2025 ᠤᠨ᠎ᠤ 12 ᠰᠠᠷ᠎ᠠ ᠵᠢᠨ 23 ᠡᠴᠡ 24᠎ᠤ᠋ ᠡᠳᠦᠷ ᠪᠤᠯᠲᠠᠯ᠎ᠠ᠂ 2025 ᠰᠢᠯᠢ ᠵᠢᠨ ᠭᠤᠤᠯ᠎ᠤᠨ ᠮᠠᠰᠢᠨ ᠲᠡᠷᠭᠡᠨ᠎ᠤ ᠭᠡᠭᠡᠷᠡᠯᠡᠨ ᠠᠶᠠᠯᠠᠬᠤ ᠤᠷᠤᠯᠳᠤᠭᠠᠨ ᠵᠢᠴᠢ ᠬᠤᠯᠠᠨ ᠰᠢᠷᠭ᠎ᠠ ᠲᠠᠭ᠎ᠠ ᠵᠢᠨ ᠡᠯᠡᠰᠦᠷᠬᠡᠭ ᠭᠠᠵᠠᠷ᠎ᠢ ᠲᠤᠭᠤᠯᠬᠤ ᠲᠡᠷᠭᠡ᠎ᠳᠤ ᠠᠶᠠᠯᠠᠯ᠎ᠤᠨ ᠰᠢᠯᠢᠡᠭᠬᠤᠳᠠ ᠦᠷᠲᠡᠭᠡ ᠵᠢᠨ ᠤᠷᠤᠯᠳᠤᠭᠠᠨ ᠶᠠᠪᠤᠭᠳᠠᠵᠤ᠂ ᠪᠦᠬᠦ ᠤᠯᠤᠰ᠎ᠤᠨ ᠡᠯ᠎ᠠ ᠭᠠᠵᠠᠷ ᠡᠴᠡ ᠬᠦᠷᠦᠯᠴᠡᠨ ᠢᠷᠡᠭᠰᠡᠨ 700 ᠭᠠᠷᠤᠢ ᠮᠠᠰᠢᠨ ᠲᠡᠷᠭᠡ ᠤᠷᠤᠯᠴᠠᠵᠠᠢ᠃
23 ᠤ᠋ ᠦᠷᠯᠦᠭᠡ᠂ ᠤᠷᠤᠯᠳᠤᠭᠠᠨ᠎ᠳᠤ ᠤᠷᠤᠯᠴᠠᠭᠰᠠᠳ ᠬᠢᠭᠡᠳ ᠮᠠᠰᠢᠨ ᠲᠡᠷᠭᠡᠨ᠎ᠤ ᠪᠠᠬᠠᠳᠠᠳ ᠰᠢᠯᠢᠡᠭᠬᠤᠳᠠ ᠵᠢᠨ ᠡᠮᠦᠨᠡᠬᠢ 《ᠰᠢᠯᠢᠡᠭᠬᠤᠳᠠ》 ᠭᠡᠰᠡᠨ ᠦᠰᠦᠭ᠎ᠤᠨ ᠲᠡᠷᠭᠡᠳᠡ ᠴᠤᠭᠯᠠᠷᠠᠭᠠᠳ᠂ ᠲᠤᠮᠤ ᠵᠢᠭᠰᠠᠭᠠᠯ᠎ᠤᠨ ᠡᠡᠭᠨᠡᠭᠡ ᠪᠤᠯᠵᠦ ᠴᠤᠭᠭᠠᠷ ᠮᠤᠷᠳᠠᠨ ᠭᠠᠷᠤᠭᠰᠠᠨ ᠨᠢ ᠰᠦᠷ ᠵᠢᠪᠬᠤᠭ᠎ᠠ ᠲᠠᠢ ᠪᠦᠭᠡᠳ ᠬᠦᠷᠴᠢᠭᠢᠨᠡᠨ ᠨᠦᠷᠬᠢᠯᠡᠬᠦ ᠮᠤᠲ᠋ᠤᠷ᠎ᠤᠨ ᠲᠠᠭᠤᠨ ᠴᠠᠰᠤᠳᠤ ᠲᠠᠯ᠎ᠠ ᠵᠢᠨ ᠭᠦᠨᠳᠤ ᠬᠦᠷ ᠨᠠᠷᠬᠢᠶᠠᠨ ᠠᠪᠴᠢᠷᠠᠵᠠᠢ᠃ ᠡᠨᠡ ᠪᠤᠯ ᠲᠤᠰ ᠬᠤᠭᠤᠴᠠᠭᠠᠨ᠎ᠤ ᠰᠢᠯᠢ ᠵᠢᠨ ᠭᠤᠤᠯ᠎ᠤᠨ ᠮᠠᠰᠢᠨ ᠲᠡᠷᠭᠡᠨ᠎ᠤ ᠭᠡᠭᠡᠷᠡᠯᠡᠨ ᠠᠶᠠᠯᠠᠬᠤ ᠤᠷᠤᠯᠳᠤᠭᠠᠨ᠎ᠤ ᠬᠤᠶᠠᠳᠤᠭᠠᠷ ᠦᠷᠳᠡᠭᠡ ᠵᠢᠨ ᠤᠷᠤᠯᠳᠤᠭᠠᠨ ᠪᠦᠭᠡᠳ ᠠᠢᠮᠠᠭ᠎ᠤᠨ ᠲᠦᠪ ᠲᠦ᠍ ᠶᠠᠪᠤᠭᠳᠠᠬᠤ ᠪᠤᠯᠬᠤᠷ ᠬᠤᠯᠠ ᠤᠢᠷ᠎ᠠ ᠵᠢᠨ ᠠᠶᠠᠨᠴᠢᠨ ᠵᠢᠭᠤᠯᠴᠢᠯᠠᠬᠰᠠᠳ ᠢ᠋ ᠦᠪᠡᠷ᠎ᠤᠨ ᠡᠷᠬᠡ ᠦᠭᠡᠢ ᠲᠠᠳᠠᠵᠦ᠂ ᠮᠦᠡᠭᠭᠦᠨ ᠡᠪᠦᠯ᠎ᠤᠨ ᠰᠢᠯᠢ ᠵᠢᠨ ᠭᠤᠤᠯ᠎ᠤᠨ ᠵᠢᠭᠤᠯᠴᠢᠯᠠᠯ᠎ᠤᠨ ᠬᠦᠰᠢᠭᠡ ᠵᠢ ᠰᠡᠬᠦᠯ᠎ᠡ᠃
ᠾᠸᠪᠸᠢ ᠮᠤᠵᠢ ᠵᠢᠨ ᠼᠠᠡᠭᠵᠸᠤ ᠬᠤᠳᠠ ᠡᠴᠡ ᠢᠷᠡᠭᠰᠡᠨ ᠮᠠᠰᠢᠨ ᠲᠡᠷᠭᠡᠨ᠎ᠤ ᠪᠠᠬᠠᠳᠠᠨ᠂ ᠤᠷᠤᠯᠳᠤᠭᠠᠨ᠎ᠳᠤ ᠤᠷᠤᠯᠴᠠᠬᠴᠢ ᠯᠢ ᠶᠠᠨ᠄ 《ᠪᠢ ᠰᠢᠯᠢ ᠵᠢᠨ ᠭᠤᠤᠯ ᠤᠨ ᠮᠠᠰᠢᠨ ᠲᠡᠷᠭᠡᠨ᠎ᠤ ᠤᠷᠤᠯᠳᠤᠭᠠᠨ᠎ᠳᠤ ᠭᠤᠷᠪᠠᠳᠠᠬᠢ ᠤᠳᠠᠭ᠎ᠠ ᠤᠷᠤᠯᠴᠠᠵᠦ ᠪᠠᠢᠨ᠎ᠠ᠂ ᠡᠨᠳᠡᠬᠢ ᠬᠦᠮᠦᠨ ᠠᠷᠠᠳ ᠨᠦᠬᠦᠷᠰᠡᠭ ᠰᠠᠢᠬᠠᠨ ᠪᠦᠭᠡᠳ ᠠᠭᠤᠯᠠ ᠤᠰᠤ ᠠᠭᠤᠵᠢᠮ ᠰᠠᠷᠠᠭᠤᠯ ᠦᠵᠡᠮᠵᠢ ᠲᠠᠢ᠂ ᠪᠠᠰᠠ ᠬᠤᠨᠢᠨᠮᠢᠬᠠᠨᠤ ᠦᠨᠦᠷ ᠠᠮᠳᠠ ᠨᠢ ᠰᠠᠢᠨ᠂ ᠨᠡᠡᠭ ᠴᠦ᠍ ᠦᠨᠦ ᠵᠢᠯ᠎ᠤᠨ ᠮᠠᠰᠢᠨ ᠲᠡᠷᠭᠡᠨ᠎ᠤ ᠤᠷᠤᠯᠳᠤᠭᠠᠨ᠎ᠤ ᠵᠠᠮ ᠱᠤᠭᠤᠮ ᠨᠢ ᠬᠤᠪᠢᠷᠠᠯᠳᠠ ᠲᠠᠢ ᠭᠡᠰᠡᠨ᠎ᠢ ᠰᠤᠨᠤᠰᠤᠭᠠᠳ ᠡᠷᠬᠡ ᠦᠭᠡᠢ ᠲᠠᠳᠠᠭᠳᠠᠨ ᠢᠷᠡᠯ᠎ᠡ 》 ᠭᠡᠵᠦ ᠰᠤᠷᠪᠤᠯᠵᠢᠯᠠᠭᠴᠢ᠎ᠳᠤ ᠶᠠᠷᠢᠯ᠎ᠠ᠃
ᠦᠳᠡ ᠵᠢᠨ ᠡᠮᠦᠨᠡᠬᠢ 9 ᠴᠠᠭ᠎ᠤᠨ ᠠᠯᠳᠠᠳᠤ᠂ ᠤᠷᠤᠯᠳᠤᠭᠠᠨ ᠡᠬᠢᠯᠡᠭᠦ ᠵᠢ ᠵᠠᠷᠯᠠᠮᠠᠭᠴᠠ ᠡᠡᠭᠨᠡᠷᠡᠨ ᠵᠢᠭᠰᠠᠭᠰᠠᠨ ᠮᠠᠰᠢᠨ ᠲᠡᠷᠭᠡᠨ ᠠᠡᠭᠭᠢ ᠴᠦᠷᠬᠦᠯᠡᠨ ᠤᠷᠤᠬᠰᠢᠯᠠᠵᠤ᠂ ᠬᠤᠳᠠ ᠵᠢᠨ ᠡᠮᠦᠨᠡᠬᠢ ᠵᠠᠮ᠎ᠢ ᠭᠠᠯᠵᠠᠭᠤ ᠯᠤᠤ ᠰᠢᠬ ᠤᠷᠢᠶᠠᠨ ᠤᠭᠠᠯᠵᠠᠯᠠᠭᠰᠠᠭᠠᠷ ᠲᠡᠭᠦᠷᠭᠡ ᠵᠢᠨ ᠮᠠᠰᠢᠨ ᠲᠡᠷᠭᠡᠨ᠎ᠤ ᠴᠡᠴᠡᠷᠯᠢᠭ᠎ᠤᠨ ᠤᠷᠤᠯᠳᠤᠭᠠᠨ᠎ᠤ ᠲᠠᠯᠠᠪᠠᠢ᠎ᠳᠤ ᠬᠦᠷᠴᠦ ᠢᠷᠡᠪᠡ᠃ ᠡᠬᠢᠯᠡᠭᠡᠳ ᠬᠤᠤᠰ ᠲᠡᠷᠭᠡᠨ᠎ᠤ ᠲᠤᠭᠤᠢᠯᠠᠡᠭ᠎ᠤᠨ ᠤᠷᠤᠯᠳᠤᠭᠠᠨ ᠶᠠᠪᠤᠭᠳᠠᠵᠦ᠂ ᠬᠦᠷᠳᠤ ᠡᠴᠡ ᠠᠪᠤᠭᠠᠳ ᠮᠠᠰᠢᠨ ᠮᠤᠲ᠋ᠤᠷ ᠲᠠᠭᠠᠨ ᠲᠤᠯᠳᠠᠯ᠎ᠠ ᠵᠠᠰᠠᠵᠦ ᠦᠭᠡᠷᠡᠴᠢᠯᠡᠭᠰᠡᠨ ᠤᠷᠤᠯᠳᠤᠭᠠᠨ᠎ᠤ ᠮᠠᠰᠢᠨ ᠲᠡᠷᠭᠡ ᠬᠦᠪᠴᠢ ᠡᠴᠡ ᠪᠡᠨ ᠰᠠᠯᠤᠭᠰᠠᠨ ᠰᠤᠮᠤ ᠰᠢᠬ ᠱᠤᠡᠭᠭᠤᠨ ᠭᠠᠷᠬᠤ ᠨᠢ ᠲᠤᠭᠤᠢᠯᠠᠵᠦ ᠵᠤᠭᠰᠤᠭᠰᠠᠨ ᠦᠵᠡᠭᠴᠢ᠎ᠵᠢᠨ ᠵᠢᠷᠦᠭᠡ ᠰᠡᠳᠬᠢᠯ᠎ᠢ ᠲᠤᠯᠬᠢᠰᠤᠭᠤᠯᠵᠦ᠂ ᠬᠦᠨᠳᠡᠢ ᠲᠠᠯ᠎ᠠ ᠵᠢᠨ ᠬᠦᠳᠦᠭᠦᠷ ᠲᠦᠨᠳᠦᠭᠡᠷ ᠬᠦᠲᠦᠯ ᠢ ᠴᠤᠢᠯᠤᠨ ᠲᠠᠪᠠᠬᠤ ᠨᠢ ᠪᠠᠰᠠ ᠴᠦ᠍ ᠲᠦᠮᠡᠨ ᠤᠯᠠᠨ᠎ᠤ ᠤᠤᠬᠠᠢ ᠵᠢ ᠬᠠᠳᠠᠭᠠᠵᠦ ᠪᠠᠢᠯ᠎ᠠ᠃
ᠤᠢᠷ᠎ᠠ ᠵᠢᠨ ᠵᠢᠯ᠎ᠳᠤ᠂ ᠰᠢᠯᠢ ᠵᠢᠨ ᠭᠤᠤᠯ ᠠᠢᠮᠠᠭ ᠮᠦᠡᠭᠭᠦᠨ ᠡᠪᠦᠯ᠎ᠤᠨ ᠵᠢᠭᠤᠯᠴᠢᠯᠠᠯ᠎ᠢ ᠬᠦᠭᠵᠢᠶᠡᠨᠳᠡᠢ ᠪᠦᠭᠡᠳ ᠢᠳᠡ ᠬᠠᠪᠤᠳᠠᠢ ᠬᠢᠬᠦ ᠵᠢᠨ ᠲᠦᠯᠦᠭᠡ᠂ ᠮᠠᠰᠢᠨ ᠲᠡᠷᠭᠡ᠂ ᠯᠤᠤᠳᠤ ᠤᠡᠭᠭᠤᠴᠠ᠂ ᠮᠦᠡᠭᠭᠦᠨ ᠡᠪᠦᠯ᠎ᠤᠨ ᠨᠠᠭᠠᠳᠤᠮ᠂ ᠠᠮᠳᠠᠳᠤ ᠢᠳᠡᠭᠡᠨᠪ ᠴᠤᠭᠯᠠᠭᠠᠨ ᠵᠡᠷᠭᠡ ᠤᠯᠠᠨ ᠲᠦᠮᠡᠨ᠎ᠤ ᠤᠷᠤᠯᠴᠠᠬᠤ ᠵᠢ ᠦᠷᠭᠡᠨ ᠵᠢᠠᠷ ᠲᠠᠢᠴᠢᠯᠠᠭᠰᠠᠨ ᠲᠤᠮᠤ ᠬᠡᠯᠪᠡᠷᠢ ᠵᠢᠨ ᠠᠵᠢᠯᠯᠠᠭ᠎ᠠ ᠵᠢ ᠤᠳᠠᠭ᠎ᠠ ᠲᠠᠷᠠᠭᠠᠯᠠᠨ ᠡᠷᠬᠢᠯᠡᠵᠦ᠂ ᠬᠤᠯᠠ ᠤᠢᠷ᠎ᠠ᠎ᠳᠠᠭᠠᠨ ᠠᠯᠳᠠᠷ ᠮᠠᠨᠳᠤᠭᠰᠠᠨ ᠵᠢᠭᠤᠯᠴᠢᠯᠠᠯ᠎ᠤᠨ ᠬᠠᠷᠠᠯᠳᠠᠳᠤ ᠭᠠᠵᠠᠷ᠎ᠤᠨ ᠨᠢᠭᠡ ᠪᠤᠯᠵᠠᠢ᠃ ᠡᠳᠦᠭᠡ ᠨᠡᠡᠭ ᠴᠦ᠍ ᠠᠢᠮᠠᠭ᠂ ᠬᠤᠰᠢᠭᠤ᠂ ᠰᠤᠮᠤ ᠪᠠᠯᠭᠠᠰᠤ ᠭᠤᠷᠪᠠᠨ ᠱᠠᠲᠤ ᠵᠢ ᠬᠠᠮᠤᠷᠤᠭᠰᠠᠨ ᠡᠪᠦᠯ᠎ᠤᠨ ᠮᠤᠡᠭᠭᠤᠯ ᠮᠤᠷᠢᠨ ᠤ ᠬᠤᠯᠪᠤᠭᠠᠳᠤ ᠤᠷᠤᠯᠳᠤᠭᠠᠨ᠎ᠢ ᠵᠢᠯ ᠲᠠᠷᠠᠭᠠᠯᠠᠨ ᠡᠷᠬᠢᠯᠡᠨ ᠶᠠᠪᠤᠭᠳᠠᠭᠤᠯᠤᠭᠰᠠᠨ ᠡᠴᠡ ᠭᠠᠵᠠᠷ ᠤᠷᠤᠨ᠎ᠤ ᠤᠨᠴᠠᠯᠢᠭ ᠰᠢᠨᠵᠢ ᠵᠢ ᠦᠵᠡᠭᠦᠯᠦᠭᠰᠡᠨ ᠰᠤᠶᠤᠯ ᠵᠢᠭᠤᠯᠴᠢᠯᠠᠯ᠎ᠤᠨ ᠨᠡᠷᠡᠳᠤ ᠲᠡᠮᠳᠡᠭ ᠪᠤᠯᠵᠤ᠂ ᠤᠷᠤᠨ ᠪᠦᠰᠡ ᠵᠢᠨ ᠠᠵᠦ ᠠᠬᠤᠢ ᠵᠢᠨ ᠤᠯᠠᠨ ᠡᠰᠢᠵᠢᠭᠰᠡᠨ ᠬᠦᠭᠵᠢᠯᠳᠡ᠎ᠳᠤ ᠰᠢᠨ᠎ᠡ ᠬᠦᠳᠡᠯᠭᠡᠭᠦ ᠬᠦᠴᠦᠨ ᠨᠠᠮᠡᠷᠢᠯᠡᠭᠰᠡᠨ ᠪᠠᠢᠨ᠎ᠠ᠃