
10 ᠳ᠋ᠤᠭ᠋ᠠᠷ ᠰᠠᠷ᠎ᠠ ᠵᠢᠨ 20᠎ᠤ ᠡᠳᠦᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠰᠣᠨᠢᠨ ᠮᠡᠳᠡᠭᠡᠨ᠎ᠤ ᠠᠯᠪᠠᠨ ᠬᠡᠷ ᠲᠦᠷᠦᠭᠦᠦ ᠭᠤᠷᠪᠠᠨ ᠤᠯᠠᠷᠢᠯ᠎ᠤᠨ ᠪᠥᠬᠥ ᠣᠷᠣᠨ᠎ᠤ ᠠᠵᠤ ᠠᠬᠤᠶ ᠵᠢᠨ ᠠᠵᠢᠯᠯᠠᠭ᠋ᠠᠨ᠎ᠤ ᠪᠠᠶ᠋ᠢᠳᠠᠯ᠎ᠤᠨ ᠲᠤᠬᠠᠶ ᠮᠡᠳᠡᠭᠡ ᠨᠡᠶ᠋ᠢᠲᠡᠯᠡᠬᠦ ᠬᠤᠷᠠᠯ ᠬᠢᠪᠠ᠃ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠣᠭ᠎ᠠ ᠪᠦᠷᠢᠳᠬᠡᠯ᠎ᠤᠨ ᠲᠣᠪᠴᠢᠶ᠎ᠠ ᠵᠢᠨ ᠳᠡᠳ᠋ ᠳᠠᠷᠤᠭ᠎ᠠ᠂ ᠰᠣᠨᠢᠨ ᠮᠡᠳᠡᠭᠡᠨ᠎ᠤ ᠥᠭᠦᠯᠡᠭᠴᠢ ᠸᠠᠩ ᠴᠤᠸᠠᠨ ᠵᠢᠩ ᠰᠤᠷᠪᠤᠯᠵᠢᠯᠠᠭᠴᠢ ᠵᠢᠨ ᠠᠰᠠᠭᠤᠯᠲᠠ ᠵᠢ ᠬᠠᠷᠢᠭᠤᠯᠪᠠ᠃
ᠠᠷᠠᠳ᠎ᠤᠨ ᠰᠦᠯᠵᠢᠶᠡᠨ᠎ᠤ ᠰᠤᠷᠪᠤᠯᠵᠢᠯᠠᠭᠴᠢ᠄
ᠰᠠᠶᠢᠬᠠᠨ ᠨᠡᠶ᠋ᠢᠲᠡᠯᠡᠭᠰᠡᠨ ᠲᠣᠭ᠎ᠠ ᠪᠠᠷᠢᠮᠲᠠ᠎ᠠᠴᠠ ᠦᠵᠡᠪᠡᠯ᠂ ᠲᠦᠷᠦᠭᠦᠦ ᠭᠤᠷᠪᠠᠨ ᠤᠯᠠᠷᠢᠯ᠎ᠤᠨ ᠮᠠᠨ᠎ᠤ ᠣᠷᠣᠨ᠎ᠤ ᠭᠤᠤᠯ ᠪᠣᠯᠬᠤ ᠠᠵᠤ ᠠᠬᠤᠶ ᠵᠢᠨ ᠭᠦᠢ᠍ᠴᠡᠳᠭᠡᠯ ᠲᠣᠭ᠎ᠠ ᠵᠢᠨ ᠢᠯᠡᠷᠡᠯ᠎ᠨᠢ ᠮᠠᠰᠢ ᠬᠤᠷᠴᠠ ᠲᠣᠳᠣ ᠪᠠᠶ᠋ᠢᠨ᠎ᠠ᠂ 18᠎ᠤ ᠡᠳᠦᠷ ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠣᠷᠳᠣᠨ᠎ᠤ ᠬᠤᠷᠠᠯᠳᠤᠭᠤᠯᠤᠭᠰᠠᠨ ᠲᠦᠷᠦᠭᠦᠦ ᠭᠤᠷᠪᠠᠨ ᠤᠯᠠᠷᠢᠯ᠎ᠤᠨ ᠠᠵᠤ ᠠᠬᠤᠶ ᠵᠢᠨ ᠪᠠᠶ᠋ᠢᠳᠠᠯ᠎ᠢ ᠵᠠᠳᠠᠯᠬᠤ ᠬᠤᠷᠠᠯ᠎ᠠᠴᠠ ᠪᠠᠰᠠ ᠮᠠᠨ᠎ᠤ ᠣᠷᠣᠨ᠎ᠤ ᠠᠵᠤ ᠠᠬᠤᠶ ᠵᠢᠨ ᠠᠵᠢᠯᠯᠠᠭ᠋ᠠᠨ ᠶᠡᠷᠦᠩᠬᠡᠶ᠎ᠳᠡᠭᠡᠨ ᠰᠠᠶ᠋ᠢᠵᠢᠷᠠᠵᠤ᠂ ᠲᠣᠭᠲᠠᠭᠤᠨ᠎ᠤ ᠳᠤᠮᠳᠠ ᠲᠦᠷᠭᠡᠨ ᠤᠷᠤᠭᠰᠢᠯᠠᠵᠤ ᠴᠢᠨᠠᠷ ᠰᠠᠶ᠋ᠢᠲᠠᠶ ᠤᠷᠤᠭᠰᠢᠯᠠᠵᠤ ᠪᠠᠶ᠋ᠢᠬᠤ ᠵᠢ ᠵᠢᠭ᠋ᠠᠵᠤ ᠭᠠᠷᠭ᠋ᠠᠪᠠ᠃ ᠲᠦᠷᠦᠭᠦᠦ ᠭᠤᠷᠪᠠᠨ ᠤᠯᠠᠷᠢᠯ᠎ᠤᠨ ᠮᠠᠨ᠎ᠤ ᠣᠷᠣᠨ᠎ᠤ ᠠᠵᠤ ᠠᠬᠤᠶ ᠵᠢᠨ ᠠᠵᠢᠯᠯᠠᠭ᠋ᠠᠨ᠎ᠤ ᠪᠦᠬᠦᠯᠢ ᠴᠣᠭᠴᠠ ᠵᠢᠨ ᠪᠠᠶ᠋ᠢᠳᠠᠯ᠎ᠢ ᠬᠡᠷᠬᠢᠨ ᠦᠨᠡᠯᠡᠬᠦ ᠪᠣᠶ?

ᠸᠠᠩ ᠴᠤᠸᠠᠨ ᠵᠢᠩ᠄
ᠰᠤᠷᠪᠤᠯᠵᠢᠯᠠᠭᠴᠢ ᠵᠢᠨ ᠠᠰᠠᠭᠤᠭᠰᠠᠨ᠎ᠳᠤ ᠪᠠᠶᠠᠷᠯᠠᠯ᠎ᠠ᠃ ᠰᠠᠶᠢᠬᠠᠨ ᠣᠯᠠᠨ᠎ᠳᠤ ᠲᠦᠷᠦᠭᠦᠦ ᠭᠤᠷᠪᠠᠨ ᠤᠯᠠᠷᠢᠯ᠎ᠤᠨ ᠥᠪᠥᠷ ᠮᠣᠩᠭᠣᠯ᠎ᠤᠨ ᠠᠵᠤ ᠠᠬᠤᠶ ᠵᠢᠨ ᠠᠵᠢᠯᠯᠠᠭ᠋ᠠᠨ᠎ᠤ ᠪᠦᠬᠦᠯᠢ ᠴᠣᠭᠴᠠ ᠵᠢᠨ ᠪᠠᠶ᠋ᠢᠳᠠᠯ᠎ᠢ ᠲᠠᠨᠢᠯᠴᠠᠭᠤᠯᠪᠠ᠂ ᠡᠭᠦᠨ᠎ᠠᠴᠠ ᠣᠯᠠᠨ ᠵᠶ᠋ᠠᠷ ᠵᠶ᠋ᠠᠨ ᠦᠵᠡᠵᠦ ᠭᠠᠷᠬᠤ᠎ᠨᠢ᠂ ᠡᠨᠡ ᠵᠢᠯ᠎ᠠᠴᠠ ᠨᠠᠰᠢ᠂ ᠪᠥᠬᠥ ᠣᠷᠣᠨ᠎ᠤ ᠠᠵᠤ ᠠᠬᠤᠶ 《ᠨᠢᠭᠡᠳᠦᠭᠡᠷ ᠤᠯᠠᠷᠢᠯ᠎ᠳᠤ ᠰᠠᠶ᠋ᠢᠨ ᠡᠬᠢᠯᠡᠯᠲᠡ᠎ᠲᠠᠢ ᠪᠣᠯᠵᠣ᠂ ᠳᠡᠭᠡᠷ᠎ᠡ ᠬᠠᠭ᠋ᠠᠰ ᠵᠢᠯ᠎ᠳᠤ ᠲᠣᠭᠲᠠᠭᠤᠨ᠎ᠤ ᠳᠤᠮᠳᠠ ᠰᠢᠯᠢᠳᠡᠭ ᠵᠶ᠋ᠠᠷ ᠤᠷᠤᠭᠰᠢᠯᠠᠭᠰᠠᠨ》 ᠰᠠᠭᠤᠷᠢᠨ ᠳᠡᠭᠡᠷ᠎ᠡ᠂ ᠲᠦᠷᠦᠭᠦᠦ ᠭᠤᠷᠪᠠᠨ ᠤᠯᠠᠷᠢᠯ᠎ᠳᠤ ᠦᠷᠭᠦᠯᠵᠢᠯᠡᠨ ᠰᠠᠶ᠋ᠢᠵᠢᠷᠠᠬᠤ ᠬᠠᠨᠳᠤᠰᠢ᠎ᠪᠠᠨ ᠪᠠᠲᠤᠯᠠᠵᠤ᠂ ᠤᠷᠤᠨ ᠨᠤᠲᠤᠭ᠎ᠤᠨ ᠦᠢ᠍ᠯᠡᠳᠪᠦᠷᠢᠯᠡᠯ ᠊ᠯᠤᠨ ᠶᠡᠷᠦᠩᠬᠡᠶ ᠥᠷᠲᠡᠭ 7.2%᠎ᠤᠨ ᠨᠡᠯᠢᠶᠡᠳ ᠥᠨᠳᠥᠷ ᠨᠡᠮᠡᠭᠳᠡᠯ᠎ᠤᠨ ᠬᠤᠷᠳᠤᠴᠠ ᠵᠢ ᠪᠡᠶᠡᠯᠡᠭᠦᠯᠵᠦ᠂ 《ᠰᠢᠨ᠎ᠡ ᠵᠠᠮ ᠨᠡᠬᠡᠬᠡᠨ᠂ ᠳᠤᠮᠳᠠ ᠲᠦᠪᠰᠢᠨ᠎ᠳᠤ ᠤᠷᠤᠭᠰᠢᠯᠠᠬᠤ》 ᠬᠠᠷᠠᠯᠲᠠ ᠳᠠᠰᠢ ᠯᠠᠪᠳᠠᠭᠤᠨ ᠪᠠᠲᠤᠲᠠᠶ ᠤᠷᠤᠭᠰᠢᠯᠠᠵᠠᠶ᠃ ᠡᠨᠡ ᠬᠦ᠌ ᠠᠮᠵᠢᠯᠲᠠ ᠵᠢ ᠣᠯᠤᠭᠰᠠᠨ᠎ᠨᠢ ᠰᠢ ᠵᠢᠨ ᠫᠢᠩ ᠨᠥᠬᠥᠷ ᠵᠶ᠋ᠠᠷ ᠭᠤᠤᠯ ᠪᠣᠯᠭ᠋ᠠᠭᠰᠠᠨ ᠨᠠᠮ᠎ᠤᠨ ᠲᠥᠪ ᠬᠣᠷᠢᠶᠠᠨ᠎ᠤ ᠪᠠᠲᠤ ᠴᠢᠩᠭ᠎ᠠ ᠤᠳᠤᠷᠢᠳᠤᠯᠭ᠎ᠠ ᠪᠠ ᠳᠣᠲᠣᠨᠣ ᠬᠠᠯᠠᠮᠵᠢᠯᠠᠯ᠎ᠠᠴᠠ ᠪᠣᠯᠤᠭᠰᠠᠨ ᠶᠤᠮ᠂ ᠲᠥᠷᠥ ᠵᠢᠨ ᠶᠠᠪᠤᠳᠠᠯ᠎ᠤᠨ ᠬᠣᠷᠢᠶ᠎ᠠ ᠵᠢᠴᠢ ᠡᠯ᠎ᠡ ᠬᠣᠯᠪᠣᠭᠳᠠᠯ ᠪᠥᠬᠥᠶ ᠲᠠᠯ᠎ᠠ ᠵᠢᠨ᠎ᠬᠢᠨ᠎ᠤ ᠬᠦᠴᠦᠲᠡᠶ ᠳᠡᠮᠵᠢᠯᠭᠡ᠎ᠠᠴᠠ ᠪᠣᠯᠤᠭᠰᠠᠨ ᠶᠤᠮ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠪᠣᠯᠤᠨ ᠵᠠᠰᠠᠭ᠎ᠤᠨ ᠣᠷᠳᠣᠨ᠎ᠤ ᠪᠥᠬᠥ ᠣᠷᠣᠨ᠎ᠢ ᠳᠠᠭ᠋ᠠᠭᠤᠯᠤᠨ ᠬᠥᠭᠵᠢᠯᠲᠡ ᠵᠢᠨ ᠬᠠᠷᠠᠯᠲᠠ ᠵᠢ ᠲᠣᠭᠲᠠᠭ᠋ᠠᠵᠤ᠂ ᠬᠥᠭᠵᠢᠯᠲᠡ ᠵᠢ ᠪᠥᠬᠥ ᠬᠦᠴᠦᠨ ᠵᠶ᠋ᠠᠷ ᠵᠶ᠋ᠠᠨ ᠠᠳᠬᠤᠭᠰᠠᠨ᠎ᠠᠴᠠ ᠪᠣᠯᠤᠭᠰᠠᠨ ᠶᠤᠮ᠂ ᠪᠥᠬᠥ ᠣᠷᠣᠨ᠎ᠤ ᠳᠡᠭᠡᠳᠦ ᠳᠤᠤᠷᠠᠳᠤ ᠱᠠᠲᠤ᠎ᠪᠠᠷ ᠵᠶ᠋ᠠᠨ ᠪᠦᠯᠬᠦᠮᠳᠡᠨ ᠲᠡᠮᠡᠴᠡᠵᠦ᠂ ᠰᠢᠷᠭ᠋ᠠᠭᠤ ᠴᠢᠷᠮᠠᠶ᠋ᠢᠭᠰᠠᠨᠤ ᠦᠷ᠎ᠡ ᠳ᠋ᠦᠩ ᠮᠥᠨ᠃ ᠵᠠᠷᠯᠠᠯ᠎ᠳᠤ ᠳᠤᠷᠠᠳᠤᠭᠰᠠᠨ ᠬᠢᠯᠠᠰ ᠴᠡᠭ᠎ᠠᠴᠠ ᠭᠠᠳᠠᠨ᠎ᠠ᠂ ᠲᠦᠷᠦᠭᠦᠦ ᠭᠤᠷᠪᠠᠨ ᠤᠯᠠᠷᠢᠯ᠎ᠳᠤ᠂ ᠪᠥᠬᠥ ᠣᠷᠣᠨ᠎ᠤ ᠠᠵᠤ ᠠᠬᠤᠶ᠎ᠳᠤ ᠪᠠᠰᠠ 《ᠯᠠᠪᠳᠠᠭᠤᠨ ᠪᠥᠭᠡᠳ ᠤᠶᠠᠨ ᠬᠠᠲᠠᠨ ᠴᠢᠨᠠᠷᠲᠠᠢ᠂ ᠤᠷᠤᠭᠰᠢᠯᠠᠯᠲᠠ᠎ᠨᠢ ᠳᠠᠪᠠᠭᠤᠯᠢᠭ᠎ᠲᠠᠢ᠂ ᠪᠠᠢ᠌ᠳᠠᠯ ᠪᠡᠬᠢᠵᠢᠯ᠎ᠲᠠᠢ ᠪᠠᠶ᠋ᠢᠬᠤ》 ᠭᠤᠷᠪᠠᠨ ᠲᠣᠪᠣᠶ᠋ᠢᠮ᠎ᠠ ᠣᠨᠴᠠᠯᠢᠭ ᠢᠯᠡᠷᠡᠪᠡ᠃
《ᠲᠣᠭᠲᠠᠭᠤᠨ ᠤᠶᠠᠨ ᠬᠠᠳᠠᠨ ᠴᠢᠨᠠᠷ》᠎ᠢ ᠶᠠᠷᠢᠬᠤ᠎ᠨᠢ ᠭᠣᠣᠯᠳᠠᠭᠤ ᠠᠵᠤ ᠦᠢ᠍ᠯᠡᠰ᠎ᠤᠨ ᠰᠠᠭᠤᠷᠢ ᠲᠣᠭᠲᠠᠭᠤᠨ᠂ ᠤᠶᠠᠨ ᠬᠠᠳᠠᠨ ᠴᠢᠨᠠᠷ ᠵᠶ᠋ᠠᠷ ᠭᠦᠢ᠍ᠴᠡᠳ ᠪᠠᠶ᠋ᠢᠬᠤ᠎ᠳᠤ ᠢᠯᠡᠷᠡᠵᠦ ᠪᠠᠶ᠋ᠢᠨ᠎ᠠ᠃ ᠲᠦᠷᠦᠭᠦᠦ ᠭᠤᠷᠪᠠᠨ ᠤᠯᠠᠷᠢᠯ᠎ᠳᠤ᠂ ᠭᠤᠷᠪᠠᠨ ᠠᠵᠤ ᠦᠢ᠍ᠯᠡᠰ ᠬᠠᠮᠵᠢᠯᠴᠠᠨ ᠬᠦᠴᠦᠯᠡᠪᠡ᠂ ᠡᠨᠡ ᠪᠣᠯ ᠪᠥᠬᠥ ᠣᠷᠣᠨ᠎ᠤ ᠠᠵᠤ ᠠᠬᠤᠶ ᠵᠢᠨ ᠲᠣᠭᠲᠠᠭᠤᠨ ᠪᠥᠭᠡᠳ ᠲᠦᠷᠭᠡᠨ ᠤᠷᠤᠭᠰᠢᠯᠠᠵᠤ ᠰᠢᠯᠢᠳᠡᠭ ᠵᠶ᠋ᠠᠷ ᠳᠠᠪᠰᠢᠬᠤ ᠵᠢᠨ ᠰᠠᠭᠤᠷᠢ ᠪᠣᠯᠤᠨ᠎ᠠ᠃ ᠨᠢᠭᠡ᠎ᠳᠤ᠂ ᠲᠠᠷᠢᠶᠠᠯᠠᠩ ᠮᠠᠯ ᠠᠵᠤ ᠠᠬᠤᠢ ᠵᠢᠨ ᠰᠠᠭᠤᠷᠢ ᠲᠣᠭᠲᠠᠭᠤᠨ᠃ ᠲᠠᠷᠢᠶᠠᠯᠠᠩ ᠤᠢ ᠰᠢᠭᠤᠢ ᠮᠠᠯ ᠠᠵᠤ ᠠᠬᠤᠢ ᠵᠢᠭ᠋ᠠᠰᠤᠨ ᠠᠵᠤ ᠠᠬᠤᠢ ᠵᠢᠨ ᠨᠡᠮᠡᠭᠳᠡᠯ ᠦᠷᠳᠡᠭ 7.4%᠎ᠪᠠᠷ ᠨᠡᠮᠡᠭᠳᠡᠪᠡ᠂ ᠡᠨᠡ ᠪᠣᠯ ᠬᠠᠷᠢᠴᠠᠩᠭᠤᠢ᠎ᠪᠠᠷ ᠨᠡᠯᠢᠶᠡᠳ ᠥᠨᠳᠥᠷ ᠨᠡᠮᠡᠭᠳᠡᠯ᠎ᠤᠨ ᠬᠤᠷᠳᠤᠴᠠ ᠪᠣᠯᠤᠨ᠎ᠠ᠃ ᠠᠮᠤ ᠪᠤᠳᠠᠭ᠋ᠠᠨ᠎ᠤ ᠦᠢ᠍ᠯᠡᠳᠪᠦᠷᠢᠯᠡᠯ ᠤᠳᠠᠯ ᠥᠬᠡᠶ ᠡᠯᠪᠡᠭ ᠬᠤᠷᠢᠶᠠᠯᠲᠠ ᠣᠯᠵᠤ᠂ ᠢᠳᠡᠰᠢᠨ ᠨᠣᠭᠣᠭ᠎ᠠ᠂ ᠭᠠᠬᠠᠶ ᠦᠬᠡᠷ ᠬᠣᠨᠢ ᠵᠢᠭᠦᠷᠲᠡᠨ᠎ᠤ ᠮᠢᠬᠠᠨ᠎ᠤ ᠭᠠᠷᠤᠯᠲᠠ ᠲᠣᠭᠲᠠᠭᠤᠨ ᠵᠶ᠋ᠠᠷ ᠨᠡᠮᠡᠭᠳᠡᠵᠦ᠂ ᠠᠷᠠᠳ ᠣᠯᠠᠨ᠎ᠤ 《ᠠᠮᠤ ᠪᠤᠳᠠᠭ᠎ᠠ》 《ᠬᠣᠯᠢᠰᠢᠨ ᠢᠳᠡᠭᠡᠨ》 ᠭᠦᠢ᠍ᠴᠡᠳ ᠪᠣᠯᠪᠠ᠃ ᠬᠣᠶᠠᠷ᠎ᠲᠤ᠂ ᠠᠵᠤ ᠦᠢ᠍ᠯᠡᠳᠪᠦᠷᠢ ᠵᠢᠨ ᠲᠤᠯᠭ᠋ᠠᠭᠤᠷᠢᠯᠠᠯ ᠲᠣᠭᠲᠠᠭᠤᠨ᠃ ᠲᠦᠷᠦᠭᠦᠦ ᠭᠤᠷᠪᠠᠨ ᠤᠯᠠᠷᠢᠯ᠎ᠳᠤ᠂ ᠠᠵᠤ ᠦᠢ᠍ᠯᠡᠳᠪᠦᠷᠢ᠎ᠨᠢ ᠪᠥᠬᠥ ᠣᠷᠣᠨ᠎ᠤ ᠭᠠᠵᠠᠷ ᠣᠷᠣᠨ᠎ᠤ ᠦᠢ᠍ᠯᠡᠳᠪᠦᠷᠢᠯᠡᠯ᠎ᠤᠨ ᠶᠡᠷᠦᠩᠬᠡᠶ ᠥᠷᠲᠡᠭ᠎ᠤᠨ 41.7% ᠵᠢ ᠡᠵᠡᠯᠡᠵᠦ᠂ ᠠᠵᠤ ᠠᠬᠤᠶ ᠵᠢᠨ ᠨᠡᠮᠡᠭᠳᠡᠯ᠎ᠳᠤ ᠦᠵᠡᠭᠦᠯᠦᠭᠰᠡᠨ ᠬᠤᠪᠢ ᠨᠡᠮᠡᠷᠢ ᠵᠢᠨ ᠨᠣᠷᠮ᠎ᠠ᠎ᠨᠢ 36.1% ᠪᠣᠯᠵᠠᠶ᠃ ᠬᠡᠪᠴᠢᠶᠡᠵᠢᠯ᠎ᠠᠴᠠ ᠳᠡᠭᠡᠭᠰᠢᠬᠢ ᠠᠵᠤ ᠦᠢ᠍ᠯᠡᠳᠪᠦᠷᠢ ᠵᠢᠨ 38 ᠠᠵᠢᠯ ᠲᠥᠷᠥᠯ᠎ᠤᠨ ᠶᠡᠬᠡ ᠲᠥᠷᠥᠯ᠎ᠳᠠᠬᠢ 27᠎ᠨᠢ ᠠᠳᠠᠯᠢ ᠬᠤᠭᠤᠴᠠᠭ᠋ᠠᠨ᠎ᠤ᠎ᠬᠢ᠎ᠠᠴᠠ ᠨᠡᠮᠡᠭᠳᠡᠵᠦ᠂ ᠠᠵᠢᠯ ᠲᠥᠷᠥᠯ᠎ᠤᠨ ᠨᠡᠮᠡᠭᠳᠡᠯ᠎ᠤᠨ ᠬᠡᠪᠴᠢᠶ᠎ᠡ᠎ᠨᠢ ᠦᠷᠭᠦᠯᠵᠢᠯᠡᠨ ᠲᠤᠯᠤᠭ᠋ᠠᠨ ᠬᠤᠪᠢ᠎ᠠᠴᠠ ᠳᠡᠭᠡᠭᠰᠢ ᠪᠠᠶ᠋ᠢᠬᠤ ᠵᠢ ᠪᠠᠲᠤᠯᠠᠪᠠ᠃
ᠡᠭᠦᠨ᠎ᠳᠤ᠂ 21 ᠠᠵᠢᠯ ᠲᠥᠷᠥᠯ᠎ᠤᠨ ᠨᠡᠮᠡᠭᠳᠡᠯ ᠳᠡᠭᠡᠷ᠎ᠡ ᠬᠠᠭ᠋ᠠᠰ ᠵᠢᠯ᠎ᠤᠨ᠎ᠬᠢ᠎ᠠᠴᠠ ᠲᠦᠷᠭᠡᠳᠴᠦ᠂ ᠠᠵᠢᠯ ᠲᠥᠷᠥᠯ᠎ᠤᠨ ᠳᠡᠭᠡᠭᠰᠢᠯᠡᠯᠲᠡ᠎ᠨᠢ ᠲᠠᠪᠤᠨ ᠬᠤᠪᠢ ᠵᠢ ᠳᠠᠪᠠᠵᠤ᠂ ᠨᠡᠯᠢᠶᠡᠳ ᠴᠢᠩᠭ᠎ᠠ ᠤᠶᠠᠨ ᠬᠠᠲᠠᠨ ᠴᠢᠨᠠᠷ ᠵᠶ᠋ᠠᠨ ᠢᠯᠡᠷᠡᠭᠦᠯᠪᠡ᠃ ᠠᠵᠤ ᠦᠢ᠍ᠯᠡᠳᠪᠦᠷᠢ ᠵᠢᠨ ᠭᠤᠷᠪᠠᠨ ᠶᠡᠬᠡ ᠲᠥᠷᠥᠯ ᠵᠦᠢ᠍ᠯ᠎ᠤᠨ ᠨᠡᠮᠡᠭᠳᠡᠯ᠎ᠢ ᠪᠡᠶᠡᠯᠡᠭᠦᠯᠵᠦ᠂ ᠢᠯᠠᠩᠭᠤᠶ᠎ᠠ ᠦᠢ᠍ᠯᠡᠳᠬᠦ ᠦᠢ᠍ᠯᠡᠰ᠎ᠨᠢ ᠠᠵᠤ ᠦᠢ᠍ᠯᠡᠳᠪᠦᠷᠢ ᠵᠢᠨ ᠠᠵᠤ ᠠᠬᠤᠶ ᠵᠢᠨ ᠶᠠᠰᠤ ᠴᠢᠨᠠᠷ᠎ᠢ ᠳᠡᠭᠡᠭᠰᠢᠯᠡᠭᠦᠯᠦᠨ ᠦᠷ᠎ᠡ ᠠᠰᠢᠭ᠎ᠢ ᠨᠡᠮᠡᠭᠳᠡᠭᠦᠯᠬᠦ᠎ᠳᠤ ᠬᠦᠴᠦᠲᠡᠶ ᠬᠥᠳᠡᠯᠭᠡᠬᠦ ᠬᠦᠴᠦᠨ ᠬᠠᠩᠭ᠋ᠠᠪᠠ᠃ ᠡᠨᠡ ᠵᠢᠯ᠎ᠠᠴᠠ ᠨᠠᠰᠢ᠂ ᠬᠡᠪᠴᠢᠶᠡᠵᠢᠯ᠎ᠠᠴᠠ ᠳᠡᠭᠡᠭᠰᠢᠬᠢ ᠦᠢ᠍ᠯᠡᠳᠬᠦ ᠦᠢ᠍ᠯᠡᠰ᠎ᠤᠨ ᠨᠡᠮᠡᠭᠳᠡᠯ ᠥᠷᠲᠡᠭ᠎ᠤᠨ ᠨᠡᠮᠡᠭᠳᠡᠯ᠎ᠤᠨ ᠬᠤᠷᠳᠤᠴᠠ ᠦᠷᠭᠦᠯᠵᠢᠯᠡᠨ ᠲᠦᠷᠭᠡᠳᠴᠦ᠂ ᠨᠢᠭᠡᠳᠦᠭᠡᠷ ᠤᠯᠠᠷᠢᠯ᠎ᠤᠨ ᠡᠬᠢᠯᠡᠯᠲᠡ ᠵᠢᠨ 9.6%᠎ᠠᠴᠠ ᠳᠡᠭᠡᠷ᠎ᠡ ᠬᠠᠭ᠋ᠠᠰ ᠵᠢᠯ᠎ᠤᠨ 10.8% ᠪᠣᠯᠲᠠᠯ᠎ᠠ ᠳᠡᠭᠡᠭᠰᠢᠯᠡᠵᠦ᠂ 6 ᠰᠠᠷ᠎ᠠ ᠳᠠᠷᠠᠭ᠋ᠠᠯᠠᠨ ᠬᠣᠶᠠᠷ ᠣᠷᠣᠨᠲᠤ ᠲᠣᠭ᠋ᠠᠨ᠎ᠤ ᠨᠡᠮᠡᠭᠳᠡᠯ᠎ᠢ ᠪᠠᠲᠤᠯᠠᠵᠤ᠂ ᠲᠦᠷᠦᠭᠦᠦ ᠭᠤᠷᠪᠠᠨ ᠤᠯᠠᠷᠢᠯ᠎ᠳᠤ 12.5% ᠵᠢᠨ ᠨᠡᠯᠢᠶᠡᠳ ᠥᠨᠳᠥᠷ ᠨᠡᠮᠡᠭᠳᠡᠯ᠎ᠤᠨ ᠲᠦᠪᠰᠢᠨ᠎ᠳᠤ ᠬᠦᠷᠴᠦ᠂ ᠪᠦᠬᠦᠶ᠋ᠢᠯᠡ ᠬᠡᠪᠴᠢᠶᠡᠵᠢᠯ᠎ᠠᠴᠠ ᠳᠡᠭᠡᠭᠰᠢᠬᠢ ᠠᠵᠤ ᠦᠢ᠍ᠯᠡᠳᠪᠦᠷᠢ ᠵᠢᠨ ᠨᠡᠮᠡᠭᠳᠡᠯ᠎ᠤᠨ ᠬᠤᠷᠳᠤᠴᠠ᠎ᠠᠴᠠ ᠦᠷᠭᠦᠯᠵᠢᠯᠡᠨ ᠲᠦᠷᠭᠡᠨ ᠪᠣᠯᠵᠣ᠂ ᠬᠡᠪᠴᠢᠶᠡᠵᠢᠯ᠎ᠠᠴᠠ ᠳᠡᠭᠡᠭᠰᠢᠬᠢ ᠠᠵᠤ ᠦᠢ᠍ᠯᠡᠳᠪᠦᠷᠢ ᠵᠢᠨ ᠨᠡᠮᠡᠭᠳᠡᠯ᠎ᠢ 4.6 ᠵᠠᠭᠤᠨ᠎ᠤ ᠬᠤᠪᠢ ᠵᠢᠨ ᠴᠡᠭ ᠳᠠᠶ᠋ᠢᠴᠢᠯᠠᠪᠠ᠃ ᠭᠤᠷᠪᠠ᠎ᠳᠤ᠂ ᠦᠢ᠍ᠯᠡᠴᠢᠯᠡᠭᠡᠨ᠎ᠤ ᠦᠢ᠍ᠯᠡᠰ ᠲᠣᠭᠲᠠᠭᠤᠨ ᠪᠠᠶ᠋ᠢᠳᠠᠯ ᠵᠶ᠋ᠠᠨ ᠰᠡᠷᠭᠦᠭᠡᠪᠡ᠃ ᠡᠨᠡ ᠵᠢᠯ᠎ᠠᠴᠠ ᠨᠠᠭ᠋ᠠᠰᠢ᠂ ᠪᠥᠬᠥ ᠣᠷᠣᠨ ᠡᠯ᠎ᠡ ᠲᠥᠷᠥᠯ᠎ᠤᠨ ᠬᠡᠷᠡᠭᠯᠡᠭᠡ ᠵᠢ ᠠᠬᠢᠭᠤᠯᠬᠤ ᠠᠵᠢᠯᠯᠠᠭ᠎ᠠ ᠵᠢ 4376 ᠤᠳᠠᠭ᠎ᠠ ᠥᠷᠨᠢᠭᠦᠯᠵᠦ᠂ 135 ᠰᠢᠯᠢᠳᠡᠭ ᠠᠩᠬᠠᠨ᠎ᠤ ᠳᠡᠯᠭᠡᠭᠦᠷ᠎ᠤᠨ ᠨᠠᠷᠠᠲᠤ ᠲᠥᠷᠥᠯ ᠲᠡᠮᠳᠡᠭᠲᠦ ᠵᠢ ᠲᠡᠳᠡᠨ ᠨᠤᠲᠤᠭᠰᠢᠭᠤᠯᠵᠤ᠂ ᠰᠣᠶᠣᠯ ᠵᠢᠭᠤᠯᠴᠢᠯᠠᠯ᠎ᠤᠨ ᠦᠢ᠍ᠯᠡᠰ ᠲᠦᠷᠭᠡᠨ ᠰᠡᠷᠭᠦᠵᠦ᠂ ᠵᠤᠭ᠋ᠠᠴᠠᠭᠰᠠᠳ᠎ᠢ ᠭᠥᠯᠢᠶᠡᠨ ᠠᠪᠤᠭᠰᠠᠨ ᠬᠥᠮᠦᠨ ᠤᠳᠠᠭ᠎ᠠ᠎ᠨᠢ ᠬᠢᠵᠢᠭ᠎ᠤᠨ ᠡᠮᠦᠨᠡᠬᠢ ᠬᠢᠷᠢ ᠲᠦᠪᠰᠢᠨ᠎ᠠᠴᠠ ᠥᠨᠳᠥᠷ ᠪᠣᠯᠵᠣ᠂ ᠦᠢ᠍ᠯᠡᠴᠢᠯᠡᠭᠡᠨ᠎ᠤ ᠦᠢ᠍ᠯᠡᠰ᠎ᠤᠨ ᠠᠵᠤ ᠠᠬᠤᠶ᠋ᠢᠯᠠᠯ᠎ᠤᠨ ᠦᠷ᠎ᠡ ᠠᠰᠢᠭ ᠲᠣᠭᠲᠠᠭᠤᠨ ᠵᠶ᠋ᠠᠷ ᠰᠠᠶ᠋ᠢᠵᠢᠷᠠᠬᠤ ᠵᠢ ᠳᠠᠶ᠋ᠢᠴᠢᠯᠠᠵᠤ᠂ 1-8 ᠳ᠋ᠤᠭ᠋ᠠᠷ ᠰᠠᠷ᠎ᠠ᠎ᠳᠤ᠂ ᠬᠡᠪᠴᠢᠶᠡᠵᠢᠯ᠎ᠠᠴᠠ ᠳᠡᠭᠡᠭᠰᠢᠬᠢ ᠦᠢ᠍ᠯᠡᠴᠢᠯᠡᠭᠡᠨ᠎ᠤ ᠦᠢ᠍ᠯᠡᠰ᠎ᠤᠨ 10 ᠲᠦᠷᠦᠯ ᠵᠦᠢ᠍ᠯ᠎ᠤᠨ ᠡᠵᠡᠩᠨᠡᠯᠲᠡ ᠵᠢᠨ ᠣᠷᠣᠯᠭ᠎ᠠ ᠠᠳᠠᠯᠢ ᠬᠤᠭᠤᠴᠠᠭ᠋ᠠᠨ᠎ᠤ᠎ᠬᠢ᠎ᠠᠴᠠ ᠨᠡᠮᠡᠭᠳᠡᠬᠦ ᠵᠢ ᠪᠡᠶᠡᠯᠡᠭᠦᠯᠵᠦ᠂ 4 ᠲᠥᠷᠥᠯ ᠵᠦᠢ᠍ᠯ᠎ᠨᠢ ᠬᠣᠶᠠᠷ ᠣᠷᠣᠨᠲᠤ ᠲᠣᠭ᠎ᠠ᠎ᠪᠠᠷ ᠨᠡᠮᠡᠭᠳᠡᠪᠡ᠃
《ᠤᠷᠤᠭᠰᠢᠯᠠᠯᠲᠠ᠎ᠨᠢ ᠳᠠᠪᠠᠭᠤᠯᠢᠭ᠎ᠲᠠᠢ》 ᠵᠢ ᠶᠠᠷᠢᠵᠤ ᠪᠠᠶ᠋ᠢᠭ᠎ᠠ᠎ᠨᠢ ᠭᠣᠣᠯᠳᠠᠭᠤ ᠪᠦᠬᠦ ᠣᠷᠣᠨ ᠳᠠᠶᠠᠭ᠋ᠠᠷ ᠵᠶ᠋ᠠᠨ ᠠᠩᠬᠠᠷᠤᠯ ᠵᠶ᠋ᠠᠨ ᠲᠥᠪᠯᠡᠷᠡᠭᠦᠯᠦᠨ ᠬᠦᠴᠦᠨ ᠵᠶ᠋ᠠᠨ ᠲᠥᠪᠯᠡᠷᠡᠭᠦᠯᠵᠦ ᠪᠠᠶ᠋ᠢᠭ᠋ᠠᠳ 《ᠲᠠᠪᠤᠨ ᠶᠡᠬᠡ ᠡᠭᠦᠷᠭᠡ》 ᠵᠢ ᠨᠠᠶ᠋ᠢᠳᠠᠪᠤᠷᠢᠵᠢᠭᠤᠯᠵᠤ᠂ ᠣᠨᠴᠠᠯᠢᠭ᠎ᠢ ᠳᠤᠪᠤᠢ᠍ᠢ᠍ᠯᠭ᠋ᠠᠨ ᠰᠠᠢ᠍ᠢ᠍ᠨ᠎ᠲᠠᠢ ᠲᠠᠯ᠎ᠠ᠎ᠪᠠᠨ ᠪᠠᠳᠠᠷᠠᠭᠤᠯᠵᠤ ᠰᠠᠭ᠋ᠠᠷᠠᠤ ᠲᠠᠯ᠎ᠠ᠎ᠪᠠᠨ ᠲᠡᠪᠴᠢᠵᠦ᠂ ᠠᠵᠤ ᠦᠢ᠍ᠯᠡᠰ᠎ᠢ ᠪᠣᠶ᠋ᠢᠵᠢᠭᠤᠯᠬᠤ ᠠᠵᠤ ᠠᠬᠤᠶ᠋ᠢᠯᠠᠯ᠎ᠢ ᠪᠣᠶ᠋ᠢᠵᠢᠭᠤᠯᠬᠤ ᠳᠡᠭᠡᠷ᠎ᠡ ᠶᠡᠬᠡᠬᠡᠨ ᠬᠦᠴᠦ ᠣᠷᠣᠭᠤᠯᠵᠤ᠂ ᠠᠵᠤ ᠦᠢ᠍ᠯᠡᠰ᠎ᠢ ᠰᠢᠯᠢᠳᠡᠭᠵᠢᠭᠦᠯᠦᠨ ᠳᠡᠰ ᠳᠡᠪᠰᠢᠭᠦᠯᠬᠦ ᠦᠷ᠎ᠡ ᠪᠦᠲᠦᠮᠵᠢ ᠢᠯᠡᠷᠬᠡᠢ
ᠪᠤᠯᠵᠤ᠂ ᠠᠵᠤ ᠠᠬᠤᠢ ᠵᠢᠨ ᠲᠣᠭᠲᠠᠭᠤᠨ ᠵᠶ᠋ᠠᠷ ᠤᠷᠤᠭᠰᠢᠯᠠᠬᠤ ᠶᠠᠰᠤ ᠴᠢᠨᠠᠷ᠎ᠢ ᠳᠡᠭᠡᠭᠰᠢᠯᠡᠭᠦᠯᠬᠦ᠎ᠳᠤ ᠬᠦᠳᠡᠯᠭᠡᠭᠴᠢ ᠬᠦᠴᠦᠨ ᠨᠡᠮᠡᠷᠢᠯᠡᠭᠰᠡᠨ᠎ᠳᠤ ᠢᠯᠡᠷᠡᠵᠦ ᠪᠠᠶ᠋ᠢᠨ᠎ᠠ᠃ ᠵᠢᠱ᠌ᠢᠶᠡᠯᠡᠪᠡᠯ᠂ 《ᠬᠣᠶᠠᠷ ᠰᠠᠭᠤᠷᠢᠨ》᠎ᠤ ᠪᠠᠶ᠋ᠢᠭᠤᠯᠤᠯᠲᠠ ᠳᠤᠮᠳᠠ᠂ ᠤᠯᠤᠰ᠎ᠤᠨ ᠴᠢᠬᠤᠯᠠ ᠡᠨᠧᠷᠭᠢ ᠪᠠ ᠪᠠᠶ᠋ᠢᠯᠳᠤᠬᠤ ᠪᠤᠳᠤᠯᠭ᠎ᠠ ᠵᠢᠨ ᠡᠬᠢ ᠪᠠᠶᠠᠯᠢᠭ᠎ᠤᠨ ᠰᠠᠭᠤᠷᠢᠨ᠎ᠤ ᠪᠠᠶ᠋ᠢᠭᠤᠯᠤᠯᠲᠠ ᠢᠳᠡ ᠬᠦᠴᠦᠲᠡᠢ ᠶᠠᠪᠤᠭᠳᠠᠪᠠ᠃ ᠨᠢᠭᠡ ᠲᠠᠯ᠎ᠠ᠎ᠪᠠᠷ᠂ ᠳᠠᠪᠠᠭᠤᠯᠢᠭ ᠣᠨᠴᠠᠯᠢᠭᠲᠤ ᠠᠵᠤ ᠦᠢ᠍ᠯᠡᠰ᠎ᠤᠨ ᠦᠷ᠎ᠡ ᠠᠰᠢᠭ᠎ᠢ ᠬᠦᠴᠦᠯᠡᠨ ᠳᠡᠭᠡᠭᠰᠢᠯᠡᠭᠦᠯᠪᠡ᠃ ᠡᠨᠧᠷᠭᠢ ᠵᠢᠨ ᠠᠵᠤ ᠦᠢ᠍ᠯᠡᠳᠪᠦᠷᠢ᠂ ᠣᠲᠣ ᠦᠶ᠎ᠡ ᠵᠢᠨ ᠨᠡᠭᠦᠷᠡᠰᠦ ᠬᠢᠮᠢ ᠵᠢᠨ ᠠᠵᠤ ᠦᠢ᠍ᠯᠡᠳᠪᠦᠷᠢ ᠵᠢᠨ ᠠᠵᠤ ᠦᠢ᠍ᠯᠡᠰ ᠪᠣᠯᠤᠨ ᠬᠣᠪᠣᠷ ᠰᠢᠷᠣᠶ ᠵᠢᠨ ᠠᠵᠤ ᠦᠢ᠍ᠯᠡᠰ ᠲᠣᠭᠲᠠᠭᠤᠨ ᠵᠶ᠋ᠠᠷ ᠬᠥᠭᠵᠢᠵᠦ᠂ ᠬᠡᠪᠴᠢᠶᠡᠵᠢᠯ᠎ᠠᠴᠠ ᠳᠡᠭᠡᠭᠰᠢᠬᠢ ᠠᠵᠤ ᠦᠢ᠍ᠯᠡᠳᠪᠦᠷᠢ ᠵᠢᠨ ᠨᠡᠮᠡᠭᠳᠡᠯ ᠥᠷᠲᠡᠭ᠎ᠲᠤ ᠡᠵᠡᠯᠡᠬᠦ ᠬᠤᠪᠢ ᠵᠢᠨ ᠵᠢᠩ᠎ᠨᠢ 60% ᠵᠢ ᠳᠠᠪᠠᠵᠤ᠂ ᠬᠡᠪᠴᠢᠶᠡᠵᠢᠯ᠎ᠠᠴᠠ ᠳᠡᠭᠡᠭᠰᠢᠬᠢ ᠠᠵᠤ ᠦᠢ᠍ᠯᠡᠳᠪᠦᠷᠢ ᠵᠢᠨ ᠨᠡᠮᠡᠭᠳᠡᠯ ᠥᠷᠲᠡᠭ᠎ᠲᠤ ᠦᠵᠡᠭᠦᠯᠦᠭᠰᠡᠨ ᠬᠤᠪᠢ ᠨᠡᠮᠡᠷᠢ ᠵᠢᠨ ᠨᠣᠷᠮ᠎ᠠ᠎ᠨᠢ 48.4%᠎ᠳᠤ ᠬᠦᠷᠴᠡᠶ᠃ ᠡᠭᠦᠨ᠎ᠳᠤ᠂ ᠡᠨᠧᠷᠭᠢ ᠵᠢᠨ ᠠᠵᠤ ᠦᠢ᠍ᠯᠡᠳᠪᠦᠷᠢ ᠵᠢᠨ᠎ᠬᠢᠨ 《ᠰᠠᠭᠤᠷᠢ ᠴᠢᠯᠠᠭᠤ》 ᠵᠢᠨ ᠦᠢ᠍ᠯᠡᠳᠦᠯ ᠵᠶ᠋ᠠᠨ ᠦᠷᠭᠦᠯᠵᠢᠯᠡᠨ ᠪᠠᠳᠠᠷᠠᠭᠤᠯᠵᠤ᠂ ᠬᠡᠪᠴᠢᠶᠡᠵᠢᠯ᠎ᠠᠴᠠ ᠳᠡᠭᠡᠭᠰᠢᠬᠢ ᠠᠵᠤ ᠦᠢ᠍ᠯᠡᠳᠪᠦᠷᠢ ᠵᠢᠨ ᠨᠡᠮᠡᠭᠳᠡᠯ᠎ᠳᠤ ᠦᠵᠡᠭᠦᠯᠦᠭᠰᠡᠨ ᠬᠤᠪᠢ ᠨᠡᠮᠡᠷᠢ ᠵᠢᠨ ᠨᠣᠷᠮ᠎ᠠ᠎ᠨᠢ 35.2% ᠪᠣᠯᠵᠠᠶ᠃ ᠨᠥᠭᠥᠭᠡ ᠲᠠᠯ᠎ᠠ᠎ᠪᠠᠷ᠂ ᠰᠢᠨ᠎ᠡ ᠡᠨᠧᠷᠭᠢ ᠵᠢᠨ ᠠᠵᠤ ᠦᠢ᠍ᠯᠡᠰ ᠲᠦᠷᠭᠡᠨ ᠬᠥᠭᠵᠢᠵᠦ᠂ ᠬᠢᠯᠠᠰ ᠴᠡᠭ ᠵᠠᠯᠭ᠋ᠠᠭ᠎ᠠ᠎ᠪᠠᠷ ᠢᠯᠡᠷᠡᠪᠡ᠃ ᠰᠢᠨ᠎ᠡ ᠡᠨᠧᠷᠭᠢ ᠵᠢᠨ ᠮᠠᠰᠢᠨ ᠴᠣᠭᠴᠠᠯᠠᠪᠤᠷᠢ ᠵᠢᠨ ᠬᠡᠮᠵᠢᠶ᠎ᠡ 7232 ᠲᠦᠮᠡᠨ ᠺᠢᠯᠤᠸᠠᠲ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 22.1%᠎ᠪᠠᠷ ᠨᠡᠮᠡᠭᠳᠡᠵᠦ᠂ ᠴᠠᠬᠢᠯᠭ᠋ᠠᠨ ᠬᠦᠴᠦᠨ᠎ᠤ ᠶᠡᠷᠦᠩᠬᠡᠶ ᠮᠠᠰᠢᠨ ᠴᠣᠭᠴᠠᠯᠠᠪᠤᠷᠢ᠎ᠳᠤ ᠡᠵᠡᠯᠡᠬᠦ ᠬᠤᠪᠢ ᠵᠢᠨ ᠵᠢᠩ᠎ᠨᠢ 37.6%᠎ᠳᠤ ᠬᠦᠷᠴᠡᠶ; ᠬᠡᠪᠴᠢᠶᠡᠵᠢᠯ᠎ᠠᠴᠠ ᠳᠡᠭᠡᠭᠰᠢᠬᠢ ᠰᠢᠨ᠎ᠡ ᠡᠨᠧᠷᠭᠢ ᠵᠢᠨ ᠴᠠᠬᠢᠯᠭ᠋ᠠᠨ ᠭᠠᠷᠭ᠋ᠠᠯᠲᠠ ᠵᠢᠨ ᠬᠡᠮᠵᠢᠶ᠎ᠡ 1059.1 ᠳ᠋ᠦᠩᠰᠢᠭᠤᠷ ᠺᠢᠯᠤᠸᠠᠲ ᠴᠠᠭ᠎ᠲᠤ
ᠬᠦᠷᠴᠦ᠂ ᠨᠢᠳᠤᠨᠤᠨ᠎ᠤ᠎ᠬᠢ᠎ᠠᠴᠠ 2 ᠰᠠᠷ᠎ᠠ ᠤᠷᠢᠳᠴᠢᠯᠠᠨ ᠮᠢᠩᠭ᠋ᠠᠨ ᠳ᠋ᠦᠩᠰᠢᠭᠤᠷ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 21.9%᠎ᠪᠠᠷ ᠨᠡᠮᠡᠭᠳᠡᠵᠦ᠂ ᠪᠥᠬᠥ ᠴᠠᠬᠢᠯᠭ᠋ᠠᠨ ᠭᠠᠷᠭ᠋ᠠᠯᠲᠠ ᠵᠢᠨ ᠬᠡᠮᠵᠢᠶ᠎ᠡ᠎ᠳᠤ ᠡᠵᠡᠯᠡᠬᠦ ᠬᠤᠪᠢ ᠵᠢᠨ ᠵᠢᠩ᠎ᠨᠢ 19.5%᠎ᠳᠤ ᠬᠦᠷᠴᠡᠶ᠃ ᠤᠯᠤᠰ᠎ᠤᠨ ᠴᠢᠬᠤᠯᠠ ᠮᠠᠯ᠎ᠤᠨ ᠠᠰᠢᠭ ᠰᠢᠮ᠎ᠡ ᠲᠠᠷᠢᠶᠠᠯᠠᠩ᠎ᠤᠨ ᠪᠦᠲᠦᠭᠡᠭᠳᠡᠬᠦᠨ᠎ᠤ ᠦᠢ᠍ᠯᠡᠳᠪᠦᠷᠢᠯᠡᠯ᠎ᠤᠨ ᠰᠠᠭᠤᠷᠢᠨ᠎ᠤ ᠪᠠᠶ᠋ᠢᠭᠤᠯᠤᠯᠲᠠ ᠲᠦᠷᠭᠡᠨ ᠪᠥᠭᠡᠳ ᠯᠠᠪᠳᠠᠭᠤᠨ ᠵᠶ᠋ᠠᠷ ᠠᠬᠢᠪᠠ᠃ ᠨᠢᠭᠡᠳᠦᠭᠡᠷ ᠠᠵᠤ ᠦᠢ᠍ᠯᠡᠰ᠎ᠤᠨ ᠪᠠᠯᠠ ᠣᠷᠣᠭᠤᠯᠤᠯᠲᠠ ᠲᠦᠷᠭᠡᠳᠬᠦ ᠪᠠᠶ᠋ᠢᠳᠠᠯ ᠵᠶ᠋ᠠᠨ ᠪᠠᠲᠤᠯᠠᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 10.8%᠎ᠪᠠᠷ ᠨᠡᠮᠡᠭᠳᠡᠵᠦ᠂ ᠳᠡᠭᠡᠷ᠎ᠡ ᠬᠠᠭ᠋ᠠᠰ ᠵᠢᠯ᠎ᠤᠨ᠎ᠬᠢ᠎ᠠᠴᠠ 12.4 ᠵᠠᠭᠤᠨ᠎ᠤ ᠬᠤᠪᠢ ᠵᠢᠨ ᠴᠡᠭ ᠲᠦᠷᠭᠡᠳᠪᠡ᠃ ᠦᠬᠡᠷ᠎ᠤᠨ ᠮᠢᠬ᠎ᠠ᠂ ᠬᠣᠨᠢᠨ ᠮᠢᠬ᠎ᠠ᠂ ᠦᠨᠢᠶᠡᠨ ᠰᠦ ᠵᠢᠨ ᠭᠠᠷᠤᠯᠲᠠ ᠴᠥᠮ ᠲᠣᠭᠲᠠᠭᠤᠨ ᠵᠶ᠋ᠠᠷ ᠨᠡᠮᠡᠭᠳᠡᠪᠡ᠃ ᠬᠡᠪᠴᠢᠶᠡᠵᠢᠯ᠎ᠠᠴᠠ ᠳᠡᠭᠡᠭᠰᠢᠬᠢ ᠲᠠᠷᠢᠶᠠᠯᠠᠩ ᠮᠠᠯ᠎ᠤᠨ ᠠᠰᠢᠭ ᠰᠢᠮ᠎ᠡ ᠵᠢᠨ ᠪᠦᠲᠦᠭᠡᠭᠳᠡᠬᠦᠨ᠎ᠢ ᠡᠳ᠋ᠰᠢᠭᠦᠯᠬᠦ ᠦᠢ᠍ᠯᠡᠰ᠎ᠤᠨ ᠨᠡᠮᠡᠭᠳᠡᠯ ᠥᠷᠲᠡᠭ ᠠᠳᠠᠯᠢ ᠬᠤᠭᠤᠴᠠᠭ᠋ᠠᠨ᠎ᠤ᠎ᠬᠢ᠎ᠠᠴᠠ 12.4%᠎ᠪᠠᠷ ᠨᠡᠮᠡᠭᠳᠡᠵᠦ᠂ 6 ᠰᠠᠷ᠎ᠠ ᠳᠠᠷᠠᠭ᠋ᠠᠯᠠᠨ ᠬᠣᠶᠠᠷ ᠣᠷᠣᠨᠲᠤ ᠲᠣᠭ᠎ᠠ ᠵᠢᠨ ᠨᠡᠮᠡᠭᠳᠡᠯ᠎ᠢ ᠪᠠᠲᠤᠯᠠᠵᠤ᠂ ᠬᠡᠪᠴᠢᠶᠡᠵᠢᠯ᠎ᠠᠴᠠ ᠳᠡᠭᠡᠭᠰᠢᠬᠢ ᠪᠥᠬᠥ ᠠᠵᠤ ᠦᠢ᠍ᠯᠡᠳᠪᠦᠷᠢ ᠵᠢᠨ᠎ᠬᠢ᠎ᠠᠴᠠ 4.8 ᠵᠠᠭᠤᠨ᠎ᠤ ᠬᠤᠪᠢ ᠵᠢᠨ ᠴᠡᠭ ᠥᠨᠳᠥᠷ ᠪᠣᠯᠪᠠ᠃
《ᠪᠠᠢ᠌ᠳᠠᠯ ᠪᠡᠬᠢᠵᠢᠯ᠎ᠲᠠᠢ》 ᠭᠡᠳᠡᠭ᠎ᠨᠢ ᠭᠣᠣᠯᠳᠠᠭᠤ ᠭᠤᠷᠪᠠᠨ ᠲᠠᠯ᠎ᠠ᠎ᠪᠠᠷ ᠢᠯᠡᠷᠡᠵᠦ ᠪᠠᠶ᠋ᠢᠨ᠎ᠠ᠃ ᠨᠢᠭᠡ᠎ᠳᠤ ᠠᠵᠤ ᠠᠬᠤᠢ ᠵᠢᠨ ᠦᠨᠳᠦᠰᠦᠨ ᠪᠠᠶ᠋ᠢᠳᠠᠯ ᠲᠣᠭᠲᠠᠪᠤᠷᠢᠵᠢᠪᠠ᠃ ᠲᠦᠷᠦᠭᠦᠦ ᠭᠤᠷᠪᠠᠨ ᠤᠯᠠᠷᠢᠯ᠂ ᠮᠠᠨ᠎ᠤ ᠣᠷᠣᠨ᠎ᠤ ᠠᠵᠤ ᠠᠬᠤᠶ ᠵᠢᠨ ᠶᠡᠷᠦᠩᠬᠡᠶ ᠬᠡᠮᠵᠢᠶ᠎ᠡ 16882 ᠳ᠋ᠦᠩᠰᠢᠭᠤᠷ ᠲᠥᠭᠥᠷᠢᠭ᠎ᠲᠤ ᠬᠦᠷᠴᠦ᠂ ᠨᠡᠮᠡᠭᠳᠡᠯ᠎ᠤᠨ ᠬᠤᠷᠳᠤᠴᠠ ᠪᠦᠬᠦ ᠤᠯᠤᠰ᠎ᠤᠨ ᠲᠡᠷᠢᠭᠦᠨ᠎ᠳᠤ ᠣᠷᠣᠪᠠ᠂ ᠢᠯᠠᠩᠭᠤᠶ᠎ᠠ 7.2%᠎ᠤᠨ ᠨᠡᠮᠡᠭᠳᠡᠯ᠎ᠤᠨ ᠬᠤᠷᠳᠤᠴᠠ᠎ᠨᠢ ᠭᠠᠳᠠᠭ᠋ᠠᠳᠤ ᠣᠷᠴᠢᠨ ᠨᠥᠬᠥᠴᠡᠯ ᠡᠳᠦᠷ ᠢᠷᠡᠬᠦᠶ᠎ᠡ ᠬᠦᠨᠳᠦ ᠬᠡᠴᠡᠭᠦᠦ ᠲᠦᠪᠡᠭ ᠪᠤᠳᠤᠯᠢᠶᠠᠨᠲᠠᠢ ᠪᠤᠯᠵᠤ᠂ ᠤᠯᠤᠰ᠎ᠤᠨ ᠳᠣᠲᠣᠭ᠋ᠠᠳᠤ ᠵᠢᠨ ᠬᠡᠷᠡᠭᠴᠡᠭᠡ ᠬᠦᠷᠦᠯᠴᠡᠬᠦ ᠦᠭᠡᠢ ᠪᠠᠶ᠋ᠢᠳᠠᠯ ᠳᠣᠣᠷ᠎ᠠ ᠪᠡᠶᠡᠯᠡᠭᠳᠡᠭᠰᠡᠨ ᠶᠤᠮ᠃ ᠮᠡᠳᠡᠭᠡᠵᠢ᠂ ᠮᠠᠨ᠎ᠤ ᠣᠷᠣᠨ ᠪᠣᠯ ᠡᠨᠧᠷᠭᠢ ᠵᠢᠨ ᠡᠬᠢ ᠪᠠᠶᠠᠯᠢᠭ᠎ᠤᠨ ᠲᠣᠮᠣ ᠮᠤᠵᠢ ᠪᠣᠯᠤᠨ᠎ᠠ᠂ ᠠᠵᠤ ᠦᠢ᠍ᠯᠡᠰ᠎ᠤᠨ ᠪᠦᠲᠦᠴᠡ ᠪᠠ ᠠᠵᠤ ᠦᠢ᠍ᠯᠡᠰ᠎ᠤᠨ ᠬᠡᠯᠬᠢᠶ᠎ᠡ ᠨᠡᠯᠢᠶᠡᠳ ᠰᠠᠢ᠍ᠢ᠍ᠨ᠃ ᠡᠨᠡ ᠵᠢᠯ᠎ᠠᠴᠠ ᠨᠠᠰᠢ᠂ ᠡᠨᠧᠷᠭᠢ ᠵᠡᠷᠭᠡ ᠪᠦᠭᠡᠮᠳᠡᠬᠦ ᠪᠦᠳᠦᠭᠡᠭᠳᠡᠭᠦᠨ᠎ᠤ ᠦᠨ᠎ᠡ ᠬᠠᠩᠰᠢ ᠵᠢᠨ ᠳᠤᠤᠷ᠎ᠠ ᠡᠷᠭᠢᠯᠲᠡ᠎ᠨᠢ ᠮᠠᠨ᠎ᠤ ᠣᠷᠣᠨ᠎ᠤ ᠠᠵᠤ ᠠᠬᠤᠶ ᠵᠢᠨ ᠲᠣᠭᠲᠠᠭᠤᠨ ᠵᠶ᠋ᠠᠷ ᠨᠡᠮᠡᠭᠳᠡᠬᠦ᠎ᠳᠤ ᠨᠡᠯᠢᠶᠡᠳ ᠶᠡᠬᠡ ᠳᠠᠷᠤᠯᠲᠠ ᠪᠣᠯᠪᠠ᠂ ᠡᠢ᠌ᠮᠦᠷᠬᠦ ᠬᠣᠷᠸ᠎ᠠ ᠠᠵᠤ ᠠᠬᠤᠶ ᠵᠢᠨ ᠠᠬᠤᠶ ᠵᠢᠨ ᠪᠠᠢ᠌ᠳᠠᠯ ᠳᠤᠤᠷ᠎ᠠ᠂ ᠮᠠᠨ᠎ᠤ ᠣᠷᠣᠨ᠎ᠤ ᠠᠵᠤ ᠠᠬᠤᠶ ᠳᠠᠷᠤᠯᠲᠠ ᠵᠢ ᠳᠠᠭ᠋ᠠᠭ᠋ᠠᠵᠤ᠂ ᠯᠠᠪᠳᠠᠭᠤᠨ ᠪᠠᠲᠤᠲᠠᠶ ᠤᠷᠤᠭᠰᠢᠯᠠᠨ᠂ ᠡᠴᠦᠰ᠎ᠲᠡᠭᠡᠨ ᠨᠡᠯᠢᠶᠡᠳ ᠰᠠᠶ᠋ᠢᠨ ᠬᠢᠷᠢ ᠪᠦᠲᠦᠮᠵᠢ ᠣᠯᠪᠠ᠂ ᠦᠨᠡᠨ᠎ᠢ ᠬᠡᠯᠡᠬᠦ᠎ᠳᠤ ᠠᠮᠠᠷ ᠦᠭᠡᠢ᠂ ᠪᠠᠰᠠ ᠮᠠᠨ᠎ᠤ ᠣᠷᠣᠨ᠎ᠤ ᠠᠵᠤ ᠠᠬᠤᠢ ᠵᠢᠨ ᠬᠥᠭᠵᠢᠯᠲᠡ ᠵᠢᠨ ᠤᠶᠠᠨ ᠬᠠᠳᠠᠨ ᠴᠢᠨᠠᠷ᠎ᠢ ᠢᠯᠡᠷᠡᠭᠦᠯᠪᠡ᠃ ᠬᠣᠶᠠᠷ᠎ᠲᠤ ᠪᠡᠯᠡ ᠣᠷᠣᠭᠤᠯᠤᠯᠲᠠ ᠵᠢᠨ ᠥᠨᠳᠥᠷ ᠲᠦᠪᠰᠢᠨ ᠪᠦᠬᠦᠢ ᠨᠡᠮᠡᠭᠳᠡᠯ᠎ᠤᠨ ᠬᠠᠨᠳᠤᠰᠢ ᠦᠷᠭᠦᠯᠵᠢᠯᠡᠨ ᠪᠡᠬᠢᠵᠢᠪᠡ᠃ ᠡᠨᠡ ᠵᠢᠯ᠎ᠠᠴᠠ ᠨᠠᠭ᠋ᠠᠰᠢ᠂ ᠪᠦᠬᠦ ᠣᠷᠣᠨ ᠵᠶ᠋ᠠᠷ ᠵᠶ᠋ᠠᠨ ᠠᠷᠠᠯᠵᠢᠶᠠᠴᠢᠨ ᠤᠷᠢᠵᠤ ᠪᠡᠯᠡ ᠲᠠᠲᠠᠬᠤ ᠵᠢ ᠪᠦᠬᠦ ᠬᠦᠴᠦᠨ ᠵᠶ᠋ᠠᠷ ᠠᠳᠬᠤᠵᠤ᠂ ᠲᠦᠰᠦᠯ᠎ᠢ ᠨᠠᠶ᠋ᠢᠳᠠᠪᠤᠷᠢᠵᠢᠭᠤᠯᠬᠤ ᠵᠢ ᠠᠳᠬᠤᠵᠤ᠂ ᠪᠡᠯᠡ ᠣᠷᠣᠭᠤᠯᠤᠯᠲᠠ ᠨᠢᠳᠤᠨᠤᠨ᠎ᠤ ᠥᠨᠳᠥᠷ ᠰᠠᠭᠤᠷᠢ ᠵᠢᠨ ᠬᠤᠭᠤᠴᠠᠭ᠋ᠠᠨ᠎ᠤ ᠰᠠᠭᠤᠷᠢᠨ ᠳᠡᠭᠡᠷ᠎ᠡ ᠦᠷᠭᠦᠯᠵᠢᠯᠡᠨ ᠨᠡᠯᠢᠶᠡᠳ ᠲᠦᠷᠭᠡᠨ ᠨᠡᠮᠡᠭᠳᠡᠯ᠎ᠢ ᠪᠡᠶᠡᠯᠡᠭᠦᠯᠵᠦ᠂ ᠨᠡᠮᠡᠭᠳᠡᠯ᠎ᠤᠨ ᠬᠤᠷᠳᠤᠴᠠ᠎ᠨᠢ ᠨᠢᠳᠤᠨᠤᠨ᠎ᠤ ᠠᠳᠠᠯᠢ ᠬᠤᠭᠤᠴᠠᠭ᠋ᠠᠨ᠎ᠤ᠎ᠬᠢ᠎ᠠᠴᠠ 1.3 ᠵᠠᠭᠤᠨ᠎ᠤ ᠬᠤᠪᠢ ᠵᠢᠨ ᠴᠡᠭ ᠥᠨᠳᠥᠷ ᠪᠣᠯᠪᠠ᠃ ᠢᠯᠠᠩᠭᠤᠶ᠎ᠠ ᠴᠢᠬᠤᠯᠠ ᠶᠡᠬᠡ ᠲᠦᠰᠦᠯ᠎ᠤᠨ ᠳᠠᠶ᠋ᠢᠴᠢᠯᠠᠯᠲᠠ ᠬᠦᠴᠦᠲᠡᠶ ᠪᠠᠶ᠋ᠢᠵᠤ᠂ 10 ᠳ᠋ᠦᠩᠰᠢᠭᠤᠷ ᠲᠥᠭᠥᠷᠢᠭ᠎ᠠᠴᠠ ᠳᠡᠭᠡᠭᠰᠢᠬᠢ ᠲᠦᠰᠦᠯ᠎ᠤᠨ ᠲᠣᠭ᠎ᠠ ᠬᠡᠮᠵᠢᠶ᠎ᠡ ᠠᠳᠠᠯᠢ ᠬᠤᠭᠤᠴᠠᠭ᠋ᠠᠨ᠎ᠤ᠎ᠬᠢ᠎ᠠᠴᠠ 23.0% ᠨᠡᠮᠡᠭᠳᠡᠵᠦ᠂ ᠪᠡᠶᠡᠯᠡᠭᠦᠯᠦᠭᠰᠡᠨ ᠪᠠᠯᠠ ᠣᠷᠣᠭᠤᠯᠤᠯᠲᠠ ᠵᠢᠨ ᠲᠣᠭ᠎ᠠ ᠠᠳᠠᠯᠢ ᠬᠤᠭᠤᠴᠠᠭ᠋ᠠᠨ᠎ᠤ᠎ᠬᠢ᠎ᠠᠴᠠ 46.3% ᠨᠡᠮᠡᠭᠳᠡᠵᠦ᠂ ᠪᠥᠬᠥ ᠪᠠᠯᠠ ᠣᠷᠣᠭᠤᠯᠤᠯᠲᠠ ᠵᠢᠨ ᠨᠡᠮᠡᠭᠳᠡᠯ᠎ᠢ 20.9 ᠵᠠᠭᠤᠨ᠎ᠤ ᠬᠤᠪᠢ ᠵᠢᠨ ᠴᠡᠭ ᠳᠠᠶ᠋ᠢᠴᠢᠯᠠᠪᠠ᠃ ᠭᠤᠷᠪᠠ᠎ᠳᠤ᠂ ᠬᠡᠯᠪᠡᠷᠢ᠎ᠪᠠᠨ ᠬᠤᠪᠢᠷᠠᠭᠤᠯᠤᠨ ᠳᠡᠰ ᠳᠡᠪᠰᠢᠬᠦ ᠬᠠᠨᠳᠤᠰᠢ ᠦᠷᠭᠦᠯᠵᠢᠯᠡᠨ ᠪᠡᠬᠢᠵᠢᠪᠡ᠃ ᠬᠡᠪᠴᠢᠶᠡᠵᠢᠯ᠎ᠠᠴᠠ ᠳᠡᠭᠡᠭᠰᠢᠬᠢ ᠠᠵᠤ ᠦᠢ᠍ᠯᠡᠳᠪᠦᠷᠢ ᠵᠢᠨ ᠪᠠᠶ᠋ᠢᠯᠳᠤᠬᠤ ᠪᠣᠳᠣᠯᠭ᠎ᠠ ᠵᠢᠨ ᠴᠢᠨᠠᠷᠲᠠᠶ ᠰᠢᠨ᠎ᠡ᠎ᠪᠠᠷ ᠬᠥᠭᠵᠢᠭᠰᠡᠨ ᠠᠵᠤ ᠦᠢ᠍ᠯᠡᠰ᠂ ᠲᠣᠨᠣᠭ ᠲᠥᠬᠥᠭᠡᠷᠦᠮᠵᠢ ᠦᠢ᠍ᠯᠡᠳᠬᠦ ᠦᠢ᠍ᠯᠡᠰ᠂ ᠳᠡᠭᠡᠳᠦ ᠮᠡᠷᠭᠡᠵᠢᠯ᠎ᠤᠨ ᠦᠢ᠍ᠯᠡᠳᠬᠦ ᠦᠢ᠍ᠯᠡᠰ᠎ᠤᠨ ᠨᠡᠮᠡᠭᠳᠡᠯ ᠥᠷᠲᠡᠭ ᠬᠣᠶᠠᠷ ᠣᠷᠣᠨᠲᠤ ᠲᠣᠭ᠋ᠠᠨ᠎ᠤ ᠨᠡᠮᠡᠭᠳᠡᠯ᠎ᠢ ᠪᠠᠲᠤᠯᠠᠵᠤ᠂ ᠲᠣᠰ ᠲᠣᠰ ᠪᠥᠬᠥ ᠬᠡᠪᠴᠢᠶᠡᠵᠢᠯ᠎ᠠᠴᠠ ᠳᠡᠭᠡᠭᠰᠢᠬᠢ ᠠᠵᠤ ᠦᠢ᠍ᠯᠡᠳᠪᠦᠷᠢ ᠵᠢᠨ 12.6᠂ 8.5 ᠪᠠ 12.4 ᠵᠠᠭᠤᠨ᠎ᠤ ᠬᠤᠪᠢ ᠵᠢᠨ ᠴᠡᠭ᠎ᠠᠴᠠ ᠲᠦᠷᠭᠡᠨ ᠪᠣᠯᠪᠠ᠃ ᠣᠲᠣ ᠦᠶ᠎ᠡ ᠵᠢᠨ ᠦᠢ᠍ᠯᠡᠴᠢᠯᠡᠭᠡᠨ᠎ᠤ ᠦᠢ᠍ᠯᠡᠰ᠎ᠤᠨ ᠢᠯᠡᠷᠡᠯ ᠨᠡᠯᠢᠶᠡᠳ ᠰᠠᠶ᠋ᠢᠨ ᠪᠠᠶ᠋ᠢᠵᠤ᠂ ᠮᠡᠳᠡᠭᠡ ᠵᠠᠩᠭᠢ ᠵᠢᠨ ᠳᠠᠮᠵᠢᠭᠤᠯᠭ᠎ᠠ᠂ ᠵᠥᠭᠡᠯᠡᠨ ᠲᠣᠨᠣᠭ ᠪᠠ ᠮᠡᠳᠡᠭᠡ ᠵᠠᠩᠭᠢ ᠵᠢᠨ ᠮᠡᠷᠭᠡᠵᠢᠯ᠎ᠤᠨ ᠦᠢ᠍ᠯᠡᠴᠢᠯᠡᠭᠡᠨ᠎ᠤ ᠦᠢ᠍ᠯᠡᠰ᠎ᠤᠨ ᠨᠡᠮᠡᠭᠳᠡᠯ ᠥᠷᠲᠡᠭ᠎ᠤᠨ ᠨᠡᠮᠡᠭᠳᠡᠯ᠎ᠤᠨ ᠬᠤᠷᠳᠤᠴᠠ᠎ᠨᠢ ᠲᠦᠷᠦᠭᠦᠦ ᠬᠠᠭ᠋ᠠᠰ ᠵᠢᠯ᠎ᠤᠨ᠎ᠬᠢ᠎ᠠᠴᠠ 2.0 ᠵᠠᠭᠤᠨ᠎ᠤ ᠬᠤᠪᠢ ᠵᠢᠨ ᠴᠡᠭ ᠲᠦᠷᠭᠡᠳᠪᠡ᠃ ᠳᠡᠭᠡᠳᠦ ᠮᠡᠷᠭᠡᠵᠢᠯ᠎ᠤᠨ ᠠᠵᠤ ᠦᠢ᠍ᠯᠡᠰ᠎ᠤᠨ ᠪᠡᠯᠡ ᠣᠷᠣᠭᠤᠯᠤᠯᠲᠠ ᠲᠦᠷᠭᠡᠨ ᠵᠶ᠋ᠠᠷ ᠨᠡᠮᠡᠭᠳᠡᠵᠦ᠂ ᠪᠦᠬᠦ ᠪᠡᠯᠡ ᠣᠷᠣᠭᠤᠯᠤᠯᠲᠠ ᠵᠢᠨ ᠨᠡᠮᠡᠭᠳᠡᠯ᠎ᠤᠨ ᠬᠤᠷᠳᠤᠴᠠ᠎ᠠᠴᠠ 49.7 ᠵᠠᠭᠤᠨ᠎ᠤ ᠬᠤᠪᠢ ᠵᠢᠨ ᠴᠡᠭ ᠲᠦᠷᠭᠡᠨ ᠪᠤᠯᠵᠤ᠂ ᠬᠠᠩᠭ᠋ᠠᠯᠭ᠎ᠠ ᠵᠢᠨ ᠪᠦᠲᠦᠴᠡ ᠵᠢ ᠰᠢᠯᠢᠳᠡᠭᠵᠢᠭᠦᠯᠬᠦ᠎ᠳᠤ ᠦᠵᠡᠭᠦᠯᠬᠦ ᠪᠡᠯᠡ ᠣᠷᠣᠭᠤᠯᠤᠯᠲᠠ ᠵᠢᠨ ᠦᠢ᠍ᠯᠡᠳᠦᠯ᠎ᠢ ᠪᠦᠲᠦᠮᠵᠢᠲᠡᠢ ᠪᠠᠳᠠᠷᠠᠭᠤᠯᠪᠠ᠃
ᠶᠡᠷᠦᠩᠬᠡᠶ᠎ᠳᠤᠨᠢ ᠠᠪᠴᠤ ᠬᠡᠯᠡᠪᠡᠯ᠂ ᠪᠥᠬᠥ ᠣᠷᠣᠨ᠎ᠤ ᠠᠵᠤ ᠠᠬᠤᠶ ᠵᠢᠨ 《ᠲᠣᠭᠲᠠᠭᠤᠨ》᠎ᠤ ᠰᠠᠭᠤᠷᠢ ᠦᠷᠭᠦᠯᠵᠢᠯᠡᠨ ᠪᠡᠬᠢᠵᠢᠵᠦ᠂ 《ᠤᠷᠤᠭᠰᠢᠯᠠᠬᠤ》 ᠪᠠᠶ᠋ᠢᠳᠠᠯ ᠲᠠᠰᠤᠷᠠᠯᠲᠠ ᠥᠬᠡᠶ ᠴᠢᠩᠭ᠋ᠠᠷᠠᠵᠤ᠂ ᠴᠢᠨᠠᠷ ᠰᠠᠶ᠋ᠢᠲᠠᠶ ᠬᠥᠭᠵᠢᠯᠲᠡ ᠯᠠᠪᠳᠠᠭᠤᠨ ᠪᠠᠲᠤᠲᠠᠶ ᠠᠭᠢᠵᠤ᠂ ᠪᠥᠬᠥ ᠵᠢᠯ᠎ᠤᠨ ᠬᠥᠭᠵᠢᠯᠲᠡ ᠵᠢᠨ ᠬᠠᠷᠠᠯᠲᠠ ᠵᠢ ᠪᠡᠶᠡᠯᠡᠭᠦᠯᠬᠦ᠎ᠳᠤ ᠪᠠᠲᠤ ᠪᠠᠬᠢ ᠰᠠᠭᠤᠷᠢ ᠵᠢ ᠲᠠᠯᠪᠢᠪᠠ᠃ ᠢᠯᠠᠩᠭᠤᠶ᠎ᠠ ᠣᠶ᠋ᠢᠷ᠎ᠠ᠎ᠳᠤ᠂ ᠲᠥᠷᠥ ᠵᠢᠨ ᠶᠠᠪᠤᠳᠠᠯ᠎ᠤᠨ ᠬᠣᠷᠢᠶ᠎ᠠ 《ᠥᠪᠥᠷ ᠮᠣᠩᠭᠣᠯ᠎ᠤᠨ ᠴᠢᠨᠠᠷ ᠰᠠᠶ᠋ᠢᠲᠠᠶ ᠬᠥᠭᠵᠢᠯᠲᠡ ᠵᠢ ᠠᠬᠢᠭᠤᠯᠵᠤ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠵᠢᠨ ᠰᠢᠨ᠎ᠡ ᠬᠠᠭᠤᠳᠠᠰᠤ ᠵᠢ ᠴᠢᠷᠮᠠᠶ᠋ᠢᠨ ᠪᠢᠴᠢᠭᠯᠡᠬᠦ ᠲᠤᠬᠠᠶ ᠰᠠᠨᠠᠯ》᠎ᠢ ᠵᠢᠩᠬᠢᠨᠢ᠎ᠪᠠᠷ ᠳᠠᠷᠤᠮᠠᠯᠯᠠᠨ ᠲᠠᠷᠬᠠᠭ᠋ᠠᠵᠤ᠂ ᠪᠢᠳᠡᠨ᠎ᠳᠤ ᠴᠢᠬᠤᠯᠠ ᠶᠡᠬᠡ ᠲᠥᠷᠥ ᠵᠢᠨ ᠪᠣᠳᠣᠯᠭ᠎ᠠ ᠵᠢᠨ ᠠᠰᠢᠭ ᠬᠦᠷᠲᠡᠭᠡᠪᠡ᠂ ᠡᠨᠡ ᠪᠣᠯ ᠡᠨᠡ ᠵᠢᠯ᠎ᠤᠨ ᠶᠡᠷᠦᠩᠬᠡᠶ ᠱᠦᠵᠢ ᠰᠢ ᠵᠢᠨ ᠫᠢᠩ᠎ᠤᠨ ᠥᠪᠥᠷ ᠮᠣᠩᠭᠣᠯ᠎ᠳᠤ ᠰᠢᠨᠵᠢᠯᠡᠨ ᠪᠠᠶ᠋ᠢᠴᠠᠭ᠋ᠠᠭᠰᠠᠨ᠎ᠤ ᠳᠠᠷᠠᠭ᠋ᠠᠬᠢ ᠪᠠᠰᠠ ᠨᠢᠭᠡᠨ ᠪᠠᠶᠠᠷᠳᠤ ᠶᠠᠪᠤᠳᠠᠯ ᠮᠥᠨ᠂ ᠡᠨᠡ᠎ᠨᠢ ᠥᠪᠥᠷ ᠮᠣᠩᠭᠣᠯ᠎ᠤᠨ ᠬᠥᠭᠵᠢᠯᠲᠡ ᠵᠢᠨ ᠲᠡᠦᠬᠡᠨ ᠳᠡᠭᠡᠷ᠎ᠡ ᠬᠥᠰᠢᠶ᠎ᠡ ᠳᠤᠷᠠᠰᠬᠠᠯ᠎ᠤᠨ ᠠᠴᠢ ᠬᠣᠯᠪᠣᠭᠳᠠᠯ᠎ᠲᠠᠢ ᠶᠤᠮ᠃ ᠣᠷᠣᠨ ᠳᠠᠶᠠᠭ᠋ᠠᠷ ᠵᠶ᠋ᠠᠨ ᠬᠥᠭᠵᠢᠯᠲᠡ ᠵᠢ ᠭᠤᠶ᠋ᠢᠪᠢᠰᠢ ᠦᠭᠡᠢ ᠪᠠᠷᠢᠮᠲᠠᠯᠠᠵᠤ᠂ ᠰᠡᠳᠬᠢᠯ ᠨᠢᠭᠡᠳᠦᠨ ᠬᠦᠴᠦ᠎ᠪᠠᠨ ᠬᠠᠮᠲᠤᠳᠬᠠᠵᠤ᠂ ᠠᠴᠢ ᠬᠠᠷᠢᠭᠤᠯᠤᠨ ᠡᠷᠡᠮᠡᠬᠡᠶ᠋ᠢᠯᠡᠨ ᠤᠷᠤᠭᠰᠢᠯᠠᠵᠤ᠂ ᠨᠡᠩ ᠶᠡᠬᠡ ᠡᠷᠴᠢᠮ᠂ ᠨᠡᠩ ᠪᠣᠳᠠᠲᠠᠢ ᠠᠷᠭ᠎ᠠ ᠬᠡᠮᠵᠢᠶ᠎ᠡ᠂ ᠨᠡᠩ ᠴᠢᠩᠭ᠎ᠠ ᠰᠤᠷᠲᠠᠯ ᠵᠶ᠋ᠠᠷ 《ᠰᠠᠨᠠᠯ》᠎ᠢ ᠪᠣᠳᠠᠲᠠᠢ᠎ᠳᠤ ᠨᠠᠶ᠋ᠢᠳᠠᠪᠤᠷᠢᠵᠢᠭᠤᠯᠬᠤ ᠵᠢ ᠠᠬᠢᠭᠤᠯᠪᠠᠯ᠂ ᠯᠠᠪᠲᠠᠢ 《ᠰᠢᠨ᠎ᠡ ᠵᠠᠮ ᠨᠡᠬᠡᠬᠡᠨ᠂ ᠳᠤᠮᠳᠠ ᠲᠦᠪᠰᠢᠨ᠎ᠳᠤ ᠤᠷᠤᠭᠰᠢᠯᠠᠬᠤ》 ᠬᠠᠷᠠᠯᠲᠠ ᠵᠢ ᠲᠦᠷᠭᠡᠨ ᠪᠡᠶᠡᠯᠡᠭᠦᠯᠵᠦ᠂ ᠥᠪᠥᠷ ᠮᠣᠩᠭᠣᠯ᠎ᠤᠨ 《ᠲᠣᠭᠲᠠᠭᠤᠨ》 ᠪᠠ 《ᠤᠷᠤᠭᠰᠢᠯᠠᠨ ᠲᠠᠪᠰᠢᠬᠤ》᠎ᠪᠠᠷ ᠪᠦᠬᠦ ᠤᠯᠤᠰ᠎ᠤᠨ ᠶᠡᠬᠡ ᠲᠠᠯ᠎ᠠ᠎ᠳᠤ ᠢᠯᠡᠭᠦᠬᠡᠨ ᠬᠤᠪᠢ ᠨᠡᠮᠡᠷᠢ ᠦᠵᠡᠭᠦᠯᠵᠦ ᠴᠢᠳᠠᠨ᠎ᠠ ᠭᠡᠳᠡᠭ᠎ᠢ ᠪᠢ ᠪᠠᠲᠤ ᠢᠲᠡᠭᠡᠵᠦ ᠪᠠᠶ᠋ᠢᠨ᠎ᠠ᠃ ᠪᠠᠶᠠᠷᠯᠠᠯ᠎ᠠ᠃
《ᠥᠪᠥᠷ ᠮᠣᠩᠭᠣᠯ᠎ᠤᠨ ᠥᠷᠯᠥᠭᠡ ᠵᠢᠨ ᠰᠣᠨᠢᠨ》᠎ᠤ ᠰᠤᠷᠪᠤᠯᠵᠢᠯᠠᠭᠴᠢ᠄
ᠲᠦᠷᠦᠭᠦᠦ ᠭᠤᠷᠪᠠᠨ ᠤᠯᠠᠷᠢᠯ᠎ᠳᠤ ᠪᠥᠬᠥ ᠣᠷᠣᠨ᠎ᠤ ᠠᠵᠤ ᠦᠢ᠍ᠯᠡᠳᠪᠦᠷᠢ ᠵᠢᠨ ᠠᠵᠤ ᠠᠬᠤᠶ ᠵᠢᠨ ᠨᠡᠮᠡᠭᠳᠡᠯ ᠤᠯᠠᠮ ᠨᠢᠭᠡ ᠠᠯᠬᠤᠮ ᠲᠦᠷᠭᠡᠳᠴᠡᠶ᠂ ᠲᠠ ᠣᠳᠣᠬᠠᠨ᠎ᠤ ᠠᠵᠤ ᠦᠢ᠍ᠯᠡᠳᠪᠦᠷᠢ ᠵᠢᠨ ᠠᠵᠤ ᠠᠬᠤᠶ ᠵᠢᠨ ᠠᠵᠢᠯᠯᠠᠭ᠋ᠠᠨ᠎ᠤ ᠪᠦᠬᠦᠯᠢ ᠴᠣᠭᠴᠠ ᠵᠢᠨ ᠪᠠᠶ᠋ᠢᠳᠠᠯ᠎ᠢ ᠬᠡᠷᠬᠢᠨ ᠦᠵᠡᠵᠦ ᠪᠠᠶ᠋ᠢᠬᠤ ᠪᠣᠶ?

