ᠲᠡᠷᠢᠭᠦᠨ ᠬᠠᠭᠤᠳᠠᠰᠤ
ᠠᠵᠢᠯ᠎ᠤᠨ ᠪᠠᠶ᠋ᠢᠳᠠᠯ
ᠢᠯᠡ ᠵᠠᠰᠠᠭ
ᠲᠤᠭ᠎ᠠ ᠪᠦᠷᠢᠳᠭᠡᠯ᠎ᠤᠨ ᠦᠢᠯᠡᠴᠢᠯᠡᠭᠡ
ᠢᠯᠡ ᠵᠠᠰᠠᠭ   -   ᠪᠢᠴᠢᠭ ᠮᠠᠲ᠋ᠧᠷᠢᠶᠠᠯ
《ᠦᠪᠤᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠤᠷᠳᠤᠨ᠎ᠤ ᠮᠡᠳᠡᠭᠡ ᠵᠠᠩᠬᠢ ᠵᠢ ᠭᠤᠶᠤᠴᠢᠯᠠᠯ ᠵᠶ᠋ᠠᠷ ᠢᠯᠡ ᠪᠤᠯᠭ᠋ᠠᠬᠤ ᠠᠷᠭ᠎ᠠ》 ᠵᠢ ᠲᠠᠷᠤᠮᠠᠯᠯᠠᠨ ᠶᠠᠪᠤᠭᠤᠯᠬᠤ ᠲᠤᠬᠠᠢ ᠦᠪᠤᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠵᠠᠰᠠᠭ᠎ᠤᠨ ᠤᠷᠳᠤᠨ᠎ᠤ ᠠᠯᠪᠠᠨ ᠲᠢᠩᠭᠢᠮ᠎ᠤᠨ ᠮᠡᠳᠡᠭᠳᠡᠯ
ᠨᠡᠶ᠋ᠢᠲᠡᠯᠡᠭᠰᠡᠨ ᠴᠠᠭ᠄ 2020-12-07


        ᠦᠪᠦᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠵᠠᠰᠠᠭ᠎ᠤᠨ ᠣᠷᠲᠤᠨ᠎ᠤ

        ᠠᠯᠪᠠᠨ ᠬᠡᠷ᠎ᠤᠨ ᠲᠠᠷᠬᠠᠭ᠋ᠠᠭᠰᠠᠨ  [2015] 146 ᠳ᠋ᠤᠭ᠋ᠠᠷ ᠲᠤᠭ᠋ᠠᠳᠤ
 

ᠡᠯ᠎ᠡ ᠠᠢ᠌ᠮᠠᠭ᠎ᠤᠨ ᠵᠠᠬᠢᠷᠭ᠎ᠠ᠂ ᠬᠤᠳᠠ ᠵᠢᠨ ᠠᠷᠠᠳ᠎ᠤᠨ ᠵᠠᠰᠠᠭ᠎ᠤᠨ ᠤᠷᠳᠤᠨ᠂ ᠦᠪᠡᠷᠳᠡᠬᠡᠨ ᠵᠠᠰᠠᠭ᠎ᠤᠨ ᠤᠷᠳᠤᠨ᠎ᠤ ᠡᠯ᠎ᠡ ᠵᠦᠪᠯᠡᠯ᠂ ᠠᠯᠪᠡᠨ ᠭᠡᠷ᠂ ᠲᠢᠩᠭᠢᠮ᠂ ᠲᠤᠪᠴᠢᠶ᠎ᠠ᠂ ᠡᠯ᠎ᠡ ᠲᠣᠮᠣ ᠠᠵᠤ ᠠᠬᠣᠢ᠌ᠯᠠᠯ᠂ ᠠᠵᠢᠯ ᠦᠢ᠍ᠯᠡᠰ᠎ᠤᠨ ᠨᠢᠭᠡᠴᠢ᠎ᠳᠤ᠄
    ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠵᠠᠰᠠᠭ᠎ᠤᠨ ᠤᠷᠳᠤᠨ ᠵᠶ᠋ᠠᠷ ᠵᠦᠪᠰᠢᠶᠡᠷᠡᠭᠦᠯᠦᠭᠡᠳ᠂ ᠡᠳᠤᠭᠡ 《ᠦᠪᠤᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠵᠠᠰᠠᠭ᠎ᠤᠨ ᠤᠷᠳᠤᠨ᠎ᠤ ᠮᠡᠳᠡᠭᠡ ᠵᠠᠩᠬᠢ ᠵᠢ ᠭᠣᠶᠤᠴᠢᠯᠠᠯ ᠵᠶ᠋ᠠᠷ ᠢᠯᠡ ᠪᠤᠯᠭ᠋ᠠᠬᠤ ᠠᠷᠭ᠎ᠠ》 ᠵᠢ ᠳᠠᠷᠤᠮᠠᠯᠯᠠᠨ ᠲᠠᠷᠬᠠᠭ᠋ᠠᠵᠤ ᠶᠠᠪᠤᠭᠤᠯᠤᠶ᠎ᠠ᠂ ᠪᠤᠳᠠᠳᠠᠢ ᠪᠠᠢ᠌ᠳᠠᠯ᠎ᠲᠠᠢ᠎ᠪᠠᠨ ᠤᠶᠠᠯᠲᠤᠭᠤᠯᠵᠤ᠂ ᠬᠢᠨᠠᠮᠠᠭ᠋ᠠᠢ ᠲᠤᠭᠤᠰᠢᠯᠠᠭᠤᠯᠤᠨ ᠬᠡᠷᠡᠭᠵᠢᠭᠦᠯᠦᠭᠡᠷᠡᠢ᠃
              2015 ᠤᠨ᠎ᠤ 12 ᠳ᠋ᠤᠭ᠋ᠠᠷ ᠰᠠᠷ᠎ᠠ ᠵᠢᠨ 30᠎ᠤ ᠡᠳᠤᠷ
                  (ᠲᠤᠰ ᠪᠢᠴᠢᠭ ᠮᠠᠲᠸᠷᠢᠶᠠᠯ᠎ᠢ ᠢᠯᠡ ᠨᠠᠢ᠌ᠳᠡᠯᠡᠨ᠎ᠡ)


         ᠦᠪᠤᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠵᠠᠰᠠᠭ᠎ᠤᠨ ᠤᠷᠳᠤᠨ᠎ᠤ

          ᠮᠡᠳᠡᠬᠡ ᠵᠠᠩᠬᠢ ᠵᠢ ᠭᠤᠶᠤᠴᠢᠯᠠᠯ ᠵᠶ᠋ᠠᠷ ᠢᠯᠡ ᠪᠤᠯᠭ᠋ᠠᠬᠤ ᠠᠷᠭ᠎ᠠ


     ᠨᠢᠭᠡᠳᠤᠭᠡᠷ ᠪᠦᠯᠦᠭ     ᠶᠠᠷᠤᠩᠬᠡᠢ ᠲᠥᠷᠢᠮ

    ᠨᠢᠭᠡᠳᠤᠭᠡᠷ ᠵᠤᠢ᠌ᠯ   ᠠᠷᠠᠳ ᠢᠷᠭᠡᠨ᠂ ᠬᠠᠤᠯᠢ ᠵᠢᠨ ᠡᠷᠭᠡᠳᠡᠨ ᠪᠤᠯᠤᠨ ᠪᠣᠰᠣᠳ ᠵᠤᠬᠢᠶᠠᠨ ᠪᠠᠢ᠌ᠭᠤᠯᠤᠯᠳᠠ ᠵᠢᠨ ᠵᠠᠰᠠᠭ᠎ᠤᠨ ᠤᠷᠳᠤᠨ᠎ᠤ ᠮᠠᠳᠡᠭᠡ ᠵᠠᠩᠬᠢ ᠵᠢ ᠬᠠᠤᠯᠢ ᠶᠤᠰᠤᠭ᠋ᠠᠷ ᠤᠯᠵᠤ᠂ 《ᠪᠦᠬᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠠᠴᠠ ᠵᠠᠰᠠᠭ᠎ᠤᠨ ᠤᠷᠳᠤᠨ᠎ᠤ ᠮᠡᠳᠡᠭᠡ ᠵᠠᠩᠬᠢ ᠵᠢ ᠢᠯᠡ ᠪᠤᠯᠭ᠋ᠠᠬᠤ

ᠲᠦᠷᠢᠮ》 (ᠲᠤᠷᠤᠭᠰᠢ 《ᠲᠦᠷᠢᠮ》 ᠭᠡᠵᠤ ᠲᠤᠪᠴᠢᠯᠠᠨ᠎ᠠ〉 ᠪᠤᠯᠤᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠠᠵᠢᠯ᠎ᠤᠨ ᠲᠤᠬᠠᠢ ᠲᠦᠷᠤ ᠵᠢᠨ ᠶᠠᠪᠤᠳᠠᠯ᠎ᠤᠨ ᠬᠤᠷᠢᠶᠠᠨ᠎ᠤ ᠠᠯᠪᠠᠨ ᠲᠢᠩᠬᠢᠮ᠎ᠤᠨ ᠬᠠᠮᠢᠶ᠎ᠠ ᠪᠦᠬᠦᠢ ᠲᠤᠭᠳᠠᠭ᠋ᠠᠯ᠎ᠢ ᠦᠨᠳᠤᠰᠤᠯᠠᠨ᠂ ᠲᠤᠰ ᠠᠷᠭ᠎ᠠ ᠵᠢ ᠲᠤᠭᠳᠠᠭ᠋ᠠᠪᠠ᠃
    ᠬᠤᠶᠠᠳᠤᠭ᠋ᠠᠷ ᠵᠤᠢ᠌ᠯ     ᠲᠤᠰ ᠠᠷᠭ᠎ᠠ᠎ᠳᠤ ᠬᠡᠯᠡᠵᠤ ᠪᠠᠢ᠌ᠭ᠎ᠠ ᠭᠣᠶᠣᠴᠢᠯᠠᠯ᠎ᠢ ᠦᠨᠳᠤᠰᠤᠯᠡᠨ ᠢᠯᠡ ᠪᠤᠯᠭ᠋ᠠᠬᠤ ᠭᠡᠳᠡᠭ᠎ᠨᠢ 《ᠲᠦᠷᠢᠮ》᠎ᠤᠨ ᠠᠷᠪᠠᠨ ᠭᠤᠷᠪᠠᠳᠤᠭ᠋ᠠᠷ ᠵᠣᠢ᠌ᠯ᠎ᠳᠤ ᠲᠤᠭᠳᠠᠭ᠋ᠠᠭᠰᠠᠨ ᠠᠷᠠᠳ ᠢᠷᠭᠡᠨ᠂ ᠬᠠᠤᠯᠢ ᠵᠢᠨ ᠡᠷᠭᠡᠳᠡᠨ ᠪᠤᠶᠤ ᠪᠤᠰᠤᠳ ᠵᠤᠬᠢᠶᠠᠨ ᠪᠠᠢ᠌ᠭᠤᠯᠤᠯᠳᠠ (ᠲᠤᠷᠤᠭᠰᠢ ᠭᠤᠶᠤᠴᠢᠯᠠᠭᠴᠢ ᠭᠡᠵᠤ ᠲᠤᠪᠴᠢᠯᠠᠨ᠎ᠠ) ᠵᠢᠨ ᠲᠤᠰ ᠪᠡᠶ᠎ᠡ ᠵᠢᠨ ᠦᠢ᠍ᠯᠡᠳᠪᠤᠷᠢᠯᠡᠯ᠂ ᠠᠮᠢᠳᠤᠷᠠᠯ᠂ ᠰᠢᠨᠵᠢᠯᠡᠬᠦ ᠤᠬᠠᠭ᠋ᠠᠨ᠎ᠤ ᠰᠤᠳᠤᠯᠤᠯ ᠵᠡᠷᠭᠡ ᠤᠨᠴᠠᠭ᠋ᠠᠢ ᠬᠡᠷᠡᠭᠴᠡᠭᠡ᠎ᠪᠠᠨ   ᠦᠨᠳᠦᠰᠦᠯᠠᠨ᠂ ᠦᠪᠡᠷᠳᠡᠬᠡᠨ ᠵᠠᠰᠠᠬᠤ ᠵᠢᠨ ᠤᠷᠳᠤᠨ᠎ᠤ ᠡᠯ᠎ᠡ ᠱᠠᠳᠤᠨ᠎ᠤ ᠵᠠᠰᠠᠭ ᠵᠠᠬᠢᠷᠭ᠋ᠠᠨ᠎ᠤ   ᠪᠠᠢ᠌ᠭᠤᠯᠭ᠎ᠠ᠎ᠠᠴᠠ ᠬᠤᠯᠪᠤᠭᠳᠠᠯ ᠪᠦᠬᠦᠢ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠤᠯᠬᠤ᠎ᠪᠠᠷ ᠭᠤᠶᠤᠴᠢᠯᠠᠵᠤ᠂ ᠵᠠᠰᠠᠭ ᠵᠠᠬᠢᠷᠭ᠋ᠠᠨ᠎ᠤ   ᠪᠠᠢ᠌ᠭᠤᠯᠭ᠎ᠠ ᠲᠤᠭᠳᠠᠭ᠋ᠠᠯ ᠶᠤᠰᠤᠭ᠋ᠠᠷ ᠭᠤᠶᠤᠴᠢᠯᠠᠯ᠎ᠢ ᠬᠦᠯᠢᠶᠠᠨ ᠠᠪᠴᠤ ᠰᠢᠢ᠍ᠳᠪᠦᠷᠢᠯᠡᠬᠦ ᠵᠢᠨ ᠬᠠᠮᠳᠤ   ᠭᠤᠶᠤᠴᠢᠯᠠᠭᠴᠢ᠎ᠳᠤ ᠬᠠᠷᠢᠭᠤᠯᠳᠠ ᠦᠭᠭᠦᠨ᠎ᠡ᠃
    ᠭᠤᠷᠪᠠᠳᠤᠭ᠋ᠠᠷ ᠵᠣᠢ᠌ᠯ     ᠭᠤᠶᠤᠴᠢᠯᠠᠯ᠎ᠢ ᠦᠨᠳᠤᠰᠤᠯᠠᠨ ᠢᠯᠡ ᠪᠤᠯᠭ᠋ᠠᠬᠤ ᠵᠠᠰᠠᠭ᠎ᠤᠨ ᠤᠷᠳᠤᠨ᠎ᠤ ᠮᠡᠳᠡᠭᠡ ᠵᠠᠩᠬᠢ ᠵᠢ ᠲᠤᠰ ᠮᠡᠳᠡᠭᠡ ᠵᠠᠩᠬᠢ ᠵᠢ ᠦᠢ᠍ᠯᠡᠳᠤᠭ᠌ᠰᠡᠨ ᠪᠤᠶᠤ ᠬᠠᠳᠠᠭ᠋ᠠᠯᠠᠭᠰᠠᠨ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠬᠠᠷᠢᠭᠣᠴᠠᠨ ᠢᠯᠡ ᠪᠤᠯᠭ᠋ᠠᠨ᠎ᠠ᠃ ᠬᠠᠤᠯᠢ ᠴᠠᠭ᠋ᠠᠵᠠ᠂ ᠬᠠᠤᠯᠢ ᠲᠤᠭᠳᠠᠭ᠋ᠠᠯ᠎ᠳᠤ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠡᠷᠬᠡ ᠵᠢᠨ ᠬᠡᠪᠴᠢᠶ᠎ᠠ ᠵᠢᠨ ᠲᠤᠬᠠᠢ ᠠᠰᠳᠠᠭ᠋ᠠᠨ ᠲᠤᠭᠳᠠᠭ᠋ᠠᠯ᠎ᠲᠠᠢ ᠪᠠᠢ᠌ᠪᠠᠯ᠂ ᠲᠡᠷᠡ ᠲᠤᠭᠳᠠᠭ᠋ᠠᠯ᠎ᠢ ᠵᠢᠷᠤᠮᠯᠡᠨ᠎ᠡ᠃
    ᠬᠤᠶᠠᠳᠤᠭ᠋ᠠᠷ ᠪᠦᠯᠦᠭ   ᠭᠤᠶᠤᠴᠢᠯᠠᠯ᠎ᠢ ᠦᠨᠳᠤᠰᠤᠯᠠᠨ ᠢᠯᠡ ᠪᠤᠯᠭ᠋ᠠᠬᠤ ᠵᠠᠷᠴᠢᠮ
    ᠲᠦᠷᠪᠡᠳᠤᠭᠡᠷ ᠵᠤᠢ᠌ᠯ   ᠵᠠᠰᠠᠭ ᠵᠠᠬᠢᠷᠭ᠋ᠠᠨ᠎ᠤ ᠪᠠᠢ᠌ᠭᠤᠯᠭ᠎ᠠ ᠭᠤᠶᠤᠴᠢᠯᠠᠯ ᠶᠤᠰᠤᠭ᠋ᠠᠷ ᠵᠠᠰᠠᠭ᠎ᠤᠨ ᠤᠷᠳᠤᠨ᠎ᠤ ᠮᠡᠳᠡᠬᠡ ᠵᠠᠩᠬᠢ ᠢᠯᠡ ᠪᠤᠯᠭ᠋ᠠᠬᠤ᠎ᠳᠤ 《ᠤᠷᠢᠳᠠᠪᠠᠷ ᠬᠢᠨᠠᠨ ᠪᠠᠢ᠌ᠴᠠᠭ᠋ᠠᠬᠤ᠂ ᠲᠠᠷᠠᠭ᠎ᠠ᠎ᠨᠢ ᠢᠯᠡ ᠪᠤᠯᠭ᠋ᠠᠬᠣ》 ᠪᠠ 《ᠨᠢᠭᠡ ᠬᠡᠷᠡᠭ᠎ᠢ ᠨᠢᠭᠡᠳᠤᠭᠡᠷ ᠰᠢᠭᠦᠯᠳᠠ ᠬᠢᠬᠦ》 ᠵᠠᠷᠴᠢᠮ᠎ᠢ ᠪᠠᠷᠢᠮᠳᠠᠯᠠᠬᠤ ᠬᠡᠷᠩᠳᠠᠢ᠃ ᠤᠯᠤᠰ᠎ᠤᠨ ᠠᠮᠤᠷ

ᠲᠦᠪᠰᠢᠨ᠂ ᠤᠯᠠᠨ ᠨᠠᠢ᠌ᠳᠡ ᠵᠢᠨ ᠠᠮᠤᠷ ᠲᠦᠪᠰᠢᠨ᠂ ᠠᠵᠤ ᠠᠬᠤᠢ ᠵᠢᠨ ᠠᠮᠤᠷ ᠲᠦᠪᠰᠢᠨ ᠪᠠ ᠨᠠᠢ᠌ᠭᠡᠮ᠎ᠤᠨ ᠲᠤᠭᠳᠠᠭᠤᠨ ᠪᠠᠢ᠌ᠳᠠᠯ᠎ᠢ ᠰᠦᠷᠳᠡᠭᠦᠯᠵᠤ ᠪᠣᠯᠬᠤ ᠦᠭᠡᠢ᠂ ᠤᠯᠤᠰ᠎ᠤᠨ ᠨᠢᠭᠤᠴᠠ᠂ ᠬᠤᠳᠠᠯᠳᠤᠭ᠋ᠠᠨ᠎ᠤ ᠨᠢᠭᠤᠴᠠ᠂ ᠬᠤᠪᠢ ᠬᠦᠮᠤᠨ᠎ᠤ ᠨᠢᠭᠤᠴᠠ᠎ᠳᠤ ᠬᠤᠯᠪᠤᠭᠳᠠᠬᠤ ᠵᠠᠰᠠᠭ᠎ᠤᠨ ᠤᠷᠳᠤᠨ᠎ᠤ ᠮᠡᠳᠡᠭᠡ ᠵᠠᠩᠬᠢ ᠵᠢ ᠢᠯᠡ ᠪᠤᠯᠭ᠋ᠠᠵᠤ ᠪᠣᠯᠬᠤ ᠦᠭᠡᠢ᠃ ᠭᠡᠪᠡᠴᠤ᠂ ᠡᠷᠬᠡᠳᠤ ᠬᠦᠮᠤᠨ ᠵᠶ᠋ᠠᠷ ᠢᠯᠡ ᠪᠤᠯᠭ᠋ᠠᠬᠤ ᠵᠢ ᠵᠦᠪᠰᠢᠶᠡᠷᠡᠬᠦᠯᠦᠭᠰᠡᠨ ᠪᠤᠶᠤ ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠠᠴᠠ ᠢᠯᠡ ᠪᠤᠯᠭ᠋ᠠᠬᠤ ᠦᠭᠡᠢ ᠪᠤᠯ ᠤᠯᠠᠨ ᠨᠠᠢ᠌ᠳᠠ ᠵᠢᠨ ᠠᠰᠢᠭ ᠲᠤᠰᠠ᠎ᠳᠤ ᠬᠦᠨᠳᠤ ᠶᠡᠬᠡ ᠨᠥᠯᠥᠭᠡ ᠤᠴᠠᠷᠠᠭᠤᠯᠵᠤ ᠮᠡᠳᠡᠨ᠎ᠡ ᠭᠡᠵᠤ ᠦᠵᠡᠭᠰᠡᠨ  ᠬᠤᠳᠠᠯᠲᠤᠭ᠋ᠠᠨ᠎ᠤ ᠨᠢᠭᠤᠴᠠ᠂ ᠬᠤᠪᠢ ᠬᠦᠮᠤᠨ᠎ᠤ ᠨᠢᠭᠤᠴᠠ᠎ᠳᠤ ᠬᠤᠯᠪᠤᠭᠳᠠᠬᠤ ᠵᠠᠰᠠᠭ᠎ᠤᠨ ᠤᠷᠳᠤᠨ᠎ᠤ ᠮᠡᠳᠡᠭᠡ ᠵᠠᠩᠬᠢ ᠵᠢ ᠢᠯᠡ ᠪᠤᠯᠭ᠋ᠠᠵᠤ ᠪᠤᠯᠤᠨ᠎ᠠ᠃
    ᠲᠠᠪᠤᠳᠤᠭ᠋ᠠᠷ ᠵᠤᠢ᠌ᠯ   ᠲᠤᠤᠷᠠᠬᠢ ᠠᠭᠤᠯᠭ᠎ᠠ ᠵᠢ ᠭᠤᠶᠤᠴᠢᠯᠠᠯ ᠵᠶ᠋ᠠᠷ ᠢᠯᠡ ᠪᠤᠯᠭ᠋ᠠᠬᠤ ᠎ᠳᠤ ᠬᠡᠷᠡᠭᠯᠡᠬᠦ ᠦᠭᠡᠢ᠄
   (ᠨᠢᠭᠡ) ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠡᠳᠤᠷ ᠲᠤᠳᠤᠮ᠎ᠤᠨ ᠠᠵᠢᠯ᠎ᠤᠨ ᠳᠤᠮᠳᠠ᠎ᠪᠠᠨ ᠵᠤᠬᠢᠶᠠᠭᠰᠠᠨ ᠪᠤᠶᠤ ᠤᠯᠤᠭᠰᠠᠨ ᠳᠤᠳᠤᠭ᠋ᠠᠳᠤ ᠬᠠᠮᠢᠶᠠᠷᠤᠯᠳᠠ ᠵᠢᠨ ᠮᠡᠳᠡᠬᠡ ᠵᠠᠩᠬᠢ;
   (ᠬᠤᠶᠠᠷ) ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠶᠠᠷᠢᠯᠴᠠᠬᠤ᠂ ᠰᠣᠲᠤᠯᠬᠤ ᠪᠤᠶᠤ ᠬᠢᠨᠠᠨ ᠪᠠᠢ᠌ᠴᠠᠭ᠋ᠠᠬᠤ ᠶᠠᠪᠤᠴᠠ᠎ᠳᠠᠬᠢ ᠮᠡᠳᠡᠬᠡ ᠵᠠᠩᠬᠢ;
   (ᠭᠤᠷᠪᠠ) ᠢᠯᠡ ᠪᠤᠯᠭ᠋ᠠᠭᠰᠠᠨ᠎ᠤ ᠲᠠᠷᠠᠭ᠎ᠠ ᠪᠠᠢ᠌ᠴᠠᠭ᠋ᠠᠬᠤ᠂ ᠭᠡᠷᠡᠴᠢ ᠠᠪᠬᠤ ᠵᠡᠷᠭᠡ ᠵᠠᠰᠠᠭ ᠵᠠᠬᠢᠷᠭ᠋ᠠᠨ᠎ᠤ ᠬᠠᠤᠯᠢ ᠬᠡᠷᠡᠭᠵᠢᠬᠦᠯᠬᠦ ᠠᠵᠢᠯᠯᠠᠭ᠎ᠠ ᠵᠢᠨ ᠬᠡᠪ ᠵᠶ᠋ᠡᠷ ᠶᠠᠪᠤᠭᠳᠠᠬᠤ ᠵᠢ ᠨᠦᠯᠤᠭᠡᠯᠡᠵᠤ ᠮᠡᠳᠡᠬᠦ ᠵᠠᠩᠬᠢ;
   (ᠲᠦᠷᠪᠡ) ᠬᠠᠤᠯᠢ ᠴᠠᠭ᠋ᠠᠵᠠ᠂ ᠬᠠᠤᠯᠢ ᠲᠤᠭᠳᠠᠭ᠋ᠠᠯ᠎ᠳᠤ ᠢᠯᠡ ᠪᠤᠯᠭ᠋ᠠᠬᠤ ᠵᠢ ᠴᠠᠭ᠋ᠠᠵᠠᠯᠠᠬᠤ᠎ᠪᠠᠷ ᠲᠤᠭᠳᠠᠭ᠋ᠠᠭᠰᠠᠨ ᠪᠣᠰᠣᠳ ᠵᠤᠢ᠌ᠯ᠃
    ᠭᠤᠷᠪᠠᠳᠤᠭ᠋ᠠᠷ ᠪᠦᠯᠦᠭ     ᠭᠤᠶᠤᠴᠢᠯᠠᠯ᠎ᠢ ᠦᠨᠳᠤᠰᠤᠯᠡᠨ ᠢᠯᠡ ᠪᠤᠯᠭ᠋ᠠᠬᠤ ᠠᠷᠭ᠎ᠠ ᠮᠠᠶᠢᠭ ᠪᠠ ᠵᠢᠷᠤᠮ
    ᠵᠢᠷᠭᠣᠳᠣᠭ᠋ᠠᠷ ᠵᠤᠢ᠌ᠯ     ᠭᠤᠶᠤᠴᠢᠯᠠᠭᠴᠢ ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠳᠤ ᠵᠠᠰᠠᠭ᠎ᠤᠨ ᠤᠷᠳᠤᠨ᠎ᠤ ᠮᠡᠳᠡᠭᠡ ᠵᠠᠩᠬᠢ ᠤᠯᠬᠤ᠎ᠪᠠᠷ ᠭᠤᠶᠤᠴᠢᠯᠠᠬᠤ᠎ᠳᠠᠭᠠᠨ ᠪᠢᠴᠢᠭ ᠎ᠤᠨ ᠬᠡᠯᠪᠡᠷᠢ ᠵᠢ ᠬᠡᠷᠡᠭᠯᠡᠬᠦ ᠬᠡᠷᠡᠭᠳᠡᠢ᠂ ᠲᠤᠰ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠵᠠᠰᠠᠭ᠎ᠤᠨ ᠤᠷᠳᠤᠨ᠎ᠤ ᠮᠡᠳᠡᠭᠡ ᠵᠠᠩᠬᠢ ᠵᠢ ᠢᠯᠡ ᠪᠤᠯᠭ᠋ᠠᠬᠤ ᠭᠤᠶᠤᠴᠢᠯᠠᠯ᠎ᠤᠨ ᠬᠦᠰᠤᠨᠤᠭ᠌ᠳᠦ ᠵᠢ ᠲᠠᠭᠯᠠᠵᠤ᠂ ᠲᠤᠤᠷᠠᠬᠢ ᠠᠷᠭ᠎ᠠ ᠮᠠᠶᠢᠭ ᠵᠶ᠋ᠠᠷ ᠲᠤᠰᠢᠶᠠᠨ᠎ᠠ᠄
   (ᠨᠢᠭᠡ) ᠨᠢᠭᠤᠷᠳᠠᠨ ᠲᠤᠰᠢᠶᠠᠬᠤ᠃ ᠭᠤᠶᠤᠴᠢᠯᠠᠭᠴᠢ ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠳᠤ ᠪᠢᠴᠢᠭ᠎ᠤᠨ ᠭᠤᠶᠤᠴᠢᠯᠠᠯ ᠲᠠᠪᠰᠢᠭᠦᠯᠵᠤ ᠪᠤᠯᠤᠨ᠎ᠠ᠂ ᠪᠢᠴᠢᠭ᠎ᠤᠨ ᠬᠡᠯᠪᠡᠷᠢ ᠵᠢ ᠬᠡᠷᠡᠭᠯᠡᠬᠦ᠎ᠳᠤ ᠬᠦᠴᠢᠷᠳᠠᠢ   ᠪᠤᠯ᠂ ᠠᠮᠠ᠎ᠪᠠᠷ ᠭᠤᠶᠤᠴᠢᠯᠠᠯ ᠭᠠᠷᠭ᠋ᠠᠵᠤ ᠪᠤᠯᠤᠨ᠎ᠠ᠃ ᠲᠤᠰ ᠭᠤᠶᠤᠴᠢᠯᠠᠯ᠎ᠢ ᠰᠢᠢ᠍ᠳᠪᠦᠷᠢᠯᠡᠬᠦ᠎ᠪᠠᠷ ᠬᠦᠯᠢᠶᠠᠨ ᠠᠪᠤᠭᠰᠠᠨ ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠠᠴᠠ ᠭᠤᠶᠤᠴᠢᠯᠠᠯ᠎ᠤᠨ ᠬᠦᠰᠤᠨᠤᠭ᠌ᠳᠦ ᠵᠢ ᠤᠷᠤᠯᠠᠨ ᠲᠠᠭᠯᠠᠵᠤ᠂ ᠭᠤᠶᠤᠴᠢᠯᠠᠭᠴᠢ ᠭᠠᠷ᠎ᠤᠨ ᠦᠰᠦᠭ ᠵᠢᠷᠤᠬᠤ ᠪᠤᠶᠤ ᠲᠠᠮᠠᠭ᠎ᠠ ᠳᠠᠷᠤᠵᠤ ᠨᠤᠳᠠᠯᠠᠨ᠎ᠠ᠃
   (ᠬᠤᠶᠠᠷ) ᠵᠠᠬᠢᠳᠠᠯ᠂ ᠹᠠᠺᠰ ᠶᠠᠪᠤᠭᠤᠯᠬᠤ᠃ ᠭᠤᠶᠤᠴᠢᠯᠠᠭᠴᠢ᠎ᠨᠢ ᠵᠠᠬᠢᠳᠠᠯ᠂ ᠹᠠᠺᠰ ᠶᠠᠪᠤᠭᠤᠯᠬᠤ ᠠᠷᠭ᠎ᠠ ᠮᠠᠶᠢᠭ ᠵᠶ᠋ᠠᠷ ᠭᠤᠶᠤᠴᠢᠯᠠᠯ ᠵᠶ᠋ᠠᠨ ᠲᠤᠰᠢᠶᠠᠪᠠᠯ᠂ ᠵᠠᠬᠢᠳᠠᠯ᠎ᠤᠨ ᠲᠤᠭᠳᠤᠢ ᠪᠤᠶᠤ ᠹᠠᠺᠰ ᠨᠢᠭᠤᠷ᠎ᠤᠨ ᠪᠠᠷᠠᠭᠤᠨ ᠲᠡᠭᠡᠷ᠎ᠡ ᠦᠨᠴᠦᠭ᠎ᠲᠤ 《ᠵᠠᠰᠠᠭ᠎ᠤᠨ ᠤᠷᠳᠤᠨ᠎ᠤ ᠮᠡᠳᠡᠭᠡ ᠵᠠᠩᠭᠢ ᠵᠢ ᠢᠯᠡ ᠪᠤᠯᠭ᠋ᠠᠬᠤ ᠭᠤᠶᠤᠴᠢᠯᠠᠯ》 ᠭᠡᠰᠠᠨ ᠦᠰᠦᠭ᠎ᠢ ᠲᠤᠳᠤᠷᠬᠠᠢ᠌ᠯᠠᠬᠤ ᠬᠡᠷᠡᠭᠳᠡᠢ᠃
   (ᠭᠤᠷᠪᠠ)   ᠰᠦᠯᠵᠢᠶ᠎ᠠ᠎ᠪᠠᠷ ᠲᠤᠰᠢᠶᠠᠨ᠎ᠠ᠃ ᠭᠤᠶᠤᠴᠢᠯᠠᠭᠴᠢ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠵᠠᠰᠠᠭ᠎ᠤᠨ ᠤᠷᠳᠤᠨ᠎ᠤ ᠰᠦᠯᠵᠢᠶᠠᠨ᠎ᠳᠤ ᠭᠠᠷᠴᠤ᠂ 《ᠭᠤᠶᠤᠴᠢᠯᠠᠯ ᠵᠶ᠋ᠠᠷ ᠢᠯᠡ ᠪᠤᠯᠭ᠋ᠠᠬᠤ ᠲᠤᠰᠬᠠᠢ ᠪᠤᠯᠤᠩ》 ᠵᠶ᠋ᠡᠷ ᠲᠠᠮᠵᠢᠭᠤᠯᠤᠨ ᠵᠠᠰᠠᠭ᠎ᠤᠨ ᠤᠷᠳᠤᠨ᠎ᠤ ᠮᠠᠳᠡᠭᠡ ᠵᠠᠩᠬᠢ ᠵᠢ ᠢᠯᠡ ᠪᠤᠯᠭ᠋ᠠᠬᠤ ᠭᠤᠶᠤᠴᠢᠯᠠᠯ ᠵᠶ᠋ᠠᠨ ᠰᠦᠯᠵᠢᠶᠠᠨ ᠲᠡᠭᠡᠷ᠎ᠡ ᠲᠤᠰᠢᠶᠠᠨ᠎ᠠ᠃ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠲᠤᠰ ᠪᠠᠢ᠌ᠭᠤᠯᠭ᠎ᠠ ᠵᠢᠨ ᠵᠠᠰᠠᠭ᠎ᠤᠨ ᠤᠷᠳᠤᠨ᠎ᠤ ᠰᠦᠯᠵᠢᠶᠠᠨ ᠲᠡᠭᠡᠷ᠎ᠡ 《ᠭᠤᠶᠤᠴᠢᠯᠠᠯ ᠵᠶ᠋ᠠᠷ ᠢᠯᠡ ᠪᠤᠯᠭ᠋ᠠᠬᠤ ᠲᠤᠰᠬᠠᠢ ᠪᠤᠯᠤᠩ》 ᠭᠠᠷᠭ᠋ᠠᠵᠤ᠂ ᠵᠠᠰᠠᠭ᠎ᠤᠨ ᠣᠷᠲᠤᠨ᠎ᠤ ᠮᠡᠳᠡᠭᠡ ᠵᠠᠩᠬᠢ ᠵᠢ ᠢᠯᠡ ᠪᠤᠯᠭ᠋ᠠᠬᠤ ᠭᠤᠶᠤᠴᠢᠯᠠᠯ᠎ᠤᠨ ᠬᠦᠰᠤᠨᠤᠭ᠌ᠳᠦ ᠵᠢ ᠪᠠᠭᠤᠯᠭ᠋ᠠᠬᠤ᠂ ᠰᠦᠯᠵᠢᠶᠡᠨ ᠲᠡᠭᠡᠷ᠎ᠡ ᠲᠠᠭᠯᠠᠨ ᠪᠢᠴᠢᠬᠦ ᠪᠠ ᠲᠤᠰᠢᠶᠠᠬᠤ ᠴᠢᠳᠠᠮᠵᠢ ᠲᠤᠬᠢᠷᠠᠭᠤᠯᠬᠤ ᠬᠡᠷᠡᠭᠳᠡᠢ᠃
    ᠲᠤᠯᠤᠳᠤᠭ᠋ᠠᠷ ᠵᠤᠢ᠌ᠯ     ᠭᠤᠶᠤᠴᠢᠯᠠᠭᠴᠢ ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠳᠤ ᠲᠤᠰᠢᠶᠠᠭᠰᠠᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠭᠤᠶᠤᠴᠢᠯᠠᠯ᠎ᠤᠨ ᠬᠦᠰᠤᠨᠤᠭ᠌ᠳᠦ ᠲᠡᠭᠡᠷ᠎ᠡ ᠲᠤᠤᠷᠠᠬᠢ ᠠᠭᠤᠯᠭ᠎ᠠ ᠵᠢ ᠲᠠᠭᠯᠠᠨ ᠪᠢᠴᠢᠬᠦ ᠬᠡᠷᠡᠭᠳᠡᠢ᠄
   (ᠨᠢᠭᠡ) ᠭᠤᠶᠤᠴᠢᠯᠠᠭᠴᠢ ᠵᠢᠨ ᠤᠪᠤᠭ ᠨᠡᠷ᠎ᠡ ᠪᠤᠶᠤ ᠨᠠᠷᠠᠢ᠌ᠳᠤᠯ᠂ ᠪᠡᠶ᠎ᠡ ᠵᠢᠨ ᠦᠨᠡᠮᠯᠡᠯ᠎ᠤᠨ ᠨᠤᠮᠸᠷ᠂ ᠬᠠᠷᠢᠯᠴᠠᠬᠤ   ᠤᠳᠠᠰᠤ᠂ ᠢᠮᠸᠯ ᠪᠠ ᠵᠠᠬᠢᠳᠠᠯ ᠨᠠᠪᠳᠠᠷᠠᠬᠦ ᠬᠠᠶᠢᠭ ᠵᠡᠷᠭᠡ ᠮᠡᠳᠡᠬᠡ ᠵᠠᠩᠬᠢ᠃ ᠭᠤᠶᠤᠴᠢᠯᠠᠭᠴᠢ᠎ᠨᠢ ᠬᠠᠤᠯᠢ ᠵᠢᠨ ᠬᠦᠮᠤᠨ ᠪᠤᠶᠤ ᠪᠤᠰᠤᠳ ᠵᠤᠬᠢᠶᠠᠨ ᠪᠠᠢ᠌ᠭᠤᠯᠤᠯᠳᠠ ᠪᠠᠢ᠌ᠪᠠᠯ᠂ ᠪᠠᠰᠠ ᠬᠠᠤᠯᠢ ᠵᠢᠨ ᠬᠦᠮᠤᠨ᠎ᠤ ᠲᠦᠯᠤᠭᠡᠯᠡᠭᠴᠢ ᠵᠢᠨ ᠤᠪᠤᠭ ᠨᠠᠷ᠎ᠡ᠂ ᠪᠡᠶ᠎ᠡ ᠵᠢᠨ ᠦᠨᠠᠮᠯᠠᠯ᠎ᠤᠨ ᠨᠤᠮᠸᠷ᠂ ᠵᠤᠬᠢᠶᠠᠨ ᠪᠠᠢ᠌ᠭᠤᠯᠤᠯᠳᠠ ᠵᠢᠨ ᠪᠠᠢ᠌ᠭᠤᠯᠤᠮᠵᠢ ᠵᠢᠨ ᠤᠷᠤᠯᠠᠬᠤ ᠨᠤᠮᠸᠷ᠎ᠢ ᠲᠠᠭᠯᠠᠨ ᠪᠢᠴᠢᠬᠦ ᠬᠡᠷᠡᠭᠳᠡᠢ᠃ ᠪᠤᠰᠤᠳ᠎ᠲᠤ ᠨᠠᠢ᠌ᠳᠠᠵᠤ ᠭᠤᠶᠤᠴᠢᠯᠠᠯ ᠭᠠᠷᠭ᠋ᠠᠭᠰᠠᠨ ᠪᠤᠯ ᠨᠠᠢ᠌ᠳᠠᠭᠴᠢ ᠵᠢᠨ ᠭᠠᠷ᠎ᠤᠨ ᠦᠰᠦᠭ ᠵᠢᠷᠣᠭᠰᠠᠨ ᠪᠤᠶᠤ ᠲᠠᠮᠠᠭ᠎ᠠ ᠲᠠᠷᠤᠭᠰᠠᠨ ᠡᠷᠬᠡ ᠤᠯᠭᠤᠭᠰᠠᠨ ᠨᠠᠢ᠌ᠳᠠᠯᠭ᠎ᠠ ᠵᠢᠨ ᠪᠢᠴᠢᠭ᠎ᠢ ᠬᠠᠩᠭ᠋ᠠᠬᠤ ᠴᠢᠬᠤᠯᠠᠳᠠᠢ᠂ 5 ᠬᠦᠮᠤᠨ᠎ᠠᠴᠠ ᠲᠡᠭᠡᠭᠰᠢ ᠬᠦᠮᠤᠨ ᠠᠳᠠᠯᠢ ᠨᠢᠭᠡ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ᠎ᠪᠠᠷ ᠬᠠᠮᠳᠤ᠎ᠪᠠᠷ ᠭᠤᠶᠤᠴᠢᠯᠠᠭᠰᠠᠨ ᠪᠠᠢ᠌ᠪᠠᠯ᠂1᠎ᠠᠴᠠ5 ᠲᠦᠯᠤᠭᠡᠯᠡᠭᠴᠢ ᠰᠤᠩᠭᠤᠨ ᠭᠠᠷᠭ᠋ᠠᠵᠤ ᠭᠤᠶᠤᠴᠢᠯᠠᠯ ᠲᠠᠪᠰᠢᠭᠦᠯᠬᠦ ᠵᠢᠨ ᠬᠠᠮᠳᠤ ᠰᠤᠩᠭᠤᠨ ᠭᠠᠷᠭ᠋ᠠᠬᠤ ᠭᠡᠷᠡᠴᠢ ᠮᠠᠲᠸᠷᠢᠶᠠᠯ᠎ᠢ ᠬᠠᠩᠭ᠋ᠠᠬᠤ ᠬᠡᠷᠡᠭᠳᠡᠢ;
   (ᠬᠤᠶᠠᠷ) ᠵᠠᠰᠠᠭ᠎ᠤᠨ ᠤᠷᠳᠤᠨ᠎ᠤ ᠮᠡᠳᠡᠭᠡ ᠵᠠᠩᠬᠢ ᠵᠢ ᠢᠯᠡ   ᠪᠤᠯᠭ᠋ᠠᠬᠤ ᠎ᠪᠠᠷ ᠭᠤᠶᠤᠴᠢᠯᠠᠭᠰᠠᠨ ᠠᠭᠤᠯᠭ᠎ᠠ ᠵᠢᠨ ᠳᠦᠷᠰᠦᠯᠡᠯ᠂ ᠡᠭᠦᠨ᠎ᠳᠤ ᠤᠨᠴᠠ ᠲᠤᠭᠳᠠᠭ᠋ᠠᠭᠰᠠᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢᠨ ᠨᠠᠷᠠᠢ᠌ᠳᠤᠯ᠂ ᠪᠢᠴᠢᠭ᠎ᠤᠨ ᠳ᠋ᠤᠭ᠋ᠠᠷ᠂ ᠦᠢ᠍ᠯᠡᠳᠬᠦ ᠴᠠᠭ ᠬᠤᠭᠤᠴᠠᠭ᠎ᠠ ᠪᠤᠶᠤ ᠪᠤᠰᠤᠳ ᠤᠨᠴᠠ ᠰᠢᠨᠵᠢ ᠲᠡᠮᠳᠡᠭ᠎ᠤᠨ ᠴᠢᠨᠠᠷᠳᠠᠢ ᠲᠦᠷᠰᠤᠯᠡᠯ ᠪᠠᠭᠳᠠᠨ᠎ᠠ᠂ ᠭᠤᠶᠤᠴᠢᠯᠠᠭᠴᠢ ᠭᠤᠶᠤᠴᠢᠯᠠᠭᠰᠠᠨ ᠠᠭᠤᠯᠭ᠎ᠠ ᠵᠢ ᠤᠨᠤᠪᠴᠢᠳᠠᠢ ᠲᠦᠷᠰᠤᠯᠡᠵᠤ ᠴᠢᠳᠠᠬᠤ ᠦᠭᠡᠢ ᠪᠠᠢ᠌ᠪᠠᠯ᠂ ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠠᠴᠠ ᠠᠰᠠᠭᠤᠨ ᠯᠠᠪᠯᠠᠵᠤ ᠪᠤᠯᠤᠨ᠎ᠠ᠃
   (ᠭᠤᠷᠪᠠ) ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠣ᠎ᠪᠠᠷ ᠭᠤᠶᠤᠴᠢᠯᠠᠬᠤ ᠬᠡᠷᠡᠭᠳᠡᠢ᠃
   (ᠲᠦᠷᠪᠡ) ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠬᠠᠷᠢᠭᠤᠯᠳᠠ ᠦᠭᠬᠦ ᠵᠢᠴᠢ ᠭᠤᠶᠤᠴᠢᠯᠠᠯ ᠵᠶ᠋ᠠᠷ ᠢᠯᠡ ᠪᠤᠯᠭ᠋ᠠᠬᠤ ᠵᠠᠰᠠᠭ᠎ᠤᠨ ᠤᠷᠳᠤᠨ᠎ᠤ ᠮᠡᠳᠡᠬᠡ ᠵᠠᠩᠬᠢ ᠬᠠᠩᠭ᠋ᠠᠬᠤ ᠬᠡᠯᠪᠡᠷᠢ ᠵᠢᠨ ᠱᠠᠭ᠋ᠠᠷᠳᠠᠯᠭ᠎ᠠ ᠵᠢ ᠵᠢᠷᠤᠮᠯᠠᠬᠤ

