ᠲᠡᠷᠢᠭᠦᠨ ᠬᠠᠭᠤᠳᠠᠰᠤ
ᠠᠵᠢᠯ᠎ᠤᠨ ᠪᠠᠶ᠋ᠢᠳᠠᠯ
ᠢᠯᠡ ᠵᠠᠰᠠᠭ
ᠲᠤᠭ᠎ᠠ ᠪᠦᠷᠢᠳᠭᠡᠯ᠎ᠤᠨ ᠦᠢᠯᠡᠴᠢᠯᠡᠭᠡ
ᠢᠯᠡ ᠵᠠᠰᠠᠭ   -   ᠠᠯᠪᠠᠨ ᠮᠡᠳᠡᠭᠡ
2024 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠠᠶ᠋ᠢᠩᠭᠤ ᠰᠠᠭᠤᠭ᠎ᠠ ᠬᠥᠮᠦᠨ ᠠᠮᠠ ᠵᠢᠨ ᠭᠤᠤᠯ ᠲᠣᠭ᠎ᠠ ᠪᠠᠷᠢᠮᠲᠠ ᠵᠢᠨ ᠠᠯᠪᠠᠨ ᠮᠡᠳᠡᠭᠡ
ᠨᠡᠶ᠋ᠢᠲᠡᠯᠡᠭᠰᠡᠨ ᠴᠠᠭ᠄ 2025-04-13

    2024 ᠣᠨ᠎ᠤ ᠥᠪᠥᠷ ᠮᠣᠩᠭᠣᠯ᠎ᠤᠨ ᠬᠥᠮᠦᠨ ᠠᠮᠠ ᠵᠢᠨ ᠬᠤᠪᠢᠷᠠᠯᠲᠠ ᠵᠢᠨ ᠪᠠᠶ᠋ᠢᠳᠠᠯ᠎ᠤᠨ ᠰᠤᠭᠤᠴᠢᠨ ᠪᠠᠶ᠋ᠢᠴᠠᠭ᠋ᠠᠯᠲᠠ ᠪᠣᠯ ᠤᠯᠤᠰ᠎ᠤᠨ ᠲᠣᠭ᠎ᠠ ᠪᠦᠷᠢᠳᠬᠡᠯ᠎ᠤᠨ ᠲᠣᠪᠴᠢᠶᠠᠨ᠎ᠤ ᠨᠢᠭᠡᠳᠦᠯᠲᠡᠶ ᠪᠠᠶ᠋ᠢᠷᠢᠯᠠᠭᠤᠯᠤᠯᠲᠠ ᠳᠤᠤᠷ᠎ᠠ᠂ ᠥᠪᠡᠷᠲᠡᠭᠡᠨ ᠵᠠᠰᠠᠬᠤ ᠣᠷᠣᠨ᠎ᠤ ᠲᠣᠭ᠎ᠠ ᠪᠦᠷᠢᠳᠬᠡᠯ᠎ᠤᠨ ᠲᠣᠪᠴᠢᠶ᠎ᠠ᠎ᠠᠴᠠ ᠵᠣᠬᠢᠶᠠᠨ ᠪᠠᠶ᠋ᠢᠭᠤᠯᠵᠤ ᠬᠡᠷᠡᠭᠵᠢᠭᠦᠯᠦᠭᠰᠡᠨ ᠨᠢᠭᠡ ᠵᠦᠢ᠍ᠯ᠎ᠤᠨ ᠣᠷᠣᠨ᠎ᠤ ᠪᠠᠶ᠋ᠢᠳᠠᠯ ᠣᠷᠣᠨ᠎ᠤ ᠬᠦᠴᠦᠨ᠎ᠤ ᠴᠢᠬᠤᠯᠠ ᠪᠠᠶ᠋ᠢᠴᠠᠭ᠋ᠠᠯᠲᠠ ᠪᠣᠯᠤᠨ᠎ᠠ᠃ ᠲᠣᠰ ᠤᠳᠠᠭ᠋ᠠᠨ᠎ᠤ ᠪᠠᠶ᠋ᠢᠴᠠᠭ᠋ᠠᠯᠲᠠ᠎ᠳᠤ 2024 ᠣᠨ᠎ᠤ 11 ᠰᠠᠷ᠎ᠠ ᠵᠢᠨ 1᠎ᠤ ᠡᠳᠦᠷ᠎ᠤᠨ ᠲᠡᠭ ᠴᠠᠭ ᠵᠶ᠋ᠠᠷ ᠪᠠᠶ᠋ᠢᠴᠠᠭ᠋ᠠᠯᠲᠠ ᠵᠢᠨ ᠪᠠᠷᠢᠮᠵᠢᠶᠠᠲᠤ ᠴᠠᠭ ᠪᠣᠯᠭ᠋ᠠᠵᠤ᠂ ᠣᠯᠠᠨ ᠱᠠᠲᠤ ᠦᠶ᠎ᠡ᠂ ᠲᠠᠰ ᠳᠠᠪᠬᠤᠷᠭ᠎ᠠ᠂ ᠲᠣᠬᠢᠶᠠᠯᠳᠤᠮᠵᠢ ᠵᠢᠨ ᠬᠠᠷᠢᠴᠠᠯ ᠵᠶ᠋ᠠᠷ ᠥᠯᠢᠭᠡᠷ ᠠᠪᠬᠤ ᠠᠷᠭ᠎ᠠ ᠵᠢ ᠠᠪᠴᠤ᠂ ᠪᠥᠬᠥ ᠣᠷᠣᠨ᠎ᠠᠴᠠ ᠨᠡᠶ᠋ᠢᠲᠡ 862 ᠲᠣᠰᠬᠣᠨ᠎ᠤ ᠲᠠᠰ᠎ᠤᠨ ᠥᠯᠢᠭᠡᠷ ᠬᠡᠪ᠎ᠢ ᠰᠣᠩᠭᠣᠵᠤ᠂ 4.7 ᠲᠦᠮᠡᠨ ᠰᠠᠭᠤᠭ᠋ᠠᠯᠢ ᠡᠷᠦᠬᠡ ᠵᠢ ᠪᠠᠶ᠋ᠢᠴᠠᠭ᠋ᠠᠨ ᠳᠡᠩᠰᠡᠯᠡᠨ᠎ᠡ᠃ ᠣᠳᠣ ᠲᠤᠰ ᠤᠳᠠᠭ᠋ᠠᠨ᠎ᠤ ᠪᠠᠶ᠋ᠢᠴᠠᠭ᠋ᠠᠯᠲᠠ᠎ᠪᠠᠷ ᠲᠥᠰᠦᠭᠡᠯᠡᠨ ᠪᠣᠳᠣᠭᠰᠠᠨ ᠬᠥᠮᠦᠨ ᠠᠮᠠ ᠵᠢᠨ ᠭᠣᠣᠯ ᠲᠣᠭ᠎ᠠ ᠪᠠᠷᠢᠮᠲᠠ ᠵᠢ ᠦᠨᠳᠦᠰᠦᠯᠡᠨ ᠳᠣᠣᠷᠠᠬᠢ ᠮᠡᠲᠦ ᠨᠡᠶ᠋ᠢᠲᠡᠯᠡᠶ᠎ᠡ᠄
    ᠨᠢᠭᠡ᠂ ᠪᠠᠶ᠋ᠢᠩᠭᠤ ᠰᠠᠭᠤᠭ᠎ᠠ ᠬᠥᠮᠦᠨ ᠠᠮᠠ ᠵᠢᠨ ᠶᠡᠷᠦᠩᠬᠡᠢ ᠬᠡᠮᠵᠢᠶ᠎ᠡ
    2024 ᠣᠨ᠎ᠤ ᠡᠴᠦᠰ᠎ᠲᠤ᠂ ᠪᠥᠬᠥ ᠣᠷᠣᠨ᠎ᠤ ᠪᠠᠶ᠋ᠢᠩᠭᠤ ᠰᠠᠭᠤᠭ᠎ᠠ ᠬᠥᠮᠦᠨ ᠠᠮᠠ 2388 ᠲᠦᠮᠡ ᠪᠠᠶ᠋ᠢᠵᠤ᠂ 2023 ᠣᠨ᠎ᠤ᠎ᠬᠢ᠎ᠠᠴᠠ 8 ᠲᠦᠮᠡ ᠪᠠᠭ᠋ᠠᠰᠴᠤ᠂ 0.33%᠎ᠪᠠᠷ ᠪᠠᠭᠤᠷᠠᠪᠠ᠃
    ᠬᠣᠶᠠᠷ᠂ ᠬᠤᠳᠠ ᠲᠣᠰᠬᠣᠨ᠎ᠤ ᠪᠦᠲᠦᠴᠡ
    ᠪᠥᠬᠥ ᠣᠷᠣᠨ᠎ᠤ ᠪᠠᠶ᠋ᠢᠩᠭᠤ ᠰᠠᠭᠤᠭ᠎ᠠ ᠬᠥᠮᠦᠨ ᠠᠮᠠ ᠵᠢᠨ ᠳᠣᠲᠣᠷ᠎ᠠ᠂ ᠬᠣᠲᠠ ᠪᠠᠯᠭ᠋ᠠᠰᠤᠨ᠎ᠤ ᠬᠥᠮᠦᠨ ᠠᠮᠠ 1689 ᠲᠦᠮᠡ ᠪᠠᠶ᠋ᠢᠵᠤ᠂ 2023 ᠣᠨ᠎ᠤ᠎ᠬᠢ᠎ᠠᠴᠠ 21.9 ᠲᠦᠮᠡ ᠨᠡᠮᠡᠭᠳᠡᠵᠡᠶ; ᠬᠥᠳᠡᠭᠡ ᠲᠣᠰᠬᠣᠨ᠎ᠤ ᠬᠥᠮᠦᠨ ᠠᠮᠠ 699 ᠲᠦᠮᠡ ᠪᠠᠶ᠋ᠢᠵᠤ᠂ 2023 ᠣᠨ᠎ᠤ᠎ᠬᠢ᠎ᠠᠴᠠ 29.9 ᠲᠦᠮᠡ ᠪᠠᠭ᠋ᠠᠰᠪᠠ᠃ ᠪᠠᠶ᠋ᠢᠩᠭᠤ ᠰᠠᠭᠤᠭ᠎ᠠ ᠬᠥᠮᠦᠨ ᠠᠮᠠ ᠵᠢᠨ ᠬᠣᠲᠠ ᠪᠠᠯᠭ᠋ᠠᠰᠤᠵᠢᠯᠲᠠ ᠵᠢᠨ ᠨᠣᠷᠮ᠎ᠠ 70.73%᠎ᠳᠤ ᠬᠦᠷᠴᠦ᠂ 2023 ᠣᠨ᠎ᠤ᠎ᠬᠢ᠎ᠠᠴᠠ 1.15 ᠵᠠᠭᠤᠨ᠎ᠤ ᠬᠤᠪᠢ ᠵᠢᠨ ᠴᠡᠭ ᠳᠡᠭᠡᠭᠰᠢᠯᠡᠪᠡ᠃
    ᠭᠤᠷᠪᠠ᠂ ᠨᠠᠰᠤᠨ᠎ᠤ ᠪᠦᠷᠢᠯᠳᠦᠯ
    ᠪᠥᠬᠥ ᠣᠷᠣᠨ᠎ᠤ ᠪᠠᠶ᠋ᠢᠩᠭᠤ ᠰᠠᠭᠤᠭ᠎ᠠ ᠬᠥᠮᠦᠨ ᠠᠮᠠ ᠵᠢᠨ ᠳᠣᠲᠣᠷ᠎ᠠ᠂ 0-15 ᠨᠠᠰᠤᠨ᠎ᠤ ᠬᠥᠮᠦᠨ ᠠᠮᠠ 322 ᠲᠦᠮᠡ ᠪᠠᠶ᠋ᠢᠵᠤ᠂ ᠪᠥᠬᠥ ᠬᠥᠮᠦᠨ ᠠᠮᠠ ᠵᠢᠨ 13.48% ᠵᠢ ᠡᠵᠡᠯᠡᠪᠡ; 16 - 59 ᠨᠠᠰᠤᠨ᠎ᠤ ᠬᠥᠮᠦᠨ ᠠᠮᠠ 1496 ᠲᠦᠮᠡ ᠪᠠᠶ᠋ᠢᠵᠤ᠂ 62.65% ᠵᠢ ᠡᠵᠡᠯᠡᠪᠡ; 60 ᠨᠠᠰᠤ ᠵᠢᠴᠢ ᠲᠡᠭᠦᠨ᠎ᠠᠴᠠ ᠳᠡᠭᠡᠭᠰᠢᠬᠢ ᠨᠠᠰᠤᠨ᠎ᠤ ᠬᠥᠮᠦᠨ ᠠᠮᠠ 570 ᠲᠦᠮᠡ ᠪᠠᠶ᠋ᠢᠵᠤ᠂ 23.87% ᠵᠢ ᠡᠵᠡᠯᠡᠪᠡ᠃ ᠡᠭᠦᠨ᠎ᠳᠤ᠂ 65 ᠨᠠᠰᠤ ᠵᠢᠴᠢ ᠲᠡᠭᠦᠨ᠎ᠠᠴᠠ ᠳᠡᠭᠡᠭᠰᠢᠬᠢ ᠨᠠᠰᠤᠨ᠎ᠤ ᠬᠥᠮᠦᠨ ᠠᠮᠠ 383 ᠲᠦᠮᠡ ᠪᠠᠶ᠋ᠢᠵᠤ᠂ 16.04% ᠵᠢ ᠡᠵᠡᠯᠡᠪᠡ᠃ 2023 ᠣᠨ᠎ᠲᠠᠢ ᠬᠠᠷᠢᠴᠠᠭᠤᠯᠪᠠᠯ᠂ 0-15 ᠨᠠᠰᠤᠨ᠎ᠤ ᠬᠥᠮᠦᠨ ᠠᠮᠠ 9.1 ᠲᠦᠮᠡ ᠪᠠᠭ᠋ᠠᠰᠴᠤ᠂ ᠬᠤᠪᠢ ᠵᠢᠨ ᠵᠢᠩ᠎ᠨᠢ 0.34 ᠵᠠᠭᠤᠨ᠎ᠤ ᠬᠤᠪᠢ ᠵᠢᠨ ᠴᠡᠭ ᠪᠠᠭᠤᠷᠠᠪᠠ; 16 - 59 ᠨᠠᠰᠤᠨ᠎ᠤ ᠬᠥᠮᠦᠨ ᠠᠮᠠ 22.5 ᠲᠦᠮᠡ ᠪᠠᠭ᠋ᠠᠰᠴᠤ᠂ ᠬᠤᠪᠢ ᠵᠢᠨ ᠵᠢᠩ᠎ᠨᠢ 0.73 ᠵᠠᠭᠤᠨ᠎ᠤ  ᠬᠤᠪᠢ ᠵᠢᠨ ᠴᠡᠭ ᠪᠠᠭᠤᠷᠠᠪᠠ; 60 ᠨᠠᠰᠤ ᠵᠢᠴᠢ ᠲᠡᠭᠦᠨ᠎ᠠᠴᠠ ᠳᠡᠭᠡᠭᠰᠢᠬᠢ ᠨᠠᠰᠤᠨ᠎ᠤ ᠬᠥᠮᠦᠨ ᠠᠮᠠ 23.6 ᠲᠦᠮᠡ ᠨᠡᠮᠡᠭᠳᠡᠵᠦ᠂ ᠬᠤᠪᠢ ᠵᠢᠨ ᠵᠢᠩ᠎ᠨᠢ 1.07 ᠵᠠᠭᠤᠨ᠎ᠤ ᠬᠤᠪᠢ ᠵᠢᠨ ᠴᠡᠭ ᠳᠡᠭᠡᠭᠰᠢᠯᠡᠪᠡ᠃ ᠡᠭᠦᠨ᠎ᠳᠤ 65 ᠨᠠᠰᠤ ᠵᠢᠴᠢ ᠲᠡᠭᠦᠨ᠎ᠠᠴᠠ ᠳᠡᠭᠡᠭᠰᠢᠬᠢ ᠨᠠᠰᠤᠨ᠎ᠤ ᠬᠥᠮᠦᠨ ᠠᠮᠠ 12.7 ᠲᠦᠮᠡ ᠨᠡᠮᠡᠭᠳᠡᠵᠦ᠂ ᠬᠤᠪᠢ ᠵᠢᠨ ᠵᠢᠩ᠎ᠨᠢ 0.59 ᠵᠠᠭᠤᠨ᠎ᠤ ᠬᠤᠪᠢ ᠵᠢᠨ ᠴᠡᠭ ᠳᠡᠭᠡᠭᠰᠢᠯᠡᠪᠡ᠃
    ᠳᠥᠷᠪᠡ᠂ ᠴᠢᠨᠠᠷ᠎ᠤᠨ ᠢᠯᠭ᠋ᠠᠯ᠎ᠤᠨ ᠪᠦᠷᠢᠯᠳᠦᠯ
