ᠡᠯ᠎ᠡ ᠠᠶ᠋ᠢᠮᠠᠭ᠎ᠤᠨ ᠵᠠᠬᠢᠷᠭ᠎ᠠ᠂ ᠬᠤᠲᠠ ᠵᠢᠨ ᠠᠷᠠᠳ᠎ᠤᠨ ᠵᠠᠰᠠᠭ᠎ᠤᠨ ᠣᠷᠳᠣᠨ᠂ ᠥᠪᠡᠷᠲᠡᠭᠡᠨ ᠵᠠᠰᠠᠬᠤ ᠣᠷᠣᠨ᠎ᠤ ᠡᠯ᠎ᠡ ᠵᠥᠪᠯᠡᠯ᠂ ᠠᠯᠪᠠᠨ ᠭᠡᠷ᠂ ᠲᠢᠩᠬᠢᠮ᠂ ᠲᠣᠪᠴᠢᠶ᠎ᠠ᠂ ᠡᠯ᠎ᠡ ᠲᠤᠮᠦ ᠠᠵᠤ ᠠᠬᠤᠶ᠋ᠢᠯᠠᠯ᠂ ᠠᠵᠢᠯ ᠦᠢ᠍ᠯᠡᠰ᠎ᠤᠨ ᠨᠢᠭᠡᠴᠢ᠎ᠳᠤ᠄
ᠠᠯᠠᠱ᠌ᠠ ᠵᠢᠨ ᠰᠢᠨ ᠵᠢᠩ ᠨᠡᠭᠦᠷᠡᠰᠦᠨ᠎ᠤ ᠦᠢ᠍ᠯᠡᠰ᠎ᠤᠨ ᠬᠢᠵᠠᠭ᠋ᠠᠷᠲᠤ ᠺᠣᠮᠫᠠᠨᠢ ᠵᠢᠨ ᠵᠠᠳᠠᠭ᠋ᠠᠢ ᠨᠡᠭᠦᠷᠡᠰᠦᠨ ᠠᠭᠤᠷᠬᠠᠢ ᠵᠢᠨ 《2 . 22》᠎ᠤᠨ ᠣᠨᠴᠠ ᠬᠦᠨᠳᠦ ᠶᠡᠭᠡ ᠶᠡᠭᠦᠷᠡᠭᠰᠡᠨ ᠡᠨᠳᠡᠯ᠎ᠤᠨ ᠰᠤᠷᠭ᠋ᠠᠮᠵᠢ ᠵᠢ ᠭᠦᠨᠵᠡᠭᠡᠢ ᠲᠤᠨᠨᠳᠠᠭ᠋ᠠᠵᠦ᠂ ᠠᠶᠤᠯ ᠥᠭᠡᠢ ᠦᠢ᠍ᠯᠡᠳᠪᠦᠷᠢᠯᠡᠯ᠎ᠤᠨ ᠬᠠᠷᠢᠭᠤᠴᠠᠯᠭ᠎ᠠ ᠵᠢᠨ ᠨᠠᠶ᠋ᠢᠳᠠᠪᠤᠷᠢᠵᠢᠭᠤᠯᠤᠯᠲᠠ ᠵᠢ ᠤᠯᠠᠮ ᠨᠢᠭᠡ ᠠᠯᠬᠤᠮ ᠴᠢᠩᠭ᠋ᠠᠷᠠᠭᠤᠯᠵᠤ᠂ ᠠᠶᠤᠯ ᠥᠭᠡᠢ ᠦᠢ᠍ᠯᠡᠳᠪᠦᠷᠢᠯᠡᠯ᠎ᠤᠨ ᠤᠷᠳᠤ ᠬᠤᠭᠤᠴᠠᠭ᠋ᠠᠨ᠎ᠤ ᠪᠦᠲᠦᠮᠵᠢᠲᠡᠢ ᠲᠣᠭᠲᠠᠴᠠ ᠵᠢ ᠪᠠᠢ᠍ᠢ᠍ᠭᠤᠯᠤᠨ᠂ ᠵᠠᠳᠠᠭ᠋ᠠᠢ ᠨᠡᠭᠦᠷᠡᠰᠦᠨ ᠠᠭᠤᠷᠬᠠᠢ ᠵᠢᠨ ᠦᠢ᠍ᠯᠡᠳᠪᠦᠷᠢᠯᠡᠯ᠎ᠤᠨ ᠠᠮᠤᠷ ᠲᠦᠪᠰᠢᠨ᠎ᠤ ᠡᠨᠳᠡᠯ ᠭᠠᠷᠬᠤ ᠵᠢ ᠡᠷᠡᠰ ᠰᠡᠷᠭᠡᠶ᠋ᠢᠯᠡᠨ ᠬᠤᠷᠢᠬᠯᠠᠬᠤ ᠵᠢᠨ ᠲᠤᠰᠠᠲᠠ᠂ ᠥᠪᠡᠷᠲᠡᠭᠡᠨ ᠵᠠᠰᠠᠬᠤ ᠣᠷᠣᠨ᠎ᠤ ᠪᠣᠳᠠᠲᠠᠢ᠎ᠲᠠᠢ ᠤᠶᠠᠯᠳᠤᠭᠤᠯᠵᠤ᠂ ᠡᠳᠦᠭᠡ ᠪᠦᠬᠦ ᠣᠷᠣᠨ᠎ᠤ ᠵᠠᠳᠠᠭ᠋ᠠᠢ ᠨᠡᠭᠦᠷᠡᠰᠦᠨ ᠠᠭᠤᠷᠬᠠᠢ ᠵᠢᠨ ᠠᠮᠤᠷ ᠲᠦᠪᠰᠢᠨ᠎ᠤ ᠬᠠᠮᠢᠶᠠᠷᠤᠯᠲᠠ ᠵᠢ ᠤᠯᠠᠮ ᠨᠢᠭᠡ ᠠᠯᠬᠤᠮ ᠴᠢᠩᠭ᠋ᠠᠳᠬᠠᠬᠤ ᠠᠷᠭ᠎ᠠ ᠬᠡᠮᠵᠢᠶ᠎ᠡ᠎ᠨᠦᠭᠦᠳ᠎ᠢ ᠳᠣᠣᠷᠠᠬᠢ ᠮᠡᠲᠦ ᠮᠡᠳᠡᠭᠳᠡᠶ᠎ᠡ᠃
ᠨᠢᠭᠡ᠂ ᠡᠯ᠎ᠡ ᠭᠠᠵᠠᠷ ᠣᠷᠣᠨ ᠡᠯ᠎ᠡ ᠰᠠᠯᠠᠭ᠎ᠠ ᠮᠥᠴᠢᠷ᠎ᠤᠨ᠎ᠬᠢᠨ ᠶᠡᠷᠦᠩᠬᠡᠢ ᠱᠦᠵᠢ ᠰᠢ ᠵᠢᠨ ᠫᠢᠩ᠎ᠤᠨ ᠠᠶᠤᠯ ᠥᠭᠡᠢ ᠦᠢ᠍ᠯᠡᠳᠪᠦᠷᠢᠯᠡᠯ᠎ᠤᠨ ᠲᠤᠬᠠᠢ ᠴᠢᠬᠤᠯᠠ ᠥᠭᠦᠯᠡᠯᠲᠡ ᠵᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ᠂ ᠶᠠᠭ᠋ᠠᠬᠢᠭᠰᠠᠨ ᠴᠤ᠌ ᠠᠮᠤᠷ ᠲᠦᠪᠰᠢᠨ᠎ᠢ ᠦᠷᠡᠭᠳᠡᠭᠦᠯᠬᠦ᠎ᠪᠠᠷ ᠦᠨ᠎ᠡ ᠦᠷᠲᠡᠭ ᠪᠣᠯᠭ᠋ᠠᠵᠤ ᠪᠣᠯᠬᠤ ᠦᠭᠡᠢ ᠤᠯᠠᠭ᠋ᠠᠨ ᠱᠤᠭᠤᠮ᠎ᠤᠨ ᠤᠬᠠᠮᠰᠠᠷ᠎ᠢ ᠪᠠᠲᠤ ᠪᠤᠢ ᠪᠣᠯᠭ᠋ᠠᠨ᠂ 《ᠣᠷᠣᠨ ᠨᠤᠲᠤᠭ᠎ᠤᠨ ᠨᠠᠮ ᠵᠠᠰᠠᠭ᠎ᠤᠨ ᠤᠳᠤᠷᠢᠳᠬᠤ ᠺᠠᠳ᠋ᠷ᠎ᠤᠨ ᠠᠶᠤᠯ ᠥᠭᠡᠢ ᠦᠢ᠍ᠯᠡᠳᠪᠦᠷᠢᠯᠡᠯ᠎ᠤᠨ ᠬᠠᠷᠢᠭᠤᠴᠠᠯᠭ᠎ᠠ ᠵᠢᠨ ᠲᠦᠷᠢᠮ᠎ᠤᠨ ᠲᠣᠭᠲᠠᠭ᠋ᠠᠯ》᠎ᠢ ᠴᠢᠩᠭ᠎ᠠ ᠬᠡᠷᠡᠭᠵᠢᠭᠦᠯᠵᠦ᠂ ᠬᠢᠨᠠᠯᠲᠠ ᠬᠠᠮᠢᠶᠠᠷᠤᠯᠲᠠ ᠵᠢᠨ ᠡᠩᠨᠡᠭᠡᠨ᠎ᠤ ᠪᠠᠶ᠋ᠢᠭᠤᠯᠤᠯᠲᠠ ᠵᠢ ᠴᠢᠩᠭ᠋ᠠᠳᠬᠠᠨ᠂ ᠬᠢᠨᠠᠯᠲᠠ ᠬᠠᠮᠢᠶᠠᠷᠤᠯᠲᠠ ᠵᠢᠨ ᠠᠵᠢᠯᠳᠠᠨ᠎ᠢ ᠭᠦᠢ᠍ᠴᠡᠳ ᠴᠢᠩᠭ᠎ᠠ ᠲᠤᠬᠢᠷᠠᠭᠤᠯᠵᠤ᠂ ᠬᠠᠷᠢᠶ᠎ᠠ ᠭᠠᠵᠠᠷ᠎ᠤᠨ ᠠᠶᠤᠯ ᠥᠭᠡᠢ ᠦᠢ᠍ᠯᠡᠳᠪᠦᠷᠢᠯᠡᠯ᠎ᠤᠨ ᠬᠢᠨᠠᠯᠲᠠ ᠬᠠᠮᠢᠶᠠᠷᠤᠯᠲᠠ ᠵᠢ ᠴᠢᠩᠭ᠋ᠠᠷᠠᠭᠤᠯᠬᠤ ᠬᠡᠷᠡᠭᠲᠡᠢ᠃ ᠬᠥᠭᠵᠢᠯᠲᠡ ᠪᠠ ᠠᠮᠤᠷ ᠲᠦᠪᠰᠢᠨ᠎ᠢ ᠨᠢᠭᠡᠳᠦᠯᠲᠡᠶ ᠲᠥᠯᠥᠪᠯᠡᠨ᠂ ᠵᠠᠳᠠᠭ᠋ᠠᠶ ᠨᠡᠭᠦᠷᠡᠰᠦᠨ ᠠᠭᠤᠷᠬᠠᠶ᠎ᠳᠤ ᠬᠡᠷᠡᠭᠯᠡᠬᠦ ᠭᠠᠵᠠᠷ᠎ᠢ ᠵᠦᠶ ᠵᠣᠬᠢᠰᠲᠠᠶ ᠳᠦᠬᠦᠷᠵᠢᠭᠦᠯᠦᠨ ᠲᠣᠬᠢᠷᠠᠭᠤᠯᠵᠤ᠂ ᠨᠡᠭᠦᠷᠡᠰᠦᠨ᠎ᠤ ᠡᠬᠢ ᠪᠠᠶᠠᠯᠢᠭ᠎ᠢ ᠨᠡᠭᠡᠭᠡᠨ ᠠᠰᠢᠬᠯᠠᠬᠤ ᠪᠠᠶ᠋ᠢᠷᠢᠰᠢᠯ᠎ᠢ ᠰᠢᠯᠢᠳᠡᠭᠵᠢᠭᠦᠯᠦᠨ᠂ ᠵᠠᠳᠠᠭ᠋ᠠᠶ ᠨᠡᠭᠦᠷᠡᠰᠦᠨ ᠠᠭᠤᠷᠬᠠᠶ ᠵᠢᠨ ᠬᠤᠯᠪᠣᠭ᠋ᠠᠯᠠᠨ ᠳᠠᠬᠢᠨ ᠵᠤᠬᠢᠶᠠᠨ ᠪᠠᠶ᠋ᠢᠭᠤᠯᠬᠤ ᠵᠢ ᠳᠡᠮᠵᠢᠵᠦ᠂ ᠵᠠᠳᠠᠭ᠋ᠠᠶ ᠨᠡᠭᠦᠷᠡᠰᠦᠨ ᠠᠭᠤᠷᠬᠠᠶ ᠵᠢᠨ ᠴᠢᠨᠠᠷ ᠰᠠᠶ᠋ᠢᠲᠠᠶ ᠬᠥᠭᠵᠢᠯᠲᠡ ᠵᠢ ᠠᠬᠢᠭᠤᠯᠬᠤ ᠬᠡᠷᠡᠭᠲᠡᠢ᠃
ᠬᠤᠶᠠᠷ᠂ ᠡᠯ᠎ᠡ ᠱᠠᠲᠤᠨ᠎ᠤ ᠠᠶᠤᠯ ᠦᠭᠡᠶ ᠦᠢ᠍ᠯᠡᠳᠪᠦᠷᠢᠯᠡᠯ᠎ᠤᠨ ᠺᠣᠮᠢᠰ᠂ ᠡᠨᠧᠷᠭᠢ ᠵᠢᠨ ᠠᠶᠤᠯ ᠦᠭᠡᠶ ᠦᠢ᠍ᠯᠡᠳᠪᠦᠷᠢᠯᠡᠯ᠎ᠤᠨ ᠺᠣᠮᠢᠰ᠎ᠨᠢ ᠲᠦᠷᠦᠭᠦᠯᠡᠨ ᠠᠵᠢᠯᠯᠠᠵᠤ ᠶᠡᠷᠦᠩᠬᠡᠶ᠎ᠳᠤᠨᠢ ᠠᠳᠬᠤᠬᠤ ᠦᠢ᠍ᠯᠡᠳᠦᠯ ᠵᠶ᠋ᠠᠨ ᠪᠠᠳᠠᠷᠠᠭᠤᠯᠤᠨ᠂ ᠡᠯ᠎ᠡ ᠰᠠᠯᠠᠭ᠎ᠠ ᠮᠥᠴᠢᠷ᠎ᠢ ᠰᠢᠮᠳᠠᠭᠤᠯᠵᠤ ᠪᠠᠶ᠋ᠢᠭ᠋ᠠᠳ ᠠᠮᠦᠷ ᠲᠦᠪᠰᠢᠨ᠎ᠤ ᠬᠢᠨᠠᠯᠲᠠ ᠬᠠᠮᠢᠶᠠᠷᠤᠯᠲᠠ ᠵᠢᠨ ᠬᠠᠷᠢᠭᠤᠴᠠᠯᠭ᠎ᠠ ᠵᠢ ᠨᠠᠢ᠍ᠢ᠍ᠳᠠᠪᠤᠷᠢᠵᠢᠭᠤᠯᠵᠤ᠂ ᠭᠠᠵᠠᠷ ᠬᠥᠳᠡᠯᠦᠯᠲᠡ᠂ ᠴᠠᠭ ᠠᠭᠤᠷ᠂ ᠪᠠᠶ᠋ᠢᠭ᠋ᠠᠯᠢ ᠵᠢᠨ ᠡᠬᠢ ᠪᠠᠶᠠᠯᠢᠭ᠎ᠤᠨ ᠰᠠᠯᠠᠭ᠎ᠠ ᠮᠥᠴᠢᠷ ᠬᠢᠭᠡᠳ ᠠᠮᠦᠷ ᠲᠦᠪᠰᠢᠨ᠎ᠤ ᠬᠢᠨᠠᠯᠲᠠ ᠬᠠᠮᠢᠶᠠᠷᠤᠯᠲᠠ ᠵᠢᠨ ᠡᠭᠦᠷᠭᠡ ᠬᠠᠷᠢᠭᠤᠴᠠᠯᠭ᠎ᠠ᠎ᠲᠠᠢ ᠰᠠᠯᠠᠭ᠎ᠠ ᠮᠥᠴᠢᠷ᠎ᠯᠦᠭᠡ ᠵᠢᠨ ᠬᠠᠮᠲᠤᠷᠠᠨ ᠬᠥᠳᠡᠯᠦᠯᠴᠡᠬᠦ ᠠᠵᠢᠯ᠎ᠤᠨ ᠲᠣᠭᠲᠠᠴᠠ ᠵᠢ ᠪᠠᠶ᠋ᠢᠭᠤᠯᠵᠤ᠂ ᠲᠡᠷᠢᠭᠦᠨ᠎ᠤ ᠮᠡᠷᠭᠡᠵᠢᠯ᠎ᠤᠨ ᠠᠷᠭ᠎ᠠ ᠪᠠᠷᠢᠯ᠎ᠢ ᠭᠦᠢ᠍ᠴᠡᠳ ᠠᠰᠢᠬᠯᠠᠨ᠂ ᠵᠠᠳᠠᠭ᠋ᠠᠶ ᠨᠡᠭᠦᠷᠡᠰᠦᠨ ᠠᠭᠤᠷᠬᠠᠶ ᠵᠢᠨ ᠠᠮᠦᠷ ᠲᠦᠪᠰᠢᠨ᠎ᠤ ᠲᠦᠭᠰᠢᠭᠦᠷᠢ ᠵᠢ ᠰᠡᠷᠡᠮᠵᠢᠯᠡᠭᠦᠯᠵᠦ ᠤᠷᠢᠳᠴᠢᠯᠠᠨ ᠮᠡᠳᠡᠭᠡᠯᠡᠬᠦ ᠵᠢ ᠴᠢᠩᠭ᠋ᠠᠳᠬᠠᠵᠤ᠂ ᠭᠠᠵᠠᠷ ᠬᠥᠳᠡᠯᠦᠯᠲᠡ᠂ ᠲᠤᠢ᠍ᠢ᠍ᠯ᠎ᠤᠨ ᠭᠠᠶ ᠭᠠᠮᠰᠢᠭ᠎ᠲᠤ ᠴᠠᠭ ᠠᠭᠤᠷ᠂ ᠭᠠᠵᠠᠷ ᠰᠢᠨᠵᠢᠯᠡᠬᠡᠨ᠎ᠤ ᠭᠠᠶ ᠭᠠᠮᠰᠢᠭ᠂ ᠳᠠᠭ᠋ᠠᠭᠤᠯᠢ ᠣᠳᠣᠨ᠎ᠤ ᠵᠢᠷᠤᠭ ᠳᠦᠷᠰᠦ ᠵᠡᠷᠭᠡ ᠵᠢᠨ ᠬᠢᠨᠠᠨ ᠰᠢᠨᠵᠢᠭᠰᠡᠨ ᠮᠡᠳᠡᠭᠡ ᠵᠠᠩᠭᠢ ᠵᠢ ᠬᠠᠮᠲᠤ᠎ᠳᠤ᠎ᠪᠠᠨ ᠬᠦᠷᠲᠡᠯᠴᠡᠵᠦ ᠬᠠᠷᠢᠯᠴᠠᠨ ᠨᠡᠪᠲᠡᠷᠡᠯᠴᠡᠬᠦ ᠵᠢ ᠪᠡᠶᠡᠯᠡᠭᠦᠯᠬᠦ ᠬᠡᠷᠡᠭᠲᠡᠶ᠃
ᠭᠤᠷᠪᠠ᠂ ᠡᠯ᠎ᠡ ᠱᠠᠲᠤᠨ᠎ᠤ ᠨᠡᠭᠦᠷᠡᠰᠦᠨ᠎ᠤ ᠠᠵᠢᠯ ᠲᠥᠷᠥᠯ᠎ᠤᠨ ᠬᠠᠮᠢᠶᠠᠷᠤᠯᠲᠠ᠂ ᠨᠡᠭᠦᠷᠡᠰᠦᠨ ᠠᠭᠤᠷᠬᠠᠢ ᠵᠢᠨ ᠠᠮᠤᠷ ᠲᠦᠪᠰᠢᠨ᠎ᠤ ᠬᠢᠨᠠᠯᠲᠠ ᠬᠠᠮᠢᠶᠠᠷᠤᠯᠲᠠ᠂ ᠠᠭᠤᠷᠬᠠᠢ ᠵᠢᠨ ᠠᠮᠤᠷ ᠲᠦᠪᠰᠢᠨ᠎ᠤ ᠬᠢᠨᠠᠨ ᠪᠠᠶ᠋ᠢᠴᠠᠭ᠋ᠠᠯᠲᠠ ᠵᠡᠷᠭᠡ ᠰᠠᠯᠠᠭ᠎ᠠ ᠮᠥᠴᠢᠷ᠎ᠨᠢ ᠱᠠᠲᠤ ᠬᠤᠪᠢᠶᠠᠨ ᠬᠢᠨᠠᠨ ᠬᠠᠮᠢᠶᠠᠷᠬᠤ ᠱᠠᠭ᠋ᠠᠷᠳᠠᠯᠭ᠎ᠠ ᠵᠢ ᠴᠢᠩᠭ᠎ᠠ ᠨᠠᠶ᠋ᠢᠳᠠᠪᠤᠷᠢᠵᠢᠭᠤᠯᠵᠤ᠂ ᠬᠠᠤᠯᠢ ᠵᠢ ᠴᠢᠩᠭ᠎ᠠ ᠬᠡᠷᠡᠭᠵᠢᠭᠦᠯᠦᠨ᠂ ᠬᠢᠨᠠᠯᠲᠠ ᠬᠠᠮᠢᠶᠠᠷᠤᠯᠲᠠ ᠬᠢᠨᠠᠨ ᠪᠠᠢ᠍ᠢ᠍ᠴᠠᠭ᠋ᠠᠯᠲᠠ ᠬᠢᠬᠦ ᠪᠠ ᠬᠠᠤᠯᠢ ᠬᠡᠷᠡᠭᠵᠢᠭᠦᠯᠬᠦ ᠦᠷ᠎ᠡ ᠴᠢᠳᠠᠮᠵᠢ᠎ᠪᠠᠨ ᠦᠨᠡᠨ ᠬᠦ᠌ ᠳᠡᠭᠡᠭᠰᠢᠯᠡᠭᠦᠯᠬᠦ ᠬᠡᠷᠡᠭᠲᠡᠢ; ᠵᠠᠳᠠᠭ᠋ᠠᠢ ᠨᠡᠭᠦᠷᠡᠰᠦᠨ ᠠᠭᠤᠷᠬᠠᠢ ᠵᠢᠨ ᠬᠦᠨᠳᠦ ᠶᠡᠭᠡ ᠭᠠᠢ ᠭᠠᠮᠰᠢᠭ᠎ᠤᠨ ᠲᠦᠭᠰᠢᠭᠦᠷᠢ ᠵᠢ ᠰᠡᠷᠭᠡᠶ᠋ᠢᠯᠡᠨ ᠡᠵᠡᠮᠳᠡᠬᠦ ᠰᠢᠰᠲ᠋ᠧᠮ᠎ᠤᠨ ᠪᠠᠶ᠋ᠢᠭᠤᠯᠤᠯᠲᠠ ᠵᠢ ᠲᠦᠷᠭᠡᠳᠬᠡᠨ ᠠᠬᠢᠭᠤᠯᠵᠤ᠂ ᠦᠢ᠍ᠯᠡᠳᠪᠦᠷᠢᠯᠡᠯ᠎ᠤᠨ ᠪᠠᠶ᠋ᠢᠳᠠᠯ ᠪᠠ ᠠᠮᠤᠷ ᠲᠦᠪᠰᠢᠨ᠎ᠤ ᠪᠠᠶ᠋ᠢᠳᠠᠯ᠎ᠢ ᠴᠠᠭ ᠲᠤᠬᠠᠶ᠎ᠳᠤᠨᠢ ᠬᠢᠨᠠᠨ ᠡᠵᠡᠮᠳᠡᠬᠦ ᠬᠡᠷᠡᠭᠲᠡᠢ; ᠬᠠᠤᠯᠢ ᠪᠤᠰᠤ ᠠᠵᠢᠯᠯᠠᠭ᠎ᠠ᠎ᠳᠤ ᠴᠣᠬᠢᠯᠲᠠ ᠥᠭᠴᠦ ᠬᠠᠤᠯᠢ᠎ᠠᠴᠠ ᠵᠥᠷᠢᠴᠡᠭᠰᠡᠨ᠎ᠢ ᠵᠠᠰᠠᠬᠤ ᠥᠨᠳᠥᠷ ᠳᠠᠷᠤᠯᠲᠠᠲᠤ ᠪᠠᠶ᠋ᠢᠳᠠᠯ᠎ᠢ ᠢᠮᠠᠭᠲᠠ ᠪᠠᠲᠤᠯᠠᠵᠤ᠂ ᠵᠠᠳᠠᠭ᠋ᠠᠶ ᠨᠡᠭᠦᠷᠡᠰᠦᠨ ᠠᠭᠤᠷᠬᠠᠢ ᠵᠢᠨ ᠪᠣᠳᠠᠲᠠᠢ ᠡᠵᠡᠮᠳᠡᠭᠴᠢ ᠪᠠ ᠪᠣᠳᠠᠲᠠᠶ ᠪᠠᠯᠠ ᠭᠠᠷᠭ᠋ᠠᠭᠴᠢ ᠵᠡᠷᠭᠡ 《ᠵᠠᠩᠭᠢᠯᠠᠭ᠎ᠠ ᠵᠢᠨ ᠬᠥᠮᠦᠨ》 ᠪᠠ ᠠᠭᠤᠷᠬᠠᠶ ᠵᠢᠨ ᠳᠠᠷᠤᠭ᠎ᠠ᠂ ᠶᠡᠷᠦᠩᠬᠡᠶ ᠢᠨᠵᠧᠨᠧᠷ ᠵᠡᠷᠭᠡ 《ᠵᠠᠩᠭᠢᠯᠠᠭ᠎ᠠ ᠵᠢᠨ ᠴᠥᠭᠡᠨ ᠲᠣᠭ᠋ᠠᠲᠠᠨ》᠎ᠢ ᠴᠢᠩᠭ᠎ᠠ ᠠᠩᠬᠠᠷᠤᠨ᠂ ᠬᠠᠷᠢᠭᠤᠴᠠᠯᠭ᠎ᠠ ᠨᠡᠬᠡᠮᠵᠢᠯᠡᠬᠦ ᠬᠠᠷᠢᠭᠤᠴᠠᠯᠭ᠎ᠠ ᠬᠡᠯᠡᠯᠴᠡᠬᠦ ᠵᠢ ᠴᠢᠩᠭ᠋ᠠᠷᠠᠭᠤᠯᠵᠤ᠂ ᠶᠠᠯ᠎ᠠ ᠬᠢᠭᠰᠡᠨ ᠵᠶ᠋ᠠᠷ ᠰᠡᠵᠢᠭᠯᠡᠭᠳᠡᠭᠰᠡᠨ ᠬᠡᠷᠡᠭ᠎ᠢ ᠬᠠᠤᠯᠢ ᠴᠠᠭ᠋ᠠᠵᠠ ᠵᠢᠨ ᠪᠠᠶ᠋ᠢᠭᠤᠯᠭ᠎ᠠ᠎ᠳᠤ ᠰᠢᠯᠵᠢᠭᠦᠯᠦᠨ ᠬᠦᠷᠭᠡᠵᠦ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠬᠦ ᠬᠡᠷᠡᠭᠲᠡᠶ᠃ ᠡᠯ᠎ᠡ ᠱᠠᠲᠤᠨ᠎ᠤ ᠪᠠᠶ᠋ᠢᠭ᠋ᠠᠯᠢ ᠵᠢᠨ ᠡᠬᠢ ᠪᠠᠶᠠᠯᠢᠭ᠂ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠡᠷᠭᠡ ᠰᠠᠯᠠᠭ᠎ᠠ ᠮᠥᠴᠢᠷ᠎ᠨᠢ ᠲᠣᠰ ᠲᠣᠰ᠎ᠤᠨ ᠡᠭᠦᠷᠭᠡ ᠬᠠᠷᠢᠭᠤᠴᠠᠯᠭ᠎ᠠ ᠵᠢᠨ ᠵᠶ᠋ᠠᠨ ᠬᠡᠪᠴᠢᠶᠡᠨ ᠳᠣᠲᠣᠷ᠎ᠠ ᠬᠢᠨᠠᠯᠲᠠ ᠲᠠᠯᠪᠢᠵᠤ ᠬᠠᠮᠢᠶᠠᠷᠬᠤ ᠡᠭᠦᠷᠭᠡ ᠬᠠᠷᠢᠭᠤᠴᠠᠯᠭ᠎ᠠ᠎ᠪᠠᠨ ᠬᠠᠤᠯᠢ ᠶᠣᠰᠣᠭ᠋ᠠᠷ ᠭᠦᠢ᠍ᠴᠡᠳᠬᠡᠨ᠎ᠡ᠃ ᠡᠯ᠎ᠡ ᠱᠠᠲᠤᠨ᠎ᠤ ᠠᠶᠤᠯ ᠦᠭᠡᠶ ᠦᠢ᠍ᠯᠡᠳᠪᠦᠷᠢᠯᠡᠯ᠎ᠤᠨ ᠺᠣᠮᠢᠰ᠎ᠤᠨ ᠠᠯᠪᠠᠨ ᠭᠡᠷ᠎ᠨᠢ ᠬᠢᠨᠠᠯᠲᠠ ᠲᠠᠯᠪᠢᠨ ᠵᠢᠯᠣᠭᠤᠳᠴᠤ ᠵᠣᠬᠢᠴᠠᠭᠤᠯᠬᠤ ᠠᠵᠢᠯ ᠵᠶ᠋ᠠᠨ ᠴᠢᠩᠭ᠋ᠠᠳᠬᠠᠬᠤ ᠬᠡᠷᠡᠭᠲᠡᠶ᠃
ᠳᠥᠷᠪᠡ᠂ ᠵᠠᠳᠠᠭ᠋ᠠᠢ ᠨᠡᠭᠦᠷᠡᠰᠦᠨ ᠠᠭᠤᠷᠬᠠᠢ ᠵᠢᠨ ᠠᠵᠤ ᠠᠬᠤᠶ᠋ᠢᠯᠠᠯ᠎ᠤᠨ ᠬᠠᠤᠯᠢ᠎ᠪᠠᠷ ᠲᠣᠭᠲᠠᠭ᠋ᠠᠭᠰᠠᠨ ᠲᠥᠯᠥᠭᠡᠯᠡᠭᠴᠢ᠂ ᠪᠣᠳᠠᠲᠠᠶ ᠡᠵᠡᠮᠳᠡᠭᠴᠢ᠂ ᠪᠣᠳᠠᠲᠠᠶ ᠬᠠᠷᠢᠭᠤᠴᠠᠯᠭ᠋ᠠᠲᠠᠨ᠎ᠨᠢ ᠡᠷᠬᠡᠪᠰᠢ ᠠᠶᠤᠯ ᠦᠭᠡᠢ ᠦᠢ᠍ᠯᠡᠳᠪᠦᠷᠢᠯᠡᠯ᠎ᠤᠨ ᠨᠢᠭᠡᠳᠦᠭᠡᠷ ᠬᠠᠷᠢᠭᠤᠴᠠᠯᠭ᠋ᠠᠲᠠᠨ᠎ᠤ ᠬᠠᠷᠢᠭᠤᠴᠠᠯᠭ᠎ᠠ᠎ᠪᠠᠨ ᠴᠢᠩᠭ᠎ᠠ ᠭᠦᠢ᠍ᠴᠡᠳᠬᠡᠵᠦ᠂ ᠲᠤᠰ ᠨᠢᠭᠡᠴᠢ ᠵᠢᠨ ᠵᠶ᠋ᠠᠨ ᠠᠶᠤᠯ ᠦᠭᠡᠢ ᠦᠢ᠍ᠯᠡᠳᠪᠦᠷᠢᠯᠡᠯ᠎ᠳᠤ ᠶᠡᠷᠦᠩᠬᠡᠶ ᠬᠠᠷᠢᠭᠤᠴᠠᠯᠭ᠎ᠠ ᠡᠭᠦᠷᠭᠡᠯᠡᠬᠦ ᠬᠡᠷᠡᠭᠲᠡᠶ᠃ 《ᠠᠭᠤᠷᠬᠠᠶ ᠵᠢᠨ ᠲᠠᠪᠤᠨ ᠳᠠᠷᠤᠭ᠎ᠠ》᠎ᠨᠢ ᠡᠭᠦᠷᠭᠡ ᠬᠠᠷᠢᠭᠤᠴᠠᠯᠭ᠎ᠠ᠎ᠪᠠᠨ ᠴᠢᠩᠭ᠎ᠠ ᠭᠦᠢ᠍ᠴᠡᠳᠬᠡᠵᠦ᠂ ᠠᠭᠤᠷᠬᠠᠶ ᠵᠢᠨ ᠳᠠᠷᠤᠭ᠎ᠠ ᠵᠢᠵᠢᠭᠦᠷ ᠳᠠᠭ᠋ᠠᠭᠤᠯᠬᠤ ᠳᠦᠷᠢᠮ᠎ᠢ ᠴᠢᠩᠭ᠎ᠠ ᠬᠡᠷᠡᠭᠵᠢᠭᠦᠯᠦᠨ᠂ ᠨᠡᠷ᠎ᠡ ᠵᠢᠨ ᠲᠡᠳᠦᠢ ᠵᠢᠵᠢᠭᠦᠷᠯᠡᠬᠦ ᠦᠢ᠍ᠯᠡ ᠠᠵᠢᠯᠯᠠᠭ᠎ᠠ ᠵᠢ ᠴᠢᠩᠭ᠎ᠠ ᠴᠠᠭ᠋ᠠᠵᠠᠯᠠᠬᠤ ᠬᠡᠷᠡᠭᠲᠡᠶ᠃ ᠵᠠᠳᠠᠭ᠋ᠠᠶ ᠨᠡᠭᠦᠷᠡᠰᠦᠨ ᠠᠭᠤᠷᠬᠠᠶᠨᠤᠭᠤᠳ ᠵᠥᠪᠰᠢᠶᠡᠷᠡᠭᠰᠡᠨ ᠵᠢᠷᠤᠭ ᠲᠥᠯᠥᠪᠯᠡᠭᠡ ᠵᠢ ᠴᠢᠩᠭ᠎ᠠ ᠵᠢᠷᠤᠮᠯᠠᠨ ᠪᠠᠷᠢᠯᠭ᠎ᠠ ᠪᠠᠷᠢᠵᠤ᠂ ᠬᠢᠨᠠᠨ ᠰᠢᠨᠵᠢᠬᠦ ᠲᠥᠬᠦᠭᠡᠷᠦᠮᠵᠢ ᠵᠢ ᠭᠦᠢ᠍ᠴᠡᠳ ᠲᠡᠭᠦᠯᠳᠡᠷ ᠪᠦᠷᠢᠨ ᠰᠠᠢ᠍ᠢ᠍ᠨ ᠪᠠᠢ᠍ᠢ᠍ᠯᠭ᠋ᠠᠵᠤ᠂ ᠠᠶᠤᠯ ᠥᠬᠡᠶ ᠦᠢ᠍ᠯᠡᠳᠪᠦᠷᠢᠯᠡᠯ᠎ᠤᠨ ᠲᠦᠷᠢᠮ᠎ᠢ ᠪᠦᠷᠢᠨᠰᠢᠭᠦᠯᠬᠦ ᠵᠢᠨ ᠬᠠᠮᠲᠤ ᠪᠣᠳᠠᠲᠠᠢ᠍ᠢ᠍ᠵᠢᠭᠤᠯᠤᠨ ᠬᠡᠷᠡᠭᠵᠢᠭᠦᠯᠬᠦ ᠬᠡᠷᠡᠭᠲᠡᠶ᠃
ᠲᠠᠪᠤ᠂ ᠰᠢᠯᠭ᠋ᠠᠨ ᠪᠠᠢ᠍ᠢ᠍ᠴᠠᠭ᠋ᠠᠵᠦ ᠬᠡᠮᠵᠢᠨ ᠪᠠᠢ᠍ᠢ᠍ᠴᠠᠭ᠋ᠠᠬᠤ᠂ ᠵᠢᠷᠤᠭᠯᠠᠨ ᠲᠥᠯᠥᠪᠯᠡᠬᠦ᠂ ᠦᠨᠡᠯᠡᠬᠦ᠂ ᠭᠠᠵᠠᠷ ᠰᠢᠨᠵᠢᠯᠡᠭᠡᠨ᠎ᠤ ᠬᠠᠶ᠋ᠢᠨ ᠰᠢᠨᠵᠢᠬᠦ ᠵᠡᠷᠭᠡ ᠵᠠᠭᠤᠴᠢ ᠪᠠᠶ᠋ᠢᠭᠤᠯᠤᠮᠵᠢ᠎ᠨᠤᠭᠤᠳ ᠪᠣᠳᠠᠲᠤ ᠪᠠᠶ᠋ᠢᠳᠠᠯ ᠵᠶ᠋ᠠᠨ ᠦᠨᠳᠦᠰᠦᠯᠡᠨ ᠮᠡᠳᠡᠭᠦᠯᠦᠯᠲᠡ ᠭᠠᠷᠭ᠋ᠠᠵᠤ᠂ ᠬᠤᠳᠠᠯ ᠬᠡᠯᠡᠵᠦ ᠬᠠᠭᠤᠷᠮᠠᠭᠯᠠᠨ ᠵᠣᠬᠢᠶᠠᠬᠤ ᠵᠢ ᠴᠢᠩᠭ᠎ᠠ ᠴᠠᠭ᠋ᠠᠵᠠᠯᠠᠬᠤ ᠬᠡᠷᠡᠭᠲᠡᠶ᠃ ᠪᠣᠳᠠᠲᠤ ᠪᠠᠶ᠋ᠢᠳᠠᠯ᠎ᠢ ᠦᠨᠳᠦᠰᠦᠯᠡᠭᠰᠡᠨ ᠦᠭᠡᠢ ᠪᠤᠶᠤ ᠬᠤᠳᠠᠯ ᠬᠠᠭᠤᠷᠮᠠᠭ ᠮᠡᠳᠡᠭᠦᠯᠦᠯᠲᠡ ᠭᠠᠷᠭ᠋ᠠᠭᠰᠠᠨ ᠪᠠᠶ᠋ᠢᠪᠠᠯ᠂ 《ᠬᠠᠷ᠎ᠠ ᠲᠠᠩᠰᠠ》 ᠵᠢᠨ ᠬᠠᠮᠢᠶᠠᠷᠤᠯᠲᠠ᠎ᠳᠤ ᠣᠷᠣᠭᠤᠯᠵᠤ᠂ ᠬᠤᠯᠪᠣᠭ᠋ᠠᠯᠠᠨ ᠵᠠᠯᠬᠠᠭ᠋ᠠᠨ ᠴᠡᠭᠡᠷᠯᠡᠭᠦᠯᠬᠦ ᠵᠢ ᠬᠡᠷᠡᠭᠵᠢᠭᠦᠯᠬᠦ ᠬᠡᠷᠡᠭᠲᠡᠢ᠃
ᠵᠢᠷᠭᠤᠭ᠎ᠠ᠂ ᠤᠯᠤᠰ᠎ᠤᠨ ᠠᠭᠤᠷᠬᠠᠶ ᠵᠢᠨ ᠠᠮᠤᠷ ᠲᠦᠪᠰᠢᠨ᠎ᠢ ᠬᠢᠨᠠᠨ ᠪᠠᠶ᠋ᠢᠴᠠᠭ᠋ᠠᠬᠤ ᠲᠣᠪᠴᠢᠶ᠎ᠠ ᠵᠢᠨ ᠥᠪᠥᠷ ᠮᠣᠩᠭᠤᠯ᠎ᠤᠨ ᠲᠣᠪᠴᠢᠶ᠎ᠠ ᠥᠪᠡᠷᠲᠡᠭᠡᠨ ᠵᠠᠰᠠᠬᠤ ᠣᠷᠣᠨ᠎ᠤ ᠡᠨᠧᠷᠭᠢ ᠵᠢᠨ ᠲᠣᠪᠴᠢᠶ᠎ᠠ᠎ᠲᠠᠢ ᠬᠠᠮᠲᠤᠷᠠᠨ᠂ 《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠨᠡᠭᠦᠷᠡᠰᠦᠨ ᠠᠭᠤᠷᠬᠠᠶ ᠵᠢ ᠲᠥᠷᠥᠯ ᠬᠤᠪᠢᠶᠠᠨ ᠬᠢᠨᠠᠨ ᠬᠠᠮᠢᠶᠠᠷᠴᠤ ᠬᠢᠨᠠᠨ ᠪᠠᠶ᠋ᠢᠴᠠᠭ᠋ᠠᠬᠤ ᠵᠢᠨ ᠬᠡᠷᠡᠭᠵᠢᠭᠦᠯᠬᠦ ᠠᠷᠭ᠎ᠠ》 ᠵᠢᠨ ᠱᠠᠭ᠋ᠠᠷᠳᠠᠯᠭ᠎ᠠ ᠶᠣᠰᠣᠭ᠋ᠠᠷ᠂ ᠤᠯᠠᠷᠢᠯ ᠪᠦᠷᠢ ᠵᠠᠳᠠᠭ᠋ᠠᠶ ᠨᠡᠭᠦᠷᠡᠰᠦᠨ ᠠᠭᠤᠷᠬᠠᠶ ᠵᠢᠨ ᠲᠥᠷᠥᠯ ᠬᠤᠪᠢᠶᠠᠨ ᠲᠠᠰ ᠦᠨᠡᠯᠡᠬᠦ᠎ᠳᠤ ᠬᠥᠳᠡᠯᠦᠩᠭᠦᠶ᠎ᠪᠠᠷ ᠲᠣᠬᠢᠷᠠᠭᠤᠯᠤᠯᠲᠠ ᠬᠢᠵᠦ᠂ ᠲᠥᠷᠥᠯ ᠬᠤᠪᠢᠶᠠᠨ ᠲᠠᠰ ᠦᠨᠡᠯᠡᠭᠰᠡᠨ ᠪᠠᠶ᠋ᠢᠳᠠᠯ᠎ᠢ ᠨᠡᠶ᠋ᠢᠭᠡᠮ᠎ᠳᠤ ᠨᠡᠶ᠋ᠢᠲᠡᠯᠡᠨ᠎ᠡ᠃ ᠵᠠᠳᠠᠭ᠋ᠠᠢ ᠨᠡᠭᠦᠷᠡᠰᠦᠨ ᠠᠭᠤᠷᠬᠠᠢ ᠵᠢᠨ ᠲᠥᠷᠥᠯ ᠬᠤᠪᠢᠶᠠᠨ ᠳᠡᠰ ᠦᠨᠡᠯᠡᠭᠰᠡᠨ ᠦᠷ᠎ᠡ ᠳ᠋ᠦᠩ᠎ᠤᠨ ᠰᠢᠨᠵᠢᠯᠡᠬᠦ ᠤᠬᠠᠭ᠋ᠠᠨᠴᠢ ᠬᠡᠷᠡᠭᠯᠡᠯᠲᠡ ᠵᠢ ᠴᠢᠩᠭ᠋ᠠᠳᠬᠠᠵᠤ᠂ C ᠲᠥᠷᠥᠯ᠎ᠤᠨ ᠵᠠᠳᠠᠭ᠋ᠠᠢ ᠨᠡᠭᠦᠷᠡᠰᠦᠨ ᠠᠭᠤᠷᠬᠠᠢ ᠵᠢ ᠭᠤᠣᠯᠳᠠᠯᠭ᠎ᠠ᠎ᠲᠠᠢ ᠬᠢᠨᠠᠨ ᠬᠠᠮᠢᠶᠠᠷᠴᠤ ᠬᠢᠨᠠᠨ ᠪᠠᠶ᠋ᠢᠴᠠᠭ᠋ᠠᠬᠤ ᠡᠲᠡᠭᠡᠳ᠎ᠲᠤ ᠵᠢᠭᠰᠠᠭ᠋ᠠᠨ ᠣᠷᠤᠭᠤᠯᠵᠤ᠂ ᠬᠦᠨᠳᠦ ᠶᠡᠭᠡ ᠠᠮᠤᠷ ᠲᠦᠪᠰᠢᠨ᠎ᠤ ᠲᠦᠭᠰᠢᠭᠦᠷᠢ ᠵᠢ ᠬᠠᠮᠢᠶᠠᠷᠤᠨ ᠡᠵᠡᠮᠳᠡᠬᠦ ᠠᠷᠭ᠎ᠠ ᠬᠡᠮᠵᠢᠶ᠎ᠡ ᠵᠢ ᠨᠠᠶ᠋ᠢᠳᠠᠪᠤᠷᠢᠵᠢᠭᠤᠯᠤᠭᠰᠠᠨ ᠥᠬᠡᠶ᠂ ᠬᠦᠨᠳᠦ ᠶᠡᠭᠡ ᠡᠨᠳᠡᠯ᠎ᠤᠨ ᠳᠠᠯᠳᠠ ᠭᠡᠮ ᠣᠷᠣᠰᠢᠵᠤ ᠪᠠᠶ᠋ᠢᠭ᠎ᠠ ᠵᠢ᠎ᠨᠢ ᠴᠥᠮ ᠬᠠᠤᠯᠢ ᠲᠣᠭᠲᠠᠭ᠋ᠠᠯ ᠶᠣᠰᠣᠭ᠋ᠠᠷ ᠵᠠᠷᠯᠢᠭᠳᠠᠵᠤ ᠪᠠᠶ᠋ᠢᠭ᠋ᠠᠳ ᠦᠢ᠍ᠯᠡᠳᠪᠦᠷᠢᠯᠡᠯ᠎ᠢ᠎ᠨᠢ ᠵᠣᠭᠰᠤᠭ᠋ᠠᠵᠤ ᠴᠡᠭᠴᠡᠯᠡᠨ ᠰᠠᠶ᠋ᠢᠵᠢᠷᠠᠭᠤᠯᠵᠤ᠂ ᠡᠳᠦᠷ ᠲᠤᠲᠤᠮ᠎ᠤᠨ ᠠᠮᠤᠷ ᠲᠦᠪᠰᠢᠨ᠎ᠤ ᠬᠢᠨᠠᠯᠲᠠ ᠬᠠᠮᠢᠶᠠᠷᠤᠯᠲᠠ ᠵᠢᠨ ᠰᠠᠯᠠᠭ᠎ᠠ ᠮᠥᠴᠢᠷ᠎ᠤᠳ ᠲᠤᠰᠬᠠᠶ ᠬᠥᠮᠦᠨ ᠲᠣᠮᠢᠯᠠᠨ ᠬᠠᠷᠠᠭᠤᠯ᠎ᠤᠨ ᠰᠠᠬᠢᠭᠤᠯᠵᠤ᠂ ᠴᠡᠭᠴᠡᠯᠡᠨ ᠰᠠᠶ᠋ᠢᠵᠢᠷᠠᠭᠤᠯᠬᠤ ᠵᠢ ᠪᠤᠳᠠᠳᠠᠢ᠍ᠢ᠍ᠵᠢᠭᠤᠯᠤᠨᠨᠰᠠᠨᠤ ᠬᠠᠮᠲᠤ ᠠᠮᠤᠷ ᠲᠦᠪᠰᠢᠨ᠎ᠤ ᠲᠠᠯ᠎ᠠ᠎ᠪᠠᠷ ᠰᠢᠯᠭ᠋ᠠᠨ ᠬᠤᠷᠢᠶᠠᠵᠤ ᠠᠪᠬᠤ᠎ᠳᠤ ᠬᠢᠷᠢ ᠲᠡᠩᠴᠡᠭᠰᠡᠨ᠎ᠤ ᠳᠠᠷᠠᠭ᠎ᠠ ᠦᠢ᠍ᠯᠡᠳᠪᠦᠷᠢᠯᠡᠯ ᠪᠥᠲᠥᠭᠡᠨ ᠪᠠᠶ᠋ᠢᠭᠤᠯᠤᠯᠲᠠ ᠵᠢ᠎ᠨᠢ ᠰᠡᠷᠭᠦᠭᠡᠵᠦ ᠪᠣᠯᠤᠨ᠎ᠠ᠃ ᠡᠯ᠎ᠡ ᠱᠠᠲᠤᠨ᠎ᠤ ᠨᠡᠭᠦᠷᠡᠰᠦᠨ ᠠᠭᠤᠷᠬᠠᠢ ᠵᠢᠨ ᠠᠮᠦᠷ ᠲᠦᠪᠰᠢᠨ᠎ᠤ ᠬᠢᠨᠠᠯᠲᠠ ᠬᠠᠮᠢᠶᠠᠷᠤᠯᠲᠠ᠂ ᠠᠭᠤᠷᠬᠠᠢ ᠵᠢᠨ ᠠᠮᠦᠷ ᠲᠦᠪᠰᠢᠨ᠎ᠤ ᠬᠢᠨᠠᠨ ᠪᠠᠢ᠍ᠢ᠍ᠴᠠᠭ᠋ᠠᠯᠲᠠ ᠵᠢᠨ ᠰᠠᠯᠠᠭ᠎ᠠ ᠮᠦᠴᠢᠷ᠎ᠨᠢ C ᠲᠥᠷᠥᠯ᠎ᠤᠨ ᠨᠡᠭᠦᠷᠡᠰᠦᠨ ᠠᠭᠤᠷᠬᠠᠢ ᠵᠢᠨ ᠪᠠᠢ᠍ᠢ᠍ᠴᠠᠭ᠋ᠠᠯᠲᠠ ᠵᠢᠨ ᠳᠠᠪᠲᠠᠮᠵᠢ᠎ᠪᠠᠨ ᠨᠡᠮᠡᠭᠳᠡᠭᠦᠯᠬᠦ ᠬᠡᠷᠡᠭᠲᠡᠢ᠃ 《ᠨᠡᠭᠦᠷᠡᠰᠦᠨ ᠠᠭᠤᠷᠬᠠᠢ ᠵᠢᠨ ᠦᠢ᠍ᠯᠡᠳᠪᠦᠷᠢᠯᠡᠯ᠎ᠤᠨ ᠴᠢᠳᠠᠪᠤᠷᠢ ᠵᠢᠨ ᠬᠠᠮᠢᠶᠠᠷᠤᠯᠲᠠ ᠵᠢᠨ ᠠᠷᠭ᠎ᠠ》 ᠵᠢ ᠴᠢᠩᠭ᠎ᠠ ᠵᠢᠷᠤᠮᠯᠠᠨ C ᠲᠥᠷᠥᠯ᠎ᠤᠨ ᠨᠡᠭᠦᠷᠡᠰᠦᠨ ᠠᠭᠤᠷᠬᠠᠢ᠎ᠳᠤ ᠦᠢ᠍ᠯᠡᠳᠪᠦᠷᠢᠯᠡᠬᠦ ᠴᠢᠳᠠᠮᠵᠢ ᠵᠢ᠎ᠨᠢ ᠬᠠᠷᠭᠤᠭᠤᠯᠤᠨ ᠲᠣᠭᠲᠠᠭ᠋ᠠᠬᠤ ᠠᠵᠢᠯ᠎ᠢ ᠥᠷᠨᠢᠭᠦᠯᠬᠦ ᠬᠡᠷᠡᠭᠲᠡᠢ᠃
ᠳᠣᠯᠤᠭ᠎ᠠ᠂ ᠵᠠᠳᠠᠭ᠋ᠠᠶ ᠨᠡᠭᠦᠷᠡᠰᠦᠨ ᠠᠭᠤᠷᠬᠠᠶ᠎ᠳᠤ 《ᠨᠡᠭᠦᠷᠡᠰᠦᠨ ᠠᠭᠤᠷᠬᠠᠶ ᠵᠢᠨ ᠬᠦᠨᠳᠦ ᠶᠡᠭᠡ ᠡᠨᠳᠡᠯ᠎ᠤᠨ ᠲᠠᠯᠲᠠ ᠭᠡᠮ᠎ᠢ ᠮᠠᠭ᠋ᠠᠳᠯᠠᠨ ᠲᠣᠭᠲᠠᠭ᠋ᠠᠬᠤ ᠪᠠᠷᠢᠮᠵᠢᠶ᠎ᠠ》᠎ᠳᠤ ᠲᠣᠳᠣᠷᠬᠠᠶ᠋ᠢᠯᠠᠭᠰᠠᠨ ᠬᠦᠨᠳᠦ ᠶᠡᠭᠡ ᠡᠨᠳᠡᠯ᠎ᠤᠨ ᠳᠠᠯᠳᠠ ᠭᠡᠮ᠎ᠤᠨ ᠪᠠᠶ᠋ᠢᠳᠠᠯ᠎ᠤᠨ ᠨᠢᠭᠡ᠎ᠨᠢ ᠪᠠᠶ᠋ᠢᠪᠠᠯ᠂ ᠬᠠᠤᠯᠢ ᠲᠣᠭᠲᠠᠭ᠋ᠠᠯ ᠶᠣᠰᠣᠭ᠋ᠠᠷ ᠵᠠᠷᠯᠢᠭᠳᠠᠵᠤ ᠪᠠᠶ᠋ᠢᠭ᠋ᠠᠳ ᠦᠢ᠍ᠯᠡᠳᠪᠦᠷᠢᠯᠡᠯ᠎ᠢ᠎ᠨᠢ ᠵᠣᠭᠰᠣᠭ᠋ᠠᠵᠤ ᠴᠡᠭᠴᠡᠯᠡᠭᠦᠯᠦᠨ᠎ᠡ; 《ᠨᠡᠭᠦᠷᠡᠰᠦᠨ ᠠᠭᠤᠷᠬᠠᠶ ᠵᠢᠨ ᠬᠦᠨᠳᠦ ᠶᠡᠭᠡ ᠡᠨᠳᠡᠯ᠎ᠤᠨ ᠳᠠᠯᠳᠠ ᠭᠡᠮ᠎ᠢ ᠮᠠᠭ᠋ᠠᠳᠯᠠᠨ ᠲᠣᠭᠲᠠᠭ᠋ᠠᠬᠤ ᠪᠠᠷᠢᠮᠵᠢᠶ᠎ᠠ》᠎ᠠᠴᠠ ᠭᠠᠳᠠᠨᠠᠬᠢ ᠡᠩ᠎ᠤᠨ ᠳᠠᠯᠳᠠ ᠭᠡᠮ ᠣᠷᠣᠰᠢᠵᠤ ᠪᠠᠶ᠋ᠢᠪᠠᠯ᠂ ᠵᠠᠷᠯᠢᠭᠳᠠᠵᠤ ᠪᠠᠶ᠋ᠢᠭ᠋ᠠᠳ ᠳᠠᠯᠳᠠ ᠭᠡᠮ᠎ᠢ ᠲᠡᠷᠡ ᠳᠠᠷᠤᠶᠳᠤᠨᠢ ᠠᠷᠢᠯᠭ᠋ᠠᠬᠤ ᠪᠤᠶᠤ ᠬᠤᠭᠤᠴᠠᠭ᠎ᠠ ᠬᠢᠵᠠᠭ᠋ᠠᠷᠯᠠᠨ ᠠᠷᠢᠯᠭ᠋ᠠᠭᠤᠯᠬᠤ ᠬᠡᠷᠡᠭᠲᠡᠢ᠂ ᠬᠡᠷᠡᠭᠵᠢᠭᠦᠯᠬᠦ ᠵᠢ ᠲᠡᠪᠴᠢᠪᠡᠯ᠂ ᠬᠠᠤᠯᠢ ᠲᠣᠭᠲᠠᠭ᠋ᠠᠯ ᠶᠣᠰᠣᠭ᠋ᠠᠷ ᠪᠠᠶ᠋ᠢᠴᠠᠭ᠋ᠠᠨ ᠰᠢᠢ᠍ᠳᠪᠦᠷᠢᠯᠡᠬᠦ ᠬᠡᠷᠡᠭᠲᠡᠢ᠃
ᠨᠠᠢ᠍ᠮᠠ᠂ ᠵᠠᠳᠠᠭ᠋ᠠᠶ ᠨᠡᠭᠦᠷᠡᠰᠦᠨ ᠠᠭᠤᠷᠬᠠᠶ᠎ᠨᠢ ᠰᠠᠷ᠎ᠠ ᠪᠦᠷᠢ᠎ᠳᠤ ᠬᠠᠷᠢᠶ᠎ᠠ ᠭᠠᠵᠠᠷ᠎ᠤᠨ ᠵᠶ᠋ᠠᠨ ᠨᠡᠭᠦᠷᠡᠰᠦᠨ ᠠᠭᠤᠷᠬᠠᠶ ᠵᠢᠨ ᠡᠳᠦᠷ ᠲᠤᠲᠤᠮ᠎ᠤᠨ ᠠᠮᠦᠷ ᠲᠦᠪᠰᠢᠨ᠎ᠤ ᠬᠢᠨᠠᠯᠲᠠ ᠬᠠᠮᠢᠶᠠᠷᠤᠯᠲᠠ᠂ ᠠᠭᠤᠷᠬᠠᠶ ᠵᠢᠨ ᠠᠮᠦᠷ ᠲᠦᠪᠰᠢᠨ᠎ᠢ ᠬᠢᠨᠠᠨ ᠪᠠᠶ᠋ᠢᠴᠠᠭ᠋ᠠᠬᠤ ᠵᠢ ᠬᠠᠷᠢᠭᠤᠴᠠᠬᠤ ᠰᠠᠯᠠᠭ᠎ᠠ ᠮᠥᠴᠢᠷ᠎ᠲᠤ ᠳᠡᠭᠲᠡᠷ᠎ᠤᠨ ᠥᠨᠳᠥᠷ᠎ᠤᠨ ᠬᠡᠮᠵᠢᠶ᠎ᠡ ᠵᠡᠷᠭᠡ ᠠᠶᠤᠯ ᠦᠭᠡᠶ ᠦᠢ᠍ᠯᠡᠳᠪᠦᠷᠢᠯᠡᠯ᠎ᠤᠨ ᠬᠦᠴᠦᠨ ᠵᠦᠢ᠍ᠯ᠎ᠢ ᠮᠡᠳᠡᠭᠦᠯᠵᠦ᠂ ᠪᠠᠶ᠋ᠢᠭ᠎ᠠ ᠭᠠᠵᠠᠷ᠎ᠤᠨ ᠠᠶ᠋ᠢᠮᠠᠭ ᠬᠤᠲᠠ ᠵᠢᠨ ᠨᠡᠭᠦᠷᠡᠰᠦᠨ ᠠᠭᠤᠷᠬᠠᠶ ᠵᠢᠨ ᠠᠮᠦᠷ ᠲᠦᠪᠰᠢᠨ᠎ᠤ ᠬᠢᠨᠠᠯᠲᠠ ᠬᠠᠮᠢᠶᠠᠷᠤᠯᠲᠠ ᠵᠢᠨ ᠰᠠᠯᠠᠭ᠎ᠠ ᠮᠥᠴᠢᠷ᠎ᠠᠴᠠ ᠠᠭᠤᠷᠬᠠᠶ ᠵᠢᠨ ᠠᠮᠦᠷ ᠲᠦᠪᠰᠢᠨ᠎ᠤ ᠬᠢᠨᠠᠨ ᠪᠠᠶ᠋ᠢᠴᠠᠭ᠋ᠠᠬᠤ ᠰᠠᠯᠠᠭ᠎ᠠ ᠮᠥᠴᠢᠷ᠎ᠲᠠᠢ ᠬᠠᠮᠲᠤᠷᠠᠨ ᠨᠡᠶ᠋ᠢᠭᠡᠮ᠎ᠳᠤ ᠨᠡᠶ᠋ᠢᠲᠡᠯᠡᠬᠦ ᠬᠡᠷᠡᠭᠲᠡᠶ᠃ ᠬᠤᠳᠠᠯ ᠬᠡᠯᠡᠵᠦ ᠬᠠᠭᠤᠷᠮᠠᠭᠯᠠᠨ ᠵᠣᠬᠢᠶᠠᠭᠰᠠᠨ᠎ᠢ ᠣᠯᠵᠤ ᠮᠡᠳᠡᠪᠡᠯ᠂ ᠬᠠᠤᠯᠢ ᠲᠣᠭᠲᠠᠭ᠋ᠠᠯ ᠶᠣᠰᠣᠭ᠋ᠠᠷ ᠰᠢᠢ᠍ᠳᠬᠡᠯ ᠲᠤᠷᠭ᠋ᠠᠭᠤᠯᠢ ᠥᠭᠭᠦ ᠵᠢᠨ ᠬᠠᠮᠲᠤ ᠬᠠᠮᠢᠶ᠎ᠠ ᠪᠦᠬᠦᠢ ᠲᠣᠭᠲᠠᠭ᠋ᠠᠯ ᠶᠣᠰᠣᠭ᠋ᠠᠷ ᠬᠤᠯᠪᠣᠭ᠋ᠠᠯᠠᠨ ᠵᠠᠯᠬᠠᠭ᠋ᠠᠨ ᠴᠡᠭᠡᠷᠯᠡᠭᠦᠯᠬᠦ ᠵᠢ ᠬᠡᠷᠡᠭᠵᠢᠭᠦᠯᠬᠦ ᠬᠡᠷᠡᠭᠲᠡᠢ᠃
ᠶᠢᠰᠦ᠂ ᠵᠠᠳᠠᠭ᠋ᠠᠶ ᠨᠡᠭᠦᠷᠡᠰᠦᠨ ᠠᠭᠤᠷᠬᠠᠶ᠎ᠳᠤ ᠬᠤᠯᠪᠣᠭᠳᠠᠯ ᠪᠦᠬᠦᠢ ᠲᠣᠭᠲᠠᠭ᠋ᠠᠯ ᠶᠣᠰᠣᠭ᠋ᠠᠷ ᠭᠠᠵᠠᠷ ᠬᠥᠳᠡᠯᠦᠯᠲᠡ ᠵᠢ ᠬᠢᠨᠠᠨ ᠰᠢᠨᠵᠢᠬᠦ ᠲᠤᠰᠬᠠᠶ ᠥᠷᠲᠡᠭᠡ ᠰᠦᠯᠵᠢᠶ᠎ᠡ᠂ ᠬᠠᠵᠠᠭᠤ ᠪᠡᠯ᠎ᠤᠨ ᠷᠠᠳᠠᠷ᠎ᠢ ᠪᠠᠭᠲᠠᠭ᠋ᠠᠭᠰᠠᠨ ᠬᠠᠵᠠᠭᠤ ᠪᠡᠯ᠎ᠤᠨ ᠬᠢᠨᠠᠨ ᠰᠢᠨᠵᠢᠵᠦ ᠰᠡᠷᠡᠮᠵᠢᠯᠡᠭᠦᠯᠬᠦ ᠰᠢᠰᠲ᠋ᠧᠮ᠂ ᠬᠠᠷᠠᠭ᠋ᠠᠨ ᠳᠠᠪᠲᠠᠮᠵᠢ᠎ᠪᠠᠷ ᠬᠢᠨᠠᠨ ᠡᠵᠡᠮᠳᠡᠬᠦ ᠰᠢᠰᠲ᠋ᠧᠮ᠂ ᠲᠡᠷᠭᠡ ᠬᠥᠰᠬᠡ ᠲᠣᠬᠢᠷᠠᠭᠤᠯᠬᠤ ᠰᠢᠰᠲ᠋ᠧᠮ᠎ᠢ ᠪᠠᠶ᠋ᠢᠭᠤᠯᠵᠤ᠂ 24 ᠴᠠᠭ᠎ᠤᠨ ᠰᠦᠯᠵᠢᠶᠡᠨ ᠳᠡᠭᠡᠷ᠎ᠡ ᠬᠢᠨᠠᠨ ᠰᠢᠨᠵᠢᠬᠦ ᠵᠢ ᠬᠡᠷᠡᠭᠵᠢᠭᠦᠯᠬᠦ ᠵᠢᠨ ᠬᠠᠮᠲᠤ ᠠᠭᠤᠷᠬᠠᠶ ᠵᠢᠨ ᠠᠶᠤᠯ ᠦᠭᠡᠢ ᠦᠢ᠍ᠯᠡᠳᠪᠦᠷᠢᠯᠡᠯ᠎ᠤᠨ ᠲᠦᠭᠰᠢᠭᠦᠷᠢ ᠵᠢ ᠬᠢᠨᠠᠨ ᠰᠢᠨᠵᠢᠵᠦ ᠰᠡᠷᠡᠮᠵᠢᠯᠡᠭᠦᠯᠬᠦ ᠰᠢᠰᠲ᠋ᠧᠮ᠎ᠯᠦᠭᠡ ᠰᠦᠯᠵᠢᠶ᠎ᠡ᠎ᠪᠠᠨ ᠬᠤᠯᠪᠣᠬᠤ ᠬᠡᠷᠡᠭᠲᠡᠢ᠃ ᠬᠠᠵᠠᠭᠤ ᠪᠡᠯ᠎ᠤᠨ ᠵᠥᠷᠢᠭᠳᠡᠯ᠂ ᠮᠠᠯᠲᠠᠵᠤ ᠬᠤᠭᠤᠰᠤᠷᠠᠭᠤᠯᠤᠨᠨᠰᠠᠨ ᠣᠷᠣᠨ᠂ ᠬᠠᠶᠠᠭᠳᠠᠮᠠᠯ ᠭᠤᠳᠤᠮᠵᠢᠨ ᠵᠠᠮ ᠵᠡᠷᠭᠡ ᠭᠠᠮᠰᠢᠭ ᠤᠴᠠᠷᠠᠭᠤᠯᠬᠤ ᠨᠢᠭᠤᠨᠨᠳᠠᠮᠠᠯ ᠬᠦᠴᠦᠨ ᠵᠦᠢ᠍ᠯ᠎ᠢ ᠪᠥᠬᠦ ᠲᠠᠯ᠎ᠠ᠎ᠪᠠᠷ ᠪᠠᠶ᠋ᠢᠴᠠᠭ᠋ᠠᠨ ᠳᠣᠲᠣᠯᠠᠵᠤ᠂ ᠵᠠᠰᠠᠬᠤ ᠠᠷᠭ᠎ᠠ ᠬᠡᠮᠵᠢᠶ᠎ᠡ ᠵᠢ ᠴᠢᠩᠭ᠎ᠠ ᠨᠠᠶ᠋ᠢᠳᠠᠪᠤᠷᠢᠵᠢᠭᠤᠯᠤᠨ᠂ ᠵᠠᠰᠠᠯᠲᠠ ᠵᠢ ᠪᠣᠳᠠᠲᠠᠶ᠋ᠢᠵᠢᠭᠤᠯᠬᠤ ᠵᠢ ᠦᠨᠡᠨ ᠬᠦ᠌ ᠪᠠᠲᠤᠯᠠᠬᠤ ᠬᠡᠷᠡᠭᠲᠡᠶ᠃ ᠠᠭᠤᠷᠬᠠᠶ ᠮᠠᠯᠲᠠᠬᠤ ᠲᠠᠯᠠᠪᠤᠷ᠎ᠤᠨ ᠣᠷᠣᠵᠤ ᠭᠠᠷᠬᠤ ᠭᠠᠵᠠᠷ ᠵᠡᠷᠭᠡ ᠢᠯᠡ ᠭᠠᠵᠠᠷ᠎ᠲᠤ ᠡᠷᠬᠡᠪᠰᠢ ᠵᠠᠷᠯᠠᠨ ᠮᠡᠳᠡᠭᠳᠡᠬᠦ ᠫᠠᠶ᠋ᠢᠰᠠ ᠲᠠᠯᠪᠢᠵᠤ᠂ ᠲᠤᠬᠠᠶ ᠵᠢᠨ ᠲᠠᠯᠠᠪᠤᠷ᠎ᠤᠨ ᠠᠮᠤᠷ ᠲᠦᠪᠰᠢᠨ᠎ᠤ ᠲᠦᠭᠰᠢᠭᠦᠷᠢ ᠵᠢ ᠲᠣᠳᠣᠷᠬᠠᠶ ᠪᠢᠴᠢᠵᠣ᠂ ᠠᠵᠢᠯᠯᠠᠬᠤ ᠬᠥᠮᠦᠰ᠎ᠲᠤ ᠠᠶᠤᠯ᠎ᠠᠴᠠ ᠪᠠᠴᠢᠮ ᠵᠠᠶ᠋ᠢᠯᠠᠬᠤ ᠪᠠᠶ᠋ᠢᠳᠠᠯ ᠪᠠ ᠡᠷᠬᠡ ᠵᠢ ᠲᠣᠳᠣᠷᠬᠠᠶ ᠬᠡᠯᠡᠵᠦ ᠥᠭᠬᠦ ᠬᠡᠷᠡᠭᠲᠡᠶ; ᠪᠡᠯ ᠶᠡᠭᠦᠷᠡᠬᠦ ᠪᠠ ᠨᠤᠷᠠᠵᠤ ᠴᠦᠮᠦᠷᠡᠬᠦ ᠵᠡᠷᠭᠡ ᠡᠨᠳᠡᠯ ᠭᠠᠷᠬᠤ ᠰᠢᠨᠵᠢ ᠮᠠᠶᠢᠭᠲᠠᠢ ᠪᠠᠢ᠍ᠢ᠍ᠪᠠᠯ᠂ ᠡᠷᠬᠡᠪᠰᠢ ᠲᠡᠷᠡ ᠳᠠᠷᠤᠶᠳᠤᠨᠢ ᠠᠵᠢᠯᠯᠠᠬᠤ᠎ᠪᠠᠨ ᠪᠠᠢ᠍ᠢ᠍ᠵᠦ᠂ ᠬᠦᠮᠦᠰ᠎ᠢ ᠵᠠᠢ᠍ᠢ᠍ᠯᠠᠭᠤᠯᠤᠨ ᠶᠠᠪᠤᠭᠤᠯᠬᠤ ᠬᠡᠷᠡᠭᠲᠡᠶ᠃
ᠠᠷᠪᠠ᠂ ᠵᠠᠳᠠᠭ᠋ᠠᠶ ᠨᠡᠭᠦᠷᠡᠰᠦᠨ ᠠᠭᠤᠷᠬᠠᠶ ᠵᠢᠨ ᠪᠠᠷᠢᠯᠭ᠎ᠠ ᠳᠠᠭ᠋ᠠᠭ᠋ᠠᠴᠢᠯᠠᠭᠰᠠᠨ ᠨᠢᠭᠡᠴᠢ᠎ᠳᠠᠬᠢ ᠠᠶᠤᠯ ᠦᠭᠡᠶ ᠵᠢᠨ ᠬᠠᠮᠢᠶᠠᠷᠤᠯᠲᠠ᠎ᠪᠠᠨ ᠡᠷᠬᠡᠪᠰᠢ ᠴᠢᠩᠭ᠋ᠠᠳᠬᠠᠬᠤ ᠬᠡᠷᠡᠭᠲᠡᠶ᠃ ᠨᠡᠭᠦᠷᠡᠰᠦ ᠮᠠᠯᠲᠠᠬᠤ ᠪᠠᠷᠢᠯᠭ᠎ᠠ ᠵᠢ ᠭᠠᠳᠠᠭᠰᠢ ᠳᠠᠭ᠋ᠠᠭ᠋ᠠᠴᠢᠯᠠᠭᠤᠯᠵᠤ ᠪᠣᠯᠬᠤ ᠦᠭᠡᠢ; ᠦᠢ᠍ᠯᠡᠳᠪᠦᠷᠢᠯᠡᠯ᠎ᠤᠨ ᠴᠢᠳᠠᠪᠤᠷᠢ᠎ᠨᠢ 500 ᠲᠦᠮᠡᠨ ᠲᠣᠨ / ᠵᠢᠯ᠎ᠠᠴᠠ ᠳᠣᠷᠣᠭᠰᠢᠬᠢ ᠵᠠᠳᠠᠭ᠋ᠠᠶ ᠨᠡᠭᠦᠷᠡᠰᠦᠨ ᠠᠭᠤᠷᠬᠠᠶ ᠵᠢᠨ ᠱᠠᠭ᠋ᠠᠯᠬᠤ ᠪᠠᠷᠢᠯᠭ᠎ᠠ ᠵᠢ ᠳᠠᠭ᠋ᠠᠭ᠋ᠠᠴᠢᠯᠠᠬᠤ ᠨᠢᠭᠡᠴᠢ᠎ᠨᠢ 1᠎ᠠᠴᠠ ᠬᠡᠲᠦᠷᠡᠵᠦ ᠪᠣᠯᠬᠤ ᠦᠭᠡᠢ᠂ ᠦᠢ᠍ᠯᠡᠳᠪᠦᠷᠢᠯᠡᠯ᠎ᠤᠨ ᠴᠢᠳᠠᠪᠤᠷᠢ᠎ᠨᠢ 