ᠬᠡᠷᠡᠭᠳᠡᠢ  ᠃
    ᠨᠠᠢ᠍ᠮᠠᠳᠤᠭ᠋ᠠᠷ ᠵᠤᠢ᠌ᠯ   ᠭᠤᠶᠤᠴᠢᠯᠠᠭᠴᠢ ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠳᠤ ᠦᠪᠡᠷ᠎ᠤᠨ ᠪᠡᠶ᠎ᠡ᠎ᠲᠠᠢ᠎ᠪᠠᠨ ᠬᠤᠯᠪᠤᠭᠳᠠᠬᠤ ᠭᠠᠢ᠌ᠯᠢ ᠰᠤᠢ᠌ᠳᠭᠡᠯ ᠲᠤᠰᠢᠶᠠᠬᠤ᠂ ᠨᠠᠢ᠌ᠭᠡᠮ᠎ᠤᠨ ᠪᠠᠳᠤᠯᠠᠭ᠎ᠠ᠂ ᠡᠮ ᠡᠮᠨᠡᠯᠭᠡ ᠡᠷᠡᠭᠦᠯ ᠬᠠᠮᠠᠭ᠋ᠠᠯᠠᠯ ᠵᠡᠷᠭᠡ ᠵᠠᠰᠠᠭ᠎ᠤᠨ ᠤᠷᠳᠤᠨ᠎ᠤ ᠮᠡᠳᠡᠬᠡ ᠵᠠᠩᠬᠢ ᠬᠠᠩᠭ᠋ᠠᠬᠤ᠎ᠪᠠᠷ ᠭᠤᠶᠤᠴᠢᠯᠠᠭᠰᠠᠨ ᠪᠠᠢ᠌ᠪᠠᠯ᠂ ᠬᠦᠴᠤᠨ ᠪᠦᠬᠦᠢ ᠪᠡᠶ᠎ᠡ ᠵᠢᠨ ᠦᠨᠡᠮᠯᠡᠯ ᠪᠤᠶᠤ ᠭᠡᠷᠡᠴᠢᠯᠡᠬᠦ ᠪᠢᠴᠢᠭ ᠮᠠᠲᠸᠷᠢᠶᠠᠯ ᠵᠶ᠋ᠠᠨ ᠭᠠᠷᠭ᠋ᠠᠵᠤ ᠦᠵᠡᠭᠦᠯᠬᠦ ᠬᠡᠷᠡᠭᠳᠡᠢ᠃
    ᠶᠢᠰᠤᠳᠤᠭᠡᠷ ᠵᠤᠢ᠌ᠯ     ᠭᠤᠶᠤᠴᠢᠯᠠᠭᠴᠢ᠎ᠨᠢ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠬᠠᠩᠭ᠋ᠠᠭᠰᠠᠨ ᠦᠪᠡᠷ᠎ᠤᠨ ᠪᠡᠶ᠎ᠡ᠎ᠲᠠᠢ᠎ᠪᠠᠨ ᠬᠤᠯᠪᠤᠭᠳᠠᠬᠤ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢᠨ ᠲᠡᠮᠳᠡᠭᠯᠡᠯ᠎ᠨᠢ ᠤᠨᠤᠪᠴᠢ ᠦᠭᠡᠢ ᠪᠠᠢ᠌ᠬᠤ ᠵᠢ ᠭᠡᠷᠡᠴᠢᠯᠡᠬᠦ ᠭᠡᠷᠡᠴᠢ ᠪᠠᠷᠢᠮᠳᠠ᠎ᠲᠠᠢ ᠪᠠᠢ᠌ᠪᠠᠯ᠂ ᠲᠤᠰ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢ ᠵᠠᠯᠠᠷᠠᠭᠤᠯᠤᠭᠤᠯᠬᠤ᠎ᠪᠠᠷ ᠱᠠᠭ᠋ᠠᠷᠳᠠᠬᠤ ᠡᠷᠬᠡ᠎ᠲᠠᠢ᠃ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠠᠯᠠᠷᠠᠭᠤᠯᠬᠤ ᠡᠷᠬᠡ᠎ᠲᠠᠢ ᠪᠠᠢ᠌ᠪᠠᠯ᠂ ᠴᠠᠭ ᠲᠤᠬᠠᠢ᠎ᠳᠤᠨᠢ ᠵᠠᠯᠠᠷᠠᠭᠤᠯᠬᠤ ᠬᠡᠷᠡᠭᠳᠡᠢ; ᠵᠠᠯᠠᠷᠠᠭᠤᠯᠬᠤ ᠡᠷᠬᠡ ᠦᠭᠡᠢ ᠪᠤᠯ ᠵᠠᠯᠠᠷᠠᠭᠤᠯᠬᠤ   ᠡᠷᠬᠡ᠎ᠲᠠᠢ ᠵᠠᠰᠠᠭ ᠵᠠᠬᠢᠷᠭ᠋ᠠᠨ᠎ᠤ ᠪᠠᠢ᠌ᠭᠤᠯᠬ᠎ᠠ᠎ᠳᠤ ᠰᠢᠯᠵᠢᠭᠦᠯᠦᠨ ᠬᠦᠷᠭᠡᠵᠤ ᠰᠢᠢ᠍ᠳᠪᠦᠷᠢᠯᠡᠬᠦᠯᠬᠦ ᠵᠢᠨ ᠬᠠᠮᠳᠤ ᠭᠤᠶᠤᠴᠢᠯᠠᠭᠴᠢ᠎ᠳᠤ ᠪᠢᠴᠢᠭ ᠵᠶ᠋ᠡᠷ ᠮᠡᠳᠡᠭᠳᠡᠬᠦ ᠬᠡᠷᠡᠭᠳᠡᠢ᠃
    ᠠᠷᠪᠠᠳᠤᠭ᠋ᠠᠷ ᠵᠤᠢ᠌ᠯ     ᠮᠠᠨ᠎ᠤ ᠤᠯᠤᠰ᠎ᠠᠴᠠ ᠬᠢᠯᠢ ᠵᠢᠨ ᠲᠤᠳᠤᠷ᠎ᠠ ᠪᠠᠢ᠌ᠭ᠎ᠠ ᠭᠠᠳᠠᠭ᠋ᠠᠳᠤ ᠤᠯᠤᠰ ᠎ᠤᠨ ᠠᠷᠠᠳ ᠢᠷᠭᠡᠨ᠂ ᠬᠠᠤᠯᠢ ᠵᠢᠨ ᠬᠦᠮᠤᠨ ᠪᠤᠶᠤ ᠪᠤᠰᠤᠳ ᠵᠤᠬᠢᠶᠠᠨ ᠪᠠᠢ᠌ᠭᠤᠯᠤᠯᠳᠠ ᠦᠢ᠍ᠯᠡᠳᠪᠤᠷᠢᠯᠡᠯ᠂ ᠠᠮᠢᠳᠤᠷᠠᠯ᠂ ᠰᠢᠨᠵᠢᠯᠡᠬᠦ ᠤᠬᠠᠭ᠋ᠠᠨ᠎ᠤ ᠰᠤᠳᠤᠯᠭ᠋ᠠᠨ ᠵᠡᠷᠭᠡ ᠤᠨᠴᠠᠭ᠋ᠠᠢ ᠬᠡᠷᠡᠭᠴᠡᠭᠡ᠎ᠠᠴᠠ ᠪᠤᠯᠵᠤ᠂ ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠳᠤ ᠬᠤᠯᠪᠤᠭᠳᠠᠯ ᠪᠦᠬᠦᠢ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠤᠯᠬᠤ᠎ᠪᠠᠷ ᠭᠤᠶᠤᠴᠢᠯᠠᠭᠰᠠᠨ ᠪᠠᠢ᠌ᠪᠠᠯ᠂ ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠠᠴᠠ 《ᠲᠦᠷᠢᠮ》᠎ᠤᠨ ᠬᠤᠯᠪᠤᠭᠳᠠᠯ ᠪᠦᠬᠦᠢ ᠲᠤᠭᠳᠠᠭ᠋ᠠᠯ ᠶᠤᠰᠤᠭ᠋ᠠᠷ ᠰᠢᠢ᠍ᠳᠪᠤᠷᠢᠯᠡᠨ᠎ᠡ; ᠮᠠᠨ᠎ᠤ ᠤᠯᠤᠰ᠎ᠠᠴᠠ ᠬᠢᠯᠢ ᠵᠢᠨ ᠭᠠᠳᠠᠨᠠᠬᠢ ᠭᠠᠳᠠᠭ᠋ᠠᠳᠤ ᠤᠯᠤᠰ᠎ᠠᠴᠠ ᠠᠷᠠᠳ ᠢᠷᠭᠡᠨ᠂ ᠬᠠᠤᠯᠢ ᠵᠢᠨ ᠡᠷᠭᠡᠳᠡᠨ ᠪᠤᠶᠤ ᠪᠤᠰᠤᠳ ᠵᠤᠬᠢᠶᠠᠨ ᠪᠠᠢ᠌ᠭᠤᠯᠤᠯᠳᠠ ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠳᠤ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠭᠤᠶᠤᠴᠢᠯᠠᠯ ᠭᠠᠷᠭ᠋ᠠᠭᠰᠠᠨ ᠪᠠᠢ᠌ᠪᠠᠯ᠂ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠬᠦᠯᠢᠶᠡᠨ ᠠᠪᠴᠤ ᠰᠢᠢ᠍ᠳᠪᠤᠷᠢᠯᠡᠬᠦ ᠦᠭᠡᠢ᠃
    ᠵᠠᠰᠠᠭ ᠵᠠᠬᠢᠷᠭ᠋ᠠᠨ᠎ᠤ ᠪᠠᠢ᠌ᠭᠤᠯᠭ᠎ᠠ ᠮᠠᠨ᠎ᠤ ᠤᠯᠤᠰ᠎ᠠᠴᠠ ᠬᠢᠯᠢ ᠵᠢᠨ ᠲᠤᠳᠤᠷ᠎ᠠ ᠪᠠᠢ᠌ᠭ᠎ᠠ ᠭᠠᠳᠠᠭ᠋ᠠᠳᠤ ᠤᠯᠤᠰ᠎ᠠᠴᠠ ᠠᠷᠠᠳ ᠢᠷᠭᠡᠨ᠂ ᠬᠠᠤᠯᠢ ᠡᠷᠬᠡᠳᠡᠨ ᠪᠤᠶᠤ ᠪᠤᠰᠤᠳ ᠵᠤᠬᠢᠶᠠᠨ ᠪᠠᠢ᠌ᠭᠤᠯᠤᠯᠳᠠ ᠵᠢᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠪᠤᠯᠭ᠋ᠠᠬᠤ ᠭᠤᠶᠤᠴᠢᠯᠠᠯ᠎ᠢ ᠤᠯᠤᠭᠰᠠᠨ ᠲᠠᠷᠠᠭ᠎ᠠ᠂ ᠭᠤᠶᠤᠴᠢᠯᠠᠭᠴᠢ ᠵᠢᠨ ᠪᠡᠶ᠎ᠡ ᠵᠢᠨ ᠬᠢᠷᠢ ᠭᠡᠮ᠎ᠢ ᠬᠢᠨᠠᠨ ᠬᠠᠷᠭᠤᠭᠤᠯᠬᠤ ᠬᠡᠷᠡᠭᠳᠡᠢ; ᠬᠠᠩᠭ᠋ᠠᠬᠤ᠎ᠪᠠᠷ ᠪᠠᠢ᠌ᠭ᠎ᠠ ᠵᠠᠰᠠᠭ᠎ᠤᠨ ᠤᠷᠳᠤᠨ᠎ᠤ ᠮᠡᠳᠡᠬᠡ ᠵᠠᠩᠬᠢ᠎ᠳᠤ 《ᠪᠦᠬᠦᠳᠡ ᠨᠠᠢ᠌ᠷᠠᠮᠳᠠᠬᠤ ᠲᠤᠮᠳᠠᠳᠤ ᠠᠷᠠᠳ ᠤᠯᠤᠰ᠎ᠤᠨ ᠤᠯᠤᠰ᠎ᠤᠨ ᠨᠢᠭᠤᠴᠠ ᠵᠢ ᠬᠠᠮᠠᠭ᠋ᠠᠯᠠᠬᠤ ᠬᠠᠤᠯᠢ》 ᠵᠢᠴᠢ ᠪᠤᠰᠤᠳ ᠬᠠᠤᠯᠢ ᠴᠠᠭ᠋ᠠᠵᠠ᠂ ᠬᠠᠤᠯᠢ ᠲᠤᠭᠳᠠᠭ᠋ᠠᠯ ᠪᠠ ᠤᠯᠤᠰ᠎ᠤᠨ ᠲᠤᠭᠳᠠᠭ᠋ᠠᠯ ᠶᠤᠰᠤᠭ᠋ᠠᠷ ᠨᠢᠭᠤᠴᠠ ᠵᠢ ᠬᠠᠮᠠᠭ᠋ᠠᠯᠠᠬᠤ ᠴᠢᠩᠭ᠎ᠠ ᠬᠢᠨᠠᠨ ᠪᠠᠢ᠌ᠴᠠᠭ᠋ᠠᠯᠳᠠ ᠬᠢᠬᠦ ᠬᠡᠷᠡᠭᠳᠡᠢ᠃
    ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠭᠠᠳᠠᠭ᠋ᠠᠳᠤ ᠤᠯᠤᠰ᠎ᠤᠨ ᠠᠷᠠᠳ ᠢᠷᠭᠡᠨ᠂ ᠬᠠᠤᠯᠢ ᠵᠢᠨ ᠬᠦᠮᠤᠨ ᠪᠤᠶᠤ ᠪᠤᠰᠤᠳ ᠵᠤᠬᠢᠶᠠᠨ ᠪᠠᠢ᠌ᠭᠤᠯᠤᠯᠳᠠ᠎ᠳᠤ ᠬᠠᠩᠭ᠋ᠠᠭᠰᠠᠨ ᠵᠠᠰᠠᠭ᠎ᠤᠨ ᠤᠷᠳᠤᠨ᠎ᠤ ᠮᠡᠳᠡᠬᠡ ᠵᠠᠩᠬᠢ᠎ᠨᠢ ᠶᠠᠷᠤ᠎ᠳᠡᠭᠡᠨ ᠬᠢᠳᠠᠳ ᠪᠤᠯᠤᠨ᠎ᠠ᠃ ᠭᠠᠳᠠᠭ᠋ᠠᠳᠤ ᠬᠡᠯᠡᠨ᠎ᠤ ᠤᠷᠴᠢᠭᠤᠯᠭ᠎ᠠ ᠵᠢᠨ ᠲᠡᠪᠳᠡᠷ᠎ᠢ ᠬᠠᠩᠭ᠋ᠠᠬᠤ ᠦᠭᠡᠢ᠃
    ᠠᠷᠪᠡᠨ ᠨᠢᠭᠡᠳᠤᠭᠡᠷ ᠵᠤᠢ᠌ᠯ     ᠰᠢᠶᠠᠩᠭ᠋ᠠᠩ᠎ᠤᠨ ᠵᠠᠰᠠᠭ ᠵᠠᠬᠢᠷᠭ᠋ᠠᠨ᠎ᠤ ᠤᠨᠴᠠᠭ᠋ᠠᠢ ᠤᠷᠤᠨ᠂ ᠤᠤᠮᠸᠨ᠎ᠤ ᠵᠠᠰᠠᠭ ᠵᠠᠬᠢᠷᠭ᠋ᠠᠨ᠎ᠤ ᠤᠨᠴᠠᠭ᠋ᠠᠢ ᠤᠷᠤᠨ ᠪᠠ ᠲᠠᠢ᠌ᠸᠠᠨ ᠤᠷᠤᠨ᠎ᠤ ᠰᠠᠭᠤᠭ᠋ᠠᠯᠢ ᠠᠷᠠᠳ᠂ ᠬᠠᠤᠯᠢ ᠬᠦᠮᠤᠨ ᠪᠤᠶᠤ ᠪᠤᠰᠤᠳ ᠵᠤᠬᠢᠶᠠᠨ ᠪᠠᠢ᠌ᠭᠤᠯᠤᠯᠳᠠ ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠳᠤ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠤᠯᠬᠤ ᠭᠤᠶᠤᠴᠢᠯᠠᠯ ᠭᠠᠷᠭ᠋ᠠᠵᠤ᠂ ᠲᠤᠰ ᠠᠷᠭ᠎ᠠ ᠵᠢᠨ ᠠᠷᠪᠠᠳᠤᠭ᠋ᠠᠷ ᠵᠤᠢ᠌ᠯ᠎ᠤᠨ ᠲᠤᠭᠳᠠᠭ᠋ᠠᠯ ᠵᠶ᠋ᠠᠷ ᠯᠠᠪᠯᠠᠯᠳᠠ ᠪᠤᠯᠠᠭ᠋ᠠᠨ ᠬᠦᠢ᠍ᠴᠡᠳᠭᠡᠬᠦ ᠬᠡᠷᠡᠭᠳᠡᠢ᠃
    ᠠᠷᠪᠠᠨ ᠬᠤᠶᠠᠳᠤᠭ᠋ᠠᠷ ᠵᠤᠢ᠌ᠯ     ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠭᠤᠶᠤᠴᠢᠯᠠᠯ᠎ᠢ ᠤᠯᠤᠭᠰᠠᠨ᠎ᠤ ᠲᠠᠷᠠᠭ᠎ᠠ ᠲᠠᠩᠰᠠᠯᠠᠬᠤ ᠪᠠ ᠠᠩᠬ᠎ᠠ ᠬᠢᠨᠠᠬᠤ ᠬᠡᠷᠡᠭᠳᠡᠢ᠃
   (ᠨᠢᠭᠡ) ᠭᠤᠶᠤᠴᠢᠯᠠᠭᠴᠢ ᠵᠢᠨ ᠲᠠᠪᠰᠢᠭᠦᠯᠤᠭ᠌ᠰᠡᠨ ᠭᠤᠶᠤᠴᠢᠯᠠᠯ᠎ᠤᠨ ᠬᠦᠰᠤᠨᠤᠭ᠌ᠳᠦ ᠵᠢ ᠲᠠᠭᠯᠠᠭᠰᠠᠨ᠎ᠨᠢ ᠪᠦᠷᠢᠨ ᠪᠤᠰᠤ ᠪᠤᠶᠤ ᠭᠤᠶᠤᠴᠢᠯᠠᠯ᠎ᠢ ᠢᠯᠡ ᠪᠤᠯᠭ᠋ᠠᠬᠤ ᠠᠭᠤᠯᠭ᠎ᠠ ᠵᠢ ᠲᠦᠷᠰᠤᠯᠡᠭᠰᠡᠨ᠎ᠨᠢ ᠲᠤᠳᠤᠷᠬᠠᠢ ᠦᠭᠡᠢ ᠪᠠᠢ᠌ᠪᠠᠯ᠃ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠭᠤᠶᠤᠴᠢᠯᠠᠯ᠎ᠢ ᠤᠯᠤᠭᠰᠠᠨ᠎ᠤ ᠲᠠᠷᠠᠭ᠋ᠠᠬᠢ7 ᠠᠵᠢᠯᠯᠠᠬᠤ ᠡᠳᠤᠷ᠎ᠤᠨ ᠲᠤᠳᠤᠷ᠎ᠠ ᠭᠤᠶᠤᠴᠢᠯᠠᠭᠴᠢ᠎ᠳᠤ10 ᠡᠳᠤᠷ᠎ᠤᠨ ᠲᠤᠳᠤᠷ᠎ᠠ ᠨᠦᠬᠦᠪᠤᠷᠢᠯᠡᠨ ᠵᠠᠯᠠᠷᠠᠭᠤᠯᠬᠤ ᠵᠢ ᠨᠢᠭᠡ ᠯᠡ ᠤᠳᠠᠭ᠎ᠠ ᠲᠡᠭᠡᠷ᠎ᠡ ᠪᠢᠴᠢᠭ ᠵᠶ᠋ᠡᠷ ᠮᠡᠳᠡᠭᠳᠡᠵᠦ ᠪᠤᠯᠤᠨ᠎ᠠ᠂ ᠭᠤᠶᠤᠴᠢᠯᠠᠭᠴᠢ ᠬᠤᠭᠤᠴᠠᠭ᠎ᠠ ᠭᠡᠳᠤᠷᠠᠳᠠᠯ᠎ᠠ ᠨᠦᠬᠦᠪᠤᠷᠢᠯᠠᠨ ᠵᠠᠯᠠᠷᠠᠭᠤᠯᠬᠤ ᠮᠠᠲᠸᠷᠢᠶᠠᠯ ᠵᠶ᠋ᠠᠨ ᠲᠤᠰᠢᠶᠠᠭᠰᠠᠨ ᠦᠭᠡᠢ ᠪᠠᠢ᠌ᠪᠠᠯ᠂ ᠭᠤᠶᠤᠴᠢᠯᠠᠯ ᠵᠶ᠋ᠠᠨ ᠪᠤᠴᠠᠭ᠋ᠠᠭᠰᠠᠨ ᠵᠶ᠋ᠠᠷ

ᠪᠤᠳᠤᠨ᠎ᠠ᠃
   (ᠬᠤᠶᠠᠷ) ᠭᠤᠶᠤᠴᠢᠯᠠᠭᠴᠢ ᠵᠢᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ᠎ᠪᠠᠷ ᠭᠤᠶᠤᠴᠢᠯᠠᠭᠰᠠᠨ ᠲᠦᠷᠤᠯ ᠵᠤᠢ᠌ᠯ ᠨᠠᠯᠢᠶᠠᠳ ᠠᠷᠪᠢᠨ ᠪᠠᠢ᠌ᠪᠠᠯ᠂ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠭᠤᠶᠤᠴᠢᠯᠠᠯ᠎ᠢ ᠤᠯᠤᠭᠰᠠᠨ᠎ᠤ ᠲᠠᠷᠠᠭ᠋ᠠᠬᠢ7 ᠠᠵᠢᠯᠯᠠᠬᠤ ᠡᠳᠤᠷ ᠲᠤᠳᠤᠷ᠎ᠠ ᠭᠤᠶᠤᠴᠢᠯᠠᠭᠴᠢ᠎ᠳᠤ10 ᠡᠳᠤᠷ᠎ᠤᠨ ᠲᠤᠳᠤᠷ᠎ᠠ 《ᠨᠢᠭᠡ ᠤᠴᠢᠷ ᠶᠠᠪᠤᠳᠠᠯ᠎ᠳᠤ ᠨᠢᠭᠡ ᠭᠤᠶᠤᠴᠢᠯᠠᠯ ᠭᠠᠷᠭ᠋ᠠᠬᠤ》 ᠵᠠᠷᠴᠢᠮ ᠶᠤᠰᠤᠭ᠋ᠠᠷ ᠭᠤᠶᠤᠴᠢᠯᠠᠬᠤ ᠠᠷᠭ᠎ᠠ ᠮᠠᠶᠢᠭ᠎ᠲᠤ ᠲᠤᠬᠢᠷᠠᠭᠤᠯᠤᠯᠳᠠ ᠬᠢᠬᠦ ᠬᠡᠷᠡᠭᠳᠡᠢ ᠭᠡᠵᠦ ᠨᠢᠭᠡ ᠯᠡ ᠤᠳᠠᠭ᠎ᠠ ᠲᠡᠭᠡᠷ᠎ᠡ ᠪᠢᠴᠢᠭ ᠵᠶ᠋ᠡᠷ ᠮᠡᠳᠡᠭᠳᠡᠵᠦ ᠪᠤᠯᠤᠨ᠎ᠠ᠃ ᠭᠤᠶᠤᠴᠢᠯᠠᠭᠴᠢ ᠬᠤᠭᠤᠴᠠᠭ᠎ᠠ ᠭᠡᠳᠤᠷᠡᠳᠡᠯ᠎ᠡ ᠵᠤᠬᠢᠴᠠᠩᠭᠣᠢ ᠲᠤᠬᠢᠷᠠᠭᠤᠯᠤᠯᠳᠠ ᠬᠢᠭᠰᠡᠨ ᠦᠭᠡᠢ ᠪᠠᠢ᠌ᠪᠠᠯ᠂ ᠭᠤᠶᠤᠴᠢᠯᠠᠯ ᠪᠤᠴᠠᠭ᠋ᠠᠭᠰᠠᠨ ᠵᠶ᠋ᠠᠷ ᠪᠤᠳᠤᠨ᠎ᠠ;
   (ᠭᠤᠷᠪᠠ) ᠭᠤᠶᠤᠴᠢᠯᠠᠭᠴᠢ᠎ᠨᠢ ᠨᠢᠭᠡ ᠪᠤᠳᠠᠳᠠᠢ ᠵᠤᠢ᠌ᠯᠡᠰ᠎ᠤᠨ ᠲᠤᠬᠠᠢ ᠠᠳᠠᠯᠢ ᠨᠢᠭᠡᠨ ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠳᠤ ᠠᠭᠤᠯᠭ᠎ᠠ᠎ᠨᠢ ᠠᠳᠠᠯᠢᠪᠳᠤᠷ ᠤᠯᠠᠨ ᠮᠡᠳᠡᠬᠡ ᠵᠠᠩᠬᠢ ᠵᠢ ᠢᠯᠡ ᠪᠤᠯᠭ᠋ᠠᠬᠤ ᠭᠤᠶᠤᠴᠢᠯᠠᠯ ᠭᠠᠷᠭ᠋ᠠᠵᠤ᠂ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠭᠤᠶᠤᠴᠢᠯᠠᠯ᠎ᠢ ᠤᠯᠤᠭᠰᠠᠨ᠎ᠤ ᠲᠠᠷᠠᠭ᠋ᠠᠬᠢ7 ᠠᠵᠢᠯᠯᠠᠬᠤ ᠡᠳᠤᠷ᠎ᠤᠨ ᠲᠤᠳᠤᠷ᠎ᠠ ᠭᠤᠶᠤᠴᠢᠯᠠᠭᠴᠢ᠎ᠳᠤ ᠲᠤᠷᠠᠳᠤᠭᠰᠠᠨ ᠭᠤᠶᠤᠴᠢᠯᠠᠯ᠎ᠢ᠎ᠨᠢ ᠵᠤᠬᠢᠰᠳᠠᠢ ᠨᠠᠢ᠌ᠯᠠᠭᠦᠯᠤᠨ ᠰᠢᠢ᠍ᠳᠪᠦᠷᠢᠯᠡᠬᠦ ᠬᠡᠷᠡᠭᠳᠡᠢ ᠭᠡᠵᠤ ᠨᠢᠭᠡ ᠯᠡ ᠤᠳᠠᠭ᠎ᠠ᠎ᠳᠤ ᠪᠢᠴᠢᠭ ᠵᠶ᠋ᠡᠷ ᠮᠡᠳᠡᠭᠳᠡᠵᠦ ᠪᠤᠯᠤᠨ᠎ᠠ᠂ ᠭᠤᠶᠤᠴᠢᠯᠠᠭᠴᠢ ᠬᠤᠭᠤᠴᠠᠭ᠎ᠠ ᠬᠡᠳᠤᠷᠡᠳᠠᠯ᠎ᠠ ᠵᠤᠬᠢᠴᠠᠩᠭᠣᠢ ᠲᠤᠬᠢᠷᠠᠭᠤᠯᠤᠯᠳᠠ ᠬᠢᠭᠰᠡᠨ ᠦᠭᠡᠢ ᠪᠠᠢ᠌ᠪᠠᠯ᠂ ᠭᠤᠶᠤᠴᠢᠯᠠᠯ ᠵᠶ᠋ᠠᠨ ᠪᠤᠴᠠᠭ᠋ᠠᠭᠰᠠᠨ ᠵᠶ᠋ᠠᠷ ᠪᠤᠳᠤᠨ᠎ᠠ᠃
    ᠠᠷᠪᠠᠨ ᠭᠤᠷᠪᠠᠳᠤᠭ᠋ᠠᠷ ᠵᠤᠢ᠌ᠯ     ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠣ ᠭᠤᠶᠤᠴᠢᠯᠠᠯ᠎ᠢ ᠠᠩᠬ᠎ᠠ ᠬᠢᠨᠠᠭᠰᠠᠨ᠎ᠤ ᠲᠠᠷᠠᠭ᠎ᠠ᠂ ᠲᠡᠷᠡ ᠲᠤᠤᠷ᠎ᠠ᠎ᠨᠢ ᠬᠠᠷᠢᠭᠤᠯᠳᠠ ᠦᠭᠴᠦ ᠴᠢᠳᠠᠪᠠᠯ᠂ ᠲᠡᠷᠡ ᠲᠤᠤᠷ᠎ᠠ᠎ᠨᠢ ᠬᠠᠷᠢᠭᠤᠯᠳᠠ ᠦᠭᠬᠦ ᠬᠡᠷᠡᠭᠳᠡᠢ; ᠲᠡᠷᠡ ᠲᠤᠤᠷ᠎ᠠ᠎ᠨᠢ ᠬᠠᠷᠢᠭᠤᠯᠳᠠ ᠦᠭᠴᠦ ᠲᠠᠢ᠌ᠯᠬᠦ ᠦᠭᠡᠢ ᠪᠠᠢ᠌ᠪᠠᠯ᠂ ᠭᠤᠶᠤᠴᠢᠯᠠᠯ᠎ᠢ ᠤᠯᠤᠭᠰᠠᠨ ᠡᠳᠤᠷ᠎ᠤᠨ ᠲᠠᠷᠠᠭ᠎ᠠ ᠡᠳᠤᠷ ᠡᠬᠢᠯᠡᠨ15 ᠠᠵᠢᠯᠯᠠᠬᠤ ᠡᠳᠤᠷ᠎ᠤᠨ ᠲᠤᠳᠤᠷ᠎ᠠ ᠬᠠᠷᠢᠭᠤᠯᠳᠠ ᠦᠭᠬᠦ ᠬᠡᠷᠡᠭᠳᠡᠢ᠃
    ᠬᠡᠷᠪᠡ ᠬᠠᠷᠢᠭᠤᠯᠳᠠ ᠦᠭᠬᠦ ᠬᠤᠭᠤᠴᠠᠭ᠎ᠠ ᠵᠢ ᠤᠷᠳᠤᠳᠬᠠᠬᠤ ᠴᠢᠬᠤᠯᠠᠳᠠᠢ

ᠪᠤᠯ᠂ ᠲᠤᠰ ᠪᠠᠢ᠌ᠭᠤᠯᠭ᠎ᠠ ᠵᠢᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠠᠵᠢᠯ᠎ᠤᠨ ᠪᠠᠢ᠌ᠭᠤᠯᠤᠮᠵᠢ ᠵᠢᠨ ᠬᠠᠷᠢᠭᠤᠴᠠᠯᠭ᠋ᠠᠳᠠᠨ ᠵᠶ᠋ᠠᠷ ᠵᠦᠪᠰᠢᠶᠡᠷᠡᠬᠦᠯᠬᠦ ᠵᠢᠨ ᠬᠠᠮᠳᠤ ᠭᠤᠶᠤᠴᠢᠯᠠᠭᠴᠢ᠎ᠳᠤ ᠮᠡᠳᠡᠭᠳᠡᠬᠦ ᠬᠡᠷᠡᠭᠳᠡᠢ᠃ ᠬᠠᠷᠢᠭᠤᠯᠳᠠ ᠦᠭᠬᠦ ᠬᠤᠭᠤᠴᠠᠭ᠎ᠠ ᠵᠢ ᠬᠠᠮᠤᠭ᠎ᠤᠨ ᠤᠷᠳᠤ᠎ᠳᠠᠭᠠᠨ15 ᠠᠵᠢᠯ᠎ᠤᠨ ᠡᠳᠤᠷ᠎ᠠᠴᠠ ᠭᠡᠳᠤᠷᠡᠭᠦᠯᠵᠤ ᠪᠤᠯᠠᠬᠤ ᠦᠭᠡᠢ᠃
    ᠬᠡᠷᠪᠡ ᠭᠤᠶᠤᠴᠢᠯᠠᠭᠴᠢ ᠭᠤᠶᠤᠴᠢᠯᠠᠯ᠎ᠤᠨ ᠬᠦᠰᠤᠨᠤᠭ᠌ᠳᠦ᠎ᠪᠠᠨ ᠨᠦᠬᠦᠪᠤᠷᠢᠯᠡᠨ ᠵᠠᠯᠠᠷᠠᠭᠤᠯᠬᠤ ᠴᠢᠬᠤᠯᠠᠳᠠᠢ

ᠪᠤᠯ᠂ ᠭᠤᠶᠤᠴᠢᠯᠠᠬᠤ ᠴᠠᠭ᠎ᠤᠨ ᠬᠢᠵᠠᠭ᠋ᠠᠷ᠎ᠢ ᠦᠨᠳᠤᠰᠤᠯᠠᠨ ᠨᠦᠬᠦᠪᠤᠷᠢᠯᠠᠨ ᠵᠠᠯᠠᠷᠠᠭᠤᠯᠬᠤ ᠮᠡᠳᠡᠭᠳᠡᠯ ᠶᠠᠪᠤᠭᠤᠯᠤᠭᠰᠠᠨ ᠡᠳᠤᠷ᠎ᠠᠴᠠ ᠡᠬᠢᠯᠡᠵᠤ ᠪᠤᠳᠤᠬᠤ᠎ᠪᠠᠨ ᠵᠤᠭᠰᠤᠵᠤ᠂ ᠭᠤᠶᠤᠴᠢᠯᠠᠭᠴᠢ ᠵᠢᠨ ᠨᠦᠬᠦᠪᠤᠷᠢᠯᠡᠨ ᠵᠠᠯᠠᠷᠠᠭᠤᠯᠬᠤ ᠮᠠᠲᠸᠷᠢᠶᠠᠯ᠎ᠢ ᠤᠯᠤᠭᠰᠠᠨ ᠡᠳᠤᠷ᠎ᠠᠴᠠ ᠡᠬᠢᠯᠡᠨ᠂ ᠦᠯᠡᠳᠡᠭᠰᠡᠨ ᠬᠤᠭᠤᠴᠠᠭ᠎ᠠ ᠵᠢ ᠦᠷᠭᠦᠯᠵᠢᠯᠡᠨ ᠪᠤᠳᠤᠨ᠎ᠠ᠃ ᠨᠦᠬᠦᠪᠤᠷᠢᠯᠡᠵᠤ ᠵᠠᠯᠠᠷᠠᠭᠤᠯᠬᠤ ᠮᠡᠳᠡᠭᠳᠡᠯ ᠶᠠᠪᠤᠭᠤᠯᠤᠭᠰᠠᠨ ᠲᠤᠰ ᠡᠳᠤᠷ ᠵᠢᠴᠢ ᠭᠤᠶᠤᠴᠢᠯᠠᠭᠴᠢ ᠵᠢᠨ ᠨᠦᠬᠦᠵᠤ ᠵᠠᠯᠠᠷᠠᠭᠤᠯᠤᠭᠰᠠᠨ ᠮᠠᠲᠸᠷᠢᠶᠠᠯ᠎ᠢ ᠤᠯᠤᠭᠰᠠᠨ ᠲᠤᠰ ᠡᠳᠤᠷ᠎ᠢ ᠬᠦᠢ᠍ᠴᠡᠳᠭᠡᠬᠦ ᠬᠤᠭᠤᠴᠠᠭ᠋ᠠᠨ᠎ᠳᠤ ᠪᠤᠳᠤᠵᠤ ᠤᠷᠤᠭᠤᠯᠬᠤ ᠦᠭᠡᠢ᠃
    ᠢᠯᠡ ᠪᠤᠯᠭ᠋ᠠᠬᠤ᠎ᠪᠠᠷ ᠭᠤᠶᠤᠴᠢᠯᠠᠭᠰᠠᠨ ᠵᠠᠰᠠᠭ᠎ᠤᠨ ᠤᠷᠳᠤᠨ᠎ᠤ ᠮᠡᠳᠡᠬᠡ ᠵᠠᠩᠬᠢ᠎ᠨᠢ ᠭᠤᠷᠪᠠᠳᠡᠬᠢ ᠡᠳᠡᠭᠡᠳ᠎ᠤᠨ ᠡᠷᠬᠡ ᠠᠰᠢᠭ᠎ᠲᠤ ᠬᠤᠯᠪᠤᠭᠳᠠᠭᠰᠠᠨ ᠪᠠᠢ᠌ᠪᠠᠯ᠂ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠭᠤᠷᠪᠠᠳᠡᠬᠢ ᠡᠳᠡᠭᠡᠳ᠎ᠤᠨ ᠰᠠᠨᠠᠯ᠎ᠢ ᠬᠤᠷᠢᠶᠠᠬᠤ᠎ᠳᠤ ᠬᠡᠷᠡᠭᠰᠡᠬᠦ ᠴᠠᠭ᠎ᠢ ᠬᠠᠤᠯᠢ᠎ᠪᠠᠷ ᠲᠤᠭᠳᠠᠭ᠋ᠠᠭᠰᠠᠨ ᠰᠢᠢ᠍ᠳᠪᠤᠷᠢᠯᠡᠬᠦ ᠬᠤᠭᠤᠴᠠᠭ᠋ᠠᠨ ᠲᠤᠳᠤᠷ᠎ᠠ ᠪᠤᠳᠤᠵᠤ ᠤᠷᠤᠭᠤᠯᠬᠤ ᠦᠭᠡᠢ᠃ ᠡᠰᠡᠷᠭᠦᠴᠡᠰᠢ ᠦᠭᠡᠢ ᠬᠦᠴᠤᠨ ᠪᠤᠶᠤ ᠬᠠᠤᠯᠢ᠎ᠪᠠᠷ ᠲᠤᠭᠳᠠᠭ᠋ᠠᠭᠰᠠᠨ ᠪᠤᠰᠤᠳ ᠤᠴᠢᠷ ᠰᠢᠯᠳᠠᠭ᠋ᠠᠨ᠎ᠠᠴᠠ ᠪᠤᠯᠵᠤ᠂ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠲᠤᠭᠳᠠᠭᠰᠠᠨ ᠬᠤᠭᠤᠴᠠᠭ᠋ᠠᠨ᠎ᠳᠤ ᠭᠤᠶᠤᠴᠢᠯᠠᠭᠴᠢ᠎ᠳᠤ ᠬᠠᠷᠢᠭᠤᠯᠳᠠ ᠦᠭᠬᠦ ᠪᠤᠶᠤ ᠭᠤᠶᠤᠴᠢᠯᠠᠭᠴᠢ᠎ᠳᠤ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠬᠠᠩᠭ᠋ᠠᠵᠤ ᠲᠠᠢ᠌ᠯᠬᠦ ᠦᠭᠡᠢ ᠪᠠᠢ᠌ᠪᠠᠯ᠂ ᠭᠤᠶᠤᠴᠢᠯᠠᠭᠴᠢ᠎ᠳᠤ ᠪᠠᠢ᠌ᠳᠠᠯ ᠵᠶ᠋ᠠᠨ ᠪᠢᠴᠢᠭ ᠵᠶ᠋ᠡᠷ ᠲᠤᠳᠤᠷᠬᠠᠢ᠌ᠯᠠᠬᠤ

ᠬᠡᠷᠡᠭᠳᠡᠢ᠃
    ᠠᠷᠪᠠᠨ ᠲᠦᠷᠪᠡᠳᠤᠭᠡᠷ ᠵᠤᠢ᠌ᠯ       ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠭᠤᠶᠤᠴᠢᠯᠠᠯ᠎ᠢ ᠬᠦᠯᠢᠶᠠᠨ ᠠᠪᠤᠭᠰᠠᠨ ᠡᠳᠤᠷ ᠬᠤᠭᠤᠴᠠᠭ᠎ᠠ 
    (ᠨᠢᠭᠡ) ᠭᠤᠶᠤᠴᠢᠯᠠᠭᠴᠢ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠭᠤᠶᠤᠴᠢᠯᠠᠯ᠎ᠢ ᠨᠢᠭᠤᠷᠳᠠᠨ ᠲᠤᠰᠢᠶᠠᠭᠰᠠᠨ ᠪᠠᠢ᠌ᠪᠠᠯ᠂ ᠲᠤᠰᠢᠶᠠᠬᠤ ᠡᠳᠤᠷ᠎ᠨᠢ ᠭᠤᠶᠤᠴᠢᠯᠠᠯ᠎ᠢ ᠤᠯᠤᠭᠰᠠᠨ ᠡᠳᠤᠷ ᠪᠤᠯᠤᠨ᠎ᠠ᠃
   (ᠬᠤᠶᠠᠷ) ᠭᠤᠶᠤᠴᠢᠯᠠᠭᠴᠢ᠎ᠨᠢ ᠰᠢᠤᠳᠠᠨ ᠵᠶ᠋ᠠᠷ ᠢᠯᠡᠭᠡᠬᠦ ᠠᠷᠭ᠎ᠠ ᠮᠠᠶᠢᠭ ᠵᠶ᠋ᠠᠷ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠭᠤᠶᠤᠴᠢᠯᠠᠯ᠎ᠢ ᠲᠤᠰᠢᠶᠠᠭᠰᠠᠨ ᠪᠠᠢ᠌ᠪᠠᠯ᠂ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠭᠠᠷ᠎ᠤᠨ ᠦᠰᠦᠭ ᠵᠢᠷᠤᠵᠤ ᠬᠤᠷᠢᠶᠠᠨ ᠠᠪᠤᠭᠰᠠᠨ ᠡᠳᠤᠷ᠎ᠢ ᠭᠤᠶᠤᠴᠢᠯᠠᠯ᠎ᠢ ᠤᠯᠤᠭᠰᠠᠨ ᠡᠳᠤᠷ ᠵᠶ᠋ᠠᠨ ᠪᠤᠳᠤᠨ᠎ᠠ᠃ ᠭᠤᠶᠤᠴᠢᠯᠠᠭᠴᠢ ᠡᠩ᠎ᠤᠨ ᠵᠠᠬᠢᠳᠠᠯ ᠵᠡᠷᠭᠡ ᠭᠠᠷ᠎ᠤᠨ ᠦᠰᠦᠭ ᠵᠢᠷᠤᠵᠤ ᠬᠤᠷᠢᠶᠠᠬᠤ ᠴᠢᠬᠤᠯᠠ ᠦᠭᠡᠢ ᠰᠢᠤᠳᠠᠨ ᠵᠶ᠋ᠠᠷ ᠢᠯᠡᠭᠡᠬᠦ ᠠᠷᠭ᠎ᠠ ᠮᠠᠶᠢᠭ ᠵᠶ᠋ᠠᠷ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠭᠤᠶᠤᠴᠢᠯᠠᠯ ᠵᠶ᠋ᠠᠨ ᠳᠡᠪᠰᠢᠭᠦᠯᠦᠭᠰᠡᠨ ᠪᠠᠢ᠌ᠪᠠᠯ᠂ ᠡᠰᠡᠭᠦᠯ᠎ᠡ ᠵᠠᠰᠠᠭ᠎ᠤᠨ ᠤᠷᠳᠤᠨ᠎ᠤ ᠮᠡᠳᠡᠭᠡ ᠵᠠᠩᠬᠢ ᠵᠢ ᠢᠯᠡ ᠪᠤᠯᠭ᠋ᠠᠬᠤ ᠭᠤᠶᠤᠴᠢᠯᠠᠯ᠎ᠢ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠠᠵᠢᠯ᠎ᠤᠨ ᠪᠠᠢ᠌ᠭᠤᠯᠤᠮᠵᠢ᠎ᠠᠴᠠ ᠭᠠᠳᠠᠨᠠᠬᠢ ᠪᠠᠢ᠌ᠭᠤᠯᠤᠮᠵᠢ ᠪᠤᠶᠤ ᠬᠤᠪᠢ ᠬᠦᠮᠤᠨ᠎ᠳᠤ ᠬᠦᠷᠭᠡᠵᠤ ᠦᠭᠭᠦᠭᠰᠡᠨ ᠪᠠᠢ᠌ᠪᠠᠯ᠂ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠭᠤᠶᠤᠴᠢᠯᠠᠯ᠎ᠢ ᠪᠤᠳᠠᠳᠠᠢ ᠤᠯᠤᠭᠰᠠᠨ ᠲᠤᠬᠠᠢ ᠵᠢᠨ ᠡᠳᠤᠷ᠎ᠤᠨ ᠳ᠋ᠢᠶᠠᠩᠬᠤᠸᠨ᠎ᠪᠠᠷ ᠭᠤᠶᠤᠴᠢᠯᠠᠭᠴᠢ᠎ᠲᠠᠢ ᠬᠠᠷᠢᠯᠴᠠᠬᠤ ᠨᠤᠳᠠᠯᠠᠭᠤᠯᠬᠤ ᠬᠡᠷᠡᠭᠳᠡᠢ᠃ ᠲᠠᠷᠠᠴᠢᠯᠠᠨ ᠨᠤᠳᠠᠯᠠᠭᠰᠠᠨ ᠡᠳᠤᠷ᠎ᠢ ᠭᠤᠶᠤᠴᠢᠯᠠᠯ᠎ᠢ ᠤᠯᠤᠭᠰᠠᠨ ᠡᠳᠤᠷ ᠪᠤᠯᠭ᠋ᠠᠨ᠎ᠠ᠃ ᠭᠤᠶᠤᠴᠢᠯᠠᠭᠴᠢ᠎ᠨᠢ ᠬᠠᠷᠢᠯᠴᠠᠬᠤ ᠤᠳᠠᠰᠤ ᠨᠠᠪᠳᠡᠷᠡᠭᠦᠯᠬᠦ ᠵᠢᠨ ᠠᠷᠭ᠎ᠠ ᠦᠭᠡᠢ ᠪᠤᠯ ᠵᠠᠰᠠᠭ ᠵᠠᠬᠢᠷᠭ᠋ᠠᠨ᠎ᠤ ᠪᠠᠢ᠌ᠭᠤᠯᠤᠯᠭ᠎ᠠ ᠵᠢᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠠᠵᠢᠯ᠎ᠤᠨ ᠪᠠᠢ᠌ᠭᠤᠯᠤᠮᠵᠢ᠎ᠨᠢ ᠲᠠᠩᠰᠠᠯᠠᠨ ᠲᠠᠮᠳᠡᠭᠯᠡᠬᠦ ᠵᠢ ᠰᠠᠢ᠌ᠳᠤᠷ ᠬᠢᠵᠤ᠂ ᠭᠤᠶᠤᠴᠢᠯᠠᠭᠴᠢ᠎ᠯᠤᠭ᠎ᠠ ᠬᠠᠷᠢᠯᠴᠠᠬᠦ᠎ᠪᠠᠨ ᠰᠡᠷᠭᠦᠭᠡᠭᠰᠡᠨ ᠡᠳᠤᠷ᠎ᠠᠴᠠ ᠡᠬᠢᠯᠡᠨ ᠰᠢᠢ᠍ᠳᠪᠤᠷᠢᠯᠡᠬᠦ ᠲᠠᠰ ᠲᠠᠷᠠᠭ᠋ᠠᠯᠠᠯ᠎ᠢ ᠡᠬᠢᠯᠡᠬᠦᠯᠬᠦ ᠵᠢᠨ ᠬᠠᠮᠳᠤ ᠭᠦᠢ᠍ᠴᠡᠳᠭᠡᠬᠦ ᠬᠤᠭᠤᠴᠠᠭ᠎ᠠ ᠬᠢᠵᠠᠭ᠋ᠠᠷ᠎ᠢ ᠡᠬᠢᠯᠡᠨ ᠪᠤᠳᠤᠬᠣ ᠬᠡᠷᠡᠭᠳᠡᠢ᠃
   (ᠭᠤᠷᠪᠠ) ᠭᠤᠶᠤᠴᠢᠯᠠᠭᠴᠢ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠵᠠᠰᠠᠭ᠎ᠤᠨ ᠤᠷᠳᠤᠨ᠎ᠤ ᠰᠦᠯᠵᠢᠶᠠᠨ ᠦᠷᠳᠡᠭᠡ ᠎ᠪᠠᠷ ᠲᠠᠮᠵᠢᠭᠤᠯᠤᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠭᠤᠶᠤᠴᠢᠯᠠᠯ ᠵᠶ᠋ᠠᠨ ᠰᠦᠯᠵᠢᠶᠠᠨ ᠲᠡᠬᠡᠷ᠎ᠠ ᠲᠤᠰᠢᠶᠠᠭᠰᠠᠨ ᠪᠠᠢ᠌ᠪᠠᠯ᠂ ᠰᠢᠰᠲᠸᠮ ᠬᠦᠯᠢᠶᠠᠨ ᠠᠪᠤᠭᠰᠠᠨ ᠡᠳᠤᠷ᠎ᠨᠢ ᠭᠤᠶᠤᠴᠢᠯᠠᠯ᠎ᠢ ᠬᠦᠯᠢᠶᠠᠨ ᠠᠪᠤᠭᠰᠠᠨ ᠡᠳᠤᠷ ᠪᠤᠯᠤᠨ᠎ᠠ᠃
   (ᠲᠦᠷᠪᠡ) ᠭᠤᠶᠤᠴᠢᠯᠠᠭᠴᠢ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠭᠠᠳᠠᠭᠰᠢ ᠨᠠᠢ᠌ᠳᠠᠯᠡᠭᠰᠡᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠭᠤᠶᠤᠴᠢᠯᠠᠯ ᠵᠶ᠋ᠠᠷ ᠲᠠᠮᠵᠢᠭᠤᠯᠤᠨ ᠭᠤᠶᠤᠴᠢᠯᠠᠯ ᠵᠶ᠋ᠠᠨ ᠳᠠᠪᠰᠢᠭᠤᠯᠦᠭᠰᠡᠨ᠃ ᠹᠠᠺᠰ᠎ᠢ ᠤᠯᠤᠭᠰᠠᠨ ᠪᠦᠭᠡᠳ ᠬᠤᠶᠠᠷ ᠲᠠᠯ᠎ᠠ᠎ᠪᠠᠷ ᠵᠶ᠋ᠠᠨ ᠨᠤᠳᠠᠯᠠᠭᠰᠠᠨ ᠡᠳᠤᠷ᠎ᠨᠢ ᠭᠤᠶᠤᠴᠢᠯᠠᠯ᠎ᠢ ᠤᠯᠤᠭᠰᠠᠨ ᠡᠳᠤᠷ᠎ᠨᠢ ᠭᠤᠶᠤᠴᠢᠯᠠᠯ᠎ᠢ ᠤᠯᠤᠭᠰᠠᠨ ᠡᠳᠤᠷ ᠪᠤᠯᠤᠨ᠎ᠠ᠃
   (ᠲᠠᠪᠤ) ᠭᠤᠶᠤᠴᠢᠯᠠᠭᠴᠢ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠭᠠᠳᠠᠭᠰᠢ ᠨᠠᠢ᠌ᠳᠠᠯᠠᠭ᠌ᠰᠡᠨ ᠪᠣᠰᠣᠳ ᠬᠦᠯᠢᠶᠠᠨ ᠠᠪᠬᠤ ᠠᠷᠭ᠎ᠠ ᠵᠠᠮ ᠵᠶ᠋ᠠᠷ ᠲᠠᠮᠵᠢᠭᠤᠯᠤᠨ ᠭᠤᠶᠤᠴᠢᠯᠠᠯ ᠵᠶ᠋ᠠᠨ ᠲᠤᠰᠢᠶᠠᠭᠰᠠᠨ ᠪᠠᠢ᠌ᠪᠠᠯ᠂ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠲᠤᠭᠳᠠᠭ᠋ᠠᠭᠰᠠᠨ ᠴᠠᠭ ᠵᠶ᠋ᠠᠷ ᠭᠤᠶᠤᠴᠢᠯᠠᠯ᠎ᠢ ᠤᠯᠤᠭᠰᠠᠨ ᠡᠳᠤᠷ ᠪᠤᠯᠭ᠋ᠠᠵᠤ᠂ ᠲᠤᠭᠳᠠᠭ᠋ᠠᠯ ᠦᠭᠡᠢ ᠪᠠᠢ᠌ᠪᠠᠯ᠂ ᠬᠤᠶᠠᠷ ᠲᠠᠯ᠎ᠠ ᠵᠢᠨ ᠨᠤᠳᠠᠯᠠᠭᠰᠠᠨ ᠡᠳᠤᠷ ᠵᠶ᠋ᠠᠷ ᠭᠤᠶᠤᠴᠢᠯᠠᠯ᠎ᠤᠨ ᠤᠯᠤᠭᠰᠠᠨ ᠡᠳᠤᠷ ᠪᠣᠯᠭ᠋ᠠᠨ᠎ᠠ᠃
    ᠠᠷᠪᠠᠨ ᠲᠠᠪᠤᠳᠤᠭ᠋ᠠᠷ ᠵᠤᠢ᠌ᠯ     ᠢᠯᠡ ᠪᠤᠯᠭ᠋ᠠᠬᠤ᠎ᠪᠠᠷ ᠭᠤᠶᠤᠴᠢᠯᠠᠭᠰᠠᠨ ᠵᠠᠰᠠᠭ᠎ᠤᠨ ᠤᠷᠳᠤᠨ᠎ᠤ ᠮᠡᠳᠡᠬᠡ ᠵᠠᠩᠬᠢ᠎ᠳᠤ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠲᠤᠤᠷ᠎ᠠ ᠵᠢᠭᠰᠠᠭ᠋ᠠᠭᠰᠠᠨ ᠪᠠᠢ᠌ᠳᠠᠯ᠎ᠢ ᠦᠨᠳᠤᠰᠤᠯᠡᠨ ᠲᠣᠰ ᠲᠤᠰ ᠬᠠᠷᠢᠭᠤᠯᠳᠠ ᠦᠭᠭᠦᠨ᠎ᠡ᠄
   (ᠨᠢᠭᠡ) ᠰᠠᠨᠠᠭ᠋ᠠᠴᠢᠯᠠᠭ᠎ᠠ᠎ᠠᠴᠠ᠎ᠪᠠᠨ ᠢᠯᠡ ᠪᠤᠯᠭ᠋ᠠᠬᠤ ᠬᠡᠪᠴᠢᠶᠠᠨ᠎ᠳᠤ ᠲᠤᠭ᠋ᠠᠴᠠᠭᠳᠠᠪᠠᠯ᠂ ᠲᠤᠰ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠤᠯᠬᠤ ᠠᠷᠭ᠎ᠠ ᠵᠠᠮ ᠪᠠ ᠠᠷᠭ᠎ᠠ ᠮᠠᠶᠢᠭ᠎ᠢ ᠭᠤᠶᠤᠴᠢᠯᠠᠭᠴᠢ᠎ᠳᠤ ᠬᠡᠯᠡᠵᠤ ᠦᠭᠬᠦ ᠬᠡᠷᠡᠭᠳᠡᠢ;
   (ᠬᠤᠶᠠᠷ) ᠬᠢᠨᠠᠨ ᠪᠠᠢ᠌ᠴᠠᠭ᠋ᠠᠳ ᠭᠤᠶᠤᠴᠢᠯᠠᠯ᠎ᠢ ᠦᠨᠳᠤᠰᠤᠯᠡᠨ ᠢᠯᠡ ᠪᠤᠯᠭ᠋ᠠᠭᠰᠠᠨ ᠵᠠᠰᠠᠭ᠎ᠤᠨ ᠤᠷᠳᠤᠨ᠎ᠤ ᠮᠠᠳᠡᠬᠡ ᠵᠠᠩᠬᠢ ᠵᠢ ᠦᠨᠳᠤᠰᠤᠯᠡᠵᠤ᠂ ᠭᠤᠶᠤᠴᠢᠯᠠᠭᠴᠢ ᠵᠢᠨ ᠱᠠᠭ᠋ᠠᠷᠳᠠᠭᠰᠠᠨ ᠬᠡᠯᠪᠡᠷᠢ᠎ᠪᠠᠷ ᠬᠠᠷᠢᠭᠤᠯᠳᠠ ᠦᠭᠬᠦ ᠵᠢᠨ ᠬᠠᠮᠳᠤ ᠬᠤᠯᠪᠤᠭᠳᠠᠯ ᠪᠦᠬᠦᠢ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠬᠠᠩᠭ᠋ᠠᠬᠤ ᠬᠡᠷᠡᠭᠳᠡᠢ;
 (ᠭᠤᠷᠪᠡ) ᠢᠯᠡ ᠪᠤᠯᠭ᠋ᠠᠬᠤ ᠦᠭᠡᠢ ᠬᠡᠪᠴᠢᠶᠡᠨ᠎ᠳᠤ ᠲᠤᠭ᠋ᠠᠴᠠᠭᠳᠠᠪᠠᠯ᠂ ᠭᠤᠶᠤᠴᠢᠯᠠᠭᠴᠢ᠎ᠳᠤ ᠮᠡᠳᠡᠭᠳᠡᠬᠦ ᠵᠢᠨ ᠬᠠᠮᠳᠤ ᠤᠴᠢᠷ ᠰᠢᠯᠳᠠᠭ᠋ᠠᠨ ᠵᠶ᠋ᠠᠨ ᠲᠤᠳᠤᠷᠬᠠᠢ᠌ᠯᠠᠬᠤ ᠬᠡᠷᠡᠭᠳᠡᠢ;
   (ᠲᠦᠷᠪᠡ) ᠢᠯᠡ ᠪᠤᠯᠭ᠋ᠠᠬᠤ᠎ᠪᠠᠷ ᠭᠤᠶᠤᠴᠢᠯᠠᠭᠰᠠᠨ ᠵᠠᠰᠠᠭ᠎ᠤᠨ ᠤᠷᠳᠤᠨ᠎ᠤ ᠮᠡᠳᠡᠬᠡ ᠵᠠᠩᠬᠢ᠎ᠳᠤ ᠢᠯᠡ ᠪᠤᠯᠭ᠋ᠠᠵᠤ ᠪᠤᠯᠠᠬᠤ ᠦᠭᠡᠢ ᠠᠭᠤᠯᠭ᠎ᠠ ᠠᠭᠤᠯᠵᠤ᠂ ᠭᠡᠪᠡᠴᠤ ᠢᠯᠭ᠋ᠠᠨ ᠰᠢᠢ᠍ᠳᠪᠦᠷᠢᠯᠡᠵᠤ ᠴᠢᠳᠠᠯ ᠴᠢᠳᠠᠬᠤ᠎ᠨᠢ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠭᠤᠶᠤᠴᠢᠯᠠᠭᠴᠢ᠎ᠳᠤ ᠢᠯᠡ ᠪᠤᠯᠭ᠋ᠠᠵᠤ ᠪᠤᠯᠠᠬᠤ ᠮᠡᠳᠡᠬᠡ ᠵᠠᠩᠬᠢ ᠵᠢᠨ ᠠᠭᠤᠯᠭ᠎ᠠ ᠵᠢ ᠬᠠᠩᠭ᠋ᠠᠬᠤ ᠵᠢᠨ ᠬᠠᠮᠳᠤ ᠭᠤᠶᠤᠴᠢᠯᠠᠭᠴᠢ᠎ᠳᠤ ᠢᠯᠡ ᠪᠤᠯᠭ᠋ᠠᠵᠤ ᠪᠤᠯᠠᠬᠤ ᠮᠡᠳᠡᠬᠡ ᠵᠠᠩᠬᠢ ᠵᠢᠨ ᠠᠭᠤᠯᠭ᠎ᠠ ᠵᠢ ᠬᠠᠩᠭ᠋ᠠᠬᠤ ᠵᠢᠨ ᠬᠠᠮᠳᠤ ᠭᠤᠶᠤᠴᠢᠯᠠᠭᠴᠢ᠎ᠳᠤ ᠪᠠᠢ᠌ᠳᠠᠯ᠎ᠢ ᠲᠤᠳᠤᠷᠬᠠᠢ᠌ᠯᠠᠬᠤ ᠬᠡᠷᠡᠭᠳᠡᠢ;
   (ᠲᠠᠪᠤ) ᠬᠠᠤᠯᠢ ᠶᠤᠰᠤᠭ᠋ᠠᠷ ᠲᠤᠰ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠢᠯᠡ ᠪᠤᠯᠭ᠋ᠠᠬᠤ ᠶᠠᠪᠤᠳᠠᠯ᠎ᠳᠤ ᠬᠠᠷᠢᠶᠠᠯᠠᠭᠳᠠᠬᠤ ᠦᠭᠡᠢ ᠪᠤᠶᠤ ᠲᠤᠰ ᠵᠠᠰᠠᠭ᠎ᠤᠨ ᠤᠷᠳᠤᠨ᠎ᠤ ᠮᠡᠳᠡᠬᠡ ᠵᠠᠩᠬᠢ ᠤᠷᠤᠰᠢᠬᠤ ᠦᠭᠡᠢ ᠪᠠᠢ᠌ᠪᠠᠯ᠂ ᠭᠤᠶᠤᠴᠢᠯᠠᠭᠴᠢ᠎ᠳᠤ ᠬᠡᠯᠡᠵᠤ ᠦᠭᠬᠦ ᠬᠡᠷᠡᠭᠳᠡᠢ᠂ ᠲᠤᠰ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠪᠠᠢ᠌ᠭᠤᠯᠭ᠎ᠠ ᠵᠢ ᠲᠤᠭᠳᠠᠭ᠋ᠠᠵᠤ ᠲᠠᠢ᠌ᠯᠬᠦ᠎ᠳᠤ ᠬᠦᠷᠪᠡᠯ᠂ ᠭᠤᠶᠤᠴᠢᠯᠠᠭᠴᠢ᠎ᠳᠤ ᠲᠤᠰ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠨᠠᠷᠠᠢ᠌ᠳᠤᠯ᠂ ᠬᠠᠷᠢᠯᠴᠠᠬᠤ ᠠᠷᠭ᠎ᠠ ᠮᠠᠶᠢᠭ᠎ᠢ ᠬᠡᠯᠡᠵᠤ ᠦᠭᠬᠦ ᠬᠡᠷᠡᠭᠳᠡᠢ;
   (ᠵᠢᠷᠭᠤᠭ᠎ᠠ) ᠭᠤᠶᠤᠴᠢᠯᠠᠯ ᠶᠤᠰᠤᠭ᠋ᠠᠷ ᠢᠯᠡ ᠪᠤᠯᠭ᠋ᠠᠭᠰᠠᠨ ᠵᠠᠰᠠᠭ᠎ᠤᠨ ᠤᠷᠳᠤᠨ᠎ᠤ ᠮᠡᠳᠡᠬᠡ ᠵᠠᠩᠬᠢ᠎ᠨᠢ ᠪᠤᠰᠤᠳ ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠳᠤ ᠬᠤᠯᠪᠤᠭᠳᠠᠭᠰᠠᠨ ᠪᠠᠢ᠌ᠪᠠᠯ᠂ ᠬᠤᠯᠪᠤᠭᠳᠠᠯ ᠪᠦᠬᠦᠢ ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠲᠠᠢ ᠨᠡᠪᠳᠠᠷᠠᠯᠴᠠᠨ ᠨᠤᠳᠠᠯᠠᠵᠤ᠂ ᠢᠯᠡ ᠪᠤᠯᠭ᠋ᠠᠬᠤ᠎ᠪᠠᠷ ᠪᠠᠢ᠌ᠭ᠎ᠠ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢᠨ ᠵᠦᠪ ᠤᠨᠤᠪᠴᠢᠳᠠᠢ ᠨᠢᠭᠡᠳᠤᠯᠳᠠᠢ ᠪᠠᠢ᠌ᠬᠤ ᠵᠢ ᠦᠨᠡᠨ ᠬᠦ᠌ ᠵᠢ ᠪᠠᠳᠤᠯᠠᠭᠰᠠᠨ᠎ᠤ ᠲᠠᠷᠠᠭ᠎ᠠ ᠲᠡᠬᠢᠨ ᠬᠠᠷᠢᠭᠤᠯᠳᠠ ᠦᠭᠬᠦ ᠬᠡᠷᠡᠭᠳᠡᠢ;
   (ᠲᠤᠯᠤᠭ᠎ᠠ) ᠵᠠᠰᠠᠭ ᠵᠠᠬᠢᠷᠭ᠋ᠠᠨ᠎ᠤ ᠪᠠᠢ᠌ᠭᠤᠯᠭ᠎ᠠ ᠬᠠᠰᠤᠭᠳᠠᠭᠰᠠᠨ ᠪᠤᠶᠤ ᠬᠤᠪᠢᠷᠠᠯᠳᠠ ᠭᠠᠷᠤᠭᠰᠠᠨ ᠪᠠᠢ᠌ᠪᠠᠯ᠂ ᠲᠠᠭᠦᠨ᠎ᠤ ᠡᠭᠦᠷᠭᠡ ᠴᠢᠳᠠᠪᠤᠷᠢ ᠵᠢ ᠦᠷᠭᠦᠯᠵᠢᠯᠡᠨ ᠬᠡᠷᠡᠭᠵᠢᠭᠦᠯᠬᠦ ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠠᠴᠠ ᠲᠤᠰ ᠵᠠᠬᠢᠷᠭ᠋ᠠᠨ᠎ᠤ ᠪᠠᠢ᠌ᠭᠤᠯᠭ᠎ᠠ ᠵᠢᠨ ᠵᠤᠬᠢᠶᠠᠭᠰᠠᠨ ᠪᠤᠶᠤ ᠬᠠᠳᠠᠭ᠋ᠠᠯᠠᠭᠰᠠᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠭᠤᠶᠤᠴᠢᠯᠠᠯ᠎ᠢ ᠬᠦᠯᠢᠶᠠᠨ ᠠᠪᠴᠤ ᠰᠢᠢ᠍ᠳᠪᠤᠷᠢᠯᠡᠨ᠎ᠡ᠃
    ᠠᠷᠪᠠᠨ ᠲᠤᠯᠤᠳᠤᠭ᠋ᠠᠷ ᠵᠤᠢ᠌ᠯ     ᠵᠠᠰᠠᠭ ᠵᠠᠬᠢᠷᠭ᠋ᠠᠨ᠎ᠤ ᠪᠠᠢ᠌ᠭᠤᠯᠭ᠎ᠠ ᠢᠯᠡ ᠪᠤᠯᠭ᠋ᠠᠬᠤ᠎ᠪᠠᠷ ᠭᠤᠶᠤᠴᠢᠯᠠᠭᠰᠠᠨ ᠵᠠᠰᠠᠭ᠎ᠤᠨ ᠤᠷᠳᠤᠨ᠎ᠤ ᠮᠡᠳᠡᠬᠡ ᠵᠠᠩᠬᠢ᠎ᠨᠢ ᠬᠤᠳᠠᠯᠳᠣᠭ᠋ᠠᠨ᠎ᠤ ᠨᠢᠭᠤᠴᠠ᠂ ᠬᠤᠪᠢ ᠬᠦᠮᠤᠨ᠎ᠤ ᠨᠢᠭᠤᠴᠠ᠎ᠳᠤ ᠬᠤᠯᠪᠤᠭᠳᠠᠵᠤ᠂ ᠢᠯᠡ ᠪᠤᠯᠭ᠋ᠠᠭᠰᠠᠨ᠎ᠤ ᠲᠠᠷᠠᠭ᠎ᠠ ᠭᠤᠷᠪᠠᠳᠡᠬᠢ ᠡᠳᠡᠭᠡᠳ᠎ᠤᠨ ᠬᠠᠤᠯᠢ ᠶᠤᠰᠤᠨ᠎ᠤ ᠡᠷᠬᠡ ᠠᠰᠢᠭ᠎ᠢ ᠬᠤᠬᠢᠷᠠᠭᠤᠯᠵᠤ ᠮᠠᠳᠡᠪᠡᠯ᠂ ᠭᠤᠷᠪᠠᠳᠡᠬᠢ ᠡᠳᠡᠭᠡᠳ᠎ᠤᠨ ᠰᠠᠨᠠᠯ᠎ᠢ ᠪᠢᠴᠢᠭ ᠵᠶ᠋ᠡᠷ ᠬᠤᠷᠢᠶᠠᠬᠤ ᠬᠡᠷᠡᠭᠳᠡᠢ᠃ ᠭᠤᠷᠪᠠᠳᠡᠬᠢ ᠡᠳᠡᠭᠡᠳ ᠢᠯᠡ ᠪᠤᠯᠭ᠋ᠠᠬᠤ ᠵᠢ ᠵᠦᠪᠰᠢᠶᠡᠷᠡᠭᠰᠡᠨ ᠪᠠᠢ᠌ᠪᠠᠯ᠂ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠭᠤᠶᠤᠴᠢᠯᠠᠯ ᠶᠤᠰᠤᠭ᠋ᠠᠷ ᠢᠯᠡ ᠪᠤᠯᠭ᠋ᠠᠵᠤ ᠪᠤᠯᠤᠨ᠎ᠠ; ᠭᠤᠷᠪᠠᠳᠤᠭ᠋ᠠᠷ ᠡᠳᠡᠭᠡᠳ ᠢᠯᠡ ᠪᠤᠯᠭ᠋ᠠᠬᠤ ᠵᠢ ᠵᠦᠪᠰᠢᠶᠡᠷᠡᠬᠦᠯᠬᠦ ᠦᠭᠡᠢ ᠪᠤᠯ ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠳᠤ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠬᠤᠳᠠᠯᠳᠤᠭ᠋ᠠᠨ᠎ᠤ ᠨᠢᠭᠤᠴᠠ᠂ ᠬᠤᠪᠢ ᠬᠦᠮᠤᠨ᠎ᠤ ᠨᠢᠭᠤᠴᠠ᠎ᠳᠤ ᠬᠤᠯᠪᠤᠭᠳᠠᠵᠤ ᠪᠢᠴᠢᠭ᠎ᠤᠨ ᠭᠡᠷᠡᠴᠢ ᠪᠠᠷᠢᠮᠳᠠ ᠪᠠ ᠦᠨᠳᠤᠰᠤ ᠪᠠᠷᠢᠮᠳᠠ ᠵᠢ ᠬᠠᠩᠭ᠋ᠠᠵᠤ᠂ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠬᠢᠨᠠᠨ ᠬᠠᠷᠭᠤᠭᠤᠯᠤᠭᠰᠠᠨ᠎ᠤ ᠲᠠᠷᠠᠭ᠎ᠠ ᠬᠠᠤᠯᠢ ᠶᠤᠰᠤᠭ᠋ᠠᠷ ᠢᠯᠡ ᠪᠤᠯᠭ᠋ᠠᠬᠤ ᠶᠤᠰᠤᠳᠠᠢ ᠭᠡᠵᠤ ᠦᠵᠡᠭᠰᠡᠨ ᠪᠠᠢ᠌ᠪᠠᠯ᠂ ᠢᠯᠡ ᠪᠤᠯᠭ᠋ᠠᠭᠰᠠᠨ ᠠᠭᠤᠯᠭ᠎ᠠ ᠪᠠ ᠤᠴᠢᠷ ᠰᠢᠯᠳᠠᠭ᠋ᠠᠨ ᠵᠶ᠋ᠠᠨ ᠭᠤᠷᠪᠠᠳᠤᠭ᠋ᠠᠷ ᠡᠳᠡᠭᠡᠳ᠎ᠲᠤ ᠪᠢᠴᠢᠭ ᠵᠶ᠋ᠡᠷ ᠮᠡᠳᠡᠭᠳᠡᠬᠦ ᠴᠢᠬᠤᠯᠠᠳᠠᠢ᠃
    ᠠᠷᠪᠠᠨ ᠨᠠᠢ᠍ᠮᠠᠳᠤᠭ᠋ᠠᠷ ᠵᠤᠢ᠌ᠯ     ᠵᠠᠰᠠᠭ ᠵᠠᠬᠢᠷᠭ᠋ᠠᠨ᠎ᠤ ᠪᠠᠢ᠌ᠭᠤᠯᠭ᠎ᠠ ᠭᠤᠶᠤᠴᠢᠯᠠᠯ ᠶᠤᠰᠤᠭ᠋ᠠᠷ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠵᠤ᠂ ᠭᠤᠶᠤᠴᠢᠯᠠᠭᠴᠢ ᠵᠢᠨ ᠱᠠᠭ᠋ᠠᠷᠳᠠᠭᠰᠠᠨ ᠬᠡᠯᠪᠡᠷᠢ᠎ᠪᠠᠷ ᠬᠠᠩᠭ᠋ᠠᠬᠤ ᠵᠢᠨ ᠠᠷᠭ᠎ᠠ ᠦᠭᠡᠢ ᠪᠤᠯ᠂ ᠭᠤᠶᠤᠴᠢᠯᠠᠭᠴᠢ ᠵᠢ ᠲᠤᠬᠢᠷᠠᠭᠤᠯᠤᠨ ᠬᠠᠮᠢᠶ᠎ᠠ ᠪᠦᠬᠦᠢ ᠮᠠᠲᠸᠷᠢᠶᠠᠯ᠎ᠢ ᠤᠩᠰᠢᠬᠤ᠂ ᠪᠠᠭᠤᠯᠭ᠋ᠠᠪᠤᠷᠢ ᠮᠠᠲᠸᠷᠢᠶᠠᠯ ᠬᠠᠩᠭ᠋ᠠᠬᠤ ᠪᠤᠶᠤ ᠪᠤᠰᠤᠳ ᠵᠤᠬᠢᠰᠲᠠᠢ ᠬᠡᠯᠪᠡᠷᠢ᠎ᠪᠠᠷ ᠬᠠᠩᠭ᠋ᠠᠵᠤ ᠪᠤᠯᠤᠨ᠎ᠠ᠃ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠭᠤᠶᠤᠴᠢᠯᠠᠭᠰᠠᠨ ᠠᠷᠠᠳ ᠢᠷᠭᠡᠳ ᠤᠩᠰᠢᠬᠤ᠎ᠳᠤ ᠬᠦᠴᠢᠷᠳᠠᠢ ᠪᠤᠶᠤ ᠦᠵᠡᠵᠤ ᠰᠣᠨᠤᠰᠬᠤ ᠬᠠᠷᠰᠢ ᠰᠠᠭ᠋ᠠᠳ᠎ᠲᠠᠢ ᠪᠠᠢ᠌ᠪᠠᠯ᠂ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠲᠠᠭᠦᠨ᠎ᠳᠤ ᠴᠢᠬᠤᠯᠠ ᠪᠦᠬᠦᠢ ᠬᠠᠪᠰᠤᠷᠤᠯᠭ᠎ᠠ ᠬᠠᠩᠭ᠋ᠠᠬᠤ ᠬᠡᠷᠡᠭᠳᠡᠢ᠃
    ᠠᠷᠪᠠ ᠶᠢᠰᠤᠳᠤᠭᠡᠷ ᠵᠤᠢ᠌ᠯ       ᠵᠠᠰᠠᠭ ᠵᠠᠬᠢᠷᠭ᠋ᠠᠨ᠎ᠤ ᠪᠠᠢ᠌ᠭᠤᠯᠭ᠎ᠠ 《ᠲᠦᠷᠢᠮ》᠎ᠳᠤ ᠲᠤᠭᠳᠠᠭ᠋ᠠᠭᠰᠠᠨ ᠬᠤᠭᠤᠴᠠᠭ᠋ᠠᠨ ᠲᠤᠳᠤᠷ᠎ᠠ ᠭᠤᠶᠤᠴᠢᠯᠠᠭᠴᠢ᠎ᠳᠤ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠮᠡᠳᠡᠭᠳᠡᠯ᠎ᠤᠨ ᠪᠢᠴᠢᠭ ᠭᠠᠷᠭ᠋ᠠᠵᠤ ᠦᠭᠬᠦ ᠬᠡᠷᠡᠭᠳᠡᠢ᠂ ᠲᠤᠰ ᠪᠠᠢ᠌ᠭᠤᠯᠭ᠎ᠠ ᠵᠢᠨ ᠠᠯᠪᠡᠨ ᠲᠠᠮᠠᠭ᠎ᠠ ᠪᠤᠶᠤ ᠲᠤᠰ ᠪᠠᠢ᠌ᠭᠤᠯᠭ᠎ᠠ ᠵᠢᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠲᠤᠰᠬᠠᠢ ᠲᠠᠮᠠᠭ᠎ᠠ ᠵᠢ ᠲᠠᠷᠤᠨ᠎ᠠ᠃
    ᠬᠤᠷᠢᠳᠤᠭ᠋ᠠᠷ ᠵᠤᠢ᠌ᠯ           ᠵᠠᠰᠠᠭ ᠵᠠᠬᠢᠷᠭ᠋ᠠᠨ᠎ᠤ ᠪᠠᠢ᠌ᠭᠤᠯᠭ᠎ᠠ ᠭᠤᠶᠤᠴᠢᠯᠠᠯ ᠶᠤᠰᠤᠭ᠋ᠠᠷ ᠵᠠᠰᠠᠭ᠎ᠤᠨ ᠤᠷᠳᠤᠨ᠎ᠤ ᠮᠡᠳᠡᠬᠡ ᠵᠠᠩᠬᠢ ᠬᠠᠩᠭ᠋ᠠᠵᠤ᠂ ᠪᠣᠳᠠᠳᠠᠢ ᠡᠭᠦᠰᠤᠭ᠌ᠰᠡᠨ ᠡᠷᠢᠬᠦ᠂ ᠪᠠᠭᠤᠯᠭ᠋ᠠᠬᠤ᠂ ᠰᠢᠤᠳᠠᠨ ᠵᠶ᠋ᠠᠷ ᠢᠯᠡᠭᠡᠬᠦ ᠵᠡᠷᠭᠡ ᠦᠪᠡᠷ᠎ᠤᠨ ᠦᠷᠲᠡᠭ᠎ᠤᠨ ᠵᠠᠷᠤᠳᠠᠯ᠎ᠢ ᠬᠤᠷᠢᠶᠠᠵᠤ ᠪᠤᠯᠠᠬᠤ᠎ᠠᠴᠠ ᠭᠠᠳᠠᠨ᠎ᠠ ᠪᠤᠰᠤᠳ ᠵᠠᠷᠤᠳᠠᠯ ᠬᠤᠷᠢᠶᠠᠵᠤ ᠪᠤᠯᠬᠤ ᠦᠭᠡᠢ᠃ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠪᠤᠰᠤᠳ ᠵᠤᠬᠢᠶᠠᠨ ᠪᠠᠢ᠌ᠭᠤᠯᠤᠯᠳᠠ᠂ ᠬᠤᠪᠢ ᠬᠦᠮᠤᠨ᠎ᠤ ᠲᠦᠯᠤᠪᠣᠷᠢ᠎ᠲᠠᠢ ᠦᠢ᠍ᠯᠡ ᠠᠵᠢᠯᠯᠠᠭ᠋ᠠᠨ᠎ᠤ ᠠᠷᠭ᠎ᠠ ᠮᠠᠶᠢᠭ ᠵᠶ᠋ᠠᠷ ᠲᠠᠮᠵᠢᠭᠤᠯᠤᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠬᠠᠩᠭ᠋ᠠᠵᠤ ᠪᠤᠯᠠᠬᠤ ᠦᠭᠡᠢ᠃ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠪᠠᠢ᠌ᠴᠠᠭ᠋ᠠᠨ ᠡᠷᠢᠬᠦ᠂ ᠪᠠᠭᠤᠯᠭ᠋ᠠᠬᠤ᠂ ᠰᠢᠤᠳᠠᠨ ᠵᠶ᠋ᠠᠷ ᠶᠠᠪᠤᠭᠤᠯᠬᠤ ᠵᠡᠷᠭᠡ ᠦᠪᠡᠷ᠎ᠤᠨ ᠦᠷᠲᠡᠭ᠎ᠤᠨ ᠵᠠᠷᠤᠳᠠᠯ ᠬᠤᠷᠢᠶᠠᠬᠤ ᠪᠠᠷᠢᠮᠵᠢᠶ᠎ᠠ ᠵᠢ ᠦᠪᠡᠷᠳᠡᠬᠡᠨ ᠵᠠᠰᠠᠬᠤ ᠤᠷᠤᠨ᠎ᠤ ᠦᠨ᠎ᠡ ᠬᠠᠩᠰᠢ ᠵᠢᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ᠎ᠠᠴᠠ ᠡᠳ᠋᠎ᠤᠨ ᠵᠠᠰᠠᠭ᠎ᠤᠨ ᠰᠠᠯᠠᠭ᠎ᠠ ᠮᠦᠴᠢᠷ᠎ᠲᠠᠢ ᠬᠠᠮᠳᠤᠷᠠᠨ ᠲᠤᠭᠳᠠᠭ᠋ᠠᠭᠰᠠᠨ ᠰᠤᠢ᠌ᠳᠭᠡᠯ ᠬᠤᠷᠢᠶᠠᠬᠤ ᠪᠠᠷᠢᠮᠵᠢᠶ᠎ᠠ ᠶᠤᠰᠤᠭ᠋ᠠᠷ

ᠬᠡᠷᠡᠭᠵᠢᠬᠦᠯᠤᠨ᠎ᠡ᠃ ᠠᠳᠠᠯᠢ ᠱᠠᠳᠤᠨ᠎ᠤ ᠡᠳ᠋᠎ᠤᠨ ᠵᠠᠰᠠᠭ᠎ᠤᠨ ᠬᠠᠮᠢᠶᠠᠷᠤᠯᠳᠠ᠎ᠳᠤ ᠤᠷᠤᠭᠤᠯᠤᠨ᠎ᠠ᠃
    ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ᠎ᠪᠠᠷ ᠭᠤᠶᠤᠴᠢᠯᠠᠭᠰᠠᠨ ᠠᠷᠠᠳ ᠢᠷᠭᠡᠳ ᠦᠨᠡᠬᠡᠷ ᠠᠵᠤ ᠠᠬᠤᠢ ᠵᠢᠨ ᠬᠦᠴᠢᠷᠳᠡᠯ᠎ᠲᠠᠢ ᠪᠠᠢ᠌ᠪᠠᠯ᠂ ᠲᠤᠰ ᠬᠦᠮᠤᠨ᠎ᠤ ᠭᠤᠶᠤᠴᠢᠯᠠᠯ᠂ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠠᠵᠢᠯ᠎ᠤᠨ ᠪᠠᠢ᠌ᠭᠤᠯᠤᠮᠵᠢ ᠵᠢᠨ ᠬᠠᠷᠢᠭᠤᠴᠠᠯᠭ᠋ᠠᠳᠠᠨ ᠵᠶ᠋ᠠᠷ ᠬᠢᠨᠠᠨ ᠵᠦᠪᠰᠢᠶᠠᠷᠠᠭᠦᠯᠤᠭᠡᠳ᠂ ᠬᠠᠮᠢᠶ᠎ᠠ ᠪᠦᠬᠦᠢ ᠵᠠᠷᠤᠳᠠᠯ᠎ᠢ ᠬᠠᠰᠤᠵᠤ ᠬᠡᠯᠳᠤᠷᠢᠭᠦᠯᠵᠤ ᠪᠤᠯᠤᠨ᠎ᠠ᠃
    ᠬᠤᠷᠢᠨ ᠨᠢᠭᠡᠳᠤᠭᠡᠷ ᠵᠤᠢ᠌ᠯ     ᠬᠢᠨᠠᠨ ᠬᠠᠷᠭᠤᠭᠤᠯᠤᠭ᠋ᠠᠳ ᠨᠠᠢ᠌ᠭᠡᠮ᠎ᠳᠤ ᠦᠷᠭᠡᠨ ᠵᠶ᠋ᠡᠷ ᠮᠡᠳᠡᠭᠦᠯᠵᠤ  ᠪᠣᠯᠬᠤ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠭᠤᠶᠤᠴᠢᠯᠠᠭᠴᠢ᠎ᠳᠤ ᠬᠠᠷᠢᠭᠤᠯᠳᠠ ᠦᠭᠬᠦ ᠵᠢᠨ ᠬᠠᠮᠳᠤ ᠰᠠᠨᠠᠭ᠋ᠠᠴᠢᠯᠠᠭ᠎ᠠ᠎ᠠᠴᠠ᠎ᠪᠠᠨ ᠢᠯᠡ ᠪᠤᠯᠭ᠋ᠠᠬᠤ ᠠᠷᠭ᠎ᠠ ᠵᠠᠮ ᠵᠶ᠋ᠠᠷ ᠲᠠᠮᠵᠢᠭᠤᠯᠤᠨ ᠢᠯᠡ ᠪᠤᠯᠭ᠋ᠠᠬᠤ ᠬᠡᠷᠡᠭᠳᠡᠢ᠃
    ᠲᠦᠷᠪᠡᠳᠤᠭᠡᠷ ᠪᠦᠯᠦᠭ     ᠬᠢᠨᠠᠯᠳᠠ ᠲᠠᠯᠪᠢᠬᠤ ᠪᠠ ᠪᠠᠳᠤᠯᠠᠬᠤ
    ᠬᠤᠷᠢᠨ ᠬᠤᠶᠠᠳᠤᠭ᠋ᠠᠷ ᠵᠤᠢ᠌ᠯ     ᠡᠯ᠎ᠡ ᠱᠠᠳᠤᠨ᠎ᠤ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠲᠤᠰ ᠠᠷᠭ᠎ᠠ ᠵᠢᠨ ᠶᠤᠰᠤᠭ᠋ᠠᠷ ᠲᠤᠰ ᠪᠠᠢ᠌ᠭᠤᠯᠭ᠎ᠠ ᠵᠢᠨ ᠭᠤᠶᠤᠴᠢᠯᠠᠯ ᠶᠤᠰᠤᠭ᠋ᠠᠷ ᠢᠯᠡ ᠪᠤᠯᠭ᠋ᠠᠬᠤ ᠠᠵᠢᠯ᠎ᠤᠨ ᠲᠦᠷᠢᠮ ᠪᠠ ᠲᠤᠭᠳᠠᠴᠠ ᠵᠢ ᠪᠠᠢ᠌ᠭᠤᠯᠤᠨ ᠲᠡᠭᠦᠯᠳᠡᠷᠵᠢᠭᠦᠯᠵᠤ᠂ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠠᠵᠢᠯ᠎ᠤᠨ ᠪᠠᠢ᠌ᠭᠤᠯᠤᠮᠵᠢ ᠵᠢ ᠵᠢᠭ᠋ᠠᠨ ᠲᠤᠭᠳᠠᠭ᠋ᠠᠵᠤ᠂ ᠭᠤᠶᠤᠴᠢᠯᠠᠯ ᠶᠤᠰᠤᠭ᠋ᠠᠷ ᠢᠯᠡ ᠪᠤᠯᠭ᠋ᠠᠬᠤ ᠪᠤᠳᠠᠳᠠᠢ ᠠᠵᠢᠯ᠎ᠢ ᠬᠠᠷᠢᠭᠤᠴᠠᠭᠤᠯᠬᠤ ᠬᠡᠷᠡᠭᠳᠡᠢ᠃
    ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠨᠢ ᠲᠤᠰ ᠪᠠᠢ᠌ᠭᠤᠯᠭ᠎ᠠ ᠵᠢᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠭᠤᠶᠤᠴᠢᠯᠠᠯ᠎ᠢ ᠬᠦᠯᠢᠶᠡᠨ ᠠᠪᠴᠤ ᠰᠢᠢ᠍ᠳᠪᠤᠷᠢᠯᠡᠬᠦ ᠠᠵᠢᠯ᠎ᠤᠨ ᠪᠠᠢ᠌ᠭᠤᠯᠤᠮᠵᠢ ᠵᠢᠨ ᠨᠠᠷᠡᠢ᠌ᠳᠤᠯ᠂ ᠠᠵᠢᠯᠯᠠᠬᠤ ᠬᠠᠶᠢᠭ᠂ ᠠᠵᠢᠯᠯᠠᠬᠤ ᠴᠠᠭ᠂ ᠬᠠᠷᠢᠴᠠᠬᠤ ᠤᠳᠠᠰᠤ᠂ ᠹᠠᠺᠰ᠎ᠤᠨ ᠨᠤᠮᠸᠷ᠂ ᠵᠠᠰᠠᠭ᠎ᠤᠨ ᠤᠷᠳᠤᠨ᠎ᠤ ᠰᠦᠯᠵᠢᠶᠠᠨ ᠦᠷᠳᠡᠭᠡ ᠵᠢᠨ ᠲᠤᠰᠢᠶᠠᠬᠤ ᠠᠷᠭ᠎ᠠ ᠵᠠᠮ ᠵᠡᠷᠭᠡ ᠪᠤᠯᠤᠨ᠎ᠠ᠃ ᠲᠤᠰ ᠪᠠᠢ᠌ᠭᠤᠯᠭ᠎ᠠ ᠵᠢᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠵᠦᠭᠯᠡᠭᠦᠷ᠎ᠲᠤ ᠨᠠᠢ᠌ᠷᠠᠭᠤᠯᠤᠨ ᠤᠷᠤᠭᠤᠯᠵᠤ᠂ ᠨᠠᠢ᠌ᠭᠡᠮ᠎ᠳᠤ ᠨᠠᠢ᠌ᠳᠡᠯᠡᠬᠦ ᠵᠢᠨ ᠬᠠᠮᠳᠤ ᠠᠵᠢᠯ᠎ᠤᠨ ᠪᠤᠳᠠᠳᠤ ᠪᠠᠢ᠌ᠳᠠᠯ ᠵᠶ᠋ᠠᠨ ᠦᠨᠳᠤᠰᠤᠯᠡᠨ ᠴᠠᠭ ᠲᠤᠬᠠᠢ᠎ᠳᠤᠨᠢ ᠰᠢᠨᠡᠳᠭᠡᠬᠦ ᠬᠡᠷᠡᠭᠳᠡᠢ᠃
    ᠬᠤᠷᠢᠨ ᠭᠤᠷᠪᠠᠳᠤᠭ᠋ᠠᠷ ᠵᠤᠢ᠌ᠯ   ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠠᠵᠢᠯ᠎ᠤᠨ ᠪᠠᠢ᠌ᠭᠤᠯᠤᠮᠵᠢ᠎ᠨᠢ ᠭᠤᠶᠤᠴᠢᠯᠠᠯ᠎ᠢ ᠢᠯᠡ ᠪᠤᠯᠭ᠋ᠠᠬᠤ᠎ᠪᠠᠷ ᠭᠤᠶᠤᠴᠢᠯᠠᠭᠰᠠᠨ ᠬᠤᠯᠪᠤᠭᠳᠠᠯ ᠪᠦᠬᠦᠢ ᠪᠠᠢ᠌ᠳᠠᠯ᠎ᠢ ᠲᠡᠮᠳᠡᠭᠯᠡᠵᠦ ᠲᠠᠩᠰᠠ ᠡᠪᠬᠡᠮᠡᠯ᠎ᠳᠤ ᠬᠠᠳᠠᠭ᠋ᠠᠯᠠᠬᠤ ᠬᠡᠷᠡᠭᠳᠡᠢ᠃ ᠲᠤᠰ ᠪᠠᠢ᠌ᠭᠤᠯᠭ᠎ᠠ ᠵᠢᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠮᠡᠳᠡᠭᠦᠯᠤᠯᠳᠡ᠎ᠳᠡᠭᠡᠨ ᠲᠤᠬᠠᠢ ᠵᠢᠨ ᠵᠢᠯ᠎ᠤᠨ ᠬᠦᠯᠢᠶᠡᠨ ᠠᠪᠴᠤ ᠰᠢᠢ᠍ᠳᠪᠤᠷᠢᠯᠡᠭᠰᠡᠨ ᠪᠠᠢ᠌ᠳᠠᠯ᠎ᠢ ᠨᠠᠢ᠌ᠳᠠᠯᠡᠪᠡ᠃
    ᠬᠤᠷᠢᠨ ᠲᠦᠷᠪᠡᠳᠤᠭᠡᠷ ᠵᠤᠢ᠌ᠯ     ᠵᠠᠰᠠᠭ ᠵᠠᠬᠢᠷᠭ᠋ᠠᠨ᠎ᠤ ᠪᠠᠢ᠌ᠭᠤᠯᠭ᠎ᠠ ᠭᠤᠶᠤᠴᠢᠯᠠᠯ ᠶᠤᠰᠤᠭ᠋ᠠᠷ ᠢᠯᠡ ᠪᠤᠯᠭ᠋ᠠᠬᠤ ᠠᠵᠢᠯ᠎ᠤᠨ ᠲᠤᠮᠳᠠ ᠤᠯᠵᠤ ᠮᠡᠳᠡᠭᠰᠡᠨ ᠬᠠᠤᠯᠢ ᠶᠤᠰᠤᠭ᠋ᠠᠷ ᠵᠠᠰᠠᠭ ᠶᠠᠪᠤᠭᠤᠯᠬᠤ ᠲᠠᠯ᠎ᠠ ᠵᠢᠨ ᠠᠰᠠᠭᠤᠳᠠᠯ᠎ᠢ ᠴᠠᠭ ᠲᠤᠬᠠᠢ᠎ᠳᠤᠨᠢ ᠳ᠋ᠦᠩᠨᠡᠵᠤ᠂ ᠮᠦᠷᠳᠡᠨ ᠪᠠᠢ᠌ᠴᠠᠭ᠋ᠠᠬᠤ ᠰᠤᠳᠤᠯᠠᠬᠤ᠎ᠪᠠᠨ ᠴᠢᠩᠭ᠋ᠠᠳᠬᠠᠵᠤ᠂ ᠠᠵᠢᠯ᠎ᠤᠨ ᠰᠠᠨᠠᠭᠤᠯᠭ᠎ᠠ ᠲᠤᠷᠠᠳᠴᠤ᠂ ᠬᠠᠮᠢᠶ᠎ᠠ ᠪᠦᠬᠦᠢ ᠲᠦᠷᠢᠮ ᠪᠠ ᠲᠤᠭᠳᠠᠴᠠ ᠵᠢ ᠲᠡᠭᠦᠯᠳᠡᠷᠵᠢᠭᠦᠯᠤᠨ᠂ ᠲᠤᠰ ᠪᠠᠢ᠌ᠭᠤᠯᠭ᠎ᠠ ᠵᠢᠨ ᠬᠠᠤᠯᠢ ᠶᠤᠰᠤᠭ᠋ᠠᠷ ᠵᠠᠰᠠᠭ ᠶᠠᠪᠤᠭᠤᠯᠬᠤ ᠴᠢᠳᠠᠪᠤᠷᠢ ᠪᠠ ᠬᠢᠷᠢ ᠬᠡᠮᠵᠢᠶ᠎ᠠ ᠵᠢ ᠲᠠᠰᠤᠷᠠᠯᠳᠠ ᠦᠭᠡᠢ ᠳᠡᠭᠡᠭᠰᠢᠯᠡᠭᠦᠯᠤᠨ᠎ᠡ᠃
    ᠬᠤᠷᠢᠨ ᠲᠠᠪᠤᠳᠤᠭ᠋ᠠᠷ ᠵᠤᠢ᠌ᠯ       ᠭᠤᠶᠤᠴᠢᠯᠠᠭᠴᠢ ᠵᠠᠰᠠᠭ ᠵᠠᠬᠢᠷᠭ᠋ᠠᠨ᠎ᠤ ᠪᠠᠢ᠌ᠭᠤᠯᠭ᠎ᠠ᠎ᠨᠢ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠭᠤᠶᠤᠴᠢᠯᠠᠯ ᠶᠤᠰᠤᠭ᠋ᠠᠷ ᠢᠯᠡ ᠪᠤᠯᠭ᠋ᠠᠬᠤ ᠡᠭᠦᠷᠭᠡ ᠪᠠ ᠬᠠᠤᠯᠢ ᠶᠤᠰᠤᠭ᠋ᠠᠷ ᠭᠦᠢ᠍ᠴᠡᠳᠭᠡᠭᠰᠡᠨ ᠦᠭᠡᠢ ᠭᠡᠵᠤ ᠦᠵᠡᠪᠡᠯ᠂ ᠳᠡᠭᠡᠳᠦ ᠱᠠᠳᠤᠨ᠎ᠤ ᠵᠠᠰᠠᠭ ᠵᠠᠬᠢᠷᠭ᠋ᠠᠨ᠎ᠤ ᠪᠠᠢ᠌ᠭᠤᠯᠭ᠎ᠠ᠂ ᠬᠢᠨᠠᠨ ᠪᠠᠢ᠌ᠴᠠᠭ᠋ᠠᠬᠤ ᠪᠠᠢ᠌ᠭᠤᠯᠭ᠎ᠠ ᠪᠤᠶᠤ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠠᠵᠢᠯ᠎ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ᠎ᠲᠤ ᠢᠯᠡᠴᠢᠯᠡᠨ ᠮᠡᠳᠡᠭᠦᠯᠵᠤ ᠪᠤᠯᠤᠨ᠎ᠠ᠃ ᠢᠯᠡᠴᠢᠯᠡᠨ ᠮᠡᠳᠡᠭᠦᠯᠤᠭ᠌ᠰᠡᠨ᠎ᠢ ᠤᠯᠤᠭᠰᠠᠨ ᠪᠠᠢ᠌ᠭᠤᠯᠭ᠎ᠠ ᠪᠠᠢ᠌ᠴᠠᠭ᠋ᠠᠨ ᠰᠢᠢ᠍ᠳᠪᠤᠷᠢᠯᠡᠬᠦ ᠬᠡᠷᠡᠭᠳᠡᠢ ᠪᠦᠭᠡᠳ ᠰᠢᠢ᠍ᠳᠪᠤᠷᠢᠯᠡᠭᠰᠡᠨ ᠪᠠᠢ᠌ᠳᠠᠯ ᠵᠶ᠋ᠠᠨ ᠢᠯᠡᠴᠢᠯᠡᠨ ᠮᠡᠳᠡᠭᠦᠯᠥᠭᠴᠢ᠎ᠳᠤ ᠬᠠᠷᠢᠭᠤ ᠲᠤᠰᠬᠠᠬᠤ ᠬᠡᠷᠡᠭᠳᠡᠢ᠃
    ᠭᠤᠶᠤᠴᠢᠯᠠᠭᠴᠢ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠭᠤᠶᠤᠴᠢᠯᠠᠯ ᠵᠶ᠋ᠠᠷ ᠢᠯᠡ ᠪᠤᠯᠭ᠋ᠠᠬᠤ ᠠᠵᠢᠯ᠎ᠤᠨ ᠲᠤᠮᠳᠠᠬᠢ ᠪᠤᠳᠠᠳᠠᠢ ᠵᠠᠰᠠᠭ ᠵᠠᠬᠢᠷᠭ᠋ᠠᠨ᠎ᠤ ᠦᠯᠡ ᠠᠵᠢᠯᠯᠠᠭ᠎ᠠ᠎ᠨᠢ ᠲᠡᠭᠦᠨ᠎ᠤ ᠬᠠᠤᠯᠢ ᠶᠤᠰᠤᠨ᠎ᠤ ᠡᠷᠬᠡ ᠠᠰᠢᠭ᠎ᠲᠤ ᠬᠠᠯᠳᠠᠭᠰᠠᠨ ᠭᠡᠵᠤ ᠦᠵᠡᠪᠡᠯ᠂ ᠬᠠᠤᠯᠢ ᠶᠤᠰᠤᠭ᠋ᠠᠷ ᠵᠠᠰᠠᠭ ᠵᠠᠬᠢᠷᠭ᠋ᠠᠨ ᠵᠶ᠋ᠠᠷ ᠲᠠᠬᠢᠨ ᠵᠦᠪᠯᠡᠭᠦᠯᠬᠦ᠎ᠪᠠᠷ ᠭᠤᠶᠤᠴᠢᠯᠠᠬᠤ ᠪᠤᠶᠤ ᠵᠠᠰᠠᠭ ᠵᠠᠬᠢᠷᠭ᠋ᠠᠨ᠎ᠤ ᠵᠠᠷᠭᠤ ᠬᠢᠵᠦ ᠪᠤᠯᠤᠨ᠎ᠠ᠃
    ᠬᠤᠷᠢᠨ ᠵᠢᠷᠭᠤᠳᠤᠭ᠋ᠠᠷ ᠵᠤᠢ᠌ᠯ     ᠡᠯ᠎ᠡ ᠱᠠᠳᠤᠨ᠎ᠤ ᠵᠠᠰᠠᠭ᠎ᠤᠨ ᠤᠷᠳᠤᠨ ᠮᠡᠳᠡᠬᠡ ᠵᠠᠩᠬᠢ ᠵᠢ ᠢᠯᠡ ᠪᠤᠯᠭ᠋ᠠᠬᠤ ᠠᠵᠢᠯ᠎ᠤᠨ ᠭᠤᠤᠯᠴᠢᠯᠡᠨ ᠬᠠᠮᠢᠶᠠᠷᠬᠤ ᠰᠠᠯᠠᠭ᠎ᠠ ᠮᠦᠴᠢᠷ ᠪᠤᠯᠤᠨ ᠬᠢᠨᠠᠨ ᠪᠠᠢ᠌ᠴᠠᠭ᠋ᠠᠬᠤ ᠪᠠᠢ᠌ᠭᠤᠯᠤᠯᠭ᠎ᠠ᠎ᠨᠤᠭᠤᠳ ᠲᠤᠰ ᠵᠠᠰᠠᠭ ᠵᠠᠬᠢᠷᠭ᠋ᠠᠨ᠎ᠤ ᠤᠷᠤᠨ᠎ᠤ᠎ᠪᠠᠨ ᠲᠤᠳᠤᠷᠠᠬᠢ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠭᠤᠶᠤᠴᠢᠯᠠᠯ ᠶᠤᠰᠤᠭ᠋ᠠᠷ ᠢᠯᠡ ᠪᠤᠯᠭ᠋ᠠᠬᠤ ᠵᠢ ᠬᠡᠷᠡᠭᠵᠢᠭᠦᠯᠵᠦ ᠪᠠᠢ᠌ᠭ᠎ᠠ ᠪᠠᠢ᠌ᠳᠠᠯ᠎ᠳᠤ ᠬᠢᠨᠠᠯᠳᠠ ᠲᠠᠯᠪᠢᠵᠤ ᠪᠠᠢ᠌ᠴᠠᠭ᠋ᠠᠬᠤ ᠵᠢ ᠬᠠᠷᠢᠭᠤᠴᠠᠨ᠎ᠠ᠃
    ᠬᠤᠷᠢᠨ ᠲᠤᠯᠤᠳᠤᠭ᠋ᠠᠷ ᠵᠤᠢ᠌ᠯ     ᠵᠠᠰᠠᠭ ᠵᠠᠬᠢᠷᠭ᠋ᠠᠨ᠎ᠤ ᠪᠠᠢ᠌ᠭᠤᠯᠭ᠎ᠠ ᠲᠤᠰ ᠠᠷᠭ᠎ᠠ ᠵᠢᠨ ᠲᠤᠭᠳᠠᠭ᠋ᠠᠯ ᠢ ᠵᠦᠷᠢᠴᠠᠵᠤ᠂ ᠲᠤᠤᠷ᠎ᠠ ᠵᠢᠭᠰᠠᠭ᠋ᠠᠭᠰᠠᠨ ᠪᠠᠢ᠌ᠳᠠᠯ᠎ᠤᠨ ᠨᠢᠭᠡ᠎ᠨᠢ ᠪᠠᠢ᠌ᠪᠠᠯ᠂ ᠬᠢᠨᠠᠨ ᠪᠠᠢ᠌ᠴᠠᠭ᠋ᠠᠬᠤ ᠪᠠᠢ᠌ᠭᠤᠯᠭ᠎ᠠ᠂ ᠲᠡᠭᠡᠷ᠎ᠡ ᠨᠢᠭᠡ ᠱᠠᠳᠤᠨ᠎ᠤ ᠵᠠᠰᠠᠭ ᠵᠠᠬᠢᠷᠭ᠋ᠠᠨ᠎ᠤ ᠪᠠᠢ᠌ᠭᠤᠯᠭ᠎ᠠ᠂ ᠨᠢᠭᠤᠴᠠ ᠵᠢ ᠬᠠᠮᠠᠭ᠋ᠠᠯᠠᠬᠤ ᠵᠠᠰᠠᠭ ᠵᠠᠬᠢᠷᠭ᠋ᠠᠨ᠎ᠤ ᠬᠠᠮᠢᠶᠠᠷᠤᠯᠳᠠ ᠵᠢᠨ ᠰᠠᠯᠠᠭ᠎ᠠ ᠮᠦᠴᠢᠷ᠎ᠠᠴᠠ ᠵᠠᠷᠯᠢᠭᠳᠠᠨ ᠵᠠᠯᠠᠷᠠᠭᠤᠯᠤᠭᠤᠯᠤᠨ᠎ᠠ; ᠦᠢ᠍ᠯᠡ ᠪᠠᠢ᠌ᠳᠠᠯ᠎ᠨᠢ ᠬᠦᠨᠳᠤ ᠨᠤᠴᠢᠳᠠᠢ ᠪᠠᠢ᠌ᠪᠠᠯ᠂ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠨ ᠰᠢᠭᠤᠳ ᠬᠠᠷᠢᠭᠤᠴᠠᠵᠤ ᠪᠠᠢ᠌ᠭ᠎ᠠ ᠡᠷᠬᠢᠯᠡᠨ ᠬᠠᠮᠢᠶᠠᠷᠬᠤ ᠬᠦᠮᠦᠨ ᠪᠤᠯᠤᠨ ᠰᠢᠭᠤᠳ ᠬᠠᠷᠢᠭᠤᠴᠠᠯᠭ᠎ᠠ᠎ᠲᠠᠢ ᠪᠤᠰᠤᠳ ᠬᠦᠮᠦᠨ᠎ᠳᠤ ᠬᠠᠤᠯᠢ ᠶᠤᠰᠤᠭ᠋ᠠᠷ ᠰᠠᠬᠢᠯᠭ᠎ᠠ ᠪᠠᠳᠤ ᠵᠢᠨ ᠶᠤᠰᠤᠭ᠋ᠠᠷ ᠰᠢᠳᠭᠡᠯ ᠦᠭᠭᠦᠨ᠎ᠡ; ᠶᠠᠯ᠎ᠠ ᠪᠤᠯᠵᠤ ᠪᠦᠷᠢᠯᠳᠤᠭ᠌ᠰᠡᠨ ᠪᠠᠢ᠌ᠪᠠᠯ ᠬᠠᠤᠯᠢ ᠶᠤᠰᠤᠭ᠋ᠠᠷ ᠡᠷᠡᠭᠦᠤ ᠵᠢᠨ ᠬᠠᠷᠢᠭᠤᠴᠠᠯᠭ᠎ᠠ ᠨᠡᠬᠡᠮᠵᠢᠯᠡᠨ᠎ᠡ᠄
   (ᠨᠢᠭᠡ) ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢᠨ ᠭᠤᠶᠤᠴᠢᠯᠠᠯ᠎ᠢ ᠦᠨᠳᠤᠰᠤᠯᠡᠨ ᠢᠯᠡ ᠪᠤᠯᠭ᠋ᠠᠬᠤ ᠡᠭᠦᠷᠭᠡ ᠵᠢ ᠬᠠᠤᠯᠢ ᠶᠤᠰᠤᠭ᠋ᠠᠷ ᠭᠦᠢ᠍ᠴᠡᠳᠭᠡᠭᠰᠡᠨ ᠦᠭᠡᠢ;
   (ᠬᠤᠶᠠᠷ) 《ᠪᠦᠬᠦᠳᠡ ᠨᠠᠢ᠌ᠷᠠᠮᠳᠠᠬᠤ ᠲᠤᠮᠳᠠᠳᠤ ᠠᠷᠠᠳ ᠤᠯᠤᠰ᠎ᠠᠴᠠ ᠤᠯᠤᠰ᠎ᠤᠨ ᠨᠢᠭᠤᠴᠠ ᠬᠠᠮᠠᠭ᠋ᠠᠯᠠᠬᠤ ᠬᠠᠤᠯᠢ》 ᠪᠠ 《ᠲᠦᠷᠢᠮ》᠎ᠤᠨ ᠲᠤᠭᠳᠠᠭ᠋ᠠᠯ᠎ᠢ ᠵᠦᠷᠢᠴᠡᠵᠤ᠂ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠨᠢᠭᠤᠴᠠ ᠵᠢ ᠬᠠᠮᠠᠭ᠋ᠠᠯᠠᠬᠤ ᠬᠢᠨᠠᠨ ᠪᠠᠢ᠌ᠴᠠᠭ᠋ᠠᠬᠤ ᠲᠤᠭᠳᠠᠴᠠ ᠵᠢ ᠦᠯᠤ ᠪᠠᠢ᠌ᠭᠤᠯᠤᠭᠰᠠᠨ;
   (ᠭᠤᠷᠪᠡ) ᠢᠯᠡ ᠪᠤᠯᠭ᠋ᠠᠵᠤ ᠪᠣᠯᠬᠤ ᠦᠭᠡᠢ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ

ᠪᠤᠯᠭ᠋ᠠᠭᠰᠠᠨ;
   (ᠲᠦᠷᠪᠡ) ᠵᠠᠰᠠᠭ᠎ᠤᠨ ᠤᠷᠳᠤᠨ᠎ᠤ ᠢᠯᠡ ᠪᠤᠯᠭ᠋ᠠᠬᠤ ᠶᠤᠰᠤᠳᠠᠢ ᠮᠡᠳᠡᠬᠡ ᠵᠠᠩᠬᠢ ᠵᠢ ᠭᠤᠶᠤᠴᠢᠯᠠᠭᠴᠢ᠎ᠳᠤ ᠨᠢᠭᠤᠨ ᠲᠠᠯᠳᠠᠯᠠᠭᠰᠠᠨ ᠪᠤᠶᠤ ᠬᠠᠩᠭ᠋ᠠᠬᠤ ᠵᠢ ᠲᠠᠪᠴᠢᠭ᠌ᠰᠡᠨ ᠪᠤᠶᠤ ᠵᠠᠰᠠᠭ᠎ᠤᠨ ᠤᠷᠳᠤᠨ᠎ᠤ ᠬᠤᠳᠠᠯ ᠬᠠᠭᠤᠷᠮᠠᠭ ᠮᠡᠳᠡᠬᠡ ᠵᠠᠩᠬᠢ ᠬᠠᠩᠭ᠋ᠠᠭᠰᠠᠨ;
   (ᠲᠠᠪᠤ) ᠯᠠᠪᠯᠠᠨ ᠠᠰᠠᠭᠤᠬᠤ ᠪᠠ ᠮᠡᠳᠡᠭᠳᠡᠬᠦ ᠡᠭᠦᠷᠭᠡ᠎ᠪᠠᠨ ᠭᠦᠢ᠍ᠴᠡᠳᠭᠡᠭᠰᠡᠨ ᠦᠭᠡᠢ᠎ᠠᠴᠠ ᠪᠤᠯᠵᠤ ᠭᠤᠷᠪᠠᠳᠡᠬᠢ ᠡᠳᠡᠭᠡᠳ᠎ᠤᠨ ᠬᠠᠤᠯᠢ ᠶᠤᠰᠤᠨ᠎ᠤ ᠡᠷᠬᠡ ᠠᠰᠢᠭ᠎ᠲᠤ ᠬᠤᠬᠢᠷᠠᠯ ᠤᠴᠠᠷᠠᠭᠤᠯᠤᠭᠰᠠᠨ;
   (ᠵᠢᠷᠭᠣᠭ᠎ᠠ) ᠲᠤᠭᠳᠠᠭ᠋ᠠᠯ᠎ᠢ ᠵᠦᠷᠢᠴᠡᠨ ᠰᠦᠢ᠍ᠳᠭᠡᠯ ᠬᠤᠷᠢᠶᠠᠭᠰᠠᠨ;
   (ᠲᠤᠯᠤᠭ᠎ᠠ) ᠪᠤᠰᠤᠳ ᠵᠤᠬᠢᠶᠠᠨ ᠪᠠᠢ᠌ᠭᠤᠯᠤᠯᠳᠠ᠂ ᠬᠤᠪᠢ ᠬᠦᠮᠤᠨ᠎ᠤ ᠲᠦᠯᠤᠪᠤᠷᠢ᠎ᠲᠠᠢ ᠦᠢ᠍ᠯᠡᠴᠢᠯᠡᠭᠡᠨ᠎ᠤ ᠠᠷᠭ᠎ᠠ ᠮᠠᠶᠢᠭ ᠵᠶ᠋ᠠᠷ ᠲᠠᠮᠵᠢᠭᠤᠯᠤᠨ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠬᠠᠩᠭ᠋ᠠᠭᠰᠠᠨ;
   (ᠨᠠᠢ᠍ᠮᠠ) ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠠᠵᠢᠯ᠎ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ᠎ᠤᠨ ᠲᠤᠰ ᠠᠷᠭ᠎ᠠ ᠵᠢ ᠦᠨᠳᠤᠰᠤᠯᠡᠨ ᠭᠠᠷᠭ᠋ᠠᠭᠰᠠᠨ ᠬᠤᠯᠪᠤᠭᠳᠠᠯ ᠪᠦᠬᠦᠢ ᠲᠤᠭᠳᠠᠭ᠋ᠠᠯ᠎ᠢ ᠬᠡᠷᠡᠭᠵᠢᠭᠦᠯᠬᠦ ᠵᠢ ᠲᠠᠪᠴᠢᠭ᠌ᠰᠡᠨ;
   (ᠶᠢᠰᠤ) ᠲᠤᠰ ᠠᠷᠭ᠎ᠠ ᠵᠢᠨ ᠲᠤᠭᠳᠠᠭ᠋ᠠᠯ᠎ᠠᠴᠠ ᠵᠦᠷᠢᠴᠡᠭᠰᠡᠨ ᠪᠤᠰᠤᠳ ᠦᠢ᠍ᠯᠡ ᠠᠵᠢᠯᠯᠠᠭ᠎ᠠ᠃
    ᠲᠠᠪᠤᠳᠤᠭ᠋ᠠᠷ ᠪᠥᠯᠦᠭ     ᠲᠠᠭ᠋ᠠᠯᠳᠤᠭᠤᠯᠤᠭᠰᠠᠨ ᠲᠦᠷᠢᠮ
    ᠬᠤᠷᠢᠨ ᠨᠠᠢ᠍ᠮᠠᠳᠤᠭ᠋ᠠᠷ ᠵᠤᠢ᠌ᠯ     ᠬᠠᠤᠯᠢ ᠴᠠᠭ᠋ᠠᠵᠠ᠂ ᠬᠠᠤᠯᠢ ᠲᠤᠭᠳᠠᠭ᠋ᠠᠯ᠎ᠠᠴᠠ ᠡᠷᠬᠡ ᠤᠯᠭᠤᠭᠰᠠᠨ ᠤᠯᠠᠨ ᠨᠠᠢ᠌ᠳᠠ ᠵᠢᠨ ᠬᠡᠷᠡᠭ ᠶᠠᠪᠤᠳᠠᠯ᠎ᠢ ᠬᠠᠮᠢᠶᠠᠷᠬᠤ ᠡᠭᠦᠷᠭᠡ ᠴᠢᠳᠠᠪᠤᠷᠢ ᠪᠦᠬᠦᠢ ᠵᠤᠬᠢᠶᠠᠨ ᠪᠠᠢ᠌ᠭᠤᠯᠤᠯᠳᠠ ᠭᠤᠶᠤᠴᠢᠯᠠᠯ ᠶᠤᠰᠤᠭ᠋ᠠᠷ ᠵᠠᠰᠠᠭ᠎ᠤᠨ ᠤᠷᠳᠤᠨ᠎ᠤ ᠮᠡᠳᠡᠬᠡ ᠵᠠᠩᠬᠢ ᠵᠢ ᠢᠯᠡ ᠪᠤᠯᠭ᠋ᠠᠬᠤ ᠠᠵᠢᠯᠯᠠᠭ᠎ᠠ᠂ ᠲᠤᠰ ᠠᠷᠭ᠎ᠠ ᠲᠤᠬᠢᠷᠠᠨ᠎ᠠ᠃
    ᠬᠤᠷᠢ ᠶᠢᠰᠤᠳᠤᠭᠡᠷ ᠵᠤᠢ᠌ᠯ     ᠲᠤᠰ ᠠᠷᠭ᠎ᠠ᠎ᠨᠢ 2016 ᠤᠨ᠎ᠤ 1 ᠳ᠋ᠤᠭᠡᠷ ᠰᠠᠷ᠎ᠠ ᠵᠢᠨ 1᠎ᠤ ᠡᠳᠤᠷ᠎ᠠᠴᠠ ᠡᠬᠢᠯᠡᠵᠤ ᠬᠡᠷᠡᠭᠵᠢᠭᠦᠯᠤᠨ᠎ᠡ᠃ ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠠᠯᠪᠠᠨ ᠲᠢᠩᠬᠢᠮ᠎ᠤᠨ 2011 ᠣᠨ 2 ᠳ᠋ᠤᠭ᠋ᠠᠷ ᠰᠠᠷ᠎ᠠ ᠵᠢᠨ 25᠎ᠤ ᠡᠳᠤᠷ ᠳᠠᠷᠤᠮᠠᠯᠯᠠᠨ ᠶᠠᠪᠤᠭᠤᠯᠤᠭᠰᠠᠨ 《ᠦᠪᠤᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠵᠠᠰᠠᠭ᠎ᠤᠨ ᠤᠷᠳᠤᠨ ᠮᠡᠳᠡᠬᠡ ᠵᠠᠩᠬᠢ ᠵᠢ ᠭᠤᠶᠤᠴᠢᠯᠠᠯ᠎ᠢ ᠦᠨᠳᠤᠰᠤᠯᠡᠨ ᠢᠯᠡ ᠪᠤᠯᠭ᠋ᠠᠬᠤ ᠲᠦᠷᠢᠮ》 (ᠦᠪᠤᠷ ᠵᠠᠰᠠᠭ ᠠᠯᠪᠠᠨ ᠲᠠᠷᠬᠠᠭ᠋ᠠᠭᠰᠠᠨ(2011)27 ᠳ᠋ᠤᠭ᠋ᠠᠷ ᠲᠤᠭ᠋ᠠᠳᠤ)᠎ᠢ ᠬᠠᠮᠳᠤ᠎ᠳᠤᠨᠢ ᠬᠦᠴᠤᠨ ᠦᠭᠡᠢ ᠪᠤᠯᠭ᠋ᠠᠨ᠎ᠠ᠃

ᠢᠷᠡᠯᠲᠡ᠄ ᠦᠪᠤᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠲᠣᠭ᠎ᠠ ᠪᠦᠷᠢᠳᠭᠡᠯ᠎ᠤᠨ ᠲᠤᠪᠴᠢᠶ᠎ᠠ
          
ᠬᠠᠮᠢᠶ᠎ᠡ ᠪᠦᠬᠦᠢ ᠰᠣᠨᠢᠨ
ᠦᠨᠳᠦᠰᠦᠨ ᠱᠠᠲᠤᠨ᠎ᠤ ᠲᠣᠭ᠎ᠠ ᠪᠦᠷᠢᠳᠬᠡᠯ᠎ᠤᠨ ᠠᠵᠢᠯ᠎ᠢ ᠴᠢᠩᠭ᠋ᠠᠳᠬᠠᠨ ᠠᠬᠢᠭᠤᠯᠬᠤ ᠲᠤᠬᠠᠶ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠤᠷᠳᠤᠨ᠎ᠤ ᠠᠯᠪᠠᠨ ᠲᠢᠩᠬᠢᠮ᠎ᠤᠨ ᠮᠡᠳᠡᠭᠳᠡᠯ
ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠲᠤᠭ᠎ᠠ ᠪᠦᠷᠢᠳᠭᠡᠯ᠎ᠤᠨ ᠲᠤᠪᠴᠢᠶ᠎ᠠ ᠵᠢᠨ ᠮᠤᠩᠭᠤᠯ ᠬᠡᠯᠡᠨ᠎ᠤ ᠰᠦᠯᠵᠢᠶᠡᠨ ᠦᠷᠲᠡᠭᠡ ᠵᠢᠨ ᠮᠡᠳᠡᠭᠡ ᠵᠠᠩᠬᠢ ᠨᠡᠢ᠌ᠲᠡᠯᠡᠬᠦ ᠬᠠᠮᠢᠶᠠᠷᠤᠯᠳᠠ ᠵᠢᠨ ᠳᠦᠷᠢᠮ
ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠲᠤᠭ᠎ᠠ ᠪᠦᠷᠢᠳᠭᠡᠯ᠎ᠤᠨ ᠲᠤᠪᠴᠢᠶ᠎ᠠ ᠵᠢᠨ ᠮᠤᠩᠭᠤᠯ ᠬᠡᠯᠡᠨ᠎ᠤ ᠵᠠᠰᠠᠭ᠎ᠤᠨ ᠶᠠᠪᠤᠳᠠᠯ᠎ᠤᠨ ᠰᠦᠯᠵᠢᠶ᠎ᠡ ᠵᠢᠨ ᠮᠡᠳᠡᠭᠡ ᠵᠠᠩᠬᠢ ᠨᠡᠢ᠌ᠳᠡᠯᠡᠬᠦ ᠬᠢᠨᠠᠨ ᠬᠠᠷᠭᠤᠭᠤᠯᠬᠤ ᠳᠦᠷᠢᠮ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶᠠᠨ᠎ᠤ ᠠᠯᠪᠠᠨ ᠲᠢᠩᠬᠢᠮ᠂ ᠵᠠᠰᠠᠭ᠎ᠤᠨ ᠣᠷᠳᠣᠨ᠎ᠤ ᠠᠯᠪᠠᠨ ᠲᠢᠩᠬᠢᠮ 《ᠲᠣᠭ᠎ᠠ ᠪᠦᠷᠢᠳᠬᠡᠯ᠎ᠳᠤ ᠬᠢᠨᠠᠯᠲᠠ ᠲᠠᠯᠪᠢᠬᠤ ᠡᠭᠦᠷᠭᠡ ᠴᠢᠳᠠᠪᠬᠢ ᠵᠢᠨ ᠦᠢ᠍ᠯᠡᠳᠦᠯ᠎ᠢ ᠨᠡᠩ ᠪᠦᠲᠦᠮᠵᠢᠲᠡᠢ ᠪᠠᠳᠠᠷᠠᠭᠤᠯᠬᠤ ᠲᠤᠬᠠᠢ ᠠᠷᠭ᠎ᠠ ᠬᠡᠮᠵᠢᠶ᠎ᠡ᠎ᠨᠦᠭᠦᠳ》᠎ᠢ ᠳᠠᠷᠤᠮᠠᠯᠯᠠᠨ ᠲᠠᠷᠬᠠᠭ᠋ᠠᠪᠠ
ᠲᠠᠪᠤᠳᠤᠭ᠋ᠠᠷ ᠤᠳᠠᠭ᠋ᠠᠨ᠎ᠤ ᠪᠦᠬᠦ ᠤᠯᠤᠰ᠎ᠤᠨ ᠠᠵᠤ ᠠᠬᠤᠶ ᠵᠢᠨ ᠨᠡᠶ᠋ᠢᠳᠡᠮ ᠪᠠᠶ᠋ᠢᠴᠠᠭ᠋ᠠᠯᠲᠠ ᠵᠢ ᠥᠷᠨᠢᠭᠦᠯᠬᠦ ᠲᠤᠬᠠᠶ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠡᠳᠡᠭᠳᠡᠯ
 
            