ᠸᠠᠩ ᠴᠤᠸᠠᠨ ᠵᠢᠩ᠄
ᠲᠠᠨ᠎ᠤ ᠠᠰᠠᠭᠤᠯᠲᠠ᠎ᠳᠤ ᠪᠠᠶᠠᠷᠯᠠᠯ᠎ᠠ᠃ ᠠᠵᠤ ᠦᠢ᠍ᠯᠡᠳᠪᠦᠷᠢ ᠪᠣᠯ ᠮᠠᠨ᠎ᠤ ᠣᠷᠣᠨ᠎ᠤ ᠠᠵᠤ ᠠᠬᠤᠢ ᠵᠢᠨ ᠬᠥᠭᠵᠢᠯᠲᠡ ᠵᠢᠨ ᠰᠠᠭᠤᠷᠢ ᠮᠥᠨ᠂ ᠮᠠᠨ᠎ᠤ ᠣᠷᠣᠨ᠎ᠤ ᠠᠵᠤ ᠠᠬᠤᠢ ᠦᠷᠭᠦᠯᠵᠢᠯᠡᠨ ᠰᠡᠷᠭᠦᠵᠦ᠂ ᠥᠭᠡᠳᠡᠯᠡᠨ ᠰᠠᠶ᠋ᠢᠵᠢᠷᠠᠬᠤ ᠰᠠᠭᠤᠷᠢ ᠰᠠᠢ᠍ᠢ᠍ᠨ ᠪᠢᠰᠢ᠂ ᠵᠠᠩᠭᠢᠯᠠᠭ᠎ᠠ᠎ᠨᠢ ᠠᠵᠤ ᠦᠢ᠍ᠯᠡᠳᠪᠦᠷᠢ ᠪᠣᠯᠤᠨ᠎ᠠ᠃ ᠡᠨᠡ ᠵᠢᠯ᠎ᠠᠴᠠ ᠨᠠᠭ᠋ᠠᠰᠢ᠂ ᠪᠥᠬᠥ ᠣᠷᠣᠨ ᠳᠠᠶᠠᠭ᠋ᠠᠷ 《16 ᠵᠤᠷᠪᠤᠰ》 ᠠᠵᠤ ᠦᠢ᠍ᠯᠡᠰ᠎ᠤᠨ ᠬᠡᠯᠬᠢᠶ᠎ᠡ᠎ᠳᠤ ᠠᠩᠬᠠᠷᠤᠯ ᠵᠶ᠋ᠠᠨ ᠲᠥᠪᠯᠡᠷᠡᠭᠦᠯᠵᠦ᠂ ᠨᠢᠭᠡ ᠲᠠᠯ᠎ᠠ᠎ᠪᠠᠷ ᠤᠯᠠᠮᠵᠢᠯᠠᠯᠲᠤ ᠠᠵᠤ ᠦᠢ᠍ᠯᠡᠰ᠎ᠤᠨ ᠰᠢᠨᠡᠴᠢᠯᠡᠯᠳᠡ ᠡᠭᠦᠳᠦᠯᠳᠡ ᠵᠢ ᠠᠳᠬᠤᠵᠤ᠂ ᠨᠥᠭᠥᠭᠡ ᠲᠠᠯ᠎ᠠ᠎ᠪᠠᠷ ᠰᠢᠨ᠎ᠡ᠎ᠪᠠᠷ ᠮᠠᠨᠳᠤᠭᠰᠠᠨ ᠠᠵᠤ ᠦᠢ᠍ᠯᠡᠰ᠎ᠤᠨ 《ᠲᠤᠯᠭ᠋ᠠᠭᠤᠷᠢ》 ᠵᠢ ᠠᠳᠬᠤᠵᠤ᠂ ᠪᠥᠬᠥ ᠣᠷᠣᠨ᠎ᠤ ᠠᠵᠤ ᠦᠢ᠍ᠯᠡᠳᠪᠦᠷᠢ ᠵᠢᠨ ᠠᠵᠤ ᠠᠬᠤᠶ ᠦᠷᠭᠦᠯᠵᠢᠯᠡᠨ ᠴᠢᠨᠠᠷ ᠰᠠᠶ᠋ᠢᠲᠠᠶ ᠬᠥᠭᠵᠢᠯᠲᠡ ᠳᠠᠰᠢ ᠤᠷᠤᠭᠰᠢᠯᠠᠪᠠ᠃ ᠠᠵᠤ ᠦᠢ᠍ᠯᠡᠳᠪᠦᠷᠢ ᠵᠢᠨ ᠠᠵᠢᠯᠯᠠᠭ᠋ᠠᠨ᠎ᠤ ᠪᠦᠬᠦᠯᠢ ᠴᠣᠭᠴᠠ ᠵᠢᠨ ᠪᠠᠶ᠋ᠢᠳᠠᠯ ᠪᠣᠯᠤᠨ ᠢᠳᠡᠪᠬᠢᠲᠡᠢ ᠬᠤᠪᠢᠷᠠᠯᠲᠠ᠎ᠠᠴᠠ ᠦᠵᠡᠪᠡᠯ᠂ ᠭᠣᠣᠯᠳᠠᠭᠤ ᠭᠤᠷᠪᠠᠨ ᠣᠨᠴᠠᠯᠢᠭ᠎ᠲᠠᠢ᠃
ᠨᠢᠭᠡ᠎ᠳᠤ᠂ ᠠᠵᠤ ᠦᠢ᠍ᠯᠡᠳᠪᠦᠷᠢ ᠵᠢᠨ ᠠᠵᠤ ᠠᠬᠤᠶ ᠵᠢᠨ ᠨᠡᠮᠡᠭᠳᠡᠯ᠎ᠤᠨ ᠬᠤᠷᠳᠤᠴᠠ ᠲᠠᠰᠤᠷᠠᠯᠲᠠ ᠥᠬᠡᠶ ᠳᠡᠭᠡᠭᠰᠢᠯᠡᠪᠡ᠃ ᠰᠠᠶᠢ ᠵᠢᠨ ᠶᠠᠷᠢᠭᠰᠠᠨ ᠵᠶ᠋ᠠᠷ᠂ ᠬᠡᠷᠡᠭᠴᠡᠭᠡ ᠱᠠᠭ᠋ᠠᠷᠳᠠᠯᠭ᠎ᠠ ᠬᠦᠷᠦᠯᠴᠡᠬᠦ ᠥᠬᠡᠶ᠂ ᠡᠨᠧᠷᠭᠢ ᠵᠡᠷᠭᠡ ᠪᠥᠭᠡᠮ ᠲᠠᠸᠠᠷ᠎ᠤᠨ ᠦᠨ᠎ᠡ ᠬᠠᠩᠰᠢ ᠦᠷᠭᠦᠯᠵᠢᠯᠡᠨ ᠪᠠᠭᠤᠷᠠᠵᠤ ᠪᠠᠶ᠋ᠢᠭ᠎ᠠ ᠠᠬᠤᠶ ᠪᠠᠶ᠋ᠢᠳᠠᠯ ᠳᠤᠤᠷ᠎ᠠ᠂ ᠲᠦᠷᠦᠭᠦᠦ ᠭᠤᠷᠪᠠᠨ ᠤᠯᠠᠷᠢᠯ᠎ᠳᠤ᠂ ᠪᠥᠬᠥ ᠣᠷᠣᠨ᠎ᠤ ᠬᠡᠪᠴᠢᠶᠡᠵᠢᠯ᠎ᠠᠴᠠ ᠳᠡᠭᠡᠭᠰᠢᠬᠢ ᠠᠵᠤ ᠦᠢ᠍ᠯᠡᠳᠪᠦᠷᠢ ᠵᠢᠨ ᠨᠡᠮᠡᠭᠳᠡᠯ ᠥᠷᠲᠡᠭ ᠠᠳᠠᠯᠢ ᠬᠤᠭᠤᠴᠠᠭ᠋ᠠᠨ᠎ᠤ᠎ᠬᠢ᠎ᠠᠴᠠ 7.6%᠎ᠪᠠᠷ ᠨᠡᠮᠡᠭᠳᠡᠵᠦ᠂ ᠳᠡᠭᠡᠷ᠎ᠡ ᠬᠠᠭ᠋ᠠᠰ ᠵᠢᠯ᠎ᠤᠨ᠎ᠬᠢ᠎ᠠᠴᠠ 0.7 ᠵᠠᠭᠤᠨ᠎ᠤ ᠬᠤᠪᠢ ᠵᠢᠨ ᠴᠡᠭ ᠲᠦᠷᠭᠡᠳᠴᠦ᠂ 4 ᠰᠠᠷ᠎ᠠ ᠳᠠᠷᠠᠭ᠋ᠠᠯᠠᠨ 《ᠪᠠᠭ᠎ᠠ ᠠᠯᠬᠤᠮ ᠵᠶ᠋ᠠᠷ ᠲᠦᠷᠭᠡᠨ ᠭᠦᠶᠦᠬᠦ》 ᠪᠣᠯᠤᠭᠰᠠᠨ᠎ᠨᠢ ᠮᠠᠨ᠎ᠤ ᠣᠷᠣᠨ᠎ᠤ ᠠᠵᠤ ᠦᠢ᠍ᠯᠡᠳᠪᠦᠷᠢ ᠵᠢᠨ ᠠᠵᠤ ᠠᠬᠤᠶ ᠵᠢᠨ ᠤᠶᠠᠨ ᠬᠠᠲᠠᠨ ᠴᠢᠨᠠᠷ᠎ᠢ ᠢᠯᠡᠷᠡᠭᠦᠯᠵᠡᠶ᠃ ᠬᠡᠪᠴᠢᠶᠡᠵᠢᠯ᠎ᠠᠴᠠ ᠳᠡᠭᠡᠭᠰᠢᠬᠢ ᠠᠵᠤ ᠦᠢ᠍ᠯᠡᠳᠪᠦᠷᠢ ᠵᠢᠨ ᠠᠵᠤ ᠠᠬᠤᠶ᠋ᠢᠯᠠᠯ᠎ᠤᠨ ᠦᠢ᠍ᠯᠡᠳᠬᠦᠨ᠎ᠤ ᠪᠣᠷᠣᠯᠠᠭᠤᠯᠭ᠎ᠠ ᠵᠢᠨ ᠨᠣᠷᠮ᠎ᠠ 98.8%᠎ᠳᠤ ᠬᠦᠷᠴᠦ᠂ ᠡᠨᠡ ᠵᠢᠯ᠎ᠠᠴᠠ ᠨᠠᠰᠢᠬᠢ ᠬᠠᠮᠤᠭ᠎ᠤᠨ ᠥᠨᠳᠥᠷ ᠲᠦᠪᠰᠢᠨ᠎ᠳᠤ ᠬᠦᠷᠴᠦ᠂ 4 ᠰᠠᠷ᠎ᠠ ᠳᠠᠷᠠᠭ᠋ᠠᠯᠠᠨ 98%᠎ᠠᠴᠠ ᠳᠡᠭᠡᠭᠰᠢᠬᠢ ᠲᠦᠪᠰᠢᠨ᠎ᠳᠤ ᠬᠦᠷᠴᠦ᠂ ᠮᠠᠰᠢ ᠬᠢᠯᠪᠠᠷ ᠪᠤᠰᠤ ᠶᠤᠮ᠃
ᠬᠣᠶᠠᠷ᠎ᠲᠤ᠂ ᠤᠯᠠᠮᠵᠢᠯᠠᠯᠲᠤ ᠠᠵᠤ ᠦᠢ᠍ᠯᠡᠰ ᠦᠨᠳᠦᠰᠦᠨ ᠵᠦᠢ᠍ᠯ᠎ᠢ ᠪᠠᠲᠤᠯᠠᠬᠤ ᠦᠢ᠍ᠯᠡᠳᠦᠯ ᠵᠶ᠋ᠠᠨ ᠦᠷᠭᠦᠯᠵᠢᠯᠡᠨ ᠪᠠᠳᠠᠷᠠᠭᠤᠯᠪᠠ᠃ ᠰᠠᠶᠢᠬᠠᠨ ᠳᠤᠷᠠᠳᠤᠭᠰᠠᠨ ᠵᠶ᠋ᠠᠷ᠂ ᠡᠨᠧᠷᠭᠢ ᠵᠢᠨ ᠠᠵᠤ ᠦᠢ᠍ᠯᠡᠳᠪᠦᠷᠢ᠎ᠨᠢ ᠮᠥᠨ ᠬᠦ᠌ ᠮᠠᠨ᠎ᠤ ᠣᠷᠣᠨ᠎ᠤ ᠠᠵᠤ ᠦᠢ᠍ᠯᠡᠳᠪᠦᠷᠢ ᠵᠢᠨ ᠠᠵᠤ ᠠᠬᠤᠶ ᠵᠢᠨ ᠬᠥᠭᠵᠢᠯᠲᠡ ᠵᠢᠨ 《ᠰᠠᠭᠤᠷᠢ ᠴᠢᠯᠠᠭᠤ》 ᠪᠣᠯᠵᠣ᠂ ᠬᠡᠪᠴᠢᠶᠡᠵᠢᠯ᠎ᠠᠴᠠ ᠳᠡᠭᠡᠭᠰᠢᠬᠢ ᠠᠵᠤ ᠦᠢ᠍ᠯᠡᠳᠪᠦᠷᠢ ᠵᠢᠨ ᠨᠡᠮᠡᠭᠳᠡᠯ᠎ᠳᠤ ᠦᠵᠡᠭᠦᠯᠬᠦ ᠬᠤᠪᠢ ᠨᠡᠮᠡᠷᠢ ᠵᠢᠨ ᠨᠣᠷᠮ᠎ᠠ᠎ᠨᠢ 40% ᠰᠢᠬᠠᠮ᠎ᠳᠤ ᠬᠦᠷᠴᠡᠶ᠃ ᠡᠨᠡ ᠬᠦ᠌ 《ᠰᠠᠭᠤᠷᠢ ᠴᠢᠯᠠᠭᠤ》᠎ᠨᠢ ᠲᠡᠭᠦᠨ᠎ᠤ ᠠᠵᠤ ᠦᠢ᠍ᠯᠡᠳᠪᠦᠷᠢ ᠵᠢᠨ ᠨᠡᠮᠡᠭᠳᠡᠯ᠎ᠳᠤ ᠬᠡᠳᠦᠢ ᠶᠡᠬᠡ ᠬᠤᠪᠢ ᠨᠡᠮᠡᠷᠢ ᠦᠵᠡᠭᠦᠯᠦᠭᠰᠡᠨ᠎ᠢ ᠬᠠᠷᠠᠭᠤᠯᠵᠤ ᠪᠠᠶ᠋ᠢᠬᠤ᠎ᠪᠠᠷ ᠪᠠᠷᠠᠬᠤ ᠦᠭᠡᠢ᠂ ᠨᠡᠩ ᠴᠢᠬᠤᠯᠠ᠎ᠨᠢ ᠤᠯᠤᠰ᠎ᠤᠨ ᠡᠨᠧᠷᠭᠢ ᠵᠢᠨ ᠠᠮᠤᠷ ᠲᠦᠪᠰᠢᠨ᠎ᠢ ᠪᠠᠲᠤᠯᠠᠬᠤ᠎ᠳᠤ ᠡᠭᠦᠷᠭᠡᠯᠡᠵᠦ ᠪᠠᠶ᠋ᠢᠭ᠎ᠠ ᠤᠯᠤᠰ ᠲᠦᠷᠦ ᠵᠢᠨ ᠬᠠᠷᠢᠭᠤᠴᠠᠯᠭ᠎ᠠ ᠪᠣᠯᠤᠨ᠎ᠠ᠃ ᠲᠦᠷᠦᠭᠦᠦ ᠭᠤᠷᠪᠠᠨ ᠤᠯᠠᠷᠢᠯ᠎ᠳᠤ᠂ ᠪᠥᠬᠥ ᠣᠷᠣᠨ᠎ᠤ ᠨᠡᠭᠦᠷᠡᠰᠦᠨ᠎ᠤ ᠦᠢ᠍ᠯᠡᠳᠪᠦᠷᠢᠯᠡᠯ᠎ᠤᠨ ᠴᠢᠳᠠᠪᠤᠷᠢ ᠦᠷᠭᠦᠯᠵᠢᠯᠡᠨ ᠢᠯᠡᠷᠡᠵᠦ᠂ ᠬᠡᠪᠴᠢᠶᠡᠵᠢᠯ᠎ᠠᠴᠠ ᠳᠡᠭᠡᠭᠰᠢᠬᠢ ᠨᠡᠭᠦᠷᠡᠰᠦᠨ᠎ᠤ ᠭᠠᠷᠤᠯᠲᠠ 8.98 ᠳ᠋ᠦᠩᠰᠢᠭᠤᠷ ᠲᠣᠨ᠎ᠳᠤ ᠬᠦᠷᠴᠦ᠂ ᠦᠷᠭᠦᠯᠵᠢᠯᠡᠨ ᠪᠥᠬᠥ ᠤᠯᠤᠰ᠎ᠤᠨ ᠬᠣᠶᠠᠳᠤᠭ᠋ᠠᠷ᠎ᠲᠤ ᠣᠷᠣᠵᠤ᠂ ᠡᠳᠦᠷ ᠳᠤᠮᠳᠠᠴᠢ ᠵᠢᠨ ᠭᠠᠷᠤᠯᠲᠠ ᠵᠢᠨ ᠬᠡᠮᠵᠢᠶ᠎ᠡ 300 ᠲᠦᠮᠡᠨ ᠲᠣᠨ᠎ᠠᠴᠠ ᠳᠡᠭᠡᠭᠰᠢ᠎ᠳᠤ ᠲᠣᠭᠲᠠᠪᠤᠷᠢᠵᠢᠪᠠ᠃ ᠲᠦᠷᠦᠭᠦᠦ ᠭᠤᠷᠪᠠᠨ ᠤᠯᠠᠷᠢᠯ᠎ᠳᠤ᠂ ᠪᠥᠬᠥ ᠣᠷᠣᠨ᠎ᠤ ᠬᠡᠪᠴᠢᠶᠡᠵᠢᠯ᠎ᠠᠴᠠ ᠳᠡᠭᠡᠭᠰᠢᠬᠢ ᠠᠵᠤ ᠦᠢ᠍ᠯᠡᠳᠪᠦᠷᠢ ᠵᠢᠨ ᠠᠵᠤ ᠠᠬᠤᠶ᠋ᠢᠯᠠᠯ᠎ᠤᠨ ᠴᠠᠬᠢᠯᠭ᠋ᠠᠨ ᠭᠠᠷᠭ᠋ᠠᠭᠰᠠᠨ ᠬᠡᠮᠵᠢᠶ᠎ᠡ ᠠᠳᠠᠯᠢ ᠬᠤᠭᠤᠴᠠᠭ᠋ᠠᠨ᠎ᠤ᠎ᠬᠢ᠎ᠠᠴᠠ 13.6%᠎ᠪᠠᠷ ᠨᠡᠮᠡᠭᠳᠡᠵᠦ᠂ 6 ᠰᠠᠷ᠎ᠠ ᠳᠠᠷᠠᠭ᠋ᠠᠯᠠᠨ ᠬᠣᠶᠠᠷ ᠣᠷᠣᠨᠲᠤ ᠲᠣᠭ᠎ᠠ ᠵᠢᠨ ᠨᠡᠮᠡᠭᠳᠡᠯ᠎ᠢ ᠪᠠᠲᠤᠯᠠᠪᠠ᠂ ᠡᠲᠡᠭᠡᠷ ᠲᠣᠭ᠎ᠠ ᠪᠠᠷᠢᠮᠲᠠ᠎ᠨᠢ ᠪᠠᠰᠠ ᠥᠪᠥᠷ ᠮᠣᠩᠭᠣᠯ᠎ᠤᠨ ᠤᠯᠤᠰ᠎ᠤᠨ ᠡᠨᠧᠷᠭᠢ ᠬᠡᠷᠡᠭᠯᠡᠬᠦ ᠬᠡᠷᠡᠭᠴᠡᠭᠡ ᠵᠢ ᠪᠠᠲᠤᠯᠠᠬᠤ ᠲᠠᠯ᠎ᠠ᠎ᠪᠠᠷ ᠶᠡᠬᠡ ᠲᠠᠯ᠎ᠠ ᠵᠢ ᠶᠠᠷᠢᠵᠤ᠂ ᠡᠭᠦᠷᠭᠡ ᠬᠠᠷᠢᠭᠤᠴᠠᠯᠭ᠎ᠠ ᠡᠭᠦᠷᠭᠡᠯᠡᠵᠦ ᠪᠠᠶ᠋ᠢᠬᠤ ᠵᠢ ᠲᠤᠰᠬᠠᠪᠠ᠃
ᠭᠤᠷᠪᠠ᠎ᠳᠤ ᠂ᠰᠢᠨ᠎ᠡ ᠬᠥᠳᠡᠯᠭᠡᠭᠴᠢ ᠡᠨᠧᠷᠭᠢ ᠲᠠᠰᠤᠷᠠᠯᠲᠠ ᠦᠭᠡᠢ ᠬᠤᠷᠠᠮᠳᠤᠵᠤ ᠪᠠᠶ᠋ᠢᠨ᠎ᠠ᠃ ᠪᠦᠬᠦ ᠣᠷᠣᠨ᠎ᠤ ᠠᠵᠤ ᠦᠢ᠍ᠯᠡᠰ᠎ᠤᠨ ᠳᠡᠰ ᠳᠡᠪᠰᠢᠨ ᠬᠥᠭᠵᠢᠬᠦ ᠵᠢ ᠳᠠᠭ᠋ᠠᠯᠳᠤᠨ᠂ ᠮᠡᠷᠭᠡᠵᠢᠯ᠎ᠤᠨ ᠠᠭᠤᠯᠤᠭᠳᠠᠴᠠ᠎ᠪᠠᠷ ᠨᠡᠯᠢᠶᠡᠳ ᠥᠨᠳᠥᠷ᠂ ᠨᠡᠮᠡᠭᠳᠡᠯ ᠥᠷᠲᠡᠭ ᠵᠶ᠋ᠠᠷ ᠨᠡᠯᠢᠶᠡᠳ ᠥᠨᠳᠥᠷ ᠳᠡᠭᠡᠳᠦ ᠲᠠᠰ᠎ᠤᠨ ᠦᠢ᠍ᠯᠡᠳᠬᠦ ᠦᠢ᠍ᠯᠡᠰ ᠨᠡᠯᠢᠶᠡᠳ ᠲᠦᠷᠭᠡᠨ ᠨᠡᠮᠡᠭᠳᠡᠯ ᠵᠶ᠋ᠠᠨ ᠪᠠᠲᠤᠯᠠᠵᠤ᠂ ᠪᠣᠳᠠᠲᠤ ᠴᠣᠭᠴᠠ ᠵᠢᠨ ᠠᠵᠤ ᠠᠬᠤᠶ ᠵᠢᠨ ᠬᠥᠭᠵᠢᠯᠲᠡ ᠵᠢᠨ ᠰᠠᠭᠤᠷᠢ ᠵᠢ ᠪᠤᠵᠠᠭ᠋ᠠᠶ᠋ᠢᠷᠠᠭᠤᠯᠪᠠ᠃ ᠲᠦᠷᠦᠭᠦᠦ ᠭᠤᠷᠪᠠᠨ ᠤᠯᠠᠷᠢᠯ᠎ᠳᠤ᠂ ᠪᠥᠬᠥ ᠣᠷᠣᠨ᠎ᠤ ᠬᠡᠪᠴᠢᠶᠡᠵᠢᠯ᠎ᠠᠴᠠ ᠳᠡᠭᠡᠭᠰᠢᠬᠢ ᠳᠡᠭᠡᠳᠦ ᠮᠡᠷᠭᠡᠵᠢᠯ᠎ᠤᠨ ᠦᠢ᠍ᠯᠡᠳᠬᠦ ᠦᠢ᠍ᠯᠡᠰ᠎ᠤᠨ ᠨᠡᠮᠡᠭᠳᠡᠯ ᠥᠷᠲᠡᠭ ᠠᠳᠠᠯᠢ ᠬᠤᠭᠤᠴᠠᠭ᠋ᠠᠨ᠎ᠤ᠎ᠬᠢ᠎ᠠᠴᠠ 20% ᠨᠡᠮᠡᠭᠳᠡᠵᠦ᠂ ᠡᠮ ᠡᠮᠨᠡᠯᠭᠡ ᠵᠢᠨ ᠦᠢ᠍ᠯᠡᠳᠬᠦ ᠦᠢ᠍ᠯᠡᠰ 31.4% ᠨᠡᠮᠡᠭᠳᠡᠵᠦ᠂ ᠺᠣᠮᠫᠢᠦ᠋ᠲ᠋ᠧᠷ᠂ ᠴᠢᠮᠡᠭᠡ ᠬᠣᠯᠪᠣᠭ᠎ᠠ ᠪᠠ ᠪᠤᠰᠤᠳ ᠡᠯᠧᠺᠲᠷᠣᠨ ᠲᠥᠬᠥᠭᠡᠷᠦᠮᠵᠢ ᠦᠢ᠍ᠯᠡᠳᠬᠦ ᠦᠢ᠍ᠯᠡᠰ 12.4% ᠨᠡᠮᠡᠭᠳᠡᠪᠡ; ᠬᠢᠮᠢ ᠵᠢᠨ ᠡᠮ᠎ᠤᠨ ᠵᠦᠢ᠍ᠯ᠎ᠤᠨ ᠤᠤᠯ ᠡᠮ᠂ ᠡᠯᠧᠺᠲᠷᠣᠨ ᠲᠣᠨᠣᠭᠯᠠᠭ᠋ᠠᠰᠤ ᠵᠡᠷᠭᠡ ᠳᠡᠭᠡᠳᠦ ᠮᠡᠷᠭᠡᠵᠢᠯ᠎ᠤᠨ ᠦᠢ᠍ᠯᠡᠳᠬᠦᠨ᠎ᠤ ᠭᠠᠷᠤᠯᠲᠠ ᠲᠣᠰ ᠲᠣᠰ 26.0% ᠪᠠ 46.8%᠎ᠪᠠᠷ ᠨᠡᠮᠡᠭᠳᠡᠪᠡ᠃
ᠣᠳᠣᠬᠠᠨ᠎ᠳᠤ᠂ ᠠᠵᠤ ᠦᠢ᠍ᠯᠡᠳᠪᠦᠷᠢ ᠵᠢᠨ ᠠᠵᠤ ᠠᠬᠤᠶ᠎ᠳᠤ ᠲᠤᠯᠭ᠋ᠠᠷᠠᠵᠤ ᠪᠠᠶ᠋ᠢᠭ᠎ᠠ ᠬᠠᠮᠤᠭ᠎ᠤᠨ ᠶᠡᠬᠡ ᠬᠦᠴᠢᠷᠳᠡᠯ ᠪᠣᠯ ᠬᠠᠰᠢ ᠯᠠ ᠵᠠᠬ᠎ᠠ ᠳᠡᠯᠭᠡᠭᠦᠷ᠎ᠤᠨ ᠬᠡᠷᠡᠭᠴᠡᠭᠡ ᠬᠦᠷᠦᠯᠴᠡᠬᠦ ᠦᠭᠡᠢ᠂ ᠠᠵᠤ ᠦᠢ᠍ᠯᠡᠳᠪᠦᠷᠢ ᠵᠢᠨ ᠬᠡᠯᠪᠡᠷᠢ ᠵᠢ ᠬᠤᠪᠢᠷᠠᠭᠤᠯᠬᠤ ᠲᠤᠬᠢᠷᠠᠭᠤᠯᠤᠯᠳᠠ ᠮᠥᠨ ᠯᠡ ᠳᠠᠷᠤᠯᠲᠠ᠎ᠳᠤ ᠲᠤᠯᠭ᠋ᠠᠷᠠᠵᠤ ᠪᠠᠶ᠋ᠢᠨ᠎ᠠ᠃ ᠭᠡᠪᠡᠴᠦ ᠠᠷᠭ᠎ᠠ ᠬᠡᠮᠵᠢᠶ᠎ᠡ ᠶᠡᠷᠦ᠎ᠨᠢ ᠬᠦᠴᠢᠷᠳᠡᠯ᠎ᠠᠴᠠ ᠣᠯᠠᠨ ᠭᠡᠳᠡᠭ᠎ᠢ ᠪᠢ ᠢᠲᠡᠭᠡᠵᠦ ᠪᠠᠶ᠋ᠢᠨ᠎ᠠ᠂ ᠢᠯᠠᠩᠭᠤᠶ᠎ᠠ ᠲᠥᠷᠥ ᠵᠢᠨ ᠶᠠᠪᠤᠳᠠᠯ᠎ᠤᠨ ᠬᠣᠷᠢᠶᠠᠨ᠎ᠤ 《ᠰᠠᠨᠠᠯ》᠎ᠢ ᠨᠠᠶ᠋ᠢᠳᠠᠪᠤᠷᠢᠵᠢᠭᠤᠯᠬᠤ ᠪᠠ ᠡᠨᠡ ᠵᠢᠯ᠎ᠤᠨ 《ᠠᠵᠤ ᠦᠢ᠍ᠯᠡᠰ᠎ᠤᠨ ᠴᠢᠨᠠᠷ ᠰᠠᠶ᠋ᠢᠲᠠᠶ ᠬᠥᠭᠵᠢᠯᠲᠡ ᠵᠢ ᠠᠬᠢᠭᠤᠯᠬᠤ ᠲᠥᠷᠥ ᠵᠢᠨ ᠪᠣᠳᠣᠯᠭ᠎ᠠ ᠵᠢᠨ ᠨᠠᠷᠢᠨ ᠬᠠᠭᠤᠳᠠᠰᠤ》 ᠵᠢ ᠭᠦᠨᠵᠡᠭᠡᠶ ᠬᠡᠷᠡᠭᠵᠢᠭᠦᠯᠬᠦ ᠵᠢ ᠳᠠᠭ᠋ᠠᠯᠳᠤᠨ᠂ ᠪᠥᠬᠥ ᠣᠷᠣᠨ᠎ᠤ ᠠᠵᠤ ᠦᠢ᠍ᠯᠡᠳᠪᠦᠷᠢ ᠵᠢᠨ ᠦᠢ᠍ᠯᠡᠳᠪᠦᠷᠢᠯᠡᠯ ᠦᠷᠭᠦᠯᠵᠢᠯᠡᠨ ᠲᠣᠭᠲᠠᠭᠤᠨ ᠪᠥᠭᠡᠳ ᠡᠷᠡᠭᠦᠯ ᠵᠶ᠋ᠠᠷ ᠬᠥᠭᠵᠢᠬᠦ ᠪᠠᠶ᠋ᠢᠳᠠᠯ ᠵᠶ᠋ᠠᠨ ᠪᠠᠲᠤᠯᠠᠵᠤ ᠪᠠᠶ᠋ᠢᠨ᠎ᠠ᠃ ᠪᠠᠶᠠᠷᠯᠠᠯ᠎ᠠ᠃
ᠲᠥᠪ᠎ᠤᠨ ᠷᠠᠳᠢᠣ᠋ ᠲᠧᠯᠸᠢᠰ᠎ᠤᠨ ᠶᠡᠷᠦᠩᠬᠡᠶ ᠬᠣᠷᠢᠶ᠎ᠠ ᠵᠢᠨ ᠰᠤᠷᠪᠤᠯᠵᠢᠯᠠᠭᠴᠢ᠄
ᠡᠨᠡ ᠵᠢᠯ᠎ᠠᠴᠠ ᠨᠠᠰᠢ᠂ ᠮᠠᠨ᠎ᠤ ᠣᠷᠣᠨ᠎ᠤ ᠲᠣᠭᠲᠠᠮᠠᠯ ᠬᠥᠷᠥᠩᠭᠡ ᠵᠢᠨ ᠪᠠᠯᠠ ᠣᠷᠣᠭᠤᠯᠤᠯᠲᠠ ᠢᠮᠠᠭᠲᠠ ᠥᠨᠳᠥᠷ ᠲᠦᠪᠰᠢᠨ ᠪᠥᠬᠥᠶ ᠠᠵᠢᠯᠯᠠᠭ᠋ᠠᠨ᠎ᠤ ᠪᠠᠶ᠋ᠢᠳᠠᠯ ᠵᠶ᠋ᠠᠨ ᠪᠠᠲᠤᠯᠠᠭᠰᠠᠭ᠋ᠠᠷ ᠢᠷᠡᠵᠡᠶ᠂ ᠲᠠᠨ᠎ᠤ ᠰᠠᠶᠢ ᠵᠢᠨ ᠨᠡᠶ᠋ᠢᠲᠡᠯᠡᠭᠰᠡᠨ ᠪᠠᠶ᠋ᠢᠳᠠᠯ᠎ᠠᠴᠠ ᠭᠠᠳᠠᠨ᠎ᠠ᠂ ᠪᠠᠯᠠ ᠣᠷᠣᠭᠤᠯᠤᠯᠲᠠ᠎ᠳᠤ ᠶᠠᠮᠠᠷ ᠶᠠᠮᠠᠷ ᠲᠣᠪᠣᠶ᠋ᠢᠮ᠎ᠠ ᠬᠢᠯᠠᠰ ᠴᠡᠭ ᠪᠠᠶ᠋ᠢᠬᠤ ᠪᠣᠶ?