500 ᠲᠦᠮᠡᠨ ᠲᠣᠨ / ᠵᠢᠯ ᠵᠢᠴᠢ ᠲᠡᠭᠦᠨ᠎ᠠᠴᠠ ᠳᠡᠭᠡᠭᠰᠢᠬᠢ ᠵᠠᠳᠠᠭ᠋ᠠᠢ ᠨᠡᠭᠦᠷᠡᠰᠦᠨ ᠠᠭᠤᠷᠬᠠᠶ ᠵᠢᠨ ᠱᠠᠭ᠋ᠠᠯᠬᠤ ᠪᠠᠷᠢᠯᠭ᠎ᠠ ᠵᠢ ᠳᠠᠭ᠋ᠠᠭ᠋ᠠᠴᠢᠯᠠᠬᠤ ᠨᠢᠭᠡᠴᠢ᠎ᠨᠢ 2᠎ᠠᠴᠠ ᠬᠡᠲᠦᠷᠡᠵᠦ ᠪᠣᠯᠬᠤ ᠦᠭᠡᠢ᠃ ᠳᠠᠭ᠋ᠠᠭ᠋ᠠᠴᠢᠯᠠᠭᠰᠠᠨ ᠨᠢᠭᠡᠴᠢ᠎ᠨᠦᠭᠦᠳ᠎ᠨᠢ ᠲᠤᠰ ᠠᠭᠤᠷᠬᠠᠶ ᠵᠢᠨ ᠡᠩᠨᠡᠭᠡ᠎ᠯᠦᠭᠡ ᠪᠠᠷᠢᠮᠵᠢᠶ᠎ᠠ᠎ᠪᠠᠨ ᠨᠢᠭᠡᠳᠦᠯᠲᠡᠶ ᠪᠣᠯᠭ᠋ᠠᠵᠤ᠂ ᠨᠢᠭᠡᠳᠦᠯᠲᠡᠶ ᠬᠠᠮᠢᠶᠠᠷᠬᠤ ᠬᠡᠷᠡᠭᠲᠡᠶ᠃ ᠵᠠᠳᠠᠭ᠋ᠠᠶ ᠨᠡᠭᠦᠷᠡᠰᠦᠨ ᠠᠭᠤᠷᠬᠠᠶ ᠵᠢᠨ ᠳᠠᠭ᠋ᠠᠭ᠋ᠠᠴᠢᠯᠠᠯᠲᠠ ᠵᠠᠷᠯᠠᠬᠤ᠎ᠳᠤ ᠲᠣᠰ ᠠᠭᠤᠷᠬᠠᠶ ᠵᠢᠨ ᠦᠢ᠍ᠯᠡᠳᠪᠦᠷᠢᠯᠡᠯ᠎ᠤᠨ ᠴᠢᠳᠠᠪᠤᠷᠢ ᠵᠢ ᠦᠨᠳᠦᠰᠦᠯᠡᠨ᠂ ᠪᠠᠷᠢᠯᠭ᠎ᠠ ᠳᠠᠭ᠋ᠠᠭ᠋ᠠᠴᠢᠯᠠᠬᠤ ᠨᠢᠭᠡᠴᠢ ᠵᠢᠨ ᠬᠢᠷᠢ ᠬᠡᠮ᠎ᠤᠨ ᠱᠠᠭ᠋ᠠᠷᠳᠠᠯᠭ᠎ᠠ ᠵᠢ ᠲᠣᠳᠣᠷᠬᠠᠶ᠋ᠢᠯᠠᠬᠤ ᠬᠡᠷᠡᠭᠲᠡᠶ; ᠳᠠᠭ᠋ᠠᠭ᠋ᠠᠴᠢᠯᠠᠯᠲᠠ ᠵᠠᠷᠯᠠᠯᠲᠠ ᠵᠢᠨ ᠳᠣᠣᠷ᠎ᠠ ᠬᠢᠵᠠᠭ᠋ᠠᠷ ᠦᠨ᠎ᠡ ᠵᠢ ᠲᠣᠭᠲᠠᠭ᠋ᠠᠬᠤ ᠵᠢᠨ ᠬᠠᠮᠲᠤ ᠳᠠᠭ᠋ᠠᠭ᠋ᠠᠴᠢᠯᠠᠯᠲᠠ ᠬᠦᠯᠢᠶᠡᠬᠦ ᠨᠢᠭᠡᠴᠢ ᠵᠢᠨ ᠠᠵᠢᠯ᠎ᠤᠨ ᠠᠮᠵᠢᠯᠲᠠ ᠪᠦᠲᠦᠮᠵᠢ᠂ ᠴᠢᠳᠠᠪᠤᠷᠢ ᠵᠡᠷᠭᠡ ᠬᠦᠴᠦᠨ ᠵᠦᠢ᠍ᠯ᠎ᠢ ᠶᠡᠷᠦᠩᠬᠡᠶ᠋ᠢᠯᠡᠨ ᠪᠣᠳᠣᠯᠬᠢᠯᠠᠵᠤ ᠪᠠᠶ᠋ᠢᠭ᠋ᠠᠳ ᠳᠠᠭ᠋ᠠᠭ᠋ᠠᠴᠢᠯᠠᠯᠲᠠ ᠣᠨᠣᠬᠤ ᠠᠵᠤ ᠠᠬᠤᠶ᠋ᠢᠯᠠᠯ᠎ᠢ ᠲᠣᠭᠲᠠᠭ᠋ᠠᠬᠤ ᠬᠡᠷᠡᠭᠲᠡᠢ᠂ ᠳᠥᠭᠦᠮᠬᠡᠨ ᠵᠶ᠋ᠠᠷ ᠬᠠᠮᠤᠭ᠎ᠤᠨ ᠳᠣᠤᠷ᠎ᠠ ᠦᠨ᠎ᠡ᠎ᠪᠠᠷ ᠳᠠᠭ᠋ᠠᠭ᠋ᠠᠴᠢᠯᠠᠯᠲᠠ ᠤᠨᠤᠭ᠋ᠠᠵᠦ ᠪᠣᠯᠬᠤ ᠥᠬᠡᠶ᠃ ᠳᠠᠭ᠋ᠠᠭ᠋ᠠᠴᠢᠯᠠᠬᠤ ᠨᠢᠭᠡᠴᠢ ᠵᠢᠨ᠎ᠬᠢᠨ ᠳᠠᠭ᠋ᠠᠭ᠋ᠠᠴᠢᠯᠠᠭᠰᠠᠨ ᠪᠠᠷᠢᠯᠭ᠎ᠠ ᠵᠢᠨ ᠭᠤᠤᠯ ᠴᠣᠭᠴᠠ ᠵᠢ ᠬᠤᠪᠢᠶᠠᠨ ᠳᠠᠭ᠋ᠠᠭ᠋ᠠᠴᠢᠯᠠᠭᠤᠯᠬᠤ ᠵᠢ᠎ᠨᠢ ᠴᠠᠭ᠋ᠠᠵᠠᠯᠠᠵᠤ᠂ ᠳᠠᠭ᠋ᠠᠭ᠋ᠠᠴᠢᠯᠠᠭᠰᠠᠨ ᠨᠢᠭᠡᠴᠢ ᠲᠡᠭᠦᠨ᠎ᠤ ᠥᠪᠡᠷ᠎ᠤᠨ ᠳᠠᠭ᠋ᠠᠭ᠋ᠠᠨ ᠠᠪᠤᠭᠰᠠᠨ ᠪᠠᠷᠢᠯᠭ᠎ᠠ᠎ᠪᠠᠨ ᠰᠢᠯᠵᠢᠭᠦᠯᠦᠨ ᠳᠠᠭ᠋ᠠᠭ᠋ᠠᠴᠢᠯᠠᠭᠤᠯᠬᠤ ᠵᠢ ᠴᠠᠭ᠋ᠠᠵᠠᠯᠠᠬᠤ ᠬᠡᠷᠡᠭᠲᠡᠶ᠃
ᠠᠷᠪᠠᠨ ᠨᠢᠭᠡ᠂ ᠵᠠᠳᠠᠭ᠋ᠠᠶ ᠨᠡᠭᠦᠷᠡᠰᠦᠨ ᠠᠭᠤᠷᠬᠠᠶ ᠪᠣᠯ ᠬᠠᠤᠯᠢ ᠲᠣᠭᠲᠠᠭ᠋ᠠᠯ ᠶᠣᠰᠣᠭ᠋ᠠᠷ ᠪᠦᠬᠦ ᠠᠵᠢᠯᠯᠠᠭᠰᠠᠳ᠎ᠲᠤ ᠠᠵᠢᠯ᠎ᠠᠴᠠ ᠪᠣᠯᠤᠭᠰᠠᠨ ᠭᠡᠮᠲᠦᠯ᠎ᠤᠨ ᠳᠠᠭ᠋ᠠᠳᠬᠠᠯ ᠲᠤᠰᠢᠶᠠᠨ ᠥᠭᠴᠤ᠂ ᠠᠶᠤᠯ ᠦᠭᠡᠢ ᠦᠢ᠍ᠯᠡᠳᠪᠦᠷᠢᠯᠡᠯ᠎ᠤᠨ ᠬᠠᠷᠢᠭᠤᠴᠠᠯᠭ᠎ᠠ ᠵᠢᠨ ᠳᠠᠭ᠋ᠠᠳᠬᠠᠯ᠎ᠳᠤ ᠤᠷᠤᠭᠤᠯᠬᠤ ᠬᠡᠷᠡᠭᠲᠡᠶ᠃
ᠠᠷᠪᠠᠨ ᠬᠤᠶᠠᠷ᠂ ᠵᠠᠳᠠᠭ᠋ᠠᠢ ᠨᠡᠭᠦᠷᠡᠰᠦᠨ ᠠᠭᠤᠷᠬᠠᠢ ᠵᠢᠨ ᠠᠳᠠᠯᠢ ᠨᠢᠭᠡ ᠨᠡᠭᠡᠭᠡᠨ ᠮᠠᠯᠲᠠᠬᠤ ᠲᠡᠭᠰᠢ ᠲᠡᠪᠴᠡᠩ᠂ ᠠᠳᠠᠯᠢ ᠨᠢᠭᠡ ᠤᠬᠤᠵᠦ ᠮᠠᠯᠳᠠᠬᠤ ᠪᠦᠰᠡ᠂ ᠮᠠᠯᠲᠠᠵᠤ ᠱᠠᠭ᠋ᠠᠯᠬᠤ ᠲᠥᠬᠦᠭᠡᠷᠦᠮᠵᠢ ᠵᠢᠨ ᠬᠤᠭᠤᠷᠣᠨᠳᠤᠬᠢ ᠠᠮᠦᠷ ᠲᠦᠪᠰᠢᠨ᠎ᠤ ᠵᠠᠢ᠎ᠨᠢ 50 ᠮᠧᠲᠷ᠎ᠠᠴᠠ ᠤᠢ᠍ᠢ᠍ᠷ᠎ᠠ ᠪᠠᠶ᠋ᠢᠵᠤ ᠪᠣᠯᠬᠤ ᠦᠭᠡᠢ᠂ ᠲᠡᠭᠡᠭᠡᠪᠦᠷᠢ ᠵᠢᠨ ᠲᠥᠬᠦᠭᠡᠷᠦᠮᠵᠢ ᠵᠢᠨ ᠬᠤᠭᠤᠷᠣᠨᠳᠤᠬᠢ ᠠᠮᠦᠷ ᠲᠦᠪᠰᠢᠨ᠎ᠤ ᠵᠠᠢ᠎ᠨᠢ 30 ᠮᠧᠲᠷ᠎ᠠᠴᠠ ᠪᠠᠭ᠎ᠠ ᠪᠠᠶ᠋ᠢᠵᠤ ᠪᠣᠯᠬᠤ ᠦᠭᠡᠢ᠃ 300 ᠮᠧᠲᠷ᠎ᠤᠨ ᠠᠵᠢᠯᠯᠠᠬᠤ ᠱᠣᠭᠤᠮ᠎ᠤᠨ ᠬᠡᠪᠴᠢᠶᠡᠨ ᠳᠣᠲᠣᠷ᠎ᠠ᠂ ᠳᠡᠭᠡᠷ᠎ᠡ᠎ᠠᠴᠠ ᠳᠣᠷᠣᠭᠰᠢ ᠪᠦᠬᠦ ᠳᠡᠭᠲᠡᠷ᠎ᠲᠤ ᠳᠠᠩ ᠡᠭᠡᠯᠵᠢ ᠵᠢᠨ ᠠᠵᠢᠯᠯᠠᠬᠤ ᠬᠥᠮᠦᠨ᠎ᠤ ᠲᠤᠭ᠎ᠠ᠎ᠨᠢ 29 ᠬᠥ᠋ᠮᠦᠨ᠎ᠠᠴᠠ ᠢᠯᠡᠭᠦᠦ ᠪᠠᠶ᠋ᠢᠵᠤ ᠪᠣᠯᠬᠤ ᠦᠭᠡᠢ᠃
ᠠᠷᠪᠠᠨ ᠭᠤᠷᠪᠠ᠂ ᠥᠪᠡᠷᠲᠡᠭᠡᠨ ᠵᠠᠰᠠᠬᠤ ᠣᠷᠣᠨ᠎ᠤ ᠨᠡᠭᠦᠷᠡᠰᠦᠨ ᠠᠭᠤᠷᠬᠠᠶ ᠵᠢᠨ ᠠᠮᠦᠷ ᠲᠦᠪᠰᠢᠨ᠎ᠤ ᠬᠢᠨᠠᠯᠲᠠ ᠬᠠᠮᠢᠶᠠᠷᠤᠯᠲᠠ ᠵᠢᠨ ᠰᠠᠯᠠᠭ᠎ᠠ ᠮᠥᠴᠢᠷ᠎ᠨᠢ ᠤᠯᠤᠰ᠎ᠤᠨ ᠠᠭᠤᠷᠬᠠᠶ ᠵᠢᠨ ᠠᠮᠦᠷ ᠲᠦᠪᠰᠢᠨ᠎ᠤ ᠬᠢᠨᠠᠨ ᠪᠠᠶ᠋ᠢᠴᠠᠭ᠋ᠠᠬᠤ ᠲᠣᠪᠴᠢᠶ᠎ᠠ ᠵᠢᠨ ᠥᠪᠥᠷ ᠮᠣᠩᠭᠤᠯ᠎ᠤᠨ ᠲᠣᠪᠴᠢᠶ᠎ᠠ᠎ᠲᠠᠢ ᠬᠠᠮᠲᠤᠷᠠᠨ᠂ ᠵᠠᠳᠠᠭ᠋ᠠᠶ ᠨᠡᠭᠦᠷᠡᠰᠦᠨ ᠠᠭᠤᠷᠬᠠᠶ ᠵᠢᠨ ᠦᠢ᠍ᠯᠡᠳᠪᠦᠷᠢᠯᠡᠯ ᠪᠦᠲᠦᠭᠡᠨ ᠪᠠᠶ᠋ᠢᠭᠤᠯᠤᠯᠲᠠ ᠵᠢᠨ ᠪᠠᠶ᠋ᠢᠳᠠᠯ᠂ ᠦᠢ᠍ᠯᠡᠳᠪᠦᠷᠢᠯᠡᠯ ᠪᠠ ᠠᠵᠢᠯ ᠵᠶ᠋ᠠᠨ ᠵᠣᠭᠰᠣᠭ᠋ᠠᠭᠰᠠᠨ ᠰᠢᠯᠲᠠᠭ᠋ᠠᠨ᠂ ᠦᠢ᠍ᠯᠡᠳᠪᠦᠷᠢᠯᠡᠯ ᠪᠠ ᠠᠵᠢᠯ ᠵᠶ᠋ᠠᠨ ᠰᠡᠷᠭᠦᠭᠡᠭᠰᠡᠨ ᠴᠣᠬᠤᠯᠠᠪᠤᠷᠢ ᠵᠡᠷᠭᠡ ᠪᠠᠶ᠋ᠢᠳᠠᠯ᠎ᠢ ᠴᠠᠭ ᠲᠤᠬᠠᠶ᠎ᠳᠤᠨᠢ ᠨᠡᠶ᠋ᠢᠭᠡᠮ᠎ᠳᠤ ᠢᠯᠡ ᠪᠣᠯᠭ᠋ᠠᠵᠤ᠂ ᠨᠡᠶ᠋ᠢᠭᠡᠮ᠎ᠤᠨ᠎ᠬᠢᠨ᠎ᠤ ᠬᠢᠨᠠᠯᠲᠠ ᠲᠠᠯᠪᠢᠯᠲᠠ ᠵᠢ ᠬᠦᠯᠢᠶᠡᠬᠦ ᠬᠡᠷᠡᠭᠲᠡᠶ᠃
ᠠᠷᠪᠠᠨ ᠳᠥᠷᠪᠡ᠂ ᠡᠯ᠎ᠡ ᠱᠠᠲᠤᠨ᠎ᠤ ᠪᠠᠴᠢᠮ ᠪᠠᠶ᠋ᠢᠳᠠᠯ᠎ᠢ ᠠᠷᠭ᠋ᠠᠴᠠᠭ᠋ᠠᠬᠤ ᠬᠠᠮᠢᠶᠠᠷᠤᠯᠲᠠ᠂ ᠨᠡᠭᠦᠷᠡᠰᠦᠨ᠎ᠤ ᠠᠵᠢᠯ ᠲᠥᠷᠥᠯ᠎ᠤᠨ ᠬᠠᠮᠢᠶᠠᠷᠤᠯᠲᠠ᠂ ᠨᠡᠭᠦᠷᠡᠰᠦᠨ ᠠᠭᠤᠷᠬᠠᠶ ᠵᠢᠨ ᠠᠶᠤᠯ ᠦᠭᠡᠶ ᠵᠢᠨ ᠬᠢᠨᠠᠯᠲᠠ ᠬᠠᠮᠢᠶᠠᠷᠤᠯᠲᠠ᠂ ᠠᠭᠤᠷᠬᠠᠶ ᠵᠢᠨ ᠠᠶᠤᠯ ᠦᠭᠡᠶ ᠵᠢᠨ ᠬᠢᠨᠠᠨ ᠪᠠᠶ᠋ᠢᠴᠠᠭ᠋ᠠᠬᠤ ᠵᠡᠷᠭᠡ ᠰᠠᠯᠠᠭ᠎ᠠ ᠮᠥᠴᠢᠷ᠎ᠤᠳ ᠨᠡᠭᠦᠷᠡᠰᠦᠨ ᠠᠭᠤᠷᠬᠠᠶ ᠵᠢᠨ ᠬᠠᠤᠯᠢ ᠲᠣᠭᠲᠠᠭ᠋ᠠᠯ᠎ᠠᠴᠠ ᠵᠥᠷᠢᠴᠡᠭᠰᠡᠨ ᠦᠢ᠍ᠯᠡ ᠠᠵᠢᠯᠯᠠᠭ᠎ᠠ ᠵᠢ ᠢᠯᠡᠴᠢᠯᠡᠨ ᠮᠡᠳᠡᠭᠦᠯᠬᠦ ᠠᠷᠭ᠎ᠠ ᠵᠠᠮ᠎ᠢ ᠰᠠᠭ᠋ᠠᠳ ᠦᠭᠡᠶ ᠨᠡᠪᠲᠡᠷᠡᠭᠦᠯᠦᠨ᠂ ᠨᠡᠶ᠋ᠢᠭᠡᠮ᠎ᠳᠤ ᠢᠯᠡᠴᠢᠯᠡᠨ ᠮᠡᠳᠡᠭᠦᠯᠬᠦ ᠤᠲᠠᠰᠤ᠎ᠪᠠᠨ ᠢᠯᠡ ᠪᠣᠯᠭ᠋ᠠᠵᠤ᠂ ᠢᠯᠡᠴᠢᠯᠡᠨ ᠮᠡᠳᠡᠭᠦᠯᠦᠭᠰᠡᠨ᠎ᠢ ᠱᠠᠩᠨᠠᠬᠤ ᠵᠠᠷᠤᠳᠠᠯ᠎ᠢ᠎ᠨᠢ ᠠᠳᠠᠯᠢ ᠱᠠᠲᠤᠨ᠎ᠤ ᠡᠳ᠋᠎ᠤᠨ ᠵᠠᠰᠠᠭ᠎ᠤᠨ ᠲᠥᠰᠦᠪ᠎ᠲᠤ ᠣᠷᠣᠭᠤᠯᠬᠤ ᠬᠡᠷᠡᠭᠲᠡᠶ᠃
ᠠᠷᠪᠠᠨ ᠲᠠᠪᠤ᠂ ᠵᠠᠳᠠᠭ᠋ᠠᠢ ᠨᠡᠭᠦᠷᠡᠰᠦᠨ ᠠᠭᠤᠷᠬᠠᠢ᠎ᠳᠤ 《ᠳᠥᠷᠪᠡᠨ ᠨᠢᠭᠡ ᠪᠦᠯᠦᠭ》 ᠰᠢᠢ᠍ᠳᠪᠦᠷᠢᠯᠡᠬᠦ ᠠᠷᠭ᠎ᠠ ᠬᠡᠮᠵᠢᠶ᠎ᠡ ᠵᠢ ᠠᠪᠬᠤ ᠬᠡᠷᠡᠭᠲᠡᠢ᠃
(ᠨᠢᠭᠡ) ᠨᠢᠭᠡ ᠪᠦᠯᠦᠭ᠎ᠢ ᠬᠠᠭ᠋ᠠᠯᠭ᠋ᠠᠨ ᠵᠤᠨᠨᠰᠤᠭ᠋ᠠᠵᠦ ᠪᠤᠴᠠᠭ᠋ᠠᠨ ᠭᠠᠷᠭ᠋ᠠᠨ᠎ᠠ᠃ ᠬᠦᠨᠳᠦ ᠶᠡᠭᠡ ᠡᠨᠳᠡᠯ᠎ᠤᠨ ᠳᠠᠯᠳᠠ ᠭᠡᠮ ᠣᠷᠣᠰᠢᠵᠤ᠂ ᠴᠡᠭᠴᠡᠯᠡᠨ ᠰᠠᠶ᠋ᠢᠵᠢᠷᠠᠭᠤᠯᠤᠭᠰᠠᠨ᠎ᠤ ᠳᠠᠷᠠᠭ᠎ᠠ ᠮᠥᠨ ᠬᠦ᠌ ᠠᠮᠤᠷ ᠲᠦᠪᠰᠢᠨ᠎ᠤ ᠨᠥᠬᠦᠴᠡᠯ᠎ᠳᠤ ᠬᠦᠷᠴᠦ ᠳᠡᠶ᠋ᠢᠯᠬᠦ ᠦᠭᠡᠢ ᠵᠠᠳᠠᠭ᠋ᠠᠶ ᠨᠡᠭᠦᠷᠡᠰᠦᠨ ᠠᠭᠤᠷᠬᠠᠶ ᠵᠢ ᠬᠠᠤᠯᠢ ᠲᠣᠭᠲᠠᠭ᠋ᠠᠯ ᠶᠣᠰᠣᠭ᠋ᠠᠷ ᠬᠠᠭ᠋ᠠᠯᠭ᠋ᠠᠨ ᠵᠤᠨᠨᠰᠤᠭ᠋ᠠᠵᠦ ᠪᠤᠴᠠᠭ᠋ᠠᠨ ᠭᠠᠷᠭ᠋ᠠᠬᠤ ᠬᠡᠷᠡᠭᠲᠡᠢ᠃
(ᠬᠤᠶᠠᠷ) ᠨᠢᠭᠡ ᠪᠦᠯᠦᠭ᠎ᠢ ᠡᠮᠬᠢᠯᠡᠨ ᠨᠡᠶ᠋ᠢᠯᠡᠭᠦᠯᠵᠦ ᠳᠠᠬᠢᠨ ᠵᠣᠬᠢᠶᠠᠨ ᠪᠠᠶ᠋ᠢᠭᠤᠯᠤᠨ᠎ᠠ᠃ ᠡᠬᠢ ᠪᠠᠶᠠᠯᠢᠭ᠎ᠤᠨ ᠬᠤᠪᠢᠶᠠᠷᠢᠯᠠᠯᠲᠠ᠎ᠨᠢ ᠰᠢᠨᠵᠢᠯᠡᠬᠦ ᠤᠬᠠᠭ᠋ᠠᠨᠴᠢ ᠪᠤᠰᠤ᠂ ᠵᠦᠢ ᠵᠣᠬᠢᠰ ᠦᠭᠡᠢ ᠪᠠᠢ᠍ᠢ᠍ᠵᠦ᠂ ᠠᠭᠤᠷᠬᠠᠢ ᠵᠢᠨ ᠰᠠᠪᠠ ᠵᠢᠨ ᠲᠠᠯᠠᠪᠠᠢ᠎ᠨᠢ ᠪᠠᠭ᠎ᠠ᠂ ᠬᠡᠪ᠎ᠤᠨ ᠮᠠᠯᠲᠠᠵᠤ ᠴᠡᠪᠡᠷᠯᠡᠬᠦ ᠠᠵᠢᠯ᠎ᠢ ᠪᠡᠶᠡᠯᠡᠭᠦᠯᠬᠦ ᠵᠢᠨ ᠠᠷᠭ᠎ᠠ ᠦᠭᠡᠢ᠂ ᠡᠰᠡᠬᠦᠯ᠎ᠡ ᠬᠠᠵᠠᠭᠤ ᠬᠠᠪᠢ᠎ᠪᠠᠷ᠎ᠬᠢ ᠨᠡᠭᠦᠷᠡᠰᠦᠨ ᠠᠭᠤᠷᠬᠠᠢ ᠠᠶᠤᠯ ᠦᠭᠡᠢ ᠦᠢ᠍ᠯᠡᠳᠪᠦᠷᠢᠯᠡᠯ᠎ᠢ᠎ᠨᠢ ᠨᠦᠯᠦᠭᠡᠯᠡᠵᠦ ᠪᠠᠶ᠋ᠢᠭ᠎ᠠ ᠵᠠᠳᠠᠭ᠋ᠠᠢ ᠨᠡᠭᠦᠷᠡᠰᠦᠨ ᠠᠭᠤᠷᠬᠠᠢ ᠵᠢ ᠬᠠᠤᠯᠢ ᠲᠣᠭᠲᠠᠭ᠋ᠠᠯ ᠶᠣᠰᠤᠭ᠋ᠠᠷ ᠡᠮᠬᠢᠯᠡᠨ ᠨᠡᠶ᠋ᠢᠯᠡᠭᠦᠯᠵᠦ ᠳᠠᠬᠢᠨ ᠵᠣᠬᠢᠶᠠᠨ ᠪᠠᠢ᠍ᠢ᠍ᠭᠤᠯᠵᠦ᠂ ᠵᠢᠵᠢᠭ ᠬᠡᠯᠪᠡᠷᠢ ᠵᠢᠨ ᠵᠠᠳᠠᠭ᠋ᠠᠢ ᠨᠡᠭᠦᠷᠡᠰᠦᠨ ᠠᠭᠤᠷᠬᠠᠢ ᠵᠢ ᠲᠣᠮᠣ ᠬᠡᠯᠪᠡᠷᠢ ᠵᠢᠨ ᠠᠭᠤᠷᠬᠠᠢ ᠲᠠᠢ᠍ᠢ᠍ᠰᠢ ᠬᠡᠯᠪᠡᠷᠢ ᠵᠢ᠎ᠨᠢ ᠬᠤᠪᠢᠷᠠᠭᠤᠯᠬᠤ ᠵᠢ ᠠᠬᠢᠭᠤᠯᠤᠨ᠂ ᠬᠠᠮᠢᠶᠠᠷᠤᠨ ᠡᠵᠡᠮᠳᠡᠬᠦ ᠵᠢ ᠨᠢᠭᠡ ᠴᠣᠭᠴᠠᠵᠢᠭᠤᠯᠬᠤ᠂ ᠨᠡᠭᠡᠭᠡᠨ ᠮᠠᠯᠲᠠᠬᠤ ᠵᠢ ᠤᠶᠤᠨᠴᠢᠯᠠᠬᠤ᠂ ᠲᠣᠨᠤᠭ ᠲᠥᠬᠦᠭᠡᠷᠦᠮᠵᠢ ᠵᠢ ᠬᠦᠨᠳᠦ ᠬᠡᠯᠪᠡᠷᠢᠵᠢᠭᠦᠯᠬᠦ᠂ ᠡᠩᠨᠡᠭᠡ ᠵᠢ ᠲᠤᠰᠬᠠᠶ᠋ᠢᠵᠢᠭᠤᠯᠬᠤ᠂ ᠬᠠᠮᠢᠶᠠᠷᠤᠯᠲᠠ ᠵᠢ ᠨᠠᠷᠢᠯᠢᠬ᠍ᠵᠢᠭᠤᠯᠬᠤ ᠪᠠ ᠠᠮᠢ ᠠᠬᠤᠢ ᠵᠢ ᠡᠬᠢ ᠪᠠᠶᠠᠯᠢᠬ᠍ᠵᠢᠭᠤᠯᠬᠤ ᠵᠢ ᠪᠡᠶᠡᠯᠡᠭᠦᠯᠬᠦ ᠬᠡᠷᠡᠭᠲᠡᠢ᠃
(ᠭᠤᠷᠪᠠ) ᠨᠢᠭᠡ ᠪᠦᠯᠦᠭ᠎ᠢ ᠥᠭᠡᠷᠡᠴᠢᠯᠡᠨ ᠰᠠᠢ᠍ᠢ᠍ᠵᠢᠷᠠᠭᠤᠯᠤᠨ᠎ᠠ᠃ ᠣᠲᠣ ᠵᠢᠨ ᠪᠠᠶ᠋ᠢᠭ᠎ᠠ ᠬᠠᠳᠠᠭ᠋ᠠᠯᠠᠭᠳᠠᠴᠠ᠎ᠪᠠᠷ ᠠᠷᠪᠢᠨ᠂ ᠲᠤᠬᠠᠶ ᠵᠢᠨ ᠲᠠᠯᠠᠪᠤᠷ᠎ᠢ ᠰᠠᠶ᠋ᠢᠲᠤᠷ ᠬᠠᠮᠢᠶᠠᠷᠤᠭᠰᠠᠨ᠂ ᠮᠡᠷᠭᠡᠵᠢᠯ᠎ᠤᠨ ᠠᠵᠢᠯᠲᠠᠨ᠎ᠤ ᠲᠣᠬᠢᠷᠠᠭᠤᠯᠤᠯᠲᠠ᠎ᠨᠢ ᠰᠠᠢ᠍ᠢ᠍ᠨ ᠪᠠᠢ᠍ᠢ᠍ᠬᠤ ᠵᠠᠳᠠᠭ᠋ᠠᠶ ᠨᠡᠭᠦᠷᠡᠰᠦᠨ ᠠᠭᠤᠷᠬᠠᠶ᠎ᠳᠤ ᠵᠢᠯᠣᠭᠤᠴᠢ ᠥᠬᠡᠶ᠂ ᠬᠠᠵᠠᠭᠤ ᠪᠠᠯ᠎ᠤᠨ ᠷᠠᠳᠠᠷ᠎ᠤᠨ ᠬᠢᠨᠠᠨ ᠰᠢᠨᠵᠢᠯᠲᠡ ᠵᠡᠷᠭᠡ ᠲᠡᠷᠢᠭᠦᠨ᠎ᠤ ᠮᠡᠷᠭᠡᠵᠢᠯ᠎ᠤᠨ ᠬᠡᠷᠡᠭᠯᠡᠯᠲᠡ ᠵᠢ ᠠᠬᠢᠭᠤᠯᠵᠤ᠂ ᠤᠶᠤᠨᠴᠢᠯᠠᠯᠲᠠ᠂ ᠮᠡᠳᠡᠭᠡ ᠵᠠᠩᠬᠢᠴᠢᠯᠠᠯᠲᠠ ᠵᠢᠨ ᠪᠥᠲᠥᠭᠡᠨ ᠪᠠᠶ᠋ᠢᠭᠤᠯᠤᠯᠲᠠ ᠵᠢᠨ ᠥᠭᠡᠷᠡᠴᠢᠯᠡᠯᠲᠡ᠎ᠪᠠᠷ ᠳᠠᠮᠵᠢᠭᠤᠯᠤᠨ᠂ ᠠᠶᠤᠯ ᠦᠭᠡᠢ ᠦᠢ᠍ᠯᠡᠳᠪᠦᠷᠢᠯᠡᠯ᠎ᠤᠨ ᠬᠢᠷᠢ ᠲᠦᠪᠰᠢᠨ᠎ᠢ ᠤᠯᠠᠮ ᠨᠢᠭᠡ ᠠᠯᠬᠤᠮ ᠳᠡᠭᠡᠭᠰᠢᠯᠡᠭᠦᠯᠬᠦ ᠬᠡᠷᠡᠭᠲᠡᠢ᠃
(ᠲᠦᠷᠪᠡ) ᠨᠢᠭᠡ ᠪᠦᠯᠦᠭ᠎ᠢ ᠰᠢᠨ᠎ᠡ᠎ᠪᠠᠷ ᠪᠠᠶ᠋ᠢᠭᠤᠯᠬᠤ᠎ᠪᠠᠷ ᠲᠥᠯᠥᠪᠵᠢᠭᠦᠯᠦᠨ᠎ᠡ᠃ ᠤᠯᠤᠰ᠎ᠤᠨ ᠠᠵᠤ ᠦᠢ᠍ᠯᠡᠰ᠎ᠤᠨ ᠲᠥᠷᠥ ᠵᠢᠨ ᠪᠣᠳᠣᠯᠭ᠎ᠠ ᠪᠣᠯᠤᠨ ᠨᠡᠭᠦᠷᠡᠰᠦᠨ᠎ᠤ ᠬᠠᠩᠭ᠋ᠠᠯᠭ᠎ᠠ ᠬᠡᠷᠡᠭᠴᠡᠭᠡ ᠵᠢᠨ ᠪᠠᠶ᠋ᠢᠳᠠᠯ᠎ᠲᠠᠢ ᠭᠦᠢ᠍ᠴᠡᠳ ᠤᠶᠠᠯᠳᠤᠭᠤᠯᠤᠨ᠂ ᠨᠡᠭᠦᠷᠡᠰᠦᠨ᠎ᠤ ᠦᠢ᠍ᠯᠡᠳᠪᠦᠷᠢᠯᠡᠯ᠎ᠤᠨ ᠴᠢᠳᠠᠮᠵᠢ ᠵᠢ ᠦᠷᠭᠦᠯᠵᠢᠯᠡᠭᠦᠯᠬᠦ ᠵᠢ ᠯᠠᠪᠳᠠᠭᠤᠨ ᠵᠶ᠋ᠠᠷ ᠠᠬᠢᠭᠤᠯᠵᠤ᠂ ᠣᠳᠣᠬᠢᠴᠢᠯᠠᠭᠰᠠᠨ ᠲᠣᠮᠣ ᠬᠡᠯᠪᠡᠷᠢ ᠵᠢᠨ ᠵᠠᠳᠠᠭ᠋ᠠᠶ ᠨᠡᠭᠦᠷᠡᠰᠦᠨ ᠠᠭᠤᠷᠬᠠᠶ ᠵᠢ ᠰᠢᠨ᠎ᠡ᠎ᠪᠠᠷ ᠪᠠᠢ᠍ᠢ᠍ᠭᠤᠯᠬᠤ ᠬᠡᠷᠡᠭᠲᠡᠢ᠃
ᠠᠷᠪᠠᠨ ᠵᠢᠷᠭᠤᠭ᠎ᠠ᠂ ᠡᠯ᠎ᠡ ᠭᠠᠵᠠᠷ ᠣᠷᠣᠨ᠎ᠨᠢ ᠵᠠᠳᠠᠭ᠋ᠠᠶ ᠨᠡᠭᠦᠷᠡᠰᠦᠨ ᠠᠭᠤᠷᠬᠠᠶ ᠵᠢᠨ ᠠᠶᠤᠯ ᠦᠭᠡᠶ ᠦᠢ᠍ᠯᠡᠳᠪᠦᠷᠢᠯᠡᠯ᠎ᠤᠨ ᠶᠠᠪᠤᠴᠠ᠎ᠳᠤ ᠣᠷᠣᠰᠢᠵᠤ ᠪᠠᠶ᠋ᠢᠭ᠎ᠠ ᠭᠠᠵᠠᠷ ᠰᠢᠷᠣᠶ ᠵᠢᠨ ᠠᠰᠢᠬᠯᠠᠯᠲᠠ᠂ ᠠᠭᠤᠷᠬᠠᠶ ᠵᠢᠨ ᠠᠵᠢᠯ ᠲᠦᠷᠦᠯ᠎ᠤᠨ ᠡᠷᠬᠡ ᠳᠠᠪᠬᠤᠴᠠᠭᠰᠠᠨ ᠵᠡᠷᠭᠡ ᠳᠣᠪᠤᠶ᠋ᠢᠮ᠎ᠠ ᠠᠰᠠᠭᠤᠳᠠᠯ᠎ᠢ ᠴᠠᠭ ᠲᠤᠬᠠᠶ᠎ᠳᠤᠨᠢ ᠰᠤᠳᠤᠯᠤᠨ ᠰᠢᠢ᠍ᠳᠪᠦᠷᠢᠯᠡᠵᠦ᠂ ᠬᠠᠵᠠᠭᠤ ᠬᠠᠪᠢ᠎ᠪᠠᠷ᠎ᠬᠢ ᠵᠠᠳᠠᠭ᠋ᠠᠶ ᠨᠡᠭᠦᠷᠡᠰᠦᠨ ᠠᠭᠤᠷᠬᠠᠶ ᠵᠢᠨ ᠳᠠᠷᠤᠭᠳᠠᠵᠤ ᠪᠠᠶ᠋ᠢᠭ᠎ᠠ ᠮᠠᠯᠲᠠᠭ᠎ᠠ ᠦᠭᠡᠢ ᠨᠡᠭᠦᠷᠡᠰᠦᠨ᠎ᠤ ᠠᠰᠠᠭᠤᠳᠠᠯ᠎ᠢ ᠢᠳᠡᠪᠬᠢᠲᠡᠶ ᠵᠣᠬᠢᠴᠠᠭᠤᠯᠤᠨ ᠰᠢᠢ᠍ᠳᠪᠦᠷᠢᠯᠡᠬᠦ ᠬᠡᠷᠡᠭᠲᠡᠶ᠃
ᠠᠷᠪᠠᠨ ᠳᠣᠯᠤᠭ᠎ᠠ᠂ ᠠᠭᠤᠷᠬᠠᠶ ᠵᠢᠨ ᠠᠵᠢᠯ ᠲᠦᠷᠦᠯ᠎ᠤᠨ ᠡᠷᠬᠡ ᠵᠢᠨ ᠲᠣᠬᠢᠷᠠᠭᠤᠯᠤᠯᠲᠠ᠂ ᠮᠠᠯᠲᠠᠵᠤ ᠪᠣᠯᠬᠤ ᠬᠦᠷᠢᠶ᠎ᠡ ᠬᠡᠪᠴᠢᠶ᠎ᠡ᠂ ᠭᠠᠢ ᠭᠠᠮᠰᠢᠭ᠎ᠤᠨ ᠲᠦᠭᠰᠢᠭᠦᠷᠢ ᠵᠡᠷᠭᠡ ᠬᠦᠴᠦᠨ ᠵᠦᠢ᠍ᠯ᠎ᠤᠳ᠎ᠢ ᠶᠡᠷᠦᠩᠬᠡᠶ᠋ᠢᠯᠡᠨ ᠪᠣᠳᠣᠯᠬᠢᠯᠠᠵᠤ᠂ ᠰᠢᠨᠵᠢᠯᠡᠬᠦ ᠤᠬᠠᠭ᠋ᠠᠨᠴᠢ᠎ᠪᠠᠷ ᠨᠤᠲᠠᠯᠠᠨ᠂ ᠵᠠᠳᠠᠭ᠋ᠠᠶ ᠨᠡᠭᠦᠷᠡᠰᠦᠨ ᠠᠭᠤᠷᠬᠠᠢ᠎ᠠᠴᠠ ᠠᠭᠤᠷᠬᠠᠢ ᠵᠢᠨ ᠬᠤᠳᠳᠤᠭ᠎ᠲᠤ᠂ ᠠᠭᠤᠷᠬᠠᠢ ᠵᠢᠨ ᠬᠤᠳᠳᠤᠭ᠎ᠠᠴᠠ ᠵᠠᠳᠠᠭ᠋ᠠᠢ ᠨᠡᠭᠦᠷᠡᠰᠦᠨ ᠠᠭᠤᠷᠬᠠᠢ᠎ᠳᠤ ᠮᠠᠯᠳᠠᠬᠤ ᠪᠣᠯᠭ᠋ᠠᠨ ᠬᠤᠪᠢᠷᠠᠭ᠋ᠠᠬᠤ ᠨᠡᠭᠦᠷᠡᠰᠦᠨ ᠠᠭᠤᠷᠬᠠᠶ ᠵᠢᠨ ᠲᠥᠷᠥᠯ ᠵᠦᠢ᠍ᠯ᠎ᠢ ᠬᠢᠨᠠᠨ ᠵᠥᠪᠰᠢᠶᠡᠷᠡᠬᠦ ᠭᠤᠨᠨᠴᠤᠭ᠎ᠠ ᠵᠢ ᠴᠢᠩᠭ᠎ᠠ ᠠᠳᠬᠤᠬᠤ ᠬᠡᠷᠡᠭᠲᠡᠶ᠃
ᠠᠷᠪᠠᠨ ᠨᠠᠢ᠍ᠮᠠ᠂ ᠡᠯ᠎ᠡ ᠭᠠᠵᠠᠷ ᠣᠷᠣᠨ ᠡᠯ᠎ᠡ ᠰᠠᠯᠠᠭ᠎ᠠ ᠮᠥᠴᠢᠷ᠎ᠤᠨ ᠠᠵᠢᠯᠲᠠᠳ ᠵᠣᠷᠢᠭᠲᠠᠢ᠎ᠪᠠᠷ ᠬᠠᠷᠢᠭᠤᠴᠠᠯᠭ᠎ᠠ ᠡᠭᠦᠷᠭᠡᠯᠡᠵᠦ᠂ ᠵᠣᠷᠢᠭᠲᠠᠢ᠎ᠪᠠᠷ ᠲᠡᠮᠡᠴᠡᠵᠦ᠂ ᠲᠤᠰᠢᠶᠠᠯ ᠬᠠᠷᠢᠭᠤᠴᠠᠯᠭ᠎ᠠ᠎ᠪᠠᠨ ᠭᠦᠢ᠍ᠴᠡᠳᠭᠡᠨ᠂ ᠵᠠᠳᠠᠭ᠋ᠠᠢ ᠨᠡᠭᠦᠷᠡᠰᠦᠨ ᠠᠭᠤᠷᠬᠠᠢ ᠵᠢᠨ ᠠᠮᠦᠷ ᠲᠦᠪᠰᠢᠨ᠎ᠤ ᠬᠠᠮᠢᠶᠠᠷᠤᠯᠲᠠ ᠵᠢᠨ ᠠᠵᠢᠯ᠎ᠤᠨ ᠶᠠᠪᠤᠴᠠ᠎ᠳᠤ ᠠᠮᠵᠢᠯᠲᠠ ᠪᠦᠲᠦᠮᠵᠢ᠎ᠪᠠᠷ ᠲᠤᠪᠤᠢ᠍ᠢ᠍ᠬᠰᠠᠨᠢ ᠬᠠᠮᠢᠶ᠎ᠠ ᠪᠦᠬᠦᠢ ᠬᠥᠬᠢᠭᠦᠯᠦᠨ ᠱᠠᠩᠨᠠᠬᠤ ᠵᠢᠨ ᠦᠶ᠎ᠡ᠎ᠳᠤ ᠢᠳᠡᠪᠬᠢᠲᠡᠢ᠎ᠪᠠᠷ ᠲᠠᠨᠢᠯᠴᠠᠭᠤᠯᠤᠨ ᠳᠡᠪᠰᠢᠭᠦᠯᠬᠦ ᠬᠡᠷᠡᠭᠲᠡᠢ; ᠬᠠᠷᠢᠭᠤᠴᠠᠯᠭ᠎ᠠ ᠠᠯᠳᠠᠵᠤ ᠲᠤᠰᠢᠶᠠᠯ᠎ᠳᠤ᠎ᠪᠠᠨ ᠣᠰᠣᠯᠳᠠᠭᠰᠠᠨᠢ ᠬᠠᠤᠯᠢ ᠲᠣᠭᠲᠠᠭ᠋ᠠᠯ ᠶᠣᠰᠣᠭ᠋ᠠᠷ ᠴᠢᠩᠭ᠎ᠠ ᠬᠠᠷᠢᠭᠤᠴᠠᠯᠭ᠎ᠠ ᠨᠡᠬᠡᠮᠵᠢᠯᠡᠬᠦ ᠬᠡᠷᠡᠭᠲᠡᠢ᠃