ᠡᠪᠦᠯ᠎ᠦᠨ ᠡᠬᠢᠨ᠎ᠦ ᠬᠢᠩᠭᠠᠨ ᠠᠢᠮᠠᠭ᠎ᠤᠨ ᠬᠦᠢᠲᠡᠨ ᠠᠭᠤᠷ ᠠᠮᠢᠰᠬᠤᠯ ᠤᠯᠠᠮ᠎ᠢᠶᠠᠷ ᠦᠥᠭᠡᠷᠡᠵᠤ᠂ ᠮᠠᠯᠵᠢᠯ᠎ᠤᠨ ᠲᠠᠯᠠᠪᠠᠢ᠎ᠶᠢᠨ ᠠᠮᠢᠵᠢᠷᠠᠯ᠎ᠤᠨ ᠬᠦᠴᠦᠨ᠎ᠢ ᠬᠣᠷᠢᠭ᠍ᠯᠠᠵᠤ ᠳᠡᠶ᠋ᠢᠯᠬᠦ ᠦᠭᠡᠢ ᠪᠠᠢᠯ᠎ᠠ᠃ 12 ᠳ᠋ᠤᠭ᠋ᠠᠷ ᠰᠠᠷ᠎ᠠ᠎ᠶ᠋ᠢᠨ 2 ᠤᠨ ᠡᠳᠦᠷ᠂ ᠲᠦᠴᠢᠦᠸᠠᠨ ᠱᠢᠶᠠᠨ᠎ᠤ ᠵᠦᠩ ᠱᠢᠩ ᠲᠠᠷᠢᠮᠠᠯ ᠳᠠᠷᠢᠬᠤ ᠲᠤᠰᠬᠠᠢ ᠬᠣᠷᠰᠢᠶᠠᠨ᠎ᠤ ᠰᠠᠭᠠᠯᠢ᠎ᠶᠢᠨ ᠦᠨᠢᠶ᠎ᠡ ᠲᠡᠵᠢᠭᠡᠨ ᠦᠷᠡᠵᠢᠭᠦᠯᠬᠦ ᠲᠠᠯᠠᠪᠠᠶ᠎ᠳᠤ᠂ 2300 ᠭᠠᠷᠤᠢ ᠰᠠᠭᠠᠯᠢ᠎ᠶᠢᠨ ᠦᠨᠢᠶ᠎ᠡ ᠰᠡᠭᠦᠯ᠎ᠢᠶᠡᠨ ᠰᠠᠪᠠᠵᠦ ᠰᠤᠯᠠ ᠰᠡᠯᠡᠭᠦᠦ ᠢᠳᠡᠰᠢᠯᠡᠵᠦ᠂ ᠠᠦ᠋ᠲ᠋ᠣᠴᠢᠯᠠᠭᠰᠠᠨ ᠲᠡᠵᠢᠭᠡᠪᠦᠷᠢ᠎ᠶᠢᠨ ᠰᠢᠰᠲᠧᠮ ᠨᠢ ᠢᠳᠡᠭᠡᠨ᠎ᠦ ᠣᠩᠭᠣᠴᠠ᠎ᠪᠠᠷ ᠡᠪᠡᠰᠦ ᠪᠣᠷᠳᠣᠭ᠎ᠠ᠎ᠶᠢ ᠨᠠᠷᠢᠯᠢᠭ᠋ ᠣᠨᠣᠴᠠᠲᠠᠢ᠎ᠪᠠᠷ ᠳᠡᠯᠭᠡᠵᠦ᠂ ᠨᠠᠷᠢᠬᠠᠨ ᠪᠥᠭᠡᠳ ᠵᠢᠭᠳᠡᠬᠡᠨ ᠵᠠᠵᠢᠯᠬᠤ ᠳᠠᠭᠤᠨ ᠡᠨᠳᠡ ᠲᠡᠨᠳᠡ ᠦᠭᠡᠢ ᠰᠣᠨᠣᠰᠳᠠᠨ᠎ᠠ᠃ ᠡᠨᠳᠡ ᠡᠳᠦᠷ ᠪᠦᠷᠢ ᠳᠤᠮᠳᠠᠴᠢ᠎ᠪᠠᠷ 21 ᠲᠣᠨ᠎ᠤ ᠰᠦᠨ᠎ᠦ ᠭᠠᠷᠤᠯᠲᠠ᠎ᠶᠢ ᠲᠣᠭᠲᠠᠪᠤᠷᠢᠵᠢᠭᠤᠯᠵᠤ᠂ ᠡᠨᠡᠬᠦ ᠳᠤᠮᠳᠠ ᠬᠡᠯᠪᠡᠷᠢ᠎ᠶᠢᠨ ᠲᠡᠵᠢᠭᠡᠨ ᠦᠷᠡᠵᠢᠭᠦᠯᠬᠦ ᠠᠵᠤ ᠠᠬᠤᠢᠯᠠᠯ᠎ᠢ ᠲᠤᠬᠠᠢ᠎ᠶᠢᠨ ᠭᠠᠵᠠᠷ᠎ᠤᠨ ᠨᠡᠷ᠎ᠡ ᠨᠢᠳᠡᠷ᠎ᠲᠤ᠎ᠪᠠᠨ ᠨᠡᠢᠴᠡᠭᠰᠡᠨ ᠬᠡᠪ ᠳᠠᠭᠤᠷᠢᠶᠠᠯ ᠪᠣᠯᠭᠠᠭᠰᠠᠨ ᠪᠠᠢᠨ᠎ᠠ᠃
《ᠡᠨᠡ ᠬᠣᠶᠠᠷ ᠵᠢᠯ᠎ᠳᠦ ᠵᠠᠰᠠᠭ᠎ᠤᠨ ᠣᠷᠳᠣᠨ᠎ᠤ ᠵᠢᠩᠬᠢᠨᠢ ᠠᠯᠲᠠ ᠮᠥᠩᠭᠥᠨ᠎ᠦ ᠱᠠᠩᠨᠠᠯ᠎ᠤᠨ ᠨᠡᠮᠡᠭᠦᠷᠢ ᠮᠥᠩᠭᠥ ᠨᠢ ᠮᠠᠨ᠎ᠤ ᠦᠬᠡᠷ ᠲᠡᠵᠢᠭᠡᠬᠦ ᠠᠵᠢᠯ ᠢ᠋ ᠨᠡᠩ ᠢᠳᠡ ᠬᠦᠴᠦᠨ᠎ᠲᠠᠢ ᠪᠣᠯᠭᠠᠵᠠᠢ》 ᠃ ᠬᠤᠷᠱᠢᠶᠠᠨ᠎ᠤ ᠠᠵᠢᠯᠲᠠᠨ ᠳ᠋ᠦ᠋ ᠯᠢ ᠨᠠᠶ᠋ᠢᠨ ᠦᠭᠡ ᠶᠠᠷᠢᠶ᠎ᠠ᠎ᠨᠢ ᠲᠥᠷᠥ᠎ᠶ᠋ᠢᠨ ᠪᠣᠳᠣᠯᠭ᠎ᠠ᠎ᠶ᠋ᠢ ᠨᠠᠢᠳᠠᠪᠤᠷᠢᠵᠢᠭᠤᠯᠤᠭ᠍ᠰᠠᠨ᠎ᠠᠴᠠ ᠪᠣᠯᠤᠭ᠍ᠰᠠᠨ ᠦᠨᠡᠨ ᠪᠣᠳᠠᠲᠠᠶ ᠬᠦᠷᠲᠡᠮᠵᠢ᠎ᠶ᠋ᠢᠨ ᠲᠥᠷᠥᠭ᠌ᠳᠡᠯ᠎ᠢ ᠢᠯᠡᠷᠡᠭᠦᠯᠪᠡ᠃ ᠲᠥᠷᠥ᠎ᠶ᠋ᠢᠨ ᠪᠣᠳᠣᠯᠭ᠎ᠠ᠎ᠶ᠋ᠢᠨ ᠠᠱᠢᠭ ᠲᠤᠰᠠ᠎ᠶ᠋ᠢ ᠦᠷᠭᠦᠯᠵᠢᠯᠡᠨ ᠪᠠᠳᠠᠷᠠᠭᠤᠯᠬᠤ᠎ᠶ᠋ᠢ ᠳᠠᠭᠠᠯᠳᠤᠨ᠂ ᠲᠦᠴᠢᠦᠸᠠᠨ ᠱᠢᠶᠠᠨ᠎ᠤ ᠰᠠᠭᠠᠯᠢ᠎ᠶ᠋ᠢᠨ ᠦᠨᠢᠶᠡᠨ᠎ᠤ ᠲᠤᠭ᠎ᠠ ᠬᠡᠮᠵᠢᠶ᠎ᠡ 3.58 ᠲᠦᠮᠡ᠎ᠳᠤ ᠬᠦᠷᠴᠦ᠍᠂ ᠬᠢᠩᠭᠠᠨ ᠠᠢᠮᠠᠭ᠎ᠤᠨ ᠰᠦ᠎ᠶ᠋ᠢᠨ ᠦᠢᠯᠡᠰ᠎ᠤᠨ ᠭᠠᠷᠤᠯᠲᠠ᠎ᠶ᠋ᠢ ᠲᠣᠭ᠍ᠲᠠᠪᠤᠷᠢᠵᠢᠭᠤᠯᠬᠤ᠎ᠳᠤ ᠰᠠᠭᠤᠷᠢ᠎ᠶ᠋ᠢ ᠪᠠᠬᠢᠵᠢᠭᠦᠯᠪᠡ᠃
ᠲᠠᠯ᠎ᠠ ᠨᠤᠲᠤᠭ᠎ᠠᠴᠠ ᠦᠢᠯᠡᠳᠪᠦᠷᠢ᠎ᠶ᠋ᠢᠨ ᠲᠠᠰᠤᠭ ᠬᠦᠷᠲᠡᠯ᠎ᠡ᠂ ᠮᠠᠯᠵᠢᠯ᠎ᠤᠨ ᠲᠠᠯᠠᠪᠠᠢ᠎ᠠᠴᠠ ᠬᠤᠭᠤᠯᠠᠨ ᠱᠢᠷᠡᠭᠡ ᠬᠦᠷᠲᠡᠯ᠎ᠡ᠂ ᠤᠮᠠᠷᠠᠲᠤ ᠥᠷᠭᠡᠷᠢᠭ᠎ᠦᠨ 46 ᠭᠷᠡᠳᠦ᠋ᠰ᠎ᠦᠨ 《 ᠦᠬᠡᠷ ᠲᠡᠵᠢᠭᠡᠬᠦ ᠰᠢᠵᠢᠷ ᠠᠯᠲᠠᠨ ᠪᠦᠰᠡ 》 ᠳᠡᠭᠡᠷᠡᠬᠢ ᠬᠢᠩᠭᠠᠨ ᠠᠢᠮᠠᠭ ᠨᠢ᠂ 《ᠡᠪᠡᠰᠦ ᠨᠢ ᠰᠠᠬᠤᠯᠢᠭ᠋᠂ ᠦᠬᠡᠷ ᠨᠢ ᠪᠦᠳᠦᠭᠦᠨ᠂ ᠰᠦ ᠨᠢ ᠰᠢᠯᠢᠳᠡᠭ᠂ ᠠᠵᠤ ᠦᠢᠯᠡᠰ ᠬᠥᠭᠵᠢᠬᠦ》 ᠪᠡᠷ ᠭᠣᠣᠯ ᠰᠡᠳᠦᠪ ᠪᠣᠯᠭᠠᠭᠰᠠᠨ ᠰᠦ᠎ᠶᠢᠨ ᠦᠢᠯᠡᠰ᠎ᠢ ᠬᠥᠭᠵᠢᠭᠦᠯᠦᠨ ᠮᠠᠨᠳᠤᠭᠤᠯᠬᠤ ᠦᠢᠯᠡᠳᠦᠯᠭᠡ ᠶᠠᠭ ᠡᠨᠡ ᠬᠦ᠌ ᠨᠤᠲᠤᠭ ᠳᠡᠪᠢᠰᠬᠡᠷᠲᠦ ᠪᠥᠬᠥ ᠲᠠᠯ᠎ᠠ᠎ᠪᠠᠷ ᠳᠡᠯᠭᠡᠭᠳᠡᠵᠦ ᠪᠠᠢᠭ᠎ᠠ ᠶᠤᠮ᠃ ᠤᠢ᠍ᠢᠷ᠎ᠠ᠎ᠶ᠋ᠢᠨ ᠵᠢᠯ᠎ᠠᠴᠠ ᠨᠠᠭᠠᠰᠢ᠂ ᠬᠢᠩᠭᠠᠨ ᠠᠢᠮᠠᠭ ᠠᠮᠢ ᠠᠬᠤᠢ᠎ᠶ᠋ᠢᠨ ᠳᠠᠪᠠᠭᠤᠯᠢᠭ᠎ᠲᠤ ᠲᠦᠱᠢᠭ᠌ᠯᠡᠨ᠂ ᠴᠢᠨᠠᠷ ᠰᠠᠢᠲᠠᠢ ᠬᠥᠭ᠌ᠵᠢᠯᠲᠡ᠎ᠶ᠋ᠢᠨ ᠬᠠᠷᠠᠯᠲᠠ᠎ᠲᠠᠢ ᠨᠢᠭ᠍ᠲᠠ ᠤᠶᠠᠯᠳᠤᠭᠤᠯᠵᠤ᠂ ᠰᠦ᠎ᠶ᠋ᠢᠨ ᠦᠢᠯᠡᠰ᠎ᠤᠨ ᠪᠦᠬᠦ᠌ ᠬᠡᠯᠬᠢᠶ᠎ᠡ᠎ᠶ᠋ᠢᠨ ᠲᠡᠰ ᠳᠡᠪᠱᠢᠬᠦ᠌᠎ᠶ᠋ᠢ ᠪᠦᠬᠦ᠌ ᠬᠦᠴᠦᠨ᠎ᠢᠶᠠᠷ ᠠᠬᠢᠭᠤᠯᠪᠠ᠃ ᠬᠢᠩᠭᠠᠨ ᠠᠢᠮᠠᠭ ᠥᠪᠥᠷ ᠮᠣᠩᠭᠤᠯ᠎ᠳᠤ ᠤᠯᠤᠰ᠎ᠤᠨ ᠴᠢᠬᠤᠯᠠ 《ᠰᠦ᠎ᠶ᠋ᠢᠨ ᠰᠠᠪᠠ》 ᠶ᠋ᠢ ᠪᠦᠲᠦᠭᠡᠨ ᠪᠠᠢᠭᠤᠯᠬᠤ ᠶᠠᠪᠤᠴᠠ᠎ᠳᠤ᠂ ᠰᠠᠭᠠᠯᠢ᠎ᠶ᠋ᠢᠨ ᠦᠨᠢᠶ᠎ᠡ᠎ᠶ᠋ᠢᠨ ᠵᠢᠯ᠎ᠤᠨ ᠲᠡᠵᠢᠭᠡᠵᠦ᠍ ᠪᠠᠢᠭ᠎ᠠ ᠲᠤᠭ᠎ᠠ 26.5 ᠲᠦᠮᠡᠨ ᠲᠤᠯᠤᠭ᠋ᠠᠢ᠂ ᠦᠨᠢᠶᠡᠨ ᠰᠦ᠎ᠶ᠋ᠢᠨ ᠭᠠᠷᠤᠯᠲᠠ ᠨᠢ 47.7 ᠲᠦᠮᠡᠨ ᠲᠣᠨ᠂ ᠠᠮᠢ ᠠᠬᠤᠢ᠎ᠶ᠋ᠢᠨ ᠦᠷ᠎ᠡ ᠠᠱᠢᠭ ᠬᠢᠭᠡᠳ ᠠᠵᠤ ᠦᠢᠯᠡᠰ᠎ᠤᠨ ᠠᠮᠢᠵᠢᠷᠠᠯ᠎ᠤᠨ ᠬᠦᠴᠦᠨ᠎ᠲᠠᠢ 《ᠬᠢᠩᠭᠠᠨ᠎ᠤ ᠬᠠᠷᠢᠭᠤᠯᠲᠠ᠎ᠶ᠋ᠢᠨ ᠬᠠᠭᠤᠳᠠᠰᠤ》 ᠶ᠋ᠢ ᠲᠤᠱᠢᠶᠠᠪᠠ᠃
ᠲᠡᠵᠢᠭᠡᠨ ᠦᠷᠡᠵᠢᠭᠦᠯᠬᠦ᠌ ᠦᠵᠦᠭᠦᠷ᠎ᠤᠨ ᠪᠦᠲᠦᠴᠡ ᠱᠢᠯᠢᠳᠡᠭ᠌ᠵᠢᠵᠦ᠍᠂ ᠶᠠᠭ ᠰᠠᠶᠢᠬᠠᠨ ᠮᠥᠰᠥ᠍ ᠴᠠᠰᠤᠨ᠎ᠤ ᠡᠬᠢᠨ᠎ᠤ ᠭᠠᠵᠠᠷ ᠱᠢᠷᠣᠶ ᠳᠡᠭᠡᠷ᠎ᠡ ᠠᠭᠠᠵᠢᠮ᠎ᠢᠶᠠᠷ ᠬᠤᠷᠳᠤᠴᠠ᠎ᠪᠠᠨ ᠲᠦᠷᠭᠡᠳᠭᠡᠵᠦ᠍᠂ ᠪᠥᠬᠦ᠌ ᠠᠢᠮᠠᠭ᠎ᠤᠨ 11 ᠪᠠᠷᠢᠮᠵᠢᠶᠠᠵᠢᠭᠤᠯᠤᠭ᠍ᠰᠠᠨ ᠬᠡᠪᠴᠢᠶᠡᠲᠦ ᠮᠠᠯᠵᠢᠯ᠎ᠤᠨ ᠲᠠᠯᠠᠪᠠᠢ᠎ᠨᠢ ᠴᠢᠨᠠᠷ ᠰᠠᠢᠲᠠᠶ ᠰᠦ᠎ᠶ᠋ᠢᠨ ᠢᠷᠡᠯᠲᠡ᠎ᠶ᠋ᠢᠨ 《ᠲᠣᠭ᠍ᠲᠠᠪᠤᠷᠢᠵᠢᠭᠤᠯᠤᠭ᠍ᠴᠢ》 ᠪᠣᠯᠪᠠ᠃ ᠵᠦᠩ ᠨᠦᠩ ᠬᠢᠩᠭᠠᠨ ᠡᠭᠦᠯᠳᠡᠷ᠎ᠤᠨ ᠦᠬᠡᠷ᠎ᠤᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠤᠨ ᠬᠢᠵᠠᠭᠠᠷᠲᠤ ᠺᠣᠮᠫᠠᠨᠢ᠎ᠶ᠋ᠢᠨ ᠲᠤᠷᠱᠢᠯᠲᠠ᠎ᠶ᠋ᠢᠨ ᠲᠠᠰᠤᠭ᠎ᠲᠤ᠌᠂ ᠮᠡᠷᠭᠡᠵᠢᠯ᠎ᠦᠨ ᠠᠵᠢᠯᠲᠠᠳ ᠤᠳᠤ ᠶᠠᠭ ᠪᠤᠬ᠎ᠠ᠎ᠶᠢᠨ ᠦᠷ᠎ᠡ᠎ᠶᠢᠨ ᠰᠢᠩᠭᠡᠨᠦ ᠠᠮᠢᠵᠢᠷᠠᠯ᠎ᠤᠨ ᠬᠦᠴᠦᠨ ᠪᠠ ᠨᠢᠭ᠍ᠲᠠᠴᠠ᠎ᠶᠢ ᠰᠢᠯᠭᠠᠨ ᠪᠠᠢᠴᠠᠭᠠᠵᠤ ᠪᠠᠢᠨ᠎ᠠ᠂ ᠰᠢᠯᠭᠠᠨ ᠪᠠᠢᠴᠠᠭᠠᠭᠠᠳ ᠬᠢᠷᠢ ᠲᠡᠩᠴᠡᠭᠰᠡᠨ ᠪᠤᠬ᠎ᠠ᠎ᠶᠢᠨ ᠦᠷ᠎ᠡ᠎ᠶᠢᠨ ᠰᠢᠩᠭᠡᠨ᠎ᠢ ᠰᠢᠩᠭᠡᠷᠡᠭᠦᠯᠬᠦ᠂ ᠯᠠᠰᠠᠯᠠᠬᠤ᠂ ᠺᠣᠳ᠋ ᠰᠦᠷᠴᠢᠬᠦ᠂ ᠬᠥᠯᠳᠡᠭᠡᠬᠦ ᠵᠡᠷᠭᠡ ᠠᠵᠢᠯ᠎ᠤᠨ ᠳᠠᠷᠠᠭᠠᠯᠠᠯ᠎ᠢ ᠥᠩᠭᠡᠷᠡᠭᠡᠭᠰᠡᠨ᠎ᠦ ᠲᠠᠷᠠᠭ᠎ᠠ᠂ ᠬᠠᠳᠠᠭᠠᠯᠠᠬᠤ ᠲᠠᠰᠤᠭ᠎ᠲᠤ ᠬᠦᠷᠭᠡᠵᠦ ᠬᠠᠳᠠᠭᠠᠯᠠᠭᠤᠯᠤᠭᠠᠳ᠂ ᠵᠠᠯᠭᠠᠭ᠎ᠠ᠎ᠪᠠᠷ ᠪᠦᠬᠦ ᠤᠯᠤᠰ᠎ᠤᠨ ᠡᠯ᠎ᠡ ᠭᠠᠵᠠᠷ᠎ᠤᠨ ᠲᠡᠵᠢᠭᠡᠨ ᠦᠷᠡᠵᠢᠭᠦᠯᠬᠦ ᠡᠷᠦᠬᠡ᠎ᠳᠦ ᠬᠦᠷᠭᠡᠬᠦ᠎ᠪᠡᠷ ᠪᠡᠯᠡᠳᠬᠡᠵᠦ ᠪᠠᠢᠨ᠎ᠠ᠃
ᠵᠦᠩ ᠨᠦᠩ ᠬᠢᠩᠭᠠᠨ ᠡᠭᠦᠯᠳᠡᠷ᠎ᠤᠨ ᠦᠬᠡᠷ᠎ᠤᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠤᠨ ᠬᠢᠵᠠᠭᠠᠷᠲᠤ ᠺᠣᠮᠫᠠᠨᠢ᠎ᠶ᠋ᠢᠨ ᠦᠷ᠎ᠡ ᠪᠤᠢᠵᠢᠭᠤᠯᠬᠤ ᠠᠵᠢᠯ᠎ᠨᠢ ᠬᠢᠩᠭᠠᠨ ᠠᠢᠮᠠᠭ᠎ᠤᠨ ᠰᠦ᠎ᠶ᠋ᠢᠨ ᠦᠢᠯᠡᠰ᠎ᠲᠤ ᠱᠢᠨ᠎ᠡ ᠬᠥᠳᠡᠯᠭᠡᠬᠦ᠌ ᠬᠦᠴᠦᠨ ᠨᠡᠮᠡᠷᠢᠯᠡᠨ᠎ᠡ — 2024 ᠣᠨ᠎ᠳᠤ ᠪᠣᠢᠵᠢᠭᠤᠯᠤᠭᠰᠠᠨ ᠰᠦ ᠮᠢᠬᠠᠨ᠎ᠤ ᠬᠣᠣᠰ ᠬᠡᠷᠡᠭᠯᠡᠭᠡᠨ᠎ᠦ ᠬᠡᠯᠪᠡᠷᠢ᠎ᠶᠢᠨ 6 ᠡᠭᠦᠯᠳᠡᠷ᠎ᠦᠨ ᠦᠬᠡᠷ TPI ᠵᠢᠨ ᠪᠦᠬᠦ ᠤᠯᠤᠰ᠎ᠤᠨ ᠲᠦᠷᠦᠭᠦᠦ 100 ᠨᠡᠷᠡᠰ᠎ᠲᠦ ᠣᠷᠣᠵᠤ᠂ ᠡᠨᠡ ᠬᠦ᠌ ᠪᠡᠶ᠎ᠡ᠎ᠪᠠᠨ ᠳᠠᠭᠠᠭᠠᠵᠤ ᠰᠤᠳᠤᠯᠤᠨ ᠨᠡᠭᠡᠭᠡᠭ᠌ᠰᠡᠨ ᠡᠭᠦᠯᠳᠡᠷ ᠪᠤᠢᠵᠢᠭᠤᠯᠬᠤ ᠮᠡᠷᠭᠡᠵᠢᠯ᠎ᠨᠢ ᠦᠷ᠎ᠡ᠎ᠶ᠋ᠢᠨ ᠦᠬᠡᠷ᠎ᠤᠨ ᠶᠠᠰᠤ ᠴᠢᠨᠠᠷ᠎ᠢ ᠢᠯᠡᠳᠲᠡ ᠳᠡᠭᠡᠭ᠌ᠰᠢᠯᠡᠭᠦᠯᠵᠦ᠍᠂ ᠠᠵᠤ ᠠᠬᠤᠢᠯᠠᠯ ᠴᠤ᠌ ᠥᠪᠡᠷᠲᠡᠭᠡᠨ ᠵᠠᠰᠠᠬᠤ ᠣᠷᠣᠨ᠎ᠤ 550 ᠲᠦᠮᠡᠨ ᠲᠥᠭᠦᠷᠢᠭ᠎ᠤᠨ ᠡᠭᠦᠯᠳᠡᠷ ᠪᠤᠢᠵᠢᠭᠤᠯᠬᠤ ᠱᠠᠩᠨᠠᠯ᠎ᠢ ᠭᠥᠷᠳᠡᠵᠦ᠍᠂ ᠰᠠᠭᠠᠯᠢ᠎ᠶ᠋ᠢᠨ ᠦᠨᠢᠶ᠎ᠡ᠎ᠶ᠋ᠢᠨ ᠤᠳᠤᠮᠯᠠᠯ᠎ᠤᠨ ᠰᠠᠢᠵᠢᠷᠠᠭᠤᠯᠤᠯᠲᠠ᠎ᠳᠤ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠤᠨ ᠠᠮᠢᠳᠤᠯᠢᠭ ᠤᠰᠤ ᠨᠡᠮᠡᠷᠢᠯᠡᠭ᠌ᠰᠡᠨ ᠪᠠᠢᠨ᠎ᠠ᠃
ᠬᠢᠩᠭᠠᠨ᠎ᠤ ᠢᠯᠢ ᠰᠦ᠎ᠶ᠋ᠢᠨ ᠦᠢᠯᠡᠰ᠎ᠤᠨ 《5G + ᠠᠵᠤ ᠦᠢᠯᠡᠳᠪᠦᠷᠢ᠎ᠶ᠋ᠢᠨ ᠢᠨᠲ᠋ᠧᠷ ᠰᠦᠯᠵᠢᠶᠡᠨ᠎ᠤ ᠲᠠᠪᠴᠠᠩ》 ᠤᠨ ᠱᠢᠩᠭᠡᠨ ᠲᠥᠯᠥᠪᠲᠦ ᠰᠦ᠎ᠶ᠋ᠢᠨ ᠣᠶᠤᠨᠴᠢ ᠦᠢᠯᠡᠳᠪᠦᠷᠢ᠎ᠶ᠋ᠢᠨ ᠦᠢᠯᠡᠳᠪᠦᠷᠢᠯᠡᠯ᠎ᠤᠨ ᠲᠠᠰᠤᠭ᠎ᠲᠤ ᠬᠦᠷᠴᠦ᠍᠂ ᠪᠠᠭᠯᠠᠭ᠎ᠠ ᠪᠣᠭᠣᠳᠠᠯ᠎ᠤᠨ ᠬᠠᠢᠷᠴᠠᠭ᠎ᠤᠳ ᠨᠢ ᠥᠨᠳᠥᠷ ᠬᠤᠷᠳᠤᠴᠠ᠎ᠪᠠᠷ ᠡᠷᠭᠢᠯᠳᠦᠵᠦ ᠪᠠᠢᠭ᠎ᠠ ᠱᠤᠭᠤᠮ ᠳᠡᠭᠡᠷ᠎ᠡ 《 ᠨᠢᠰᠬᠦ ᠮᠡᠲᠦ 》 ᠳᠠᠪᠬᠢᠵᠤ᠂ ᠬᠠᠢ᠌ᠷᠴᠠᠭ᠎ᠲᠤ ᠰᠠᠪᠠᠯᠠᠭᠰᠠᠨ ᠦᠨᠢᠶᠡᠨ ᠰᠦ᠎ᠶᠢ ᠮᠧᠬᠠᠨᠢᠭ᠋ ᠭᠠᠷ ᠲᠡᠷᠢ ᠲᠡᠭᠰᠢ ᠬᠠᠢ᠌ᠷᠴᠠᠭᠯᠠᠪᠠ᠃ ᠠᠵᠤ ᠦᠢᠯᠡᠳᠪᠦᠷᠢ᠎ᠶ᠋ᠢᠨ ᠢᠨᠲ᠋ᠧᠷ ᠰᠦᠯᠵᠢᠶ᠎ᠡ᠂ 5G᠂ AR᠂ BIM ᠵᠡᠷᠭᠡ ᠬᠤᠱᠢᠭᠤᠷᠠᠯ ᠮᠡᠷᠭᠡᠵᠢᠯ᠎ᠳᠤ ᠲᠦᠱᠢᠭ᠌ᠯᠡᠨ᠂ ᠲᠥᠪ᠎ᠤᠨ ᠡᠵᠡᠮᠱᠢᠯ᠎ᠤᠨ ᠲᠠᠰᠤᠭ᠎ᠨᠢ ᠪᠥᠬᠦ᠌ ᠦᠢᠯᠡᠳᠪᠦᠷᠢᠯᠡᠯ᠎ᠤᠨ ᠬᠡᠯᠬᠢᠶ᠎ᠡ᠎ᠶ᠋ᠢᠨ ᠣᠶᠤᠨᠴᠢᠯᠠᠭ᠍ᠰᠠᠨ ᠬᠠᠮᠢᠶᠠᠷᠤᠯᠲᠠ ᠡᠵᠡᠮᠳᠡᠯ᠎ᠢ ᠪᠡᠶᠡᠯᠡᠭᠦᠯᠵᠦ᠍᠂ ᠰᠦ ᠬᠤᠷᠢᠶᠠᠬᠤ᠂ ᠢᠰᠭᠡᠬᠦ᠌᠎ᠠᠴᠠ ᠰᠠᠪᠠᠯᠠᠬᠤ ᠬᠦᠷᠲᠡᠯᠡᠬᠢ ᠪᠥᠬᠦ᠌ ᠶᠠᠪᠤᠴᠠ᠎ᠶ᠋ᠢᠨ ᠠᠦ᠋ᠲ᠋ᠣᠴᠢᠯᠠᠭ᠍ᠰᠠᠨ ᠬᠠᠮᠤᠭ᠎ᠤᠨ ᠱᠢᠯᠢᠳᠡᠭ ᠦᠢᠯᠡᠳᠪᠦᠷᠢᠯᠡᠯ᠎ᠢ ᠪᠡᠶᠡᠯᠡᠭᠦᠯᠵᠦ᠍᠂ ᠡᠨᠧᠷᠭᠢ᠎ᠶ᠋ᠢᠨ ᠬᠤᠷᠣᠭ᠍ᠳᠠᠯ ᠵᠢᠯ ᠳᠠᠷᠠᠭᠠᠯᠠᠨ ᠪᠠᠭᠤᠷᠠᠵᠤ ᠪᠤᠢ᠃
ᠥᠪᠥᠷ ᠮᠣᠩᠭᠤᠯ᠎ᠤᠨ ᠢᠯᠢ ᠠᠵᠤ ᠦᠶ᠋ᠯᠡᠰ᠎ᠤᠨ ᠪᠦᠯᠦᠭ᠌ᠯᠡᠯ᠎ᠤᠨ ᠬᠤᠪᠢ ᠣᠷᠣᠭᠤᠯᠤᠭ᠍ᠰᠠᠨ ᠬᠢᠵᠠᠭᠠᠷᠲᠤ ᠺᠣᠮᠫᠠᠨᠢ᠎ᠶ᠋ᠢᠨ ᠪᠦᠬᠦ ᠬᠦᠷᠦᠩᠭᠡ᠎ᠶᠢᠨ ᠤᠷᠤᠭᠤᠯᠤᠯ᠎ᠲᠦ ᠳᠠᠭ᠋ᠠᠯᠳᠠ ᠺᠣᠮᠫᠠᠨᠢ ᠪᠣᠯᠤᠭ᠍ᠰᠠᠨ᠎ᠤ ᠬᠤᠪᠢ᠎ᠳᠤ᠂ ᠲᠣᠰ ᠺᠣᠮᠫᠠᠨᠢ᠎ᠨᠢ 《5G + ᠠᠵᠤ ᠦᠶ᠋ᠯᠡᠳᠪᠦᠷᠢ᠎ᠶ᠋ᠢᠨ ᠢᠨᠲ᠋ᠧᠷ ᠰᠦᠯᠵᠢᠶ᠎ᠡ》 ᠪᠠᠷ ᠪᠠᠢᠷᠢ ᠲᠣᠭ᠍ᠲᠠᠭᠠᠯᠲᠠ ᠪᠣᠯᠭᠠᠵᠤ᠂ ᠪᠣᠬᠢᠷᠲᠤᠯ ᠥᠬᠡᠶ ᠣᠷᠴᠢᠨ ᠲᠣᠭᠤᠷᠢᠨ᠎ᠤ ᠬᠠᠮᠠᠭᠠᠯᠠᠯᠲᠠ ᠬᠢᠭᠡᠳ ᠣᠶᠤᠨᠴᠢ ᠦᠶ᠋ᠯᠡᠳᠬᠦ᠌᠎ᠶ᠋ᠢ ᠨᠢᠭᠡ ᠴᠣᠭ᠍ᠴᠠᠵᠢᠭᠤᠯᠤᠭ᠍ᠰᠠᠨ ᠣᠳᠣᠬᠢᠴᠢᠯᠠᠭ᠍ᠰᠠᠨ ᠣᠶᠤᠨᠴᠢ ᠦᠶ᠋ᠯᠡᠳᠪᠦᠷᠢ᠎ᠶ᠋ᠢ ᠪᠣᠶ ᠪᠣᠯᠭᠠᠪᠠ᠃ 2025 ᠣᠨ᠎ᠤ ᠳᠡᠭᠡᠷ᠎ᠡ ᠬᠠᠭᠠᠰ ᠵᠢᠯ ᠪᠣᠯᠲᠠᠯ᠎ᠠ᠂ ᠬᠢᠩᠭᠠᠨ᠎ᠤ ᠢᠯᠢ ᠨᠢᠭᠡᠨᠲᠡ ᠠᠵᠤ ᠦᠶ᠋ᠯᠡᠳᠪᠦᠷᠢ᠎ᠶ᠋ᠢᠨ ᠦᠶ᠋ᠯᠡᠳᠬᠦᠨ᠎ᠤ ᠥᠷᠲᠡᠭ᠎ᠢ 7.21 ᠳ᠋ᠦᠩᠱᠢᠭᠤᠷ ᠲᠥᠭᠦᠷᠢᠭ ᠪᠡᠶᠡᠯᠡᠭᠦᠯᠵᠦ᠍᠂ 1860.16 ᠲᠦᠮᠡᠨ ᠲᠥᠭᠦᠷᠢᠭ᠎ᠤᠨ ᠭᠠᠢᠯᠢ ᠲᠠᠲᠠᠪᠤᠷᠢ᠎ᠶ᠋ᠢ ᠡᠭᠦᠳᠴᠦ᠍᠂ 400 ᠬᠥᠮᠦᠨ᠎ᠳᠤ ᠠᠵᠢᠯ᠎ᠤᠨ ᠪᠠᠢ᠌ᠷᠢ ᠣᠯᠭᠤᠵᠤ᠂ ᠬᠢᠩᠭᠠᠨ ᠠᠢᠮᠠᠭ᠎ᠤᠨ ᠰᠦ᠎ᠶ᠋ᠢᠨ ᠦᠶ᠋ᠯᠡᠰ᠎ᠢ ᠡᠳ᠋ᠱᠢᠭᠦᠯᠬᠦ᠌ ᠠᠵᠤ ᠦᠶ᠋ᠯᠡᠰ᠎ᠲᠤ ᠬᠦᠴᠦᠷᠬᠡᠭ ᠶᠡᠭᠡ ᠬᠥᠳᠡᠯᠭᠡᠬᠦ᠌ ᠬᠦᠴᠦᠨ ᠨᠡᠮᠡᠷᠢᠯᠡᠪᠡ᠃
ᠡᠭᠦᠨ᠎ᠤ ᠬᠠᠮᠲᠤ᠌᠂ ᠥᠪᠥᠷ ᠮᠣᠩᠭᠤᠯ᠎ᠤᠨ ᠬᠤᠩ ᠴᠧᠩ ᠰᠦ᠎ᠶ᠋ᠢᠨ ᠦᠢᠯᠡᠰ᠎ᠤᠨ ᠬᠢᠵᠠᠭᠠᠷᠲᠤ ᠺᠣᠮᠫᠠᠨᠢ᠎ᠶ᠋ᠢᠨ ᠦᠢᠯᠡᠳᠪᠦᠷᠢᠯᠡᠯ᠎ᠤᠨ ᠲᠠᠰᠤᠭ ᠠᠳᠠᠯᠢᠬᠠᠨ ᠶᠠᠭᠠᠷᠠᠯᠲᠠᠢ ᠠᠵᠢᠯᠯᠠᠵᠤ ᠪᠠᠢᠨ᠎ᠠ᠃ ᠰᠦᠨ ᠲᠠᠯᠬ᠎ᠠ᠎ᠶᠢᠨ ᠦᠢᠯᠡᠳᠪᠦᠷᠢᠯᠡᠯ᠎ᠦᠨ ᠱᠤᠭᠤᠮ ᠶᠠᠭ ᠰᠠᠢᠬᠠᠨ ᠠᠴᠢᠶ᠎ᠠ ᠳᠦᠭᠦᠷᠡᠩ ᠡᠷᠭᠢᠯᠳᠦᠵᠦ᠂ ᠰᠦᠨ᠎ᠦ ᠠᠩᠬᠢᠯᠤᠮ᠎ᠠ ᠦᠨᠦᠷ ᠦᠢᠯᠡᠳᠪᠦᠷᠢ᠎ᠶᠢᠨ ᠲᠠᠰᠤᠭ᠎ᠲᠤ ᠳᠦᠭᠦᠷᠴᠦ᠂ 110 ᠲᠣᠨ/ᠡᠳᠦᠷ᠎ᠦᠨ ᠪᠣᠳᠠᠲᠠᠢ ᠦᠢᠯᠡᠳᠪᠦᠷᠢᠯᠡᠯ᠎ᠦᠨ ᠴᠢᠳᠠᠪᠤᠷᠢ ᠨᠢ ᠣᠷᠣᠨ ᠨᠤᠲᠤᠭ᠎ᠤᠨ ᠰᠦᠨ ᠲᠠᠯᠬ᠎ᠠ᠎ᠶᠢᠨ ᠠᠵᠤ ᠠᠬᠤᠢᠯᠠᠯ᠎ᠤᠨ ᠤᠶᠠᠨ ᠬᠠᠳᠠᠨ ᠴᠢᠨᠠᠷ᠎ᠢ ᠢᠯᠡᠷᠡᠭᠦᠯᠵᠦ ᠪᠠᠢᠨ᠎ᠠ᠃ ᠡᠳᠦᠭᠡ᠂ ᠬᠢᠩᠭᠠᠨ ᠠᠢᠮᠠᠭ᠎ᠤᠨ ᠴᠠᠭᠠᠨ ᠢᠳᠡᠭᠡᠨ᠎ᠤ ᠠᠵᠤ ᠠᠬᠤᠢᠯᠠᠯ᠎ᠤᠨ ᠡᠳᠦᠷ ᠪᠦᠷᠢ᠎ᠶ᠋ᠢᠨ ᠲᠦᠭᠦᠬᠡᠶ ᠰᠦ ᠱᠢᠢᠳᠪᠦᠷᠢᠯᠡᠬᠦ᠌ ᠴᠢᠳᠠᠪᠤᠷᠢ ᠨᠢᠭᠡᠨᠲᠡ 665 ᠲᠣᠨ᠎ᠠᠴᠠ ᠳᠡᠭᠡᠭ᠌ᠰᠢ ᠪᠣᠯᠵᠤ᠂ ᠬᠢᠩᠭᠠᠨ᠎ᠤ ᠢᠯᠢ ᠵᠡᠷᠭᠡ ᠲᠣᠯᠣᠭᠠᠢᠯᠠᠭ᠍ᠴᠢ ᠠᠵᠤ ᠠᠬᠤᠢᠯᠠᠯ᠎ᠤᠨ ᠳᠠᠭᠠᠭᠤᠯᠭ᠎ᠠ ᠳᠣᠤᠷ᠎ᠠ᠂ ᠡᠳ᠋ᠱᠢᠭᠦᠯᠬᠦ᠌ ᠬᠡᠰᠡᠭ᠎ᠤᠨ ᠠᠵᠤ ᠦᠢᠯᠡᠰ᠎ᠤᠨ ᠰᠠᠭᠤᠷᠢ ᠤᠯᠠᠮ᠎ᠠᠴᠠ ᠤᠯᠠᠮ ᠪᠠᠲᠤ ᠪᠠᠬᠢ ᠪᠣᠯᠪᠠ᠃
ᠤᠯᠠᠮᠵᠢᠯᠠᠯᠲᠤ ᠴᠠᠭᠠᠨ ᠢᠳᠡᠭᠡᠨ᠎ᠦ ᠠᠩᠬᠢᠯᠤᠮ᠎ᠠ ᠦᠨᠦᠷ ᠨᠢ ᠴᠦ᠍ ᠤᠯᠠᠮ᠎ᠠᠴᠠ ᠤᠯᠠᠮ ᠥᠳᠬᠡᠨ ᠪᠣᠯᠵᠤ ᠪᠠᠢᠨ᠎ᠠ᠃ ᠬᠤᠷᠴᠢᠨ ᠪᠠᠷᠠᠭᠤᠨ ᠭᠠᠷᠤᠨ ᠡᠮᠦᠨᠡᠲᠦ ᠬᠤᠱᠢᠭᠤᠨ᠎ᠤ ᠤᠯᠠᠮᠵᠢᠯᠠᠯᠲᠤ ᠴᠠᠭᠠᠨ ᠢᠳᠡᠭᠡᠨ᠎ᠤ ᠠᠵᠤ ᠦᠢᠯᠡᠰ᠎ᠤᠨ ᠬᠦᠷᠢᠶᠡᠯᠡᠩ᠎ᠳᠤ᠂ ᠬᠢᠩᠭᠠᠨ ᠠᠢᠮᠠᠭ᠎ᠤᠨ ᠶᠢᠨ ᠱᠢᠶᠠᠩ ᠰᠦ᠎ᠶ᠋ᠢᠨ ᠦᠢᠯᠡᠰ᠎ᠤᠨ ᠬᠢᠵᠠᠭᠠᠷᠲᠤ ᠺᠣᠮᠫᠠᠨᠢ᠎ᠶ᠋ᠢᠨ ᠠᠵᠢᠯᠯᠠᠬᠤ ᠲᠠᠰᠤᠭ᠎ᠲᠤ᠌᠂ ᠠᠵᠢᠯᠴᠢᠳ ᠨᠢᠭᠡᠳᠦᠯᠲᠡᠶ ᠬᠤᠪᠴᠠᠰᠤ ᠡᠮᠦᠰᠴᠦ᠍᠂ ᠠᠭᠤᠵᠢᠮ ᠰᠠᠷᠠᠭᠤᠯ ᠣᠷᠴᠢᠨ ᠲᠣᠭᠣᠷᠢᠨ᠎ᠳᠤ ᠬᠤᠷᠤᠳ᠂ ᠲᠠᠯᠬ᠎ᠠ ᠵᠡᠷᠭᠡ ᠤᠯᠠᠮᠵᠢᠯᠠᠯᠲᠤ ᠪᠦᠲᠦᠭᠡᠭᠳᠡᠬᠦᠨ᠎ᠢ ᠪᠣᠯᠪᠠᠰᠤᠷᠠᠩᠭᠤᠢ᠎ᠪᠠᠷ ᠬᠢᠳᠡᠭ᠃ ᠠᠳᠡ ᠪᠣᠯ ᠬᠢᠩᠭᠠᠨ ᠠᠢᠮᠠᠭ᠎ᠤᠨ ᠠᠩᠬᠠᠳᠠᠭ᠍ᠴᠢ ᠣᠷᠣᠨ ᠨᠤᠲᠤᠭ᠎ᠤᠨ ᠤᠨᠴᠠᠯᠢᠬ᠍ᠳᠤ ᠴᠠᠭᠠᠨ ᠢᠳᠡᠭᠡᠨ᠎ᠤ ᠠᠵᠤ ᠦᠢᠯᠡᠰ᠎ᠤᠨ ᠬᠥᠭ᠌ᠵᠢᠯᠲᠡ᠎ᠶ᠋ᠢᠨ ᠲᠤᠷᠱᠢᠯᠲᠠ᠎ᠶ᠋ᠢᠨ ᠴᠡᠭ ᠪᠣᠯᠤᠨ᠎ᠠ᠃ 《ᠤᠯᠠᠮᠵᠢᠯᠠᠯᠲᠤ ᠭᠠᠷ ᠤᠷᠠᠯᠠᠯ + ᠣᠲᠣ ᠦᠶ᠎ᠡ᠎ᠶ᠋ᠢᠨ ᠪᠠᠷᠢᠮᠵᠢᠶ᠎ᠠ》 ᠶᠢ ᠠᠭᠤᠰᠤᠯᠴᠠᠭᠤᠯᠬᠤ ᠵᠠᠭ᠍ᠪᠤᠷ᠎ᠢᠶᠠᠷ ᠳᠠᠮᠵᠢᠭᠤᠯᠤᠨ᠂ ᠰᠦ᠎ᠶ᠋ᠢᠨ ᠦᠢᠯᠡᠰ᠎ᠤᠨ ᠲᠠᠩ ᠭᠠᠭ᠍ᠴᠠ ᠦᠢᠯᠡᠳᠪᠦᠷᠢᠯᠡᠯ᠎ᠠᠴᠠ 《 ᠡᠳ᠋ᠰᠢᠭᠦᠯᠬᠦ + ᠠᠵᠢᠯ ᠣᠯᠭᠤᠬᠤ + ᠵᠠᠬ᠎ᠠ ᠳᠡᠯᠭᠡᠭᠦᠷ》 ᠲᠡᠢ᠌ᠰᠢ ᠪᠥᠬᠦ᠌ ᠬᠡᠯᠬᠢᠶ᠎ᠡ᠎ᠪᠠᠷ ᠤᠷᠲᠤᠳᠭᠠᠬᠤ᠎ᠶ᠋ᠢ ᠠᠬᠢᠭᠤᠯᠤᠨ᠎ᠠ᠃
ᠬᠡᠷᠡᠭ᠌ᠯᠡᠭ᠌ᠴᠢᠳ᠎ᠤᠨ ᠣᠯᠠᠨ ᠡᠱᠢᠵᠢᠭ᠌ᠰᠡᠨ ᠬᠡᠷᠡᠭ᠌ᠴᠡᠭᠡ᠎ᠶ᠋ᠢ ᠬᠠᠩᠭᠠᠬᠤ᠎ᠶ᠋ᠢᠨ ᠲᠥᠯᠥᠭᠡ᠂ ᠶᠢᠨ ᠰᠢᠶᠠᠩ ᠰᠦ᠎ᠶ᠋ᠢᠨ ᠦᠢᠯᠡᠰ ᠨᠢ ᠪᠠᠰᠠ ᠰᠦ᠎ᠶ᠋ᠢᠨ ᠢᠷᠡᠯᠲᠡ᠎ᠶ᠋ᠢ ᠱᠢᠭ᠌ᠰᠢᠨ ᠰᠣᠩᠭᠤᠬᠤ᠂ ᠭᠠᠷ ᠤᠷᠠᠯᠠᠯ᠎ᠢ ᠰᠠᠢᠵᠢᠷᠠᠭᠤᠯᠬᠤ᠎ᠠᠴᠠ ᠪᠣᠭᠤᠳᠠᠯ ᠪᠠᠭ᠍ᠯᠠᠭ᠎ᠠ᠎ᠶ᠋ᠢᠨ ᠵᠢᠷᠤᠭ ᠲᠥᠯᠥᠪᠯᠡᠭᠡ᠎ᠶᠢ ᠱᠠᠲᠤ ᠱᠠᠲᠤ᠎ᠪᠠᠷ ᠦᠷᠦᠬᠦ ᠬᠦᠷᠲᠡᠯ᠎ᠡ᠂ 50 ᠱᠢᠬᠠᠮ ᠵᠦᠢᠯ᠎ᠤᠨ ᠱᠢᠨ᠎ᠡ ᠬᠡᠯᠪᠡᠷᠢ᠎ᠶ᠋ᠢᠨ ᠰᠦ᠎ᠶᠢᠨ ᠪᠦᠲᠦᠭᠡᠭᠳᠡᠬᠦᠨ᠎ᠢ ᠰᠢᠨ᠎ᠡ᠎ᠪᠡᠷ ᠡᠭᠦᠳᠦᠨ ᠭᠠᠷᠭᠠᠭᠰᠠᠨ ᠪᠠᠢᠨ᠎ᠠ ᠃
《ᠪᠢᠳᠡ ᠰᠦᠯᠵᠢᠶᠡᠨ᠎ᠤ ᠭᠠᠳᠠᠭᠤᠷᠬᠢ ᠠᠷᠭ᠎ᠠ ᠵᠠᠮ᠎ᠢᠶᠠᠨ ᠥᠷᠭᠡᠳᠬᠡᠵᠦ᠂ ᠪᠦᠲᠦᠭᠡᠭᠳᠡᠬᠦᠨ᠎ᠢᠶᠡᠨ ᠪᠡᠭᠡᠵᠢᠩ᠂ ᠱᠠᠩᠬᠠᠢ ᠵᠡᠷᠭᠡ ᠬᠣᠲᠠ᠎ᠶᠢᠨ ᠬᠤᠳᠠᠯᠳᠤᠭᠠᠨ᠎ᠤ ᠬᠡᠲᠦ ᠳᠡᠯᠭᠡᠭᠦᠷ᠎ᠲᠦ ᠣᠷᠣᠭᠤᠯᠵᠤ᠂ ᠪᠠᠰᠠ ᠥᠪᠥᠷ ᠮᠣᠩᠭᠣᠯ᠎ᠤᠨ ᠠᠭᠠᠷ ᠠᠶᠠᠯᠠᠯ᠎ᠤᠨ ᠭᠠᠷᠠᠮ᠎ᠤᠨ ᠢᠳᠡᠭᠡᠨ᠎ᠦ ᠺᠣᠮᠫᠠᠨᠢ᠎ᠲᠠᠢ ᠬᠠᠮᠲᠤᠷᠠᠨ ᠠᠵᠢᠯᠯᠠᠵᠤ᠂ ᠤᠯᠠᠮᠵᠢᠯᠠᠯᠲᠤ ᠴᠠᠭᠠᠨ ᠢᠳᠡᠭᠡᠨ᠎ᠢᠶᠡᠨ ᠬᠥᠬᠡ ᠣᠭᠲᠠᠷᠭᠤᠢ᠎ᠶᠢ 〈ᠭᠡᠢ᠌ᠭᠦᠯᠪᠡ〉; ᠡᠭᠦᠨ᠎ᠤ ᠬᠠᠮᠲᠤ ᠰᠦᠯᠵᠢᠶᠡᠨ ᠳᠡᠭᠡᠷ᠎ᠡ ᠲᠢᠭ ᠲᠣᠭ᠂ ᠲᠦᠷᠭᠡᠨ ᠭᠠᠷ ᠵᠡᠷᠭᠡ ᠲᠠᠪᠴᠠᠩ᠎ᠢᠶᠠᠷ ᠳᠠᠮᠵᠢᠭᠤᠯᠤᠨ ᠱᠢᠭᠤᠳ ᠨᠡᠪᠲᠡᠷᠡᠭᠦᠯᠭᠡ᠎ᠪᠠᠷ ᠪᠠᠷᠠᠭ᠎ᠠ ᠠᠪᠴᠤ᠌᠂ ᠦᠢᠯᠡᠳᠬᠦᠨ᠎ᠢᠶᠠᠨ ᠪᠥᠬᠦ᠌ ᠤᠯᠤᠰ᠎ᠤᠨ ᠡᠯ᠎ᠡ ᠭᠠᠵᠠᠷ᠎ᠲᠤ ᠪᠤᠷᠤᠯᠠᠭᠤᠯᠤᠭᠰᠠᠨ ᠪᠠᠢ᠌ᠨ᠎ᠠ》 ᠭᠡᠵᠦ ᠺᠣᠮᠫᠠᠨᠢ᠎ᠶ᠋ᠢᠨ ᠶᠡᠷᠦᠩᠬᠡᠢ ᠳᠠᠭ᠋ᠠᠭ᠋ᠠᠮᠠᠯ ᠴᠤᠯᠮᠤᠨ ᠶᠠᠷᠢᠯᠴᠠᠭ᠋ᠠᠨ᠎ᠤ ᠳᠤᠮᠳᠠ ᠠᠵᠤ ᠦᠢᠯᠡᠰ᠎ᠤᠨ ᠢᠷᠡᠭᠡᠳᠦᠢ᠎ᠳᠤ ᠢᠲᠡᠭᠡᠯ ᠳᠦᠭᠦᠷᠡᠩ ᠪᠠᠢ᠌ᠯ᠎ᠠ᠃
ᠣᠳᠣᠬᠠᠨ᠎ᠳᠤ᠂ ᠬᠢᠩᠭᠠᠨ ᠠᠢᠮᠠᠭ ᠶᠠᠭ ᠲᠥᠷᠥ᠎ᠶ᠋ᠢᠨ ᠪᠣᠳᠣᠯᠭ᠎ᠠ᠎ᠶ᠋ᠢ ᠨᠠᠢᠳᠠᠪᠤᠷᠢᠵᠢᠭᠤᠯᠬᠤ ᠪᠠ ᠱᠢᠨ᠎ᠡ᠎ᠶ᠋ᠢ ᠡᠭᠦᠳᠬᠦ᠌᠎ᠪᠠᠷ ᠬᠥᠳᠡᠯᠭᠡᠭᠦᠷ ᠪᠣᠯᠭᠠᠬᠤ ᠬᠤᠤᠰ ᠴᠢᠭ᠌ᠯᠡᠯ᠎ᠢᠶᠠᠷ ᠬᠦᠴᠦᠯᠡᠬᠦ᠌᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ ᠭᠤᠤᠯᠳᠠᠯᠭ᠎ᠠ᠎ᠲᠠᠢ ᠲᠥᠷᠥᠯ ᠵᠦᠢᠯ᠎ᠤᠨ ᠪᠥᠲᠥᠭᠡᠨ ᠪᠠᠢᠭᠤᠯᠤᠯᠲᠠ᠎ᠶ᠋ᠢ ᠲᠦᠷᠭᠡᠳᠭᠡᠨ᠂ ᠠᠵᠤ ᠠᠬᠤᠢᠯᠠᠯ᠎ᠤᠨ ᠮᠡᠷᠭᠡᠵᠢᠯ᠎ᠤᠨ ᠱᠢᠨ᠎ᠡ᠎ᠶ᠋ᠢ ᠡᠭᠦᠳᠬᠦ᠂ ᠨᠠᠷᠠᠲᠤ ᠲᠡᠮᠳᠡᠭ᠎ᠦᠨ ᠪᠥᠲᠥᠭᠡᠨ ᠪᠠᠢᠭᠤᠯᠤᠯᠲᠠ ᠳᠤᠮᠳᠠᠬᠢ ᠬᠡᠷᠡᠭ᠌ᠴᠡᠭᠡ ᠱᠠᠭᠠᠷᠳᠠᠯᠭ᠎ᠠ᠎ᠲᠠᠢ ᠨᠠᠷᠢᠯᠢᠭ ᠣᠨᠣᠴᠠᠲᠠᠶ᠎ᠪᠠᠷ ᠵᠣᠯᠭᠠᠭᠤᠯᠵᠤ᠂ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠪᠠᠢᠭᠤᠯᠤᠮᠵᠢ᠎ᠯᠤᠭ᠎ᠠ᠎ᠶ᠋ᠢᠨ ᠬᠠᠮᠲᠤᠷᠠᠯᠴᠠᠭ᠎ᠠ᠎ᠪᠠᠨ ᠭᠦᠨᠵᠡᠭᠡᠢᠷᠡᠭᠦᠯᠵᠦ᠍ ᠪᠠᠢᠨ᠎ᠠ᠃ ᠥᠪᠡᠷᠲᠡᠭᠡᠨ ᠵᠠᠰᠠᠬᠤ ᠣᠷᠣᠨ᠎ᠤ ᠱᠢᠨ᠎ᠡ 《ᠰᠦ᠎ᠶ᠋ᠢᠨ ᠦᠢᠯᠡᠰ᠎ᠤᠨ ᠶᠢᠰᠦᠨ ᠵᠤᠷᠪᠤᠰ》 ᠤᠨ ᠲᠥᠷᠥ᠎ᠶ᠋ᠢᠨ ᠪᠣᠳᠣᠯᠭ᠎ᠠ᠎ᠶ᠋ᠢᠨ ᠠᠱᠢᠭ ᠲᠤᠰᠠ᠎ᠶ᠋ᠢ ᠰᠤᠯᠠᠯᠠᠬᠤ᠎ᠶ᠋ᠢ ᠳᠠᠭᠠᠯᠳᠤᠨ᠂ ᠡᠪᠡᠰᠦ ᠪᠣᠷᠳᠤᠭ᠎ᠠ᠎ᠶ᠋ᠢᠨ ᠵᠢᠭᠡᠯᠡᠯᠭᠡ᠎ᠶ᠋ᠢᠨ ᠳᠠᠮ ᠬᠦᠦ᠂ ᠲᠡᠵᠢᠭᠡᠨ ᠦᠷᠡᠵᠢᠭᠦᠯᠬᠦ᠌᠎ᠶ᠋ᠢ ᠨᠢᠭᠡ ᠴᠣᠭ᠍ᠴᠠᠵᠢᠭᠤᠯᠤᠭ᠍ᠰᠠᠨ ᠨᠡᠮᠡᠭᠦᠷᠢ ᠵᠡᠷᠭᠡ ᠠᠷᠭ᠎ᠠ ᠬᠡᠮᠵᠢᠶ᠎ᠡ᠎ᠨᠢ ᠦᠷᠭᠦᠯᠵᠢᠯᠡᠨ ᠬᠦᠴᠦᠨ ᠨᠡᠮᠡᠷᠢᠯᠡᠵᠦ᠂ ᠬᠢᠩᠭᠠᠨ᠎ᠤ ᠢᠯᠢ ᠵᠡᠷᠭᠡ ᠬᠥᠲᠥᠴᠢ ᠠᠵᠤ ᠠᠬᠤᠢᠯᠠᠯ᠎ᠤᠨ ᠳᠠᠭᠠᠭᠤᠯᠭ᠎ᠠ ᠳᠣᠤᠷ᠎ᠠ᠂ ᠬᠢᠩᠭᠠᠨ ᠠᠢᠮᠠᠭ᠎ᠤᠨ ᠰᠦ᠎ᠶ᠋ᠢᠨ ᠦᠢᠯᠡᠰ᠎ᠨᠢ ᠯᠠᠪᠲᠠᠶ ᠬᠡᠯᠪᠡᠷᠢ᠎ᠪᠠᠨ ᠬᠤᠪᠢᠷᠠᠭᠤᠯᠤᠨ ᠲᠠᠰ ᠳᠡᠪᠱᠢᠭᠦᠯᠬᠦ᠌ ᠵᠠᠮ᠎ᠢᠶᠠᠷ ᠯᠠᠪᠳᠠᠭᠤᠨ᠎ᠢᠶᠠᠷ ᠤᠷᠤᠭ᠍ᠰᠢᠯᠠᠵᠤ᠂ 《ᠰᠦ᠎ᠶ᠋ᠢᠨ ᠦᠨᠦᠷ》 ᠢ ᠨᠠᠩ ᠬᠤᠯᠠ ᠬᠠᠩᠬᠤᠭᠤᠯᠬᠤ ᠪᠤᠯᠤᠨ᠎ᠠ᠃

ᠺᠤᠳ᠋᠎ᠢ ᠱᠢᠷᠪᠢᠵᠦ᠍ ᠭᠠᠷ ᠤᠲᠠᠰᠤᠨ ᠳᠡᠭᠡᠷ᠎ᠡ ᠣᠳᠣᠬᠢ ᠨᠢᠭᠤᠷ᠎ᠢ ᠪᠠᠢᠴᠠᠭᠠᠨ ᠦᠵᠡᠭᠡᠷᠡᠢ