ᠸᠠᠩ ᠴᠤᠸᠠᠨ ᠵᠢᠩ᠄
ᠡᠨᠡ ᠵᠢᠯ᠎ᠠᠴᠠ ᠨᠠᠭ᠋ᠠᠰᠢ᠂ ᠪᠥᠬᠥ ᠣᠷᠣᠨ ᠳᠠᠶᠠᠭ᠋ᠠᠷ ᠠᠷᠠᠯᠵᠢᠶᠠᠴᠢᠨ ᠤᠷᠢᠵᠤ ᠪᠠᠯᠠ ᠣᠷᠣᠭᠤᠯᠬᠤ ᠡᠷᠴᠢᠮ ᠵᠶ᠋ᠠᠨ ᠦᠷᠭᠦᠯᠵᠢᠯᠡᠨ ᠴᠢᠩᠭ᠋ᠠᠷᠠᠭᠤᠯᠵᠤ᠂ ᠠᠵᠤ ᠦᠢ᠍ᠯᠡᠰ᠎ᠤᠨ ᠰᠢᠯᠵᠢᠯᠲᠡ ᠵᠢ ᠢᠳᠡᠪᠬᠢᠲᠡᠶ ᠭᠥᠯᠢᠶᠡᠨ
ᠠᠪᠴᠤ᠂ ᠬᠡᠯᠬᠢᠶ᠎ᠡ ᠵᠢ ᠤᠷᠲᠤᠳᠬᠠᠨ ᠬᠡᠯᠬᠢᠶ᠎ᠡ ᠵᠢ ᠨᠥᠬᠥᠪᠥᠷᠢᠯᠡᠵᠦ ᠬᠡᠯᠬᠢᠶ᠎ᠡ ᠵᠢ ᠬᠦᠴᠦᠷᠬᠡᠭᠵᠢᠭᠦᠯᠬᠦ ᠲᠦᠰᠦᠯ᠎ᠤᠨ ᠪᠥᠲᠥᠭᠡᠨ ᠪᠠᠶ᠋ᠢᠭᠤᠯᠤᠯᠲᠠ ᠵᠢ ᠲᠦᠷᠭᠡᠳᠬᠡᠵᠦ᠂ ᠠᠵᠤ ᠦᠢ᠍ᠯᠡᠰ᠎ᠤᠨ ᠪᠦᠲᠦᠴᠡ ᠵᠢ ᠰᠢᠯᠢᠳᠡᠭᠵᠢᠭᠦᠯᠦᠨ ᠲᠠᠰ ᠳᠡᠪᠰᠢᠭᠦᠯᠬᠦ ᠵᠢ ᠬᠦᠴᠦᠲᠡᠶ ᠪᠦᠲᠦᠮᠵᠢᠲᠡᠶ ᠠᠬᠢᠭᠤᠯᠵᠤ᠂ ᠪᠥᠬᠥ ᠣᠷᠣᠨ᠎ᠤ ᠠᠵᠤ ᠠᠬᠤᠶ ᠵᠢᠨ ᠴᠢᠨᠠᠷ ᠰᠠᠶ᠋ᠢᠲᠠᠶ ᠬᠥᠭᠵᠢᠯᠲᠡ᠎ᠳᠤ ᠲᠠᠰᠤᠷᠠᠯᠲᠠ ᠥᠬᠡᠶ ᠬᠥᠳᠡᠯᠭᠡᠬᠦ ᠬᠦᠴᠦᠨ ᠨᠡᠮᠡᠷᠢᠯᠡᠪᠡ᠃ ᠲᠦᠷᠦᠭᠦᠦ ᠭᠤᠷᠪᠠᠨ ᠤᠯᠠᠷᠢᠯ᠎ᠳᠤ᠂ ᠪᠥᠬᠥ ᠣᠷᠣᠨ᠎ᠤ ᠲᠣᠭᠲᠠᠮᠠᠯ ᠬᠥᠷᠥᠩᠭᠡ ᠵᠢᠨ ᠪᠠᠯᠠ ᠣᠷᠣᠭᠤᠯᠤᠯᠲᠠ (ᠲᠠᠷᠢᠶᠠᠴᠢᠨ ᠡᠷᠦᠬᠡ ᠪᠠᠭᠲᠠᠬᠤ ᠥᠬᠡᠶ) ᠲᠦᠷᠭᠡᠨ ᠨᠡᠮᠡᠭᠳᠡᠬᠦ ᠬᠠᠨᠳᠤᠰᠢ᠎ᠪᠠᠨ ᠪᠠᠲᠤᠯᠠᠪᠠ᠃ ᠰᠠᠶᠢᠬᠠᠨ ᠮᠡᠳᠡᠭᠳᠡᠭᠰᠡᠨ ᠪᠠᠶ᠋ᠢᠳᠠᠯ᠎ᠠᠴᠠ ᠭᠠᠳᠠᠨ᠎ᠠ᠂ ᠲᠣᠪᠣᠶ᠋ᠢᠮ᠎ᠠ ᠬᠢᠯᠠᠰ ᠴᠡᠭ᠎ᠨᠢ ᠭᠤᠤᠯᠳᠠᠭᠤ ᠳᠤᠤᠷᠠᠬᠢ ᠭᠤᠷᠪᠠᠨ ᠲᠠᠯ᠎ᠠ ᠪᠣᠶ᠃
ᠨᠢᠭᠡ᠎ᠳᠤ᠂ ᠦᠢ᠍ᠯᠡᠳᠬᠦ ᠦᠢ᠍ᠯᠡᠰ᠎ᠤᠨ ᠪᠡᠯᠡ ᠣᠷᠣᠭᠤᠯᠤᠯᠲᠠ ᠲᠦᠷᠭᠡᠨ ᠵᠶ᠋ᠠᠷ ᠨᠡᠮᠡᠭᠳᠡᠵᠦ᠂ ᠠᠵᠤ ᠦᠢ᠍ᠯᠡᠰ᠎ᠤᠨ ᠳᠡᠰ ᠳᠡᠪᠰᠢᠬᠦ ᠠᠯᠬᠤᠴᠠ ᠲᠦᠷᠭᠡᠳᠪᠡ᠃ ᠡᠨᠡ ᠵᠢᠯ᠎ᠠᠴᠠ ᠨᠠᠭ᠋ᠠᠰᠢ᠂ ᠪᠥᠬᠥ ᠣᠷᠣᠨ ᠦᠢ᠍ᠯᠡᠳᠬᠦ ᠦᠢ᠍ᠯᠡᠰ᠎ᠤᠨ ᠳᠡᠭᠡᠳᠦ ᠦᠵᠦᠭᠦᠷᠵᠢᠯᠲᠡ᠂ ᠤᠶᠤᠨᠴᠢᠯᠠᠯᠳᠠ᠂ ᠪᠣᠬᠢᠷᠲᠤᠯ ᠥᠬᠡᠶ ᠬᠥᠭᠵᠢᠯᠲᠡ ᠵᠢ ᠠᠬᠢᠭᠤᠯᠬᠤ᠎ᠪᠠᠷ ᠭᠤᠤᠯ ᠰᠢᠪᠲᠤᠯᠤᠯᠲᠠ ᠵᠢᠨ ᠴᠢᠭᠯᠡᠯ ᠪᠣᠯᠭ᠋ᠠᠵᠤ᠂ ᠰᠢᠨ᠎ᠡ ᠮᠠᠲ᠋ᠧᠷᠢᠶᠠᠯ᠂ ᠰᠢᠨ᠎ᠡ ᠡᠨᠧᠷᠭᠢ ᠵᠢᠨ ᠲᠣᠨᠣᠭᠯᠠᠯ ᠦᠢ᠍ᠯᠡᠳᠬᠦ ᠴᠢᠬᠤᠯᠠ ᠶᠡᠬᠡ ᠲᠦᠰᠦᠯ᠎ᠤᠨ ᠪᠠᠶ᠋ᠢᠭᠤᠯᠤᠯᠲᠠ ᠵᠢ ᠲᠦᠷᠭᠡᠳᠬᠡᠨ ᠠᠬᠢᠭᠤᠯᠪᠠ᠃ ᠲᠦᠷᠦᠭᠦᠦ ᠭᠤᠷᠪᠠᠨ ᠤᠯᠠᠷᠢᠯ᠎ᠳᠤ᠂ ᠪᠥᠬᠥ ᠣᠷᠣᠨ᠎ᠤ ᠦᠢ᠍ᠯᠡᠳᠬᠦ ᠦᠢ᠍ᠯᠡᠰ᠎ᠤᠨ ᠪᠠᠯᠠ ᠣᠷᠣᠭᠤᠯᠤᠯᠲᠠ ᠠᠳᠠᠯᠢ ᠬᠤᠭᠤᠴᠠᠭ᠋ᠠᠨ᠎ᠤ᠎ᠬᠢ᠎ᠠᠴᠠ 55.6%᠎ᠪᠠᠷ ᠨᠡᠮᠡᠭᠳᠡᠵᠦ᠂ ᠪᠥᠬᠥ ᠪᠠᠯᠠ ᠣᠷᠣᠭᠤᠯᠤᠯᠲᠠ ᠵᠢᠨ ᠨᠡᠮᠡᠭᠳᠡᠯ᠎ᠤᠨ ᠬᠤᠷᠳᠤᠴᠠ᠎ᠠᠴᠠ 29.4 ᠵᠠᠭᠤᠨ᠎ᠤ ᠬᠤᠪᠢ ᠵᠢᠨ ᠴᠡᠭ ᠥᠨᠳᠥᠷ ᠪᠣᠯᠵᠣ᠂ ᠪᠥᠬᠥ ᠣᠷᠣᠨ᠎ᠤ ᠲᠣᠭᠲᠠᠮᠠᠯ ᠬᠥᠷᠥᠩᠭᠡ ᠵᠢᠨ ᠪᠠᠯᠠ ᠣᠷᠣᠭᠤᠯᠤᠯᠲᠠ ᠵᠢᠨ ᠨᠡᠮᠡᠭᠳᠡᠯ᠎ᠳᠤ ᠦᠵᠡᠭᠦᠯᠦᠭᠰᠡᠨ ᠬᠤᠪᠢ ᠨᠡᠮᠡᠷᠢ ᠵᠢᠨ ᠨᠣᠷᠮ᠎ᠠ 52.3%᠎ᠳᠤ ᠬᠦᠷᠴᠡᠶ᠃ ᠭᠤᠤᠯᠳᠠᠯᠭ᠎ᠠ᠎ᠲᠠᠢ ᠠᠵᠢᠯ ᠲᠥᠷᠥᠯ᠎ᠠᠴᠠ ᠦᠵᠡᠪᠡᠯ᠂ ᠴᠠᠬᠢᠯᠭ᠋ᠠᠨ ᠮᠧᠬᠠᠨᠢᠭ ᠪᠠ ᠪᠠᠭ᠋ᠠᠵᠢ ᠬᠡᠷᠡᠭᠰᠡᠯ ᠦᠢ᠍ᠯᠡᠳᠬᠦ ᠦᠢ᠍ᠯᠡᠰ᠎ᠤᠨ ᠪᠠᠯᠠ ᠣᠷᠣᠭᠤᠯᠤᠯᠲᠠ ᠠᠳᠠᠯᠢ ᠬᠤᠭᠤᠴᠠᠭ᠋ᠠᠨ᠎ᠤ᠎ᠬᠢ᠎ᠠᠴᠠ 2.4 ᠳᠠᠬᠢᠨ ᠨᠡᠮᠡᠭᠳᠡᠵᠦ᠂ ᠪᠥᠬᠥ ᠣᠷᠣᠨ᠎ᠤ ᠦᠢ᠍ᠯᠡᠳᠬᠦ ᠦᠢ᠍ᠯᠡᠰ᠎ᠤᠨ ᠪᠠᠯᠠ ᠣᠷᠣᠭᠤᠯᠤᠯᠲᠠ ᠵᠢᠨ 17.6 ᠵᠠᠭᠤᠨ᠎ᠤ ᠬᠤᠪᠢ ᠵᠢᠨ ᠴᠡᠭ ᠨᠡᠮᠡᠭᠳᠡᠬᠦ ᠵᠢ ᠳᠠᠶ᠋ᠢᠴᠢᠯᠠᠪᠠ; ᠺᠣᠮᠫᠢᠦ᠋ᠲ᠋ᠧᠷ᠂ ᠮᠡᠳᠡᠭᠡ ᠬᠣᠯᠪᠣᠭ᠎ᠠ ᠪᠠ ᠪᠤᠰᠤᠳ ᠡᠯᠧᠺᠲᠷᠣᠨ ᠲᠥᠬᠥᠭᠡᠷᠦᠮᠵᠢ ᠦᠢ᠍ᠯᠡᠳᠬᠦ ᠦᠢ᠍ᠯᠡᠰ᠎ᠤᠨ ᠪᠡᠯᠡ ᠣᠷᠣᠭᠤᠯᠤᠯᠲᠠ 1.3 ᠲᠠᠬᠢᠨ ᠨᠡᠮᠡᠭᠳᠡᠵᠦ᠂ ᠦᠢ᠍ᠯᠡᠳᠬᠦ ᠦᠢ᠍ᠯᠡᠰ᠎ᠤᠨ ᠪᠡᠯᠡ ᠣᠷᠣᠭᠤᠯᠤᠯᠲᠠ ᠵᠢ 17.1 ᠵᠠᠭᠤᠨ᠎ᠤ ᠬᠤᠪᠢ ᠵᠢᠨ ᠴᠡᠭ ᠲᠠᠢ᠍ᠢ᠍ᠴᠢᠯᠠᠪᠠ; ᠬᠢᠮᠢ ᠵᠢᠨ ᠲᠦᠭᠦᠬᠡᠶ ᠮᠠᠲ᠋ᠧᠷᠢᠶᠠᠯ ᠪᠠ ᠬᠢᠮᠢ ᠵᠢᠨ ᠦᠢ᠍ᠯᠡᠳᠬᠦ ᠦᠢ᠍ᠯᠡᠰ᠎ᠤᠨ ᠪᠠᠯᠠ ᠣᠷᠣᠭᠤᠯᠤᠯᠲᠠ 96.7% ᠨᠡᠮᠡᠭᠳᠡᠵᠦ᠂ ᠦᠢ᠍ᠯᠡᠳᠬᠦ ᠦᠢ᠍ᠯᠡᠰ᠎ᠤᠨ ᠪᠠᠯᠠ ᠣᠷᠣᠭᠤᠯᠤᠯᠲᠠ 13.3 ᠵᠠᠭᠤᠨ᠎ᠤ ᠬᠤᠪᠢ ᠵᠢᠨ ᠴᠡᠭ ᠨᠡᠮᠡᠭᠳᠡᠪᠡ᠃
ᠬᠣᠶᠠᠷ᠎ᠲᠤ᠂ ᠰᠢᠨ᠎ᠡ ᠡᠨᠧᠷᠭᠢ ᠵᠢᠨ ᠠᠵᠤ ᠦᠢ᠍ᠯᠡᠰ᠎ᠤᠨ ᠪᠠᠶ᠋ᠢᠷᠢᠯᠠᠭᠤᠯᠤᠯᠲᠠ ᠲᠦᠷᠭᠡᠳᠴᠦ᠂ ᠤᠳᠤ ᠦᠶ᠎ᠡ ᠵᠢᠨ ᠡᠨᠧᠷᠭᠢ ᠵᠢᠨ ᠠᠵᠤ ᠠᠬᠤᠢ ᠵᠢᠨ ᠰᠢᠰᠲ᠋ᠧᠮ᠎ᠤᠨ ᠪᠠᠶ᠋ᠢᠭᠤᠯᠤᠯᠲᠠ ᠢᠯᠡᠳᠲᠡ ᠦᠷ᠎ᠡ ᠪᠦᠲᠦᠮᠵᠢ ᠤᠯᠪᠠ᠃ ᠪᠥᠬᠥ ᠣᠷᠣᠨ ᠳᠠᠶᠠᠭ᠋ᠠᠷ ᠣᠲᠣ ᠦᠶ᠎ᠡ ᠵᠢᠨ ᠡᠨᠧᠷᠭᠢ ᠵᠢᠨ ᠠᠵᠤ ᠠᠬᠤᠶ ᠵᠢᠨ ᠡᠨᠡ ᠬᠦ᠌ ᠠᠵᠢᠯ᠎ᠢ ᠰᠠᠶ᠋ᠢᠲᠤᠷ ᠬᠢᠬᠦ ᠵᠢᠨ ᠲᠣᠭᠣᠷᠢᠨ᠎ᠳᠤ᠂ 《ᠡᠨᠧᠷᠭᠢ ᠬᠠᠳᠠᠭ᠋ᠠᠯᠠᠬᠤ᠂ ᠤᠰᠤᠲᠥ᠋ᠷᠥᠭᠴᠢ ᠦᠢ᠍ᠯᠡᠳᠬᠦ᠂ ᠲᠣᠨᠣᠭ ᠲᠥᠬᠥᠭᠡᠷᠦᠮᠵᠢ᠂ ᠰᠢᠩᠭᠡᠭᠡᠬᠦ》᠎ᠳᠤ ᠠᠩᠬᠠᠷᠤᠯ ᠵᠶ᠋ᠠᠨ ᠲᠥᠪᠯᠡᠷᠡᠭᠦᠯᠦᠨ ᠰᠢᠨ᠎ᠡ ᠡᠨᠧᠷᠭᠢ ᠵᠢᠨ ᠠᠵᠤ ᠦᠢ᠍ᠯᠡᠰ᠎ᠤᠨ ᠲᠦᠰᠦᠯ᠎ᠤᠨ ᠪᠥᠲᠥᠭᠡᠨ ᠪᠠᠶ᠋ᠢᠭᠤᠯᠤᠯᠲᠠ ᠵᠢ ᠴᠢᠩᠭ᠎ᠠ ᠠᠳᠬᠤᠪᠠ᠃ ᠲᠦᠷᠦᠭᠦᠦ ᠭᠤᠷᠪᠠᠨ ᠤᠯᠠᠷᠢᠯ᠎ᠳᠤ᠂ ᠪᠥᠬᠥ ᠣᠷᠣᠨ᠎ᠤ ᠰᠢᠨ᠎ᠡ ᠡᠨᠧᠷᠭᠢ ᠵᠢᠨ ᠠᠵᠤ ᠦᠢ᠍ᠯᠡᠰ᠎ᠤᠨ ᠪᠠᠯᠠ ᠣᠷᠣᠭᠤᠯᠤᠯᠲᠠ ᠵᠢᠨ ᠪᠠᠷᠢᠯᠭ᠎ᠠ ᠵᠢᠨ ᠲᠦᠰᠦᠯ 1264 ᠪᠠᠶ᠋ᠢᠵᠤ᠂ ᠲᠣᠰ ᠵᠢᠯ᠎ᠳᠤ ᠰᠢᠨ᠎ᠡ᠎ᠪᠠᠷ ᠨᠡᠮᠡᠭᠳᠡᠭᠰᠡᠨ ᠰᠢᠨ᠎ᠡ ᠡᠨᠧᠷᠭᠢ ᠵᠢᠨ ᠠᠵᠤ ᠦᠢ᠍ᠯᠡᠰ᠎ᠤᠨ ᠪᠠᠷᠢᠯᠭ᠎ᠠ ᠵᠢᠨ ᠲᠦᠰᠦᠯ 534
ᠪᠠᠶ᠋ᠢᠵᠤ᠂ ᠰᠢᠨ᠎ᠡ ᠡᠨᠧᠷᠭᠢ ᠵᠢᠨ ᠠᠵᠤ ᠦᠢ᠍ᠯᠡᠰ᠎ᠤᠨ ᠪᠠᠯᠠ ᠣᠷᠣᠭᠤᠯᠤᠯᠲᠠ ᠠᠳᠠᠯᠢ ᠬᠤᠭᠤᠴᠠᠭ᠋ᠠᠨ᠎ᠤ᠎ᠬᠢ᠎ᠠᠴᠠ 91.9%᠎ᠪᠠᠷ ᠨᠡᠮᠡᠭᠳᠡᠵᠦ᠂ ᠪᠥᠬᠥ ᠪᠠᠯᠠ ᠣᠷᠣᠭᠤᠯᠤᠯᠲᠠ ᠵᠢᠨ ᠨᠡᠮᠡᠭᠳᠡᠯ᠎ᠢ 19.2 ᠵᠠᠭᠤᠨ᠎ᠤ ᠬᠤᠪᠢ ᠵᠢᠨ ᠴᠡᠭ ᠳᠠᠶ᠋ᠢᠴᠢᠯᠠᠪᠠ᠃ ᠡᠭᠦᠨ᠎ᠳᠤ᠂ ᠹᠧᠩ ᠭᠤᠸᠠᠩ ᠲᠣᠮᠣ ᠰᠠᠭᠤᠷᠢᠨ ᠭᠠᠵᠠᠷ᠎ᠤᠨ ᠴᠠᠬᠢᠯᠭ᠋ᠠᠨ ᠭᠠᠷᠭ᠋ᠠᠬᠤ ᠲᠦᠰᠦᠯ ᠲᠦᠷᠭᠡᠨ ᠨᠠᠶ᠋ᠢᠳᠠᠪᠤᠷᠢᠵᠢᠭᠤᠯᠤᠭᠳᠠᠵᠤ᠂ ᠪᠥᠬᠥ ᠣᠷᠣᠨ᠎ᠤ ᠰᠠᠯᠬᠢᠨ ᠬᠦᠴᠦᠨ ᠵᠶ᠋ᠠᠷ ᠴᠠᠬᠢᠯᠭ᠋ᠠᠨ ᠭᠠᠷᠭ᠋ᠠᠬᠤ ᠲᠦᠰᠦᠯ᠎ᠤᠨ ᠪᠠᠯᠠ ᠣᠷᠣᠭᠤᠯᠤᠯᠲᠠ ᠠᠳᠠᠯᠢ ᠬᠤᠭᠤᠴᠠᠭ᠋ᠠᠨ᠎ᠤ᠎ᠬᠢ᠎ᠠᠴᠠ 39.6%᠎ᠪᠠᠷ ᠨᠡᠮᠡᠭᠳᠡᠵᠦ᠂ ᠨᠡᠷᠡᠨ ᠡᠨᠧᠷᠭᠢ ᠵᠢᠨ ᠴᠠᠬᠢᠯᠭ᠋ᠠᠨ ᠭᠠᠷᠭ᠋ᠠᠬᠤ ᠲᠥᠷᠥᠯ ᠵᠦᠢ᠍ᠯ᠎ᠤᠨ ᠪᠠᠯᠠ ᠣᠷᠣᠭᠤᠯᠤᠯᠲᠠ 1.2 ᠳᠠᠬᠢᠨ ᠨᠡᠮᠡᠭᠳᠡᠪᠡ᠃
ᠭᠤᠷᠪᠠ᠎ᠳᠤ᠂ ᠳᠡᠭᠡᠳᠦ ᠮᠡᠷᠭᠡᠵᠢᠯ᠎ᠤᠨ ᠠᠵᠤ ᠦᠢ᠍ᠯᠡᠰ᠎ᠤᠨ ᠪᠡᠯᠡ ᠣᠷᠣᠭᠤᠯᠤᠯᠲᠠ ᠥᠨᠳᠥᠷ ᠪᠠᠶ᠋ᠢᠷᠢᠨ᠎ᠳᠤ ᠪᠠᠶ᠋ᠢᠵᠤ᠂ ᠰᠢᠨ᠎ᠡ ᠵᠢ ᠡᠭᠦᠳᠬᠦ ᠬᠥᠭᠵᠢᠯᠲᠡ ᠵᠢᠨ ᠰᠡᠯᠭᠦᠬᠦ ᠬᠦᠴᠦᠨ ᠴᠢᠩᠭ᠋ᠠᠷᠠᠪᠠ᠃ ᠪᠥᠬᠥ ᠣᠷᠣᠨ᠎ᠤ 《ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ ᠵᠶ᠋ᠠᠷ ᠥᠪᠥᠷ ᠮᠣᠩᠭᠣᠯ ᠵᠶ᠋ᠠᠨ ᠮᠠᠨᠳᠤᠭᠤᠯᠬᠤ》 ᠠᠵᠢᠯᠯᠠᠭ᠎ᠠ ᠵᠢ ᠭᠦᠨᠵᠡᠭᠡᠶ ᠬᠡᠷᠡᠭᠵᠢᠭᠦᠯᠬᠦ ᠵᠢ ᠳᠠᠭ᠋ᠠᠯᠳᠤᠨ᠂ ᠡᠯ᠎ᠡ ᠭᠠᠵᠠᠷ᠎ᠤᠨ᠎ᠬᠢᠨ ᠪᠠᠶ᠋ᠢᠯᠳᠤᠬᠤ ᠪᠣᠳᠣᠯᠭ᠎ᠠ ᠵᠢᠨ ᠴᠢᠨᠠᠷᠲᠠᠶ ᠰᠢᠨ᠎ᠡ᠎ᠪᠠᠷ ᠮᠠᠨᠳᠤᠭᠰᠠᠨ ᠠᠵᠤ ᠦᠢ᠍ᠯᠡᠰ ᠪᠣᠯᠤᠨ ᠳᠠᠪᠠᠭᠤᠯᠢᠭ ᠤᠨᠴᠠᠯᠢᠬᠳᠤ ᠠᠵᠤ ᠦᠢ᠍ᠯᠡᠰ᠎ᠲᠤ ᠠᠩᠬᠠᠷᠤᠯ ᠵᠶ᠋ᠠᠨ ᠲᠥᠪᠯᠡᠷᠡᠭᠦᠯᠵᠦ᠂ ᠳᠡᠭᠡᠳᠦ ᠮᠡᠷᠭᠡᠵᠢᠯ᠎ᠤᠨ ᠠᠵᠤ ᠦᠢ᠍ᠯᠡᠰ᠎ᠤᠨ ᠲᠦᠰᠦᠯ᠎ᠢ ᠢᠳᠡᠪᠬᠢᠲᠡᠶ ᠪᠠᠶ᠋ᠢᠷᠢᠰᠢᠭᠤᠯᠪᠠ᠃ ᠲᠦᠷᠦᠭᠦᠦ ᠭᠤᠷᠪᠠᠨ ᠤᠯᠠᠷᠢᠯ᠎ᠳᠤ᠂ ᠪᠥᠬᠥ ᠣᠷᠣᠨ᠎ᠤ ᠳᠡᠭᠡᠳᠦ ᠮᠡᠷᠭᠡᠵᠢᠯ᠎ᠤᠨ ᠠᠵᠤ ᠦᠢ᠍ᠯᠡᠰ᠎ᠤᠨ ᠪᠠᠯᠠ ᠣᠷᠣᠭᠤᠯᠤᠯᠲᠠ ᠵᠢᠨ ᠪᠠᠷᠢᠯᠭ᠎ᠠ ᠵᠢᠨ ᠲᠦᠰᠦᠯ 453᠂ 10 ᠳ᠋ᠦᠩᠰᠢᠭᠤᠷ ᠲᠥᠭᠥᠷᠢᠭ᠎ᠠᠴᠠ ᠳᠡᠭᠡᠭᠰᠢᠬᠢ ᠳᠡᠭᠡᠳᠦ ᠮᠡᠷᠭᠡᠵᠢᠯ᠎ᠤᠨ ᠠᠵᠤ ᠦᠢ᠍ᠯᠡᠰ᠎ᠤᠨ ᠪᠠᠷᠢᠯᠭ᠎ᠠ ᠵᠢᠨ ᠲᠦᠰᠦᠯ 59 ᠪᠣᠶ᠃ ᠪᠥᠬᠥ ᠣᠷᠣᠨ᠎ᠤ ᠳᠡᠭᠡᠳᠦ ᠮᠡᠷᠭᠡᠵᠢᠯ᠎ᠤᠨ ᠠᠵᠤ ᠦᠢ᠍ᠯᠡᠰ᠎ᠤᠨ ᠪᠠᠯᠠ ᠣᠷᠣᠭᠤᠯᠤᠯᠲᠠ ᠠᠳᠠᠯᠢ ᠬᠤᠭᠤᠴᠠᠭ᠋ᠠᠨ᠎ᠤ᠎ᠬᠢ᠎ᠠᠴᠠ 75.9% ᠨᠡᠮᠡᠭᠳᠡᠪᠡ᠃ ᠬᠦᠷᠢᠶ᠎ᠡ ᠴᠠᠷᠠᠭ᠎ᠠ ᠬᠤᠪᠢᠶᠠᠵᠤ ᠦᠵᠡᠪᠡᠯ᠂ ᠳᠡᠭᠡᠳᠦ ᠮᠡᠷᠭᠡᠵᠢᠯ᠎ᠤᠨ ᠦᠢ᠍ᠯᠡᠳᠬᠦ ᠦᠢ᠍ᠯᠡᠰ᠎ᠤᠨ ᠪᠠᠯᠠ ᠣᠷᠣᠭᠤᠯᠤᠯᠲᠠ ᠠᠳᠠᠯᠢ ᠬᠤᠭᠤᠴᠠᠭ᠋ᠠᠨ᠎ᠤ᠎ᠬᠢ᠎ᠠᠴᠠ 1.4 ᠳᠠᠬᠢᠨ ᠨᠡᠮᠡᠭᠳᠡᠪᠡ᠃ ᠡᠭᠦᠨ᠎ᠳᠤ᠂ ᠡᠮᠴᠢᠯᠡᠭᠡᠨ᠎ᠤ ᠪᠠᠭ᠋ᠠᠵᠢ ᠲᠥᠬᠥᠭᠡᠷᠦᠮᠵᠢ ᠵᠢᠴᠢ ᠪᠠᠭ᠋ᠠᠵᠢ ᠬᠡᠮᠵᠢᠭᠦᠷᠯᠢᠭ ᠦᠢ᠍ᠯᠡᠳᠬᠦ ᠦᠢ᠍ᠯᠡᠰ᠎ᠤᠨ ᠪᠠᠯᠠ ᠣᠷᠣᠭᠤᠯᠤᠯᠲᠠ 5.1 ᠳᠠᠬᠢᠨ ᠨᠡᠮᠡᠭᠳᠡᠵᠦ᠂ ᠡᠯᠧᠺᠲᠷᠣᠨ ᠵᠢᠴᠢ ᠴᠢᠮᠡᠭᠡ ᠬᠣᠯᠪᠣᠭ᠋ᠠᠨ᠎ᠤ ᠲᠥᠬᠥᠭᠡᠷᠦᠮᠵᠢ ᠦᠢ᠍ᠯᠡᠳᠬᠦ ᠦᠢ᠍ᠯᠡᠰ᠎ᠤᠨ ᠪᠠᠯᠠ ᠣᠷᠣᠭᠤᠯᠤᠯᠲᠠ ᠠᠳᠠᠯᠢ ᠬᠤᠭᠤᠴᠠᠭ᠋ᠠᠨ᠎ᠤ᠎ᠬᠢ᠎ᠠᠴᠠ 1.5 ᠳᠠᠬᠢᠨ ᠨᠡᠮᠡᠭᠳᠡᠪᠡ᠃
ᠪᠠᠭᠴᠠᠯᠠᠭ᠋ᠠᠳ ᠬᠡᠯᠡᠪᠡᠯ᠂ ᠲᠦᠷᠦᠭᠦᠦ ᠭᠤᠷᠪᠠᠨ ᠤᠯᠠᠷᠢᠯ᠎ᠳᠤ ᠮᠠᠨ᠎ᠤ ᠣᠷᠣᠨ᠎ᠤ ᠲᠣᠭᠲᠠᠮᠠᠯ ᠬᠥᠷᠥᠩᠭᠡ ᠵᠢᠨ ᠪᠠᠯᠠ ᠣᠷᠣᠭᠤᠯᠤᠯᠲᠠ ᠳᠡᠭᠡᠳᠦ ᠬᠤᠷᠳᠤᠴᠠ᠎ᠪᠠᠷ ᠨᠡᠮᠡᠭᠳᠡᠬᠦ᠂ ᠥᠨᠳᠥᠷ ᠲᠦᠪᠰᠢᠨ ᠵᠶ᠋ᠠᠷ ᠠᠵᠢᠯᠯᠠᠬᠤ ᠪᠠᠶ᠋ᠢᠳᠠᠯ ᠵᠶ᠋ᠠᠨ ᠦᠷᠭᠦᠯᠵᠢᠯᠡᠭᠦᠯᠵᠦ᠂ ᠪᠥᠬᠥ ᠣᠷᠣᠨ᠎ᠤ ᠠᠵᠤ ᠠᠬᠤᠶ ᠵᠢᠨ ᠶᠠᠰᠤ ᠴᠢᠨᠠᠷ᠎ᠢ ᠪᠦᠲᠦᠮᠵᠢᠲᠡᠶ ᠳᠡᠭᠡᠭᠰᠢᠯᠡᠭᠦᠯᠬᠦ ᠪᠠ ᠲᠣᠭ᠎ᠠ ᠬᠡᠮᠵᠢᠶ᠎ᠡ ᠵᠢ ᠵᠦᠶ ᠵᠣᠬᠢᠰᠲᠠᠶ ᠨᠡᠮᠡᠭᠳᠡᠭᠦᠯᠬᠦ᠎ᠳᠤ ᠪᠠᠲᠤ ᠴᠢᠩᠭ᠎ᠠ ᠲᠤᠯᠭ᠋ᠠᠭᠤᠷᠢᠯᠠᠯ ᠪᠠ ᠬᠦᠴᠦᠷᠬᠡᠭ ᠶᠡᠬᠡ ᠬᠥᠳᠡᠯᠭᠡᠬᠦ ᠬᠦᠴᠦᠨ᠎ᠢ ᠬᠠᠩᠭ᠋ᠠᠪᠠ᠃ ᠲᠠᠷᠠᠭ᠋ᠠᠴᠢ ᠵᠢᠨ ᠠᠯᠬᠤᠮ᠎ᠳᠤ ᠬᠥᠭᠵᠢᠯᠲᠡ ᠵᠢᠨ ᠬᠠᠷᠠᠯᠲᠠ ᠵᠢ ᠦᠷᠭᠦᠯᠵᠢᠯᠡᠨ ᠭᠤᠶ᠋ᠢᠪᠢᠰᠢ ᠥᠬᠡᠶ ᠪᠠᠷᠢᠮᠲᠠᠯᠠᠵᠤ᠂ ᠲᠦᠰᠦᠯ᠎ᠤᠨ ᠪᠥᠲᠥᠭᠡᠨ ᠪᠠᠶ᠋ᠢᠭᠤᠯᠤᠯᠲᠠ ᠵᠢ ᠰᠤᠯᠠᠷᠠᠭᠤᠯᠤᠯ ᠥᠬᠡᠶ ᠴᠢᠩᠭ᠎ᠠ ᠠᠳᠬᠤᠵᠤ᠂ ᠰᠢᠨ᠎ᠡ ᠡᠨᠧᠷᠭᠢ᠂ ᠰᠢᠨ᠎ᠡ ᠮᠠᠲ᠋ᠧᠷᠢᠶᠠᠯ᠂ ᠣᠲᠣ ᠦᠶ᠎ᠡ ᠵᠢᠨ ᠲᠣᠨᠣᠭ ᠲᠥᠬᠥᠭᠡᠷᠦᠮᠵᠢ ᠦᠢ᠍ᠯᠡᠳᠬᠦ᠂ ᠮᠠᠯ᠎ᠤᠨ ᠠᠰᠢᠭ ᠰᠢᠮ᠎ᠡ ᠲᠠᠷᠢᠶᠠᠯᠠᠩ᠎ᠤᠨ ᠪᠦᠲᠦᠭᠡᠭᠳᠡᠬᠦᠨ᠎ᠢ ᠡᠳ᠋ᠰᠢᠭᠦᠯᠬᠦ ᠵᠡᠷᠭᠡ ᠬᠦᠷᠢᠶ᠎ᠡ ᠴᠠᠷᠠᠭ᠎ᠠ ᠵᠢᠨ ᠲᠣᠭᠣᠷᠢᠨ᠎ᠳᠤ ᠭᠦᠨᠵᠡᠭᠡᠶ ᠬᠠᠭ᠋ᠠᠯᠪᠤᠷᠢᠯᠠᠨ ᠨᠠᠷᠢᠯᠢᠭ ᠠᠵᠢᠯᠯᠠᠵᠤ᠂ ᠪᠠᠯᠠ ᠣᠷᠣᠭᠤᠯᠤᠯᠲᠠ ᠵᠢᠨ ᠵᠠᠩᠭᠢᠯᠠᠭ᠎ᠠ ᠵᠢᠨ ᠴᠢᠨᠠᠷᠲᠠᠶ ᠦᠢ᠍ᠯᠡᠳᠦᠯ᠎ᠢ ᠭᠦᠢ᠍ᠴᠡᠳ ᠪᠠᠳᠠᠷᠠᠭᠤᠯᠵᠤ᠂ 《ᠬᠣᠶᠠᠷ ᠶᠡᠬᠡ ᠶᠠᠪᠤᠳᠠᠯ》᠎ᠢ ᠰᠠᠶ᠋ᠢᠲᠤᠷ ᠬᠢᠬᠦ᠂ 《ᠰᠢᠨ᠎ᠡ ᠵᠠᠮ ᠨᠡᠬᠡᠬᠡᠨ᠂ ᠳᠤᠮᠳᠠ ᠲᠦᠪᠰᠢᠨ᠎ᠳᠤ ᠤᠷᠤᠭᠰᠢᠯᠠᠬᠤ》 ᠬᠠᠷᠠᠯᠲᠠ ᠵᠢ ᠲᠦᠷᠭᠡᠳᠬᠡᠨ ᠪᠡᠶᠡᠯᠡᠭᠦᠯᠬᠦ᠎ᠳᠤ ᠪᠠᠷᠠᠭᠳᠠᠰᠢ ᠥᠬᠡᠶ ᠬᠥᠳᠡᠯᠭᠡᠬᠦ ᠬᠦᠴᠦᠨ ᠬᠠᠩᠭ᠋ᠠᠬᠤ ᠬᠡᠷᠡᠭᠲᠡᠶ᠃ ᠪᠠᠶᠠᠷᠯᠠᠯ᠎ᠠ᠃
ᠥᠪᠥᠷ ᠮᠣᠩᠭᠣᠯ᠎ᠤᠨ ᠲᠧᠯᠸᠢᠰ ᠬᠣᠷᠢᠶᠠᠨ᠎ᠤ ᠰᠤᠷᠪᠤᠯᠵᠢᠯᠠᠭᠴᠢ᠄
ᠲᠡᠭᠡᠪᠡᠯ᠂ ᠡᠨᠡ ᠵᠢᠯ᠎ᠤᠨ ᠮᠠᠨ᠎ᠤ ᠣᠷᠣᠨ᠎ᠤ ᠬᠡᠷᠡᠭᠯᠡᠭᠡ ᠵᠢᠨ ᠪᠠᠶ᠋ᠢᠳᠠᠯ᠎ᠠᠴᠠ ᠦᠵᠡᠪᠡᠯ᠂ ᠲᠦᠷᠦᠭᠦᠦ ᠭᠤᠷᠪᠠᠨ ᠤᠯᠠᠷᠢᠯ᠎ᠤᠨ ᠬᠡᠷᠡᠭᠯᠡᠭᠡ ᠵᠢᠨ ᠵᠠᠬ᠎ᠠ ᠳᠡᠯᠭᠡᠭᠦᠷ᠎ᠤᠨ ᠠᠵᠢᠯᠯᠠᠭ᠋ᠠᠨ᠎ᠳᠤ ᠶᠠᠮᠠᠷ ᠶᠠᠮᠠᠷ ᠣᠨᠴᠠᠯᠢᠭ ᠢᠯᠡᠷᠡᠭᠰᠡᠨ ᠪᠣᠶ?

ᠸᠠᠩ ᠴᠤᠸᠠᠨ ᠵᠢᠩ᠄
ᠮᠠᠨ᠎ᠤ ᠣᠷᠣᠨ ᠬᠡᠷᠡᠭᠯᠡᠭᠡ ᠵᠢ ᠰᠡᠷᠭᠦᠭᠡᠬᠦ ᠪᠠ ᠥᠷᠭᠡᠳᠬᠡᠬᠦ ᠵᠢ ᠢᠮᠠᠭᠲᠠ ᠲᠡᠷᠢᠭᠦᠨ ᠪᠠᠶ᠋ᠢᠷᠢᠨ᠎ᠳᠤ ᠲᠠᠯᠪᠢᠵᠤ᠂ ᠡᠨᠡ ᠵᠢᠯ᠎ᠠᠴᠠ ᠨᠠᠭ᠋ᠠᠰᠢ᠂ ᠡᠯ᠎ᠡ ᠭᠠᠵᠠᠷ ᠣᠷᠣᠨ ᠡᠯ᠎ᠡ ᠰᠠᠯᠠᠭ᠎ᠠ ᠮᠥᠴᠢᠷ᠎ᠤᠨ᠎ᠬᠢᠨ ᠬᠡᠷᠡᠭᠯᠡᠭᠡ ᠵᠢ ᠬᠥᠭᠵᠢᠭᠡᠬᠦ ᠠᠯᠢ ᠣᠯᠠᠨ ᠲᠥᠷᠥ ᠵᠢᠨ ᠪᠣᠳᠣᠯᠭ᠎ᠠ ᠠᠷᠭ᠎ᠠ ᠬᠡᠮᠵᠢᠶ᠎ᠡ ᠲᠣᠭᠲᠠᠭ᠋ᠠᠵᠤ᠂ ᠬᠡᠷᠡᠭᠯᠡᠭᠡ ᠵᠢ ᠠᠬᠢᠭᠤᠯᠬᠤ ᠠᠯᠢ ᠣᠯᠠᠨ ᠠᠵᠢᠯᠯᠠᠭ᠎ᠠ ᠵᠢ ᠵᠣᠬᠢᠶᠠᠨ ᠪᠠᠶ᠋ᠢᠭᠤᠯᠤᠨ ᠥᠷᠨᠢᠭᠦᠯᠵᠦ᠂ ᠪᠥᠬᠥ ᠣᠷᠣᠨ᠎ᠤ ᠬᠡᠷᠡᠭᠯᠡᠭᠡᠨ᠎ᠤ ᠵᠠᠬ᠎ᠠ ᠳᠡᠯᠭᠡᠭᠦᠷ ᠲᠣᠭᠲᠠᠭᠤᠨ ᠵᠶ᠋ᠠᠷ ᠰᠡᠷᠭᠦᠵᠦ᠂ ᠵᠠᠬ᠎ᠠ ᠳᠡᠯᠭᠡᠭᠦᠷ᠎ᠤᠨ ᠪᠣᠷᠣᠯᠠᠭᠤᠯᠭ᠎ᠠ ᠬᠥᠭᠵᠢᠶᠡᠨᠲᠡᠶ ᠪᠣᠯᠵᠣ᠂ ᠲᠠᠸᠠᠷ᠎ᠤᠨ ᠲᠥᠷᠥᠯ ᠢᠯᠭ᠋ᠠᠯ᠎ᠠᠴᠠ ᠦᠵᠡᠪᠡᠯ᠂ ᠲᠤᠯᠤᠭ᠋ᠠᠨ ᠬᠤᠪᠢ᠎ᠠᠴᠠ ᠳᠡᠭᠡᠭᠰᠢᠬᠢ ᠲᠠᠸᠠᠷ᠎ᠤᠨ ᠲᠥᠷᠥᠯ᠎ᠤᠨ ᠥᠷᠲᠡᠭ᠎ᠤᠨ ᠵᠢᠵᠢᠭᠯᠡᠨ ᠬᠤᠳᠠᠯᠳᠤᠬᠤ ᠲᠣᠭ᠎ᠠ ᠨᠡᠮᠡᠭᠳᠡᠯ ᠵᠶ᠋ᠠᠨ ᠪᠠᠲᠤᠯᠠᠪᠠ᠃ ᠲᠦᠷᠦᠭᠦᠦ ᠭᠤᠷᠪᠠᠨ ᠤᠯᠠᠷᠢᠯ᠎ᠳᠤ ᠪᠥᠬᠥ ᠣᠷᠣᠨ᠎ᠤ ᠬᠡᠷᠡᠭᠯᠡᠭᠡᠨ᠎ᠤ ᠵᠠᠬ᠎ᠠ ᠳᠡᠯᠭᠡᠭᠦᠷ᠎ᠤᠨ ᠠᠵᠢᠯᠯᠠᠭ᠋ᠠᠨ᠎ᠳᠤ ᠳᠤᠤᠷᠠᠬᠢ ᠬᠡᠳᠦᠨ ᠲᠠᠯ᠎ᠠ ᠵᠢᠨ ᠣᠨᠴᠠᠯᠢᠭ ᠢᠯᠡᠷᠡᠪᠡ᠄
ᠨᠢᠭᠡ᠎ᠳᠤ᠂ ᠦᠨᠳᠦᠰᠦᠨ ᠠᠮᠢᠳᠤᠷᠠᠯ᠎ᠤᠨ ᠲᠦᠷᠦᠯ᠎ᠤᠨ ᠲᠠᠸᠠᠷ᠎ᠤᠨ ᠬᠡᠷᠡᠭᠯᠡᠭᠡ ᠲᠣᠭᠲᠠᠭᠤᠨ ᠵᠶ᠋ᠠᠷ
ᠨᠡᠮᠡᠭᠳᠡᠪᠡ᠃ ᠲᠦᠷᠦᠭᠦᠦ ᠭᠤᠷᠪᠠᠨ ᠤᠯᠠᠷᠢᠯ᠎ᠳᠤ᠂ ᠰᠠᠭᠤᠭ᠋ᠠᠯᠢ ᠠᠷᠠᠳ᠎ᠤᠨ ᠦᠨᠳᠦᠰᠦᠨ ᠠᠮᠢᠳᠤᠷᠠᠯ᠎ᠯᠤᠭ᠎ᠠ ᠨᠢᠭᠲᠠ ᠬᠣᠯᠪᠣᠭ᠎ᠠ᠎ᠲᠠᠢ ᠢᠳᠡᠬᠦ᠂ ᠡᠮᠦᠰᠬᠦ᠂ ᠬᠡᠷᠡᠭᠯᠡᠬᠦ ᠲᠥᠷᠥᠯ᠎ᠤᠨ ᠲᠠᠸᠠᠷ᠎ᠤᠨ ᠲᠣᠭᠲᠠᠭᠤᠨ ᠨᠡᠮᠡᠭᠳᠡᠯ᠎ᠢ ᠪᠠᠲᠤᠯᠠᠪᠠ᠃ ᠪᠦᠬᠦ ᠣᠷᠣᠨ᠎ᠤ ᠬᠢᠵᠠᠭ᠋ᠠᠷᠯᠠᠭᠰᠠᠨ ᠲᠣᠭ᠎ᠠ᠎ᠠᠴᠠ ᠳᠡᠭᠡᠭᠰᠢᠬᠢ ᠨᠢᠭᠡᠴᠡ ᠠᠮᠤ ᠪᠤᠳᠠᠭ᠎ᠠ ᠲᠣᠰᠣ ᠢᠳᠡᠭᠡᠨ᠎ᠤ ᠲᠥᠷᠥᠯ᠂ ᠠᠷᠢᠬᠢ ᠲᠠᠮᠠᠬᠢᠨ᠎ᠤ ᠲᠥᠷᠥᠯ᠂ ᠡᠳᠦᠷ ᠲᠤᠲᠤᠮ᠎ᠤᠨ ᠬᠡᠷᠡᠭᠯᠡᠭᠡᠨ᠎ᠤ ᠲᠥᠷᠥᠯ᠎ᠤᠨ ᠵᠢᠵᠢᠭᠯᠡᠨ ᠬᠤᠳᠠᠯᠳᠤᠬᠤ ᠲᠣᠭ᠎ᠠ ᠴᠥᠮ ᠬᠣᠶᠠᠷ ᠣᠷᠣᠨᠲᠤ ᠲᠣᠭ᠎ᠠ᠎ᠪᠠᠷ ᠨᠡᠮᠡᠭᠳᠡᠬᠦ ᠵᠢ ᠪᠡᠶᠡᠯᠡᠭᠦᠯᠵᠦ᠂ ᠬᠤᠪᠴᠠᠰᠤ ᠬᠤᠨᠠᠷ᠂ ᠱᠠᠬᠠᠶ ᠮᠠᠯᠠᠭ᠋ᠠᠶ᠂ ᠵᠡᠭᠦᠦ ᠨᠡᠬᠡᠮᠡᠯ᠎ᠤᠨ ᠲᠥᠷᠥᠯ᠎ᠤᠨ ᠲᠠᠸᠠᠷ᠎ᠤᠨ ᠵᠢᠵᠢᠭᠯᠡᠨ ᠬᠤᠳᠠᠯᠳᠤᠬᠤ ᠲᠣᠭ᠎ᠠ 7.6%᠎ᠪᠠᠷ ᠨᠡᠮᠡᠭᠳᠡᠪᠡ᠃
ᠬᠣᠶᠠᠷ᠎ᠲᠤ᠂ ᠬᠡᠷᠡᠭᠯᠡᠭᠡᠨ᠎ᠤ ᠲᠡᠰ ᠲᠡᠪᠰᠢᠯᠳᠡ ᠲᠦᠷᠭᠡᠳᠪᠡ᠃ ᠵᠠᠬ᠎ᠠ ᠳᠡᠯᠭᠡᠭᠦᠷ᠎ᠤᠨ ᠬᠠᠩᠭ᠋ᠠᠯᠭ᠎ᠠ ᠲᠠᠰᠤᠷᠠᠯᠲᠠ ᠥᠬᠡᠶ ᠲᠡᠭᠦᠯᠳᠡᠷᠵᠢᠬᠦ ᠵᠢ ᠳᠠᠭ᠋ᠠᠯᠳᠤᠨ᠂ ᠰᠠᠭᠤᠭ᠋ᠠᠯᠢ ᠠᠷᠠᠳ᠎ᠤᠨ ᠬᠡᠷᠡᠭᠯᠡᠭᠡᠨ᠎ᠤ ᠪᠦᠲᠦᠴᠡ ᠠᠯᠬᠤᠮ ᠠᠯᠬᠤᠮ ᠵᠶ᠋ᠠᠷ ᠲᠠᠰ ᠳᠡᠪᠰᠢᠵᠦ᠂ ᠪᠣᠬᠢᠷᠲᠤᠯ ᠥᠬᠡᠶ᠂ ᠣᠷᠴᠢᠨ ᠲᠣᠭᠣᠷᠢᠨ᠎ᠢ ᠬᠠᠮᠠᠭ᠋ᠠᠯᠠᠬᠤ᠂ ᠣᠶᠤᠨᠴᠢ ᠬᠡᠷᠡᠭᠯᠡᠭᠡᠨ᠎ᠢ ᠰᠢᠨ᠎ᠡ ᠨᠡᠮᠡᠭᠳᠡᠯ᠎ᠤᠨ ᠴᠡᠭ ᠪᠣᠯᠵᠠᠶ᠃ ᠲᠦᠷᠦᠭᠦᠦ ᠭᠤᠷᠪᠠᠨ ᠤᠯᠠᠷᠢᠯ᠎ᠳᠤ᠂ ᠪᠥᠬᠥ ᠣᠷᠣᠨ᠎ᠤ ᠬᠢᠵᠠᠭ᠋ᠠᠷᠯᠠᠭᠰᠠᠨ ᠲᠣᠭ᠎ᠠ᠎ᠠᠴᠠ ᠳᠡᠭᠡᠭᠰᠢᠬᠢ ᠨᠢᠭᠡᠴᠡ ᠰᠢᠨ᠎ᠡ ᠡᠨᠧᠷᠭᠢ ᠵᠢᠨ ᠮᠠᠰᠢᠨ ᠲᠡᠷᠭᠡᠨ᠎ᠤ ᠵᠢᠵᠢᠭᠯᠡᠨ ᠪᠣᠷᠣᠯᠠᠭᠤᠯᠤᠭᠰᠠᠨ ᠲᠣᠭ᠎ᠠ ᠳᠠᠬᠢᠨ ᠵᠶ᠋ᠠᠷ ᠨᠡᠮᠡᠭᠳᠡᠬᠦ ᠵᠢ ᠪᠡᠶᠡᠯᠡᠭᠦᠯᠵᠦ᠂ ᠬᠢᠵᠠᠭ᠋ᠠᠷᠯᠠᠭᠰᠠᠨ ᠲᠣᠭ᠎ᠠ᠎ᠠᠴᠠ ᠳᠡᠭᠡᠭᠰᠢᠬᠢ ᠮᠠᠰᠢᠨ ᠲᠡᠷᠭᠡᠨ᠎ᠤ ᠲᠥᠷᠥᠯ᠎ᠤᠨ ᠲᠠᠸᠠᠷ᠎ᠤᠨ ᠵᠢᠵᠢᠭᠯᠡᠨ ᠪᠣᠷᠣᠯᠠᠭᠤᠯᠤᠭᠰᠠᠨ ᠲᠣᠭ᠎ᠠ 12.0 ᠵᠠᠭᠤᠨ᠎ᠤ ᠬᠤᠪᠢ ᠵᠢᠨ ᠴᠡᠭ ᠨᠡᠮᠡᠭᠳᠡᠪᠡ᠃ ᠬᠢᠵᠠᠭ᠋ᠠᠷᠯᠠᠭᠰᠠᠨ ᠲᠣᠭ᠎ᠠ᠎ᠠᠴᠠ ᠳᠡᠭᠡᠭᠰᠢᠬᠢ ᠨᠢᠭᠡᠴᠡ ᠵᠢᠨ ᠠᠯᠲᠠ ᠮᠥᠩᠭᠥ ᠰᠤᠪᠤᠳ ᠡᠷᠳᠡᠨᠢ ᠵᠢᠨ ᠲᠥᠷᠥᠯ᠎ᠤᠨ ᠲᠠᠸᠠᠷ᠎ᠤᠨ ᠵᠢᠵᠢᠭᠯᠡᠨ ᠬᠤᠳᠠᠯᠳᠤᠭᠰᠠᠨ ᠲᠣᠭ᠎ᠠ ᠠᠳᠠᠯᠢ ᠬᠤᠭᠤᠴᠠᠭ᠋ᠠᠨ᠎ᠤ᠎ᠬᠢ᠎ᠠᠴᠠ 12.8%᠎ᠪᠠᠷ ᠨᠡᠮᠡᠭᠳᠡᠵᠦ᠂ ᠨᠣᠮ ᠰᠣᠨᠢᠨ ᠰᠡᠳᠬᠦᠯ᠎ᠤᠨ ᠲᠥᠷᠥᠯ ᠠᠳᠠᠯᠢ ᠬᠤᠭᠤᠴᠠᠭ᠋ᠠᠨ᠎ᠤ᠎ᠬᠢ᠎ᠠᠴᠠ 12.6%᠎ᠪᠠᠷ
ᠨᠡᠮᠡᠭᠳᠡᠪᠡ᠃
ᠭᠤᠷᠪᠠ᠎ᠳᠤ᠂ ᠬᠦᠷᠦᠯᠴᠡᠬᠦ ᠬᠡᠯᠪᠡᠷᠢ ᠵᠢᠨ ᠴᠤᠭᠯᠠᠷᠠᠯ᠎ᠤᠨ ᠬᠡᠯᠪᠡᠷᠢ ᠵᠢᠨ ᠬᠡᠷᠡᠭᠯᠡᠭᠡ ᠦᠷᠭᠦᠯᠵᠢᠯᠡᠨ ᠰᠡᠷᠭᠦᠪᠡ᠃ ᠡᠨᠡ ᠵᠢᠯ᠎ᠠᠴᠠ ᠨᠠᠭ᠋ᠠᠰᠢ᠂ ᠪᠥᠬᠥ ᠣᠷᠣᠨ᠎ᠤ ᠡᠯ᠎ᠡ ᠭᠠᠵᠠᠷ᠎ᠤᠨ᠎ᠬᠢᠨ ᠡᠯ᠎ᠡ ᠲᠥᠷᠥᠯ᠎ᠤᠨ ᠰᠣᠶᠣᠯ ᠪᠠ ᠵᠢᠭᠤᠯᠴᠢᠯᠠᠯ᠎ᠤᠨ ᠬᠡᠷᠡᠭᠯᠡᠭᠡ ᠵᠢ ᠠᠬᠢᠭᠤᠯᠬᠤ ᠠᠵᠢᠯᠯᠠᠭ᠎ᠠ ᠵᠢ ᠢᠳᠡᠪᠬᠢᠲᠡᠶ ᠡᠷᠭᠢᠯᠡᠵᠦ᠂ ᠰᠠᠭᠤᠭ᠋ᠠᠯᠢ ᠠᠷᠠᠳ᠎ᠤᠨ ᠶᠠᠪᠤᠵᠤ ᠰᠠᠭᠤᠬᠤ ᠵᠢᠭᠤᠯᠴᠢᠯᠠᠯ ᠣᠯᠠᠰᠢᠷᠠᠵᠤ᠂ ᠢᠳᠡᠭᠡᠨ ᠤᠮᠳᠠᠭ᠋ᠠᠨ᠂ ᠬᠣᠨᠣᠭ ᠪᠠᠭᠤᠳᠠᠯ ᠵᠡᠷᠭᠡ ᠦᠢ᠍ᠯᠡᠴᠢᠯᠡᠭᠡᠨ᠎ᠤ ᠬᠡᠷᠡᠭᠯᠡᠭᠡ ᠦᠷᠭᠦᠯᠵᠢᠯᠡᠨ ᠥᠷᠭᠡᠳᠪᠡ᠃ ᠪᠥᠬᠥ ᠣᠷᠣᠨ᠎ᠤ ᠢᠳᠡᠭᠡᠨ ᠤᠮᠳᠠᠭ᠋ᠠᠨ᠎ᠤ ᠣᠷᠣᠯᠭ᠎ᠠ ᠵᠢᠯ᠎ᠤᠨ ᠡᠬᠢᠨ᠎ᠠᠴᠠ ᠨᠠᠰᠢ ᠬᠣᠶᠠᠷ ᠣᠷᠣᠨᠲᠤ ᠲᠣᠭ᠎ᠠ ᠵᠢᠨ ᠨᠡᠮᠡᠭᠳᠡᠯ᠎ᠢ ᠪᠠᠲᠤᠯᠠᠵᠤ᠂ ᠲᠦᠷᠦᠭᠦᠦ ᠭᠤᠷᠪᠠᠨ ᠤᠯᠠᠷᠢᠯ᠎ᠳᠤ ᠠᠳᠠᠯᠢ ᠬᠤᠭᠤᠴᠠᠭ᠋ᠠᠨ᠎ᠤ᠎ᠬᠢ᠎ᠠᠴᠠ 16.6%᠎ᠪᠠᠷ ᠨᠡᠮᠡᠭᠳᠡᠵᠦ᠂ ᠬᠣᠷᠰᠢᠶ᠎ᠠ ᠵᠢᠨ ᠵᠢᠵᠢᠭᠯᠡᠨ ᠬᠤᠳᠠᠯᠳᠤᠭᠰᠠᠨ ᠶᠡᠷᠦᠩᠬᠡᠶ ᠲᠣᠭ᠎ᠠ ᠪᠠ ᠲᠠᠸᠠᠷ᠎ᠤᠨ ᠵᠢᠵᠢᠭᠯᠡᠨ ᠬᠤᠳᠠᠯᠳᠤᠭᠰᠠᠨ᠎ᠠᠴᠠ ᠲᠣᠰ ᠲᠣᠰ 11.5 ᠪᠠ 12.8 ᠵᠠᠭᠤᠨ᠎ᠤ ᠬᠤᠪᠢ ᠵᠢᠨ ᠴᠡᠭ ᠲᠦᠷᠭᠡᠨ ᠪᠣᠯᠪᠠ᠃
ᠲᠦᠷᠪᠡ᠎ᠳᠤ᠂ ᠰᠢᠨ᠎ᠡ ᠬᠡᠯᠪᠡᠷᠢ ᠵᠢᠨ ᠬᠡᠷᠡᠭᠯᠡᠭᠡ ᠥᠷᠨᠢᠩᠭᠦᠢ ᠬᠥᠭᠵᠢᠪᠡ᠃ ᠣᠶ᠋ᠢᠷ᠎ᠠ ᠵᠢᠨ ᠵᠢᠯ᠎ᠤᠨ ᠲᠤᠷᠰᠢ ᠮᠠᠨ᠎ᠤ ᠣᠷᠣᠨ᠎ᠤ ᠵᠢᠵᠢᠭᠯᠡᠨ ᠬᠤᠳᠠᠯᠳᠤᠬᠤ ᠵᠠᠬ᠎ᠠ ᠳᠡᠯᠭᠡᠭᠦᠷ᠎ᠤᠨ ᠰᠢᠨ᠎ᠡ ᠡᠵᠡᠩᠨᠡᠯᠲᠡ ᠵᠢᠨ ᠪᠠᠶ᠋ᠢᠳᠠᠯ ᠰᠢᠨ᠎ᠡ ᠵᠠᠭᠪᠤᠷ ᠲᠠᠰᠤᠷᠠᠯᠲᠠ ᠤᠢ᠍ᠭᠡᠢ ᠴᠣᠯᠭᠣᠷᠠᠨ ᠭᠠᠷᠴᠤ᠂ ᠰᠢᠭᠤᠳ ᠨᠡᠪᠲᠡᠷᠡᠭᠦᠯᠭᠡ᠎ᠪᠠᠷ ᠪᠠᠷᠠᠭ᠎ᠠ ᠳᠠᠭ᠋ᠠᠭᠤᠯᠬᠤ᠂ ᠴᠠᠭ ᠲᠤᠬᠠᠶ᠎ᠳᠤᠨᠢ ᠵᠢᠵᠢᠭᠯᠡᠨ ᠬᠤᠳᠠᠯᠳᠤᠬᠤ ᠵᠡᠷᠭᠡ ᠰᠢᠨ᠎ᠡ ᠪᠣᠷᠣᠯᠠᠭᠤᠯᠬᠤ ᠵᠠᠭᠪᠤᠷ ᠨᠡᠯᠢᠶᠡᠳ ᠲᠦᠷᠭᠡᠨ ᠬᠥᠭᠵᠢᠵᠦ᠂ ᠰᠦᠯᠵᠢᠶᠡᠨ ᠳᠡᠭᠡᠷ᠎ᠡ ᠵᠢᠵᠢᠭᠯᠡᠨ ᠬᠤᠳᠠᠯᠳᠤᠬᠤ᠎ᠨᠢ ᠦᠷᠭᠦᠯᠵᠢᠯᠡᠨ ᠨᠡᠮᠡᠭᠳᠡᠪᠡ᠃ ᠲᠦᠷᠦᠭᠦᠦ ᠭᠤᠷᠪᠠᠨ ᠤᠯᠠᠷᠢᠯ᠎ᠳᠤ᠂ ᠪᠥᠬᠥ ᠣᠷᠣᠨ᠎ᠤ ᠪᠣᠳᠠᠲᠤ ᠲᠠᠸᠠᠷ᠎ᠤᠨ ᠰᠦᠯᠵᠢᠶᠡᠨ ᠳᠡᠭᠡᠷ᠎ᠡ ᠵᠢᠵᠢᠭᠯᠡᠨ ᠬᠤᠳᠠᠯᠳᠤᠭᠰᠠᠨ ᠲᠣᠭ᠎ᠠ ᠠᠳᠠᠯᠢ ᠬᠤᠭᠤᠴᠠᠭ᠋ᠠᠨ᠎ᠤ᠎ᠬᠢ᠎ᠠᠴᠠ 14.4%᠎ᠪᠠᠷ ᠨᠡᠮᠡᠭᠳᠡᠵᠦ᠂ ᠬᠣᠷᠰᠢᠶ᠎ᠠ ᠵᠢᠨ ᠵᠢᠵᠢᠭᠯᠡᠨ ᠬᠤᠳᠠᠯᠳᠤᠭᠰᠠᠨ ᠲᠣᠭ᠎ᠠ᠎ᠳᠤ ᠡᠵᠡᠯᠡᠬᠦ ᠬᠤᠪᠢ ᠵᠢᠨ ᠵᠢᠩ᠎ᠨᠢ 8.3%᠎ᠳᠤ ᠬᠦᠷᠴᠡᠶ᠃ ᠡᠭᠦᠨ᠎ᠳᠤ᠂ ᠬᠢᠵᠠᠭ᠋ᠠᠷᠯᠠᠭᠰᠠᠨ ᠲᠣᠭ᠎ᠠ᠎ᠠᠴᠠ ᠳᠡᠭᠡᠭᠰᠢᠬᠢ ᠰᠦᠯᠵᠢᠶᠡᠨ ᠳᠡᠭᠡᠷ᠎ᠡ ᠵᠢᠵᠢᠭᠯᠡᠨ ᠪᠣᠷᠣᠯᠠᠭᠤᠯᠤᠭᠰᠠᠨ ᠲᠣᠭ᠎ᠠ ᠠᠳᠠᠯᠢ ᠬᠤᠭᠤᠴᠠᠭ᠋ᠠᠨ᠎ᠤ᠎ᠬᠢ᠎ᠠᠴᠠ ᠨᠢᠭᠡ ᠳᠠᠬᠢᠨ ᠰᠢᠬᠠᠮ ᠨᠡᠮᠡᠭᠳᠡᠵᠦ᠂ 98.9%᠎ᠳᠤ ᠬᠦᠷᠴᠦ᠂ ᠬᠢᠵᠠᠭ᠋ᠠᠷᠯᠠᠭᠰᠠᠨ ᠲᠣᠭ᠎ᠠ᠎ᠠᠴᠠ ᠳᠡᠭᠡᠭᠰᠢᠬᠢ ᠬᠡᠷᠡᠭᠯᠡᠭᠡᠨ᠎ᠤ ᠵᠦᠢ᠍ᠯ᠎ᠤᠨ ᠵᠢᠵᠢᠭᠯᠡᠨ ᠪᠣᠷᠣᠯᠠᠭᠤᠯᠤᠭᠰᠠᠨ ᠲᠣᠭ᠎ᠠ 7.0%᠎ᠢ ᠡᠵᠡᠯᠡᠵᠦ᠂ ᠳᠡᠭᠡᠷ᠎ᠡ ᠬᠠᠭ᠋ᠠᠰ ᠵᠢᠯ᠎ᠤᠨ᠎ᠬᠢ᠎ᠠᠴᠠ 0.4 ᠵᠠᠭᠤᠨ᠎ᠤ ᠬᠤᠪᠢ ᠵᠢᠨ ᠴᠡᠭ ᠳᠡᠭᠡᠭᠰᠢᠯᠡᠪᠡ᠃ ᠪᠠᠶᠠᠷᠯᠠᠯ᠎ᠠ!