᠷ ᠰᠢᠷᠣᠢ᠎ᠶᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦ᠋ᠨ ᠰᠢᠨ᠎ᠡ᠎ᠶᠢ ᠡᠭᠦᠳᠬᠦ᠌ ᠠᠮᠢ ᠠᠬᠤᠢ᠎ᠶᠢᠨ ᠬᠠᠮᠲᠤᠷᠠᠯᠴᠠᠭᠠᠨᠤ᠋ ᠲᠥᠪ 》᠂ 《 ᠪᠤᠭᠤᠲᠤ᠎ᠶᠢᠨ ᠬᠣᠪᠣᠷ ᠰᠢᠷᠣᠢ᠎ᠶᠢᠨ ᠳᠡᠭᠡᠳᠦ ᠰᠢᠨ᠎ᠡ ᠮᠡᠷᠭᠡᠵᠢᠯ᠎ᠦ᠋ᠨ ᠣᠷᠣᠨ • ᠶᠢᠩ ᠰᠧ ᠲᠧ ᠺᠦᠨᠱᠠᠨᠤ᠋ ᠰᠢᠨ᠎ᠡ᠎ᠶᠢ ᠡᠭᠦᠳᠬᠦ᠌ ᠠᠮᠢ ᠠᠬᠤᠢ᠎ᠶᠢᠨ ᠬᠠᠮᠲᠤᠷᠠᠯᠴᠠᠭᠠᠨᠤ᠋ ᠲᠥᠪ 》 ᠤᠷᠢᠳ ᠬᠣᠵᠢᠳ ᠫᠠᠢᠰᠠ ᠡᠯᠭᠦᠨ ᠪᠠᠢᠭᠤᠯᠤᠭ᠍ᠳᠠᠪᠠ᠃ ᠬᠤᠶᠠᠷ ᠶᠡᠭᠡ ᠬᠠᠮᠲᠤᠷᠠᠯᠴᠠᠭᠠᠨ᠎ᠤ ᠲᠠᠪᠴᠠᠩ᠎ᠨᠢ ᠣᠷᠣᠨ ᠪᠦᠰᠡ ᠠᠯᠤᠰᠯᠠᠭ᠍ᠰᠠᠨ ᠬᠠᠮᠵᠢᠯᠴᠠᠨ ᠱᠢᠨ᠎ᠡ᠎ᠶ᠋ᠢ ᠡᠭᠦᠳᠬᠦ᠌᠎ᠶ᠋ᠢ ᠭᠦᠨᠵᠡᠭᠡᠢᠷᠡᠭᠦᠯᠵᠦ᠍᠂ ᠡᠬᠢ ᠪᠠᠶᠠᠯᠢᠭ ᠪᠣᠯᠤᠨ ᠦᠷ᠎ᠡ ᠪᠦᠲᠦᠭᠡᠯ᠎ᠤᠨ 《 ᠡᠮᠦᠨ᠎ᠡ ᠤᠮᠠᠷ᠎ᠠ 》ᠪᠠᠷ᠎ᠢᠶᠠᠨ ᠬᠠᠷᠢᠯᠴᠠᠨ ᠨᠡᠪᠲᠡᠷᠡᠯᠴᠡᠬᠦ᠌᠎ᠶ᠋ᠢ ᠲᠦᠷᠭᠡᠳᠬᠡᠪᠡ᠃
ᠬᠠᠩᠵᠧᠦ᠍᠎ᠶ᠋ᠢᠨ ᠠᠩᠬᠠᠨ᠎ᠤ ᠲᠠᠯᠠᠪᠤᠷ ᠠᠵᠢᠯᠯᠠᠭ᠎ᠠ ᠳᠤᠮᠳᠠ᠂ ᠬᠤᠪᠣᠷ ᠱᠢᠷᠣᠶ᠎ᠶ᠋ᠢᠨ ᠳᠡᠭᠡᠳᠦ ᠱᠢᠨ᠎ᠡ ᠮᠡᠷᠭᠡᠵᠢᠯ᠎ᠤᠨ ᠣᠷᠣᠨ᠎ᠨᠢ ᠬᠠᠩᠵᠧᠦ᠍᠎ᠶ᠋ᠢᠨ ᠪᠣᠣ ᠭᠠᠩ ᠬᠤᠪᠣᠷ ᠱᠢᠷᠣᠶ᠎ᠶ᠋ᠢᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠤᠨ ᠬᠥᠭ᠌ᠵᠢᠯᠲᠡ᠎ᠶ᠋ᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ᠎ᠲᠠᠢ ᠪᠠᠢᠯᠳᠤᠬᠤ ᠪᠣᠳᠣᠯᠭ᠎ᠠ᠎ᠶ᠋ᠢᠨ ᠬᠠᠮᠲᠤᠷᠠᠯᠴᠠᠭ᠎ᠠ ᠬᠢᠵᠦ᠍᠂ ᠬᠠᠩᠵᠧᠦ ᠬᠤᠲᠠ᠎ᠶ᠋ᠢᠨ ᠢᠦᠶ ᠬᠠᠩ ᠲᠣᠭᠤᠷᠢᠭ᠎ᠤᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠤᠨ ᠲᠣᠪᠴᠢᠶ᠎ᠠ᠎ᠯᠤᠭ᠎ᠠ 《 ᠬᠤᠪᠣᠷ ᠱᠢᠷᠣᠶ + ᠬᠢᠮᠡᠯ ᠣᠶᠤᠨ 》᠂ 《 ᠬᠤᠪᠣᠷ ᠱᠢᠷᠣᠶ + ᠱᠢᠨ᠎ᠡ ᠮᠠᠲ᠋ᠧᠷᠢᠶᠠᠯ 》 ᠭᠡᠬᠦ᠌ ᠬᠤᠶᠠᠷ ᠶᠡᠭᠡ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠤᠨ ᠱᠢᠨ᠎ᠡ᠎ᠶ᠋ᠢ ᠡᠭᠦᠳᠬᠦ᠌ ᠬᠠᠮᠲᠤᠷᠠᠯᠴᠠᠭᠠᠨ᠎ᠤ ᠴᠢᠭ᠌ᠯᠡᠯ᠎ᠢ ᠲᠣᠳᠣᠷᠬᠠᠶ ᠲᠣᠭᠲᠠᠭ᠋ᠠᠵᠤ᠂ ᠳᠤᠮᠳᠠᠳᠤ ᠤᠯᠤᠰ᠎ᠤᠨ ᠬᠤᠪᠣᠷ ᠱᠢᠷᠣᠶ᠎ᠶ᠋ᠢᠨ ᠠᠵᠢᠯ ᠲᠥᠷᠥᠯ᠎ᠤᠨ ᠨᠡᠢᠭᠡᠮᠯᠢᠭ᠎ᠤᠨ ᠬᠤᠪᠣᠷ ᠱᠢᠷᠣᠶ᠎ᠶ᠋ᠢᠨ ᠲᠡᠮᠦᠷᠯᠢᠭ ᠵᠢᠴᠢ ᠬᠠᠢᠯᠤᠰᠢ᠎ᠶ᠋ᠢᠨ ᠬᠤᠪᠢᠶᠠᠷᠢ ᠨᠡᠢᠭᠡᠮᠯᠢᠭ᠂ ᠵᠧᠵᠢᠶᠠᠩ ᠴᠢᠩᠬᠤᠸᠠ ᠶᠡᠭᠡ ᠰᠤᠷᠭᠠᠭᠤᠯᠢ ᠭᠤᠷᠪᠠᠯᠵᠢᠨ ᠬᠤᠢᠭ᠎ᠤᠨ ᠰᠤᠳᠤᠯᠭᠠᠨ᠎ᠤ ᠬᠦᠷᠢᠶᠡᠯᠡᠩ᠎ᠤᠨ ᠬᠠᠩᠵᠸᠤ᠎ᠶ᠋ᠢᠨ ᠬᠤᠪᠢᠶᠠᠷᠢ ᠬᠦᠷᠢᠶᠡᠯᠡᠩ ᠵᠡᠷᠭᠡ 5 ᠨᠢᠭᠡᠴᠢ᠎ᠲᠠᠢ 《 ᠪᠤᠭᠤᠲᠤ᠎ᠶ᠋ᠢᠨ ᠬᠤᠪᠣᠷ ᠱᠢᠷᠣᠶ᠎ᠶ᠋ᠢᠨ ᠳᠡᠭᠡᠳᠦ ᠱᠢᠨ᠎ᠡ ᠮᠡᠷᠭᠡᠵᠢᠯ᠎ᠤᠨ ᠣᠷᠣᠨ • ᠬᠠᠩᠵᠧᠦ᠍᠎ᠶ᠋ᠢᠨ ᠬᠤᠪᠣᠷ ᠱᠢᠷᠣᠶ᠎ᠶ᠋ᠢᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠤᠨ ᠰᠢᠨ᠎ᠡ᠎ᠶ᠋ᠢ ᠡᠭᠦᠳᠬᠦ᠌ ᠠᠮᠢ ᠠᠬᠤᠶ᠎ᠶ᠋ᠢᠨ ᠬᠠᠮᠲᠤᠷᠠᠯᠴᠠᠭᠠᠨ᠎ᠤ ᠬᠠᠮᠲᠤ᠎ᠶ᠋ᠢᠨ ᠴᠣᠭ᠍ᠴᠠ᠎ᠶ᠋ᠢᠨ ᠰᠠᠨᠠᠮᠵᠢ᠎ᠶ᠋ᠢᠨ ᠪᠢᠴᠢᠭ 》ᠲᠣᠭ᠍ᠲᠠᠵᠤ᠂ ᠱᠢᠨ᠎ᠡ᠎ᠶ᠋ᠢ ᠡᠭᠦᠳᠬᠦ᠌᠎ᠳᠤ 《1 + 3 + N》 ᠬᠤᠤᠰ ᠴᠢᠭ᠌ᠯᠡᠯ᠎ᠢᠶᠠᠷ ᠬᠦᠴᠦᠨ ᠨᠡᠮᠡᠷᠢᠯᠡᠬᠦ ᠵᠠᠭ᠍ᠪᠤᠷ᠎ᠢ ᠳᠤᠷᠠᠳᠪᠠ ( ᠬᠠᠮᠲᠤᠷᠠᠯᠴᠠᠭᠠᠨ᠎ᠤ ᠲᠥᠪ᠎ᠢᠶᠠᠷ ᠭᠤᠤᠯ ᠬᠦᠢᠰᠦ ᠪᠣᠯᠭᠠᠵᠤ᠂ 《ᠬᠤᠪᠣᠷ ᠱᠢᠷᠣᠶ + ᠰᠢᠨ᠎ᠡ᠎ᠶ᠋ᠢ ᠡᠭᠦᠳᠦᠨ ᠠᠳᠠᠯ ᠦᠢᠯᠡᠰ ᠴᠣᠭ᠍ᠴᠠᠯᠠᠬᠤ ᠤᠷᠤᠯᠳᠤᠭᠠᠨ》᠂ 《〈ᠬᠤᠶᠠᠷ᠎ᠢ ᠡᠯᠰᠡᠵᠦ᠍ ᠬᠤᠶᠠᠷ᠎ᠢ ᠣᠷᠤᠭᠤᠯᠬᠤ 〉 ᠬᠣᠯᠪᠣᠭ᠋ᠠᠨ᠎ᠤ ᠥᠷᠲᠡᠭᠡ》᠂ 《ᠬᠠᠮᠲᠤᠷᠠᠯᠴᠠᠭᠠᠨ᠎ᠤ ᠬᠠᠮᠲᠤ᠎ᠶ᠋ᠢᠨ ᠴᠣᠭ᠍ᠴᠠ》 ᠵᠡᠷᠭᠡ ᠭᠤᠷᠪᠠᠨ ᠶᠡᠭᠡ ᠲᠤᠯᠭᠠᠭᠤᠷᠢᠯᠠᠬᠤ ᠲᠠᠪᠴᠠᠩ᠎ᠢ ᠪᠠᠢᠭᠤᠯᠵᠤ᠂ N ᠴᠢᠳᠠᠪᠤᠷᠢᠲᠠᠨ᠂ ᠦᠷ᠎ᠡ ᠪᠦᠲᠦᠭᠡᠯ ᠬᠢᠭᠡᠳ ᠲᠥᠷᠥᠯ ᠵᠦᠢᠯ᠎ᠤᠨ ᠡᠬᠢ ᠪᠠᠶᠠᠯᠢᠭ᠎ᠢ ᠲᠦᠷᠭᠡᠨ ᠴᠤᠭ᠍ᠯᠠᠭᠤᠯᠬᠤ᠎ᠶ᠋ᠢ ᠪᠡᠶᠡᠯᠡᠭᠦᠯᠦᠨ᠎ᠡ )᠃
ᠢᠷᠡᠭᠡᠳᠦᠢ᠎ᠳᠤ᠂ ᠬᠠᠩᠵᠧᠦ᠍᠎ᠶ᠋ᠢᠨ ᠬᠠᠮᠲᠤᠷᠠᠯᠴᠠᠭᠠᠨ᠎ᠤ ᠲᠥᠪ᠎ᠠᠴᠠ ᠪᠤᠭᠤᠲᠤ᠎ᠶ᠋ᠢᠨ ᠬᠤᠪᠣᠷ ᠱᠢᠷᠣᠶ᠎ᠶ᠋ᠢᠨ ᠠᠵᠤ ᠦᠢᠯᠡᠰ᠎ᠤᠨ ᠮᠡᠷᠭᠡᠵᠢᠯ᠎ᠤᠨ ᠰᠤᠳᠤᠯᠭᠠᠨ᠎ᠤ ᠳᠠᠪᠠᠭᠤᠯᠢᠭ᠎ᠢ ᠭᠦᠨᠵᠡᠭᠡᠢ ᠨᠡᠢᠳᠭᠡᠵᠦ᠍᠂《ᠮᠠᠲ᠋ᠧᠷᠢᠶᠠᠯ》 ᠪᠣᠯᠤᠨ 《ᠤᠶᠤᠨ》᠎ᠢ ᠤᠶᠠᠯᠳᠤᠭᠤᠯᠬᠤ᠂ 《ᠬᠡᠯᠬᠢᠶ᠎ᠡ》 ᠪᠣᠯᠤᠨ 《ᠦᠵᠦᠭᠦᠷ》᠎ᠢ ᠵᠣᠯᠭᠠᠭᠤᠯᠬᠤ᠎ᠶ᠋ᠢ ᠲᠤᠪᠤᠢᠯᠭᠠᠵᠦ᠍᠂ ᠬᠤᠪᠣᠷ ᠱᠢᠷᠣᠢ᠎ᠶ᠋ᠢᠨ ᠲᠣᠭ᠍ᠲᠠᠮᠠᠯ ᠰᠣᠷᠢᠨᠵᠢᠨ᠂ ᠤᠰᠤᠲᠥ᠋ᠷᠥᠭ᠌ᠴᠢ ᠬᠠᠳᠠᠭᠠᠯᠠᠬᠤ᠂ ᠲᠦᠷᠭᠡᠳᠭᠡᠬᠦ᠌ ᠵᠡᠷᠭᠡ ᠵᠠᠩᠭᠢᠯᠠᠭ᠎ᠠ᠎ᠶ᠋ᠢᠨ ᠬᠦᠷᠢᠶᠡᠨ᠎ᠳᠤ ᠠᠩᠬᠠᠷᠤᠯ᠎ᠢᠶᠠᠨ ᠲᠥᠪᠯᠡᠷᠡᠭᠦᠯᠦᠨ ᠮᠡᠷᠭᠡᠵᠢᠯ᠎ᠤᠨ ᠪᠣᠭᠤᠮᠲᠠ ᠱᠢᠪᠲᠤᠯᠬᠤ ᠠᠵᠢᠯ᠎ᠢ ᠥᠷᠨᠢᠭᠦᠯᠦᠨ᠎ᠡ᠃
ᠺᠦᠨᠱᠠᠨ᠎ᠳᠤ᠂ ᠬᠤᠪᠣᠷ ᠱᠢᠷᠣᠢ᠎ᠶ᠋ᠢᠨ ᠳᠡᠭᠡᠳᠦ ᠱᠢᠨ᠎ᠡ ᠮᠡᠷᠭᠡᠵᠢᠯ᠎ᠤᠨ ᠣᠷᠣᠨ ᠪᠣᠯᠤᠨ ᠪᠤᠭᠤᠲᠤ ᠬᠤᠳᠠ᠎ᠶ᠋ᠢᠨ ᠶᠢᠩ ᠰᠧ ᠲᠧ ᠬᠤᠪᠣᠷ ᠱᠢᠷᠣᠢ᠎ᠶ᠋ᠢᠨ ᠰᠣᠷᠢᠨᠵᠢᠨ ᠱᠢᠨ᠎ᠡ ᠮᠠᠲ᠋ᠧᠷᠢᠶᠠᠯ᠎ᠤᠨ ᠬᠤᠪᠢ ᠣᠷᠣᠭᠤᠯᠤᠭ᠍ᠰᠠᠨ ᠬᠢᠵᠠᠭᠠᠷᠲᠤ ᠺᠣᠮᠫᠠᠨᠢ᠎ᠶ᠋ᠢᠨ ᠺᠦᠨᠱᠠᠨ ᠬᠤᠪᠢᠶᠠᠷᠢ ᠺᠣᠮᠫᠠᠨᠢ ᠬᠠᠮᠲᠤᠷᠠᠯᠴᠠᠵᠤ᠂ 《 ᠬᠡᠷᠡᠭ᠌ᠴᠡᠭᠡ ᠱᠠᠭᠠᠷᠳᠠᠯᠭ᠎ᠠ᠎ᠶ᠋ᠢᠨ ᠱᠢᠭᠤᠳ ᠨᠡᠪᠲᠡᠷᠡᠬᠦ᠌ ᠲᠡᠷᠭᠡ 》᠂ 《 ᠰᠤᠳᠤᠯᠤᠨ ᠨᠡᠭᠡᠭᠡᠬᠦ᠌ ᠬᠠᠮᠲᠤ᠎ᠶ᠋ᠢᠨ ᠴᠣᠭ᠍ᠴᠠ 》᠎ᠶ᠋ᠢ ᠵᠡᠷᠭᠡ ᠪᠡᠷ ᠪᠠᠢᠭᠤᠯᠵᠠᠢ᠃ ᠺᠦᠨᠱᠠᠨᠤ ᠵᠢᠶᠠ ᠪᠦᠦ ᠷᠦᠩ ᠡᠯᠧᠺᠲᠷᠣᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠤᠨ ᠬᠢᠵᠠᠭᠠᠷᠲᠤ ᠺᠣᠮᠫᠠᠨᠢ ᠵᠡᠷᠭᠡ ᠠᠵᠤ ᠠᠬᠤᠢᠯᠠᠯ᠎ᠯᠤᠭ᠎ᠠ 《 ᠬᠠᠮᠲᠤᠷᠠᠯᠴᠠᠭᠠᠨ᠎ᠤ ᠬᠠᠮᠲᠤ᠎ᠶ᠋ᠢᠨ ᠴᠣᠭ᠍ᠴᠠ᠎ᠶ᠋ᠢᠨ ᠰᠠᠨᠠᠮᠵᠢ᠎ᠶ᠋ᠢᠨ ᠪᠢᠴᠢᠭ 》 ᠲᠣᠭ᠍ᠲᠠᠵᠤ᠂ ᠠᠵᠤ ᠦᠢᠯᠡᠰ᠎ᠤᠨ ᠬᠡᠯᠬᠢᠶ᠎ᠡ᠎ᠶ᠋ᠢᠨ ᠳᠡᠭᠡᠳᠦ ᠳᠣᠤᠷᠠᠳᠤ ᠤᠷᠤᠰᠭᠠᠯ᠎ᠤᠨ 《 ᠬᠤᠪᠣᠷ ᠱᠢᠷᠣᠶ᠎ᠶ᠋ᠢᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠤᠨ ᠱᠢᠨ᠎ᠡ᠎ᠶ᠋ᠢ ᠡᠭᠦᠳᠬᠦ᠌ ᠬᠡᠯᠬᠢᠶ᠎ᠡ 》᠎ᠶ᠋ᠢ ᠬᠠᠮᠲᠤ᠎ᠪᠠᠷ ᠬᠡᠷᠡᠭ᠌ᠯᠡᠵᠦ᠍ ᠬᠠᠮᠲᠤ᠎ᠪᠠᠷ ᠡᠳ᠋ᠯᠡᠬᠦ᠌᠎ᠶ᠋ᠢ ᠠᠬᠢᠭᠤᠯᠤᠨ᠎ᠠ᠃