    ᠪᠥᠬᠥ ᠣᠷᠣᠨ᠎ᠤ ᠪᠠᠶ᠋ᠢᠩᠭᠤ ᠰᠠᠭᠤᠭ᠎ᠠ ᠬᠥᠮᠦᠨ ᠠᠮᠠ ᠵᠢᠨ ᠳᠣᠲᠣᠷ᠎ᠠ᠂ ᠡᠷᠡᠭᠲᠡᠶ ᠬᠥᠮᠦᠨ ᠠᠮᠠ 1221 ᠲᠦᠮᠡ ᠪᠠᠶ᠋ᠢᠵᠤ᠂ ᠪᠥᠬᠥ ᠬᠥᠮᠦᠨ ᠠᠮᠠ ᠵᠢᠨ 51.13% ᠵᠢ ᠡᠵᠡᠯᠡᠪᠡ; ᠡᠮᠡᠭᠲᠡᠶ ᠬᠥᠮᠦᠨ ᠠᠮᠠ 1167 ᠲᠦᠮᠡ ᠪᠠᠶ᠋ᠢᠵᠤ᠂ 48.87% ᠵᠢ ᠡᠵᠡᠯᠡᠪᠡ᠃ ᠪᠥᠬᠥ ᠬᠥᠮᠦᠨ ᠠᠮᠠ ᠵᠢᠨ ᠴᠢᠨᠠᠷ᠎ᠤᠨ ᠢᠯᠭ᠋ᠠᠯ᠎ᠤᠨ ᠬᠠᠷᠢᠴᠠᠯ 104.63 ᠪᠣᠯᠵᠣ᠂ 2023 ᠣᠨ᠎ᠤ᠎ᠬᠢ᠎ᠠᠴᠠ 0.34 ᠪᠠᠭᠤᠷᠠᠪᠠ᠃
    ᠲᠠᠪᠤ᠂ ᠬᠥᠮᠦᠨ ᠠᠮᠠ ᠵᠢᠨ ᠠᠶᠠᠨᠳᠠᠭ᠋ᠠᠨ ᠨᠡᠮᠡᠭᠳᠡᠯ
    ᠪᠥᠬᠥ ᠣᠷᠣᠨ᠎ᠤ ᠪᠠᠶ᠋ᠢᠩᠭᠤ ᠰᠠᠭᠤᠭ᠎ᠠ ᠬᠥᠮᠦᠨ ᠠᠮᠠ ᠵᠢᠨ ᠳᠣᠲᠣᠷ᠎ᠠ᠂ ᠲᠥᠷᠥᠭᠰᠡᠨ ᠬᠥᠮᠦᠨ ᠠᠮᠠ 13.2 ᠲᠦᠮᠡ ᠪᠠᠶ᠋ᠢᠵᠤ᠂ 2023 ᠣᠨ᠎ᠤ᠎ᠬᠢ᠎ᠠᠴᠠ 1.2 ᠲᠦᠮᠡ ᠨᠡᠮᠡᠭᠳᠡᠵᠡᠶ; ᠬᠥᠮᠦᠨ ᠠᠮᠠ ᠵᠢᠨ ᠳᠦᠷᠦᠯᠲᠡ ᠵᠢᠨ ᠨᠤᠷᠮ᠎ᠠ 5.52 ‰᠎ᠳᠤ ᠬᠦᠷᠴᠦ᠂ 2023 ᠣᠨ᠎ᠤ᠎ᠬᠢ᠎ᠠᠴᠠ 0.52 ᠮᠢᠩᠭ᠋ᠠᠨ᠎ᠤ ᠬᠤᠪᠢ ᠵᠢᠨ ᠴᠡᠭ ᠳᠡᠭᠡᠭᠰᠢᠯᠡᠪᠡ; 20.0 ᠲᠦᠮᠡᠨ ᠬᠥᠮᠦᠨ ᠦᠬᠦᠵᠦ᠂ 2023 ᠣᠨ᠎ᠤ᠎ᠬᠢ᠎ᠠᠴᠠ 0.2 ᠲᠦᠮᠡᠨ ᠬᠥᠮᠦᠨ ᠬᠠᠰᠤᠭᠳᠠᠪᠠ; ᠬᠥᠮᠦᠨ ᠠᠮᠠ ᠵᠢᠨ ᠦᠬᠦᠯᠲᠡ ᠵᠢᠨ ᠨᠣᠷᠮ᠎ᠠ 8.36 ‰ ᠪᠣᠯᠵᠣ᠂ 2023 ᠣᠨ᠎ᠤ᠎ᠬᠢ᠎ᠠᠴᠠ 0.06 ᠮᠢᠩᠭ᠋ᠠᠨ ᠬᠤᠪᠢ ᠵᠢᠨ ᠴᠡᠭ ᠪᠠᠭᠤᠷᠠᠪᠠ; ᠬᠥᠮᠦᠨ ᠠᠮᠠ ᠵᠢᠨ ᠠᠶᠠᠨᠳᠠᠭ᠋ᠠᠨ ᠨᠡᠮᠡᠭᠳᠡᠬᠦ ᠨᠣᠷᠮ᠎ᠠ - 2.84 ‰ ᠪᠣᠯᠵᠣ᠂ 2023 ᠣᠨ᠎ᠤ᠎ᠬᠢ᠎ᠠᠴᠠ 0.58 ᠮᠢᠩᠭ᠋ᠠᠨ᠎ᠤ ᠬᠤᠪᠢ ᠵᠢᠨ ᠴᠡᠭ ᠳᠡᠭᠡᠭᠰᠢᠯᠡᠪᠡ᠃
     ᠵᠢᠷᠭᠤᠭ᠎ᠠ᠂ ᠭᠠᠵᠠᠷ ᠤᠷᠤᠨ᠎ᠤ ᠲᠠᠷᠬᠠᠯᠲᠠ


2024年内蒙古自治区常住人口主要数据公报_00.jpg


    ᠲᠠᠶ᠋ᠢᠯᠪᠤᠷᠢ᠄
    ᠪᠠᠶ᠋ᠢᠩᠭᠤ ᠰᠠᠭᠤᠭ᠎ᠠ ᠬᠥᠮᠦᠨ ᠠᠮᠠ᠄ ᠲᠤᠰ ᠰᠢᠶᠠᠩ ᠪᠠᠯᠭ᠋ᠠᠰᠤ ᠵᠢᠨ ᠵᠡᠭᠡᠯᠢ ᠭᠤᠳᠤᠮᠵᠢ᠎ᠳᠤ ᠰᠠᠭᠤᠵᠤ ᠪᠠᠶ᠋ᠢᠭ᠎ᠠ ᠪᠥᠭᠡᠳ ᠡᠷᠦᠬᠡ ᠠᠮᠠ᠎ᠨᠢ ᠲᠤᠰ ᠰᠢᠶᠠᠩ ᠪᠠᠯᠭ᠋ᠠᠰᠤ ᠵᠢᠨ ᠵᠡᠭᠡᠯᠢ ᠭᠤᠳᠤᠮᠵᠢ ᠪᠤᠶᠤ ᠡᠷᠦᠬᠡ ᠠᠮᠠ ᠵᠢᠨ ᠳᠠᠩᠰᠠ᠎ᠪᠠᠨ ᠲᠣᠭᠲᠠᠭ᠋ᠠᠭ᠋ᠠᠳᠤᠶ ᠬᠥᠮᠦᠨ ᠪᠠᠭᠲᠠᠨ᠎ᠠ; ᠲᠤᠰ ᠰᠢᠶᠠᠩ ᠪᠠᠯᠭ᠋ᠠᠰᠤ ᠵᠢᠨ ᠵᠡᠭᠡᠯᠢ ᠭᠤᠳᠤᠮᠵᠢ᠎ᠳᠤ ᠰᠠᠭᠤᠵᠤ ᠪᠠᠶ᠋ᠢᠭ᠎ᠠ ᠪᠥᠭᠡᠳ ᠡᠷᠦᠬᠡ ᠠᠮᠠ ᠳᠠᠩᠰᠠᠯᠠᠭᠤᠯᠤᠭᠰᠠᠨ ᠭᠠᠵᠠᠷ᠎ᠠᠴᠠ᠎ᠪᠠᠨ ᠰᠠᠯᠤᠭᠰᠠᠨ ᠰᠢᠶᠠᠩ ᠪᠠᠯᠭ᠋ᠠᠰᠤ ᠵᠢᠨ ᠵᠡᠭᠡᠯᠢ ᠭᠤᠳᠤᠮᠵᠢ ᠵᠢᠨ ᠬᠠᠭ᠋ᠠᠰ ᠵᠢᠯ᠎ᠠᠴᠠ ᠳᠡᠭᠡᠭᠰᠢ ᠬᠥᠮᠦᠨ; ᠡᠷᠦᠬᠡ ᠠᠮᠠ᠎ᠨᠢ ᠲᠣᠰ ᠰᠢᠶᠠᠩ ᠪᠠᠯᠭ᠋ᠠᠰᠤ ᠵᠡᠭᠡᠯᠢ ᠭᠤᠳᠤᠮᠵᠢ᠎ᠳᠤ ᠪᠠᠢ᠍ᠬᠤ ᠮᠥᠷᠲᠡᠭᠡᠨ ᠭᠠᠳᠠᠭᠰᠢ ᠭᠠᠷᠤᠭ᠋ᠠᠳ ᠬᠠᠭ᠋ᠠᠰ ᠵᠢᠯ ᠪᠣᠯᠤᠭ᠎ᠠ ᠦᠭᠡᠢ ᠪᠤᠶᠤ ᠬᠢᠯᠢ ᠵᠢᠨ ᠭᠠᠳᠠᠨ᠎ᠠ ᠠᠵᠢᠯᠯᠠᠵᠤ ᠰᠤᠷᠤᠯᠴᠠᠵᠤ ᠪᠠᠢ᠍ᠭ᠎ᠠ ᠬᠥᠮᠦᠨ᠃
    ᠬᠣᠲᠠ ᠪᠠᠯᠭ᠋ᠠᠰᠤᠨ᠎ᠤ ᠬᠥᠮᠦᠨ ᠠᠮᠠ ᠪᠠ ᠬᠥᠳᠡᠭᠡ ᠲᠣᠰᠬᠣᠨ᠎ᠤ ᠬᠥᠮᠦᠨ ᠠᠮᠠ᠄ ᠬᠣᠲᠠ ᠪᠠᠯᠭ᠋ᠠᠰᠤᠨ᠎ᠤ ᠬᠥᠮᠦᠨ ᠠᠮᠠ ᠭᠡᠳᠡᠭ᠎ᠨᠢ ᠬᠣᠲᠠ ᠪᠠᠯᠭ᠋ᠠᠰᠤᠨ᠎ᠤ ᠬᠡᠪᠴᠢᠶᠡᠨ ᠳᠣᠲᠣᠷᠠᠬᠢ ᠪᠦᠬᠦ ᠪᠠᠶ᠋ᠢᠩᠭᠤ ᠰᠠᠭᠤᠭ᠎ᠠ ᠬᠥᠮᠦᠨ ᠠᠮᠠ ᠵᠢ ᠵᠢᠭ᠋ᠠᠵᠤ ᠪᠤᠶ; ᠬᠥᠳᠡᠭᠡ ᠲᠣᠰᠬᠣᠨ᠎ᠤ ᠬᠥᠮᠦᠨ ᠠᠮᠠ ᠪᠣᠯ ᠳᠡᠭᠡᠷ᠎ᠡ ᠳᠤᠷᠠᠳᠤᠭᠰᠠᠨ ᠬᠥᠮᠦᠨ ᠠᠮᠠ᠎ᠠᠴᠠ ᠭᠠᠳᠠᠨᠠᠬᠢ ᠪᠦᠬᠦ ᠬᠥᠮᠦᠨ ᠠᠮᠠ ᠮᠥᠨ᠃
    ᠴᠢᠨᠠᠷ᠎ᠤᠨ ᠢᠯᠭ᠋ᠠᠯ᠎ᠤᠨ ᠬᠠᠷᠢᠴᠠᠯ᠄ ᠡᠷᠡᠭᠲᠡᠶ ᠬᠥᠮᠦᠨ᠎ᠤ ᠬᠥᠮᠦᠨ ᠠᠮᠠ ᠵᠢᠨ ᠲᠣᠭ᠎ᠠ ᠪᠣᠯᠤᠨ ᠡᠮᠡᠭᠲᠡᠶ ᠬᠥᠮᠦᠨ ᠠᠮᠠ ᠵᠢᠨ ᠲᠣᠭ᠋ᠠᠨ᠎ᠤ ᠬᠠᠷᠢᠴᠠᠯ᠎ᠢ ᠵᠢᠭ᠋ᠠᠵᠤ ᠪᠠᠶ᠋ᠢᠨ᠎ᠠ᠂ ᠶᠡᠷᠦ᠎ᠳᠡᠭᠡᠨ 100 ᠡᠮᠡᠭᠲᠡᠶ ᠬᠥᠮᠦᠨ ᠠᠮᠠ ᠵᠢᠨ ᠵᠣᠬᠢᠴᠠᠩᠭᠤᠶ᠎ᠪᠠᠷ ᠬᠡᠳᠦᠶ ᠡᠷᠡᠭᠲᠡᠶ ᠬᠥᠮᠦᠨ ᠠᠮᠠ ᠪᠠᠶ᠋ᠢᠬᠤ ᠵᠢ ᠢᠯᠡᠳᠬᠡᠳᠡᠭ᠃

ᠢᠷᠡᠯᠲᠡ᠄ ᠦᠪᠦᠷ ᠮᠣᠩᠭᠣᠯ᠎ᠤᠨ ᠦᠪᠡᠷᠲᠡᠭᠡᠨ ᠵᠠᠰᠠᠬᠤ ᠣᠷᠤᠨ᠎ᠤ ᠲᠣᠭ᠎ᠠ ᠪᠦᠷᠢᠳᠭᠡᠯ᠎ᠤᠨ ᠲᠣᠪᠴᠢᠶ᠎ᠠ
          
ᠬᠠᠮᠢᠶ᠎ᠡ ᠪᠦᠬᠦᠢ ᠰᠣᠨᠢᠨ
2024 ᠣᠨ᠎ᠳᠤ ᠥᠪᠥᠷ ᠮᠣᠩᠭᠤᠯ᠎ᠤᠨ ᠪᠠᠶ᠋ᠢᠩᠭᠤ ᠰᠠᠭᠤᠭ᠎ᠠ ᠬᠥᠮᠦᠨ ᠠᠮᠠ ᠦᠷᠬᠦᠯᠵᠢᠯᠡᠨ ᠪᠠᠭ᠋ᠠᠰᠴᠦ ᠲᠦᠷᠦᠭᠰᠡᠨ ᠬᠥᠮᠦᠨ ᠠᠮᠠ ᠳᠡᠭᠡᠭᠰᠢᠯᠡᠪᠠ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 2021 ᠣᠨ᠎ᠤ ᠤᠯᠤᠰ ᠠᠷᠠᠳ᠎ᠤᠨ ᠠᠵᠤ ᠠᠬᠤᠶ ᠪᠠ ᠨᠡᠶ᠋ᠢᠭᠡᠮ᠎ᠤᠨ ᠬᠥᠭᠵᠢᠯᠲᠡ ᠵᠢᠨ ᠲᠣᠭ᠎ᠠ ᠪᠦᠷᠢᠳᠬᠡᠯ᠎ᠤᠨ ᠠᠯᠪᠠᠨ ᠮᠡᠳᠡᠭᠡ
2021 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠵᠠᠷᠤᠳᠠᠯ᠎ᠤᠨ ᠣᠷᠣᠭᠤᠯᠤᠯᠲᠠ ᠵᠢᠨ ᠲᠤᠭ᠎ᠠ ᠪᠦᠷᠢᠳᠬᠡᠯ᠎ᠤᠨ ᠠᠯᠪᠠᠨ ᠮᠡᠳᠡᠭᠡ
2022 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠠᠶ᠋ᠢᠩᠭᠤ ᠰᠠᠭᠤᠭ᠎ᠠ ᠬᠥᠮᠦᠨ ᠠᠮᠠ ᠵᠢᠨ ᠭᠤᠤᠯ ᠲᠣᠭ᠎ᠠ ᠪᠠᠷᠢᠮᠲᠠ ᠵᠢᠨ ᠠᠯᠪᠠᠨ ᠮᠡᠳᠡᠭᠡ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 2022 ᠣᠨ᠎ᠤ ᠤᠯᠤᠰ ᠠᠷᠠᠳ᠎ᠤᠨ ᠠᠵᠤ ᠠᠬᠤᠶ ᠪᠠ ᠨᠡᠶ᠋ᠢᠭᠡᠮ᠎ᠤᠨ ᠬᠥᠭᠵᠢᠯᠲᠡ ᠵᠢᠨ ᠪᠦᠷᠢᠳᠬᠡᠯ᠎ᠤᠨ ᠠᠯᠪᠠᠨ ᠮᠡᠳᠡᠭᠡ